ᠬᠦᠯᠦᠨ ᠪᠤᠶᠢᠷ ᠬᠤᠲᠠ ᠶᠢᠨ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠤᠨ ᠭᠤᠤᠯ ᠡᠭᠦᠷᠭᠡ ᠬᠠᠷᠢᠭᠤᠴᠠᠯᠭ᠎ᠠ
ᠨᠡᠶᠢᠲᠡᠯᠡᠭᠰᠡᠨ ᠴᠠᠭ᠄
2022/11/9
      ᠨᠢᠭᠡ᠂ ᠦᠨᠳᠦᠰᠦᠳᠡᠨ᠂ ᠱᠠᠰᠢᠨ ᠰᠣᠷᠳᠠᠬᠤᠨ᠂ ᠴᠦᠭᠡᠨ ᠲᠣᠭᠠᠲᠦ ᠦᠨᠳᠦᠰᠦᠳᠡᠨ ᠤ ᠦᠭᠡ ᠬᠡᠯᠡ ᠦᠰᠦᠭ ᠪᠢᠴᠢᠭ ᠤᠨ ᠠᠵᠢᠯ ᠤᠨ ᠴᠢᠭᠯᠡᠯᠳᠡ᠂ ᠲᠦᠷᠦ ᠶᠢᠨ ᠪᠣᠳᠣᠯᠭ᠎ᠠ ᠶᠢ ᠲᠤᠤᠱᠯᠠᠭᠤᠯᠤᠨ ᠬᠡᠷᠡᠭᠵᠢᠭᠦᠯᠵᠤ᠂ ᠦᠨᠳᠦᠰᠦᠳᠡᠨ᠂ ᠱᠠᠰᠢᠨ ᠰᠣᠷᠳᠠᠬᠤᠨ ᠤ ᠠᠵᠢᠯ ᠤᠨ ᠴᠢᠬᠤᠯᠠ ᠤᠴᠢᠷ ᠤᠨ ᠪᠠᠶᠢᠴᠠᠭᠠᠨ ᠰᠣᠳᠣᠯᠣᠯᠳᠠ ᠶᠢ ᠵᠣᠬᠢᠶᠠᠨ ᠪᠠᠶᠢᠭᠤᠯᠤᠨ ᠦᠷᠨᠢᠭᠦᠯᠵᠤ᠂ ᠮᠠᠨ ᠤ ᠬᠤᠲᠠ ᠶᠢᠨ ᠦᠨᠳᠦᠰᠦᠳᠡᠨ᠂ ᠱᠠᠰᠢᠨ ᠰᠣᠷᠳᠠᠬᠤᠨ᠂ ᠴᠦᠭᠡᠨ ᠲᠤᠭᠠᠲᠦ ᠦᠨᠳᠦᠰᠦᠳᠡᠨ ᠤ ᠦᠭᠡ ᠬᠡᠯᠡ ᠦᠰᠦᠭ ᠪᠢᠴᠢᠭ ᠤᠨ ᠠᠵᠢᠯ ᠤᠨ ᠬᠤᠯᠪᠣᠭᠳᠠᠯ ᠪᠦᠬᠦᠢ ᠴᠢᠭᠯᠡᠯᠲᠡ᠂ ᠲᠦᠷᠦ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ᠂ ᠠᠷᠭ᠎ᠠ ᠵᠢᠴᠢ ᠬᠦᠭᠵᠢᠯᠲᠡ ᠶᠢᠨ ᠲᠦᠯᠦᠪᠵᠢᠭᠦᠯᠭᠡ ᠶᠢ ᠲᠤᠤᠱᠯᠠᠭᠤᠯᠣᠨ ᠨᠠᠶᠢᠳᠠᠪᠤᠷᠢᠵᠢᠭᠤᠯᠬᠤ ᠶᠢ ᠳᠤᠷᠠᠳᠤᠬᠤ ᠶᠢᠨ ᠬᠠᠮᠲᠤ ᠬᠡᠷᠡᠭᠵᠢᠭᠦᠯᠵᠦ ᠪᠠᠶᠢᠭ᠎ᠠ ᠪᠠᠶᠢᠳᠠᠯ ᠢ ᠰᠢᠮᠳᠠᠭᠤᠯᠣᠨ ᠪᠠᠶᠢᠴᠠᠭᠠᠨ᠎ᠠ︔ ᠦᠨᠳᠦᠰᠦᠳᠡᠨ᠂ ᠱᠠᠰᠢᠨ ᠰᠣᠷᠳᠠᠬᠤᠨ᠂ ᠴᠦᠭᠡᠨ ᠲᠣᠭᠠᠲᠦ ᠦᠨᠳᠦᠰᠦᠳᠡᠨ ᠤ ᠦᠭᠡ ᠬᠡᠯᠡ ᠦᠰᠦᠭ ᠪᠢᠴᠢᠭ ᠤᠨ ᠤᠨᠤᠯ᠂ ᠲᠦᠷᠦ ᠶᠢᠨ ᠪᠣᠳᠣᠯᠭ᠎ᠠ ᠶᠢᠨ ᠣᠬᠠᠭᠤᠯᠭ᠎ᠠ ᠬᠦᠮᠦᠵᠢᠯ ᠤᠨ ᠠᠵᠢᠯ ᠢ ᠵᠣᠬᠢᠶᠠᠨ ᠪᠠᠶᠢᠭᠤᠯᠤᠨ ᠦᠷᠨᠢᠭᠦᠯᠦᠨ᠎ᠡ᠃       ᠬᠤᠶᠠᠷ᠂ ᠦᠨᠳᠦᠰᠦᠳᠡᠨ ᠤ ᠣᠷᠣᠨ ᠤ ᠦᠪᠡᠷᠳᠡᠭᠡᠨ ᠵᠠᠰᠠᠬᠤ ᠲᠦᠷᠢᠮ ᠤᠨ ᠪᠠᠶᠢᠭᠤᠯᠤᠯᠳᠠ ᠳᠤ ᠬᠢᠨᠠᠯᠳᠠ ᠲᠠᠯᠪᠢᠨ ᠬᠡᠷᠡᠭᠵᠢᠭᠦᠯᠵᠦ᠂ ᠴᠦᠭᠡᠨ ᠲᠣᠭᠠᠲᠦ ᠦᠨᠳᠦᠰᠦᠳᠡᠨ ᠤ ᠡᠷᠬᠡ ᠠᠰᠢᠭ ᠤᠨ ᠤᠴᠢᠷ ᠲᠤ ᠬᠢᠨᠠᠯᠳᠠ ᠲᠠᠯᠪᠢᠨ ᠭᠦᠢᠴᠡᠳᠭᠡᠵᠣ᠂ ᠴᠦᠭᠡᠨ ᠲᠤᠭᠠᠲᠦ ᠦᠨᠳᠦᠰᠦᠳᠡᠨ ᠤ ᠬᠠᠣᠯᠢ ᠶᠣᠰᠣᠨ ᠤ ᠡᠷᠬᠡ ᠠᠰᠢᠭ ᠢ ᠪᠠᠲᠤᠯᠠᠨ᠎ᠠ︔ ᠦᠨᠳᠦᠰᠦᠳᠡᠨ ᠤ ᠬᠠᠷᠢᠴᠠᠭ᠎ᠠ ᠶᠢ ᠵᠤᠬᠢᠴᠠᠭᠤᠯᠬᠤ ᠠᠵᠢᠯ ᠤᠨ ᠰᠠᠨᠠᠭᠤᠯᠭ᠎ᠠ ᠶᠢ ᠰᠣᠳᠣᠯᠣᠨ ᠲᠣᠷᠠᠳᠴᠣ᠂ ᠦᠨᠳᠦᠰᠦᠳᠡᠨ ᠤ ᠬᠠᠷᠢᠴᠠᠭᠠᠨ‌‍ᠳᠠᠬᠢ ᠴᠢᠬᠤᠯᠠ ᠵᠦᠢᠯᠡᠰ ᠢ ᠵᠣᠬᠢᠴᠠᠭᠤᠯᠣᠨ  ᠰᠢᠢᠳᠪᠦᠷᠢᠯᠡᠵᠦ᠂ ᠪᠦᠬᠦ ᠬᠤᠲᠠ ᠶᠢᠨ ᠨᠡᠶᠢᠭᠡᠮ ᠤᠨ ᠠᠮᠤᠷ ᠲᠤᠭᠳᠠᠭᠤᠨ ᠤ ᠠᠵᠢᠯ ᠢ ᠵᠤᠬᠢᠴᠠᠭᠤᠯᠬᠤ ᠳᠤ ᠤᠷᠤᠯᠴᠠᠨ᠂ ᠦᠨᠳᠦᠰᠦᠲᠡᠨ ᠨᠦ᠋ᠭᠦᠳ‌‍ᠤᠨ ᠬᠠᠮᠲᠤᠪᠠᠷ ᠪᠦᠯᠬᠦᠮᠳᠡᠨ ᠲᠡᠮᠡᠴᠡᠵᠦ᠂ ᠬᠠᠮᠲᠤᠪᠠᠷ ᠴᠡᠴᠡᠭᠯᠡᠨ ᠬᠥᠭᠵᠢᠬᠦ ᠶᠢ ᠠᠬᠢᠭᠤᠯᠵᠤ᠂ ᠣᠯᠣᠰ ᠭᠡᠷ ᠤᠨ ᠨᠢᠭᠡᠳᠦᠯ ᠢ ᠬᠠᠮᠠᠭᠠᠯᠠᠨ᠎ᠠ᠃       ᠭᠤᠷᠪᠠ᠂ ᠬᠤᠯᠪᠣᠭᠳᠠᠯ ᠪᠦᠬᠦᠢ ᠰᠠᠯᠠᠭ᠎ᠠ ᠮᠦᠴᠢᠷ ᠢ ᠰᠢᠮᠳᠠᠭᠤᠯᠤᠨ ᠦᠨᠳᠦᠰᠦᠳᠡᠨ ᠤ ᠠᠵᠢᠯ ᠤᠨ ᠬᠠᠮᠢᠶ᠎ᠠ ᠪᠦᠬᠦᠢ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠬᠦ ᠶᠢ ᠵᠣᠬᠢᠴᠠᠭᠤᠯᠵᠣ᠂ ᠠᠵᠣ ᠠᠬᠤᠢ ᠨᠡᠶᠢᠭᠡᠮ ᠤᠨ ᠠᠵᠢᠯ ᠦᠢᠯᠡᠰ ᠤᠨ ᠬᠤᠯᠪᠣᠭᠳᠠᠯ ᠪᠦᠬᠦᠢ ᠬᠦᠷᠢᠶ᠎ᠡ ᠴᠠᠷ᠎ᠠ ᠳᠤ ᠦᠨᠳᠦᠰᠦᠳᠡᠨ ᠤ ᠲᠦᠷᠦ ᠶᠢᠨ ᠪᠣᠳᠣᠯᠭ᠎ᠠ ᠶᠢ ᠬᠦᠭᠵᠢᠭᠦᠯᠦᠨ ᠬᠡᠷᠡᠭᠵᠢᠭᠦᠯᠬᠦ᠂ ᠵᠣᠯᠭᠠᠭᠤᠯᠬᠤ ᠶᠢ ᠠᠬᠢᠭᠤᠯᠵᠤ᠂ ᠴᠦᠭᠡᠨ ᠲᠣᠭᠠᠲᠦ ᠦᠨᠳᠦᠰᠦᠳᠡᠨ ᠪᠠ ᠴᠦᠭᠡᠨ ᠲᠣᠭᠠᠲᠦ ᠦᠨᠳᠦᠰᠦᠳᠡᠨ ᠲᠦᠪᠯᠡᠷᠡᠭᠰᠡᠨ ᠭᠠᠵᠠᠷ ᠣᠷᠣᠨ ᠤ ᠠᠵᠣ ᠠᠬᠤᠢ ᠪᠠ ᠨᠡᠶᠢᠭᠡᠮ ᠤᠨ ᠬᠦᠭᠵᠢᠯᠳᠡ ᠶᠢᠨ ᠲᠠᠯ᠎ᠠ ᠶᠢᠨ ᠠᠰᠠᠭᠤᠳᠠᠯ ᠢ ᠰᠣᠳᠣᠯᠣᠨ ᠵᠠᠳᠠᠯᠬᠤ ᠶᠢᠨ ᠬᠠᠮᠲᠤ ᠤᠨᠴᠠᠭᠠᠢ ᠲᠦᠷᠦ ᠶᠢᠨ ᠪᠣᠳᠣᠯᠭ᠎ᠠ ᠰᠠᠨᠠᠭᠤᠯᠭ᠎ᠠ ᠶᠢ ᠲᠣᠷᠠᠳᠣᠨ᠎ᠠ︔         ᠲᠦᠷᠪᠡ᠂ ᠴᠦᠭᠡᠨ ᠲᠣᠭᠠᠲᠦ ᠦᠨᠳᠦᠰᠦᠳᠡᠨ ᠤ ᠠᠵᠢᠯ ᠦᠢᠯᠡᠰ ᠵᠡᠷᠭᠡ ᠲᠣᠰᠬᠠᠢ ᠵᠦᠢᠯ ᠤᠨ ᠲᠦᠯᠦᠪᠵᠢᠭᠦᠯᠭᠡ ᠶᠢ ᠬᠡᠷᠡᠭᠵᠢᠭᠦᠯᠵᠦ ᠪᠠᠶᠢᠭ᠎ᠠ ᠪᠠᠶᠢᠳᠠᠯ ᠢ ᠰᠢᠮᠳᠠᠭᠤᠯᠤᠨ ᠪᠠᠶᠢᠴᠠᠭᠠᠵᠣ᠂ ᠪᠦᠬᠦ ᠬᠤᠲᠠ ᠶᠢᠨ ᠠᠵᠣ ᠠᠬᠤᠢ ᠨᠡᠶᠢᠭᠡᠮ ᠤᠨ ᠬᠠᠮᠢᠶ᠎ᠠ ᠪᠦᠬᠦᠢ ᠬᠦᠷᠢᠶ᠎ᠡ ᠴᠠᠷ᠎ᠠ ᠶᠢᠨ ᠬᠦᠭᠵᠢᠯᠳᠡ ᠶᠢᠨ ᠲᠦᠯᠦᠪᠵᠢᠭᠦᠯᠭᠡ ᠲᠤᠭᠤᠷᠪᠢᠨ ᠲᠣᠭᠲᠠᠭᠠᠬᠤ ᠳᠤ ᠣᠷᠣᠯᠴᠠᠨ᠂ ᠴᠦᠭᠡᠨ ᠲᠣᠭᠠᠲᠦ ᠦᠨᠳᠦᠰᠦᠳᠡᠨ ᠤ ᠠᠵᠢᠯ ᠦᠢᠯᠡᠰ ᠤᠨ ᠬᠦᠭᠵᠢᠯᠳᠡ ᠶᠢᠨ ᠶᠡᠷᠦᠩᠭᠡᠶᠢᠯᠡᠭᠰᠡᠨ ᠵᠢᠱᠢᠨ ᠦᠨᠡᠯᠡᠵᠣ ᠪᠠᠶᠢᠴᠠᠭᠠᠨ ᠰᠢᠯᠭᠠᠬᠤ ᠲᠤᠭᠲᠠᠯᠴᠠᠭ᠎ᠠ ᠶᠢ ᠪᠠᠶᠢᠭᠤᠯᠬᠤ ᠪᠠ ᠲᠡᠭᠦᠯᠳᠡᠷᠵᠢᠭᠦᠯᠬᠦ ᠶᠢ ᠠᠬᠢᠭᠤᠯᠵᠤ᠂ ᠦᠨᠳᠦᠰᠦᠳᠡᠨ ᠤ ᠬᠡᠷᠡᠭ ᠡᠷᠬᠢᠯᠡᠬᠦ ᠦᠢᠯᠡᠴᠢᠯᠡᠭᠡᠨ ᠤ  ᠲᠤᠭᠲᠠᠯᠴᠠᠭ᠎ᠠ ᠪᠠ ᠦᠨᠳᠦᠰᠦᠳᠡᠨ ᠤ ᠬᠡᠷᠡᠭ ᠡᠷᠬᠢᠯᠡᠬᠦ ᠬᠠᠮᠢᠶᠠᠷᠣᠯᠳᠠ ᠶᠢᠨ ᠮᠡᠳᠡᠭᠡ ᠵᠠᠩᠬᠢᠴᠢᠯᠠᠬᠤ ᠲᠤᠭᠲᠠᠯᠴᠠᠭ᠎ᠠ ᠶᠢ ᠲᠦᠯᠬᠢᠨ ᠠᠬᠢᠭᠤᠯᠤᠨ᠎ᠠ᠃       ᠲᠠᠪᠤ᠂ ᠬᠤᠰᠢᠭᠤ ᠬᠤᠲᠠ ᠲᠤᠭᠤᠷᠢᠭ ᠤᠨ ᠦᠨᠳᠦᠰᠦᠳᠡᠨ ᠱᠠᠰᠢᠨ ᠰᠣᠷᠳᠠᠬᠤᠨ ᠤ ᠬᠡᠷᠡᠭ ᠡᠷᠬᠢᠯᠡᠬᠦ ᠰᠠᠯᠠᠭ᠎ᠠ ᠮᠥᠴᠢᠷ ᠢ ᠵᠢᠯᠣᠭᠤᠳᠴᠤ ᠬᠠᠣᠯᠢ ᠶᠣᠰᠣᠭᠠᠷ ᠬᠠᠮᠢᠶᠠᠷᠬᠤ ᠡᠭᠦᠷᠭᠡ ᠴᠢᠳᠠᠪᠤᠷᠢ ᠶᠢᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠬᠦ ᠶᠢ ᠴᠢᠩᠭᠠᠳᠬᠠᠨ᠎ᠠ︔ ᠪᠦᠬᠦ ᠬᠤᠲᠠ ᠶᠢᠨ ᠦᠨᠳᠦᠰᠦᠳᠡᠨ ᠤ ᠪᠦᠯᠬᠦᠮᠳᠡᠯ ᠲᠠᠪᠰᠢᠯᠳᠠ ᠶᠢᠨ ᠬᠥᠬᠢᠭᠦᠯᠦᠨ ᠰᠠᠶᠢᠰᠢᠶᠠᠬᠤ ᠠᠵᠢᠯᠯᠠᠭ᠎ᠠ ᠶᠢ ᠳᠠᠭᠠᠭᠠᠴᠢᠯᠠᠨ ᠡᠷᠬᠢᠯᠡᠨ᠎ᠡ᠃       ᠵᠢᠷᠭᠤᠭ᠎ᠠ᠂ ᠴᠦᠭᠡᠨ ᠲᠤᠭᠠᠲᠦ ᠦᠨᠳᠦᠰᠦᠳᠡᠨ ᠤ ᠦᠭᠡ ᠬᠡᠯᠡ ᠦᠰᠦᠭ ᠪᠢᠴᠢᠭ ᠢ ᠰᠣᠷᠣᠯᠴᠠᠬᠤ᠂ ᠬᠡᠷᠡᠭᠯᠡᠬᠦ᠂ ᠰᠣᠳᠣᠯᠬᠤ᠂ ᠬᠦᠭᠵᠢᠭᠦᠯᠬᠦ᠂ ᠠᠪᠦᠷᠠᠬᠤ᠂ ᠬᠠᠮᠠᠭᠠᠯᠠᠬᠤ᠂ ᠤᠯᠠᠮᠵᠢᠯᠠᠬᠤ ᠠᠵᠢᠯ ᠢ ᠬᠠᠮᠢᠶᠠᠷᠣᠨ᠎ᠠ︔ ᠴᠦᠭᠡᠨ ᠲᠤᠭᠠᠲᠦ ᠦᠨᠳᠦᠰᠦᠳᠡᠨ ᠤ ᠦᠭᠡ ᠬᠡᠯᠡ ᠦᠰᠦᠭ ᠪᠢᠴᠢᠭ ᠤᠨ ᠦᠨᠳᠦᠰᠦᠳᠡᠨ ᠤ ᠰᠣᠷᠭᠠᠨ ᠬᠦᠮᠦᠵᠢᠯ᠂ ᠣᠷᠴᠢᠭᠤᠯᠭ᠎ᠠ᠂ ᠬᠡᠪᠯᠡᠯ ᠪᠠ ᠦᠨᠳᠦᠰᠦᠳᠡᠨ ᠤ ᠰᠣᠷᠪᠦᠯᠵᠢ ᠪᠢᠴᠢᠭ ᠢ ᠴᠣᠭᠯᠠᠭᠤᠯᠬᠤ᠂ ᠡᠮᠬᠢᠳᠭᠡᠬᠦ᠂ ᠬᠡᠪᠯᠡᠭᠦᠯᠬᠦ ᠠᠵᠢᠯ ᠢ ᠵᠢᠯᠣᠭᠤᠳᠣᠨ᠎ᠠ᠃       ᠲᠤᠯᠤᠭ᠎ᠠ᠂ ᠱᠠᠰᠢᠨ ᠰᠣᠷᠳᠠᠬᠤᠨ ᠤ ᠬᠡᠷᠡᠭ ᠡᠷᠬᠢᠯᠡᠬᠦ ᠬᠠᠮᠢᠶᠠᠷᠣᠯᠳᠠ ᠶᠢᠨ ᠡᠭᠦᠷᠭᠡ ᠬᠠᠷᠢᠭᠤᠴᠠᠯᠭ᠎ᠠ ᠶᠢ ᠬᠠᠣᠯᠢ ᠶᠣᠰᠣᠭᠠᠷ ᠭᠦᠢᠴᠡᠳᠭᠡᠨ᠂ ᠠᠷᠠᠳ ᠢᠷᠭᠡᠳ ᠤᠨ ᠱᠠᠰᠢᠨ ᠰᠢᠲᠦᠬᠦ ᠡᠷᠬᠡ ᠴᠢᠯᠦᠭᠡ ᠪᠠ ᠬᠡᠪ ᠤᠨ ᠱᠠᠰᠢᠨ ᠰᠣᠷᠳᠠᠬᠤᠨ ᠤ ᠠᠵᠢᠯᠯᠠᠭ᠎ᠠ ᠶᠢ ᠬᠠᠣᠯᠢ ᠶᠣᠰᠣᠭᠠᠷ ᠬᠠᠮᠠᠭᠠᠯᠠᠵᠤ᠂ ᠱᠠᠰᠢᠨ ᠰᠣᠷᠳᠠᠬᠤᠨ ᠤ ᠡᠲᠡᠭᠡᠳ ᠤᠨ ᠬᠠᠣᠯᠢ ᠶᠣᠰᠣᠨ ᠤ ᠡᠷᠬᠡ ᠠᠰᠢᠭ ᠢ ᠬᠠᠮᠠᠭᠠᠯᠠᠨ᠂ ᠱᠠᠰᠢᠨ ᠰᠣᠷᠳᠠᠬᠤᠨ ᠤ ᠬᠠᠷᠢᠴᠠᠭ᠎ᠠ ᠶᠢᠨ ᠡᠶ᠎ᠡ ᠵᠣᠬᠢᠴᠠᠯ ᠲᠠᠢ ᠪᠠᠶᠢᠬᠤ ᠶᠢ ᠠᠬᠢᠭᠤᠯᠤᠨ᠎ᠠ᠃       ᠨᠠᠢᠮᠠ᠂ ᠱᠠᠰᠢᠨ ᠰᠣᠷᠳᠠᠬᠤᠨ ᠤ ᠪᠦᠯᠬᠦᠮ ᠤᠨ ᠬᠠᠣᠯᠢ ᠲᠤᠭᠲᠠᠭᠠᠯ ᠶᠣᠰᠣᠭᠠᠷ ᠠᠵᠢᠯᠯᠠᠭ᠎ᠠ ᠦᠷᠨᠢᠭᠦᠯᠬᠦ ᠶᠢ ᠵᠢᠯᠣᠭᠤᠳᠣᠨ᠂ ᠱᠠᠰᠢᠨ ᠰᠣᠷᠳᠠᠬᠤᠨ ᠤ ᠪᠦᠯᠬᠦᠮ ᠤᠨ ᠲᠤᠰ ᠪᠡᠶ᠎ᠡ ᠶᠢᠨ ᠪᠦᠳᠦᠭᠡᠨ ᠪᠠᠶᠢᠭᠤᠯᠤᠯᠳᠠ ᠪᠠᠨ ᠴᠢᠩᠭᠠᠳᠬᠠᠬᠤ ᠶᠢ ᠲᠡᠮᠵᠢᠨ᠎ᠡ︔ ᠱᠠᠰᠢᠨ ᠰᠣᠷᠳᠠᠬᠤᠨ ᠤ ᠪᠦᠯᠬᠦᠮ ᠤᠨ ᠬᠢᠨ ᠤ ᠱᠠᠰᠢᠨ ᠰᠣᠷᠳᠠᠬᠤᠨ ᠤ ᠬᠡᠪᠴᠢᠶᠡᠨ ᠳᠡᠭᠡᠨ ᠡᠬᠡ ᠣᠷᠣᠨᠴᠢ ᠦᠵᠡᠯ᠂ ᠨᠡᠶᠢᠭᠡᠮ ᠵᠢᠷᠦᠮ᠂ ᠡᠬᠡ ᠣᠯᠣᠰ ᠤᠨ ᠨᠢᠭᠡᠳᠦᠯ ᠪᠠ ᠦᠨᠳᠦᠰᠦᠳᠡᠨ ᠤ ᠪᠦᠯᠬᠦᠮᠳᠡᠯ ᠢ ᠬᠠᠮᠠᠭᠠᠯᠠᠬᠤ ᠥᠪᠡᠷ ᠢ ᠪᠠᠨ ᠬᠥᠮᠥᠵᠢᠭᠦᠯᠬᠦ ᠠᠵᠢᠯ ᠥᠷᠨᠢᠭᠦᠯᠬᠦ ᠶᠢ ᠲᠦᠯᠬᠢᠨ ᠠᠬᠢᠭᠤᠯᠵᠤ᠂ ᠱᠠᠰᠢᠨ ᠰᠣᠷᠳᠠᠬᠤᠨ ᠤ ᠪᠦᠯᠬᠦᠮ ᠤᠨ ᠵᠠᠰᠠᠭ ᠤᠨ ᠣᠷᠳᠣᠨ ᠢᠶᠠᠷ ᠰᠢᠢᠳᠪᠦᠷᠢᠯᠡᠭᠦᠯᠬᠦ ᠪᠤᠶᠤ ᠵᠣᠬᠢᠴᠠᠭᠤᠯᠭ᠎ᠠ ᠬᠢᠯᠭᠡᠬᠦ ᠴᠢᠬᠤᠯᠠᠳᠠᠢ ᠬᠤᠯᠪᠣᠭᠳᠠᠯ ᠪᠦᠬᠦᠢ ᠬᠡᠷᠡᠭ ᠶᠠᠪᠣᠳᠠᠯ ᠢ ᠡᠷᠬᠢᠯᠡᠨ ᠭᠦᠢᠴᠡᠳᠬᠡᠨ᠎ᠡ︔ ᠱᠠᠰᠢᠨ ᠰᠣᠷᠳᠠᠬᠤᠨ ᠤ ᠬᠡᠷᠡᠭ ᠶᠠᠪᠤᠳᠠᠯ ᠤᠨ ᠴᠢᠬᠤᠯᠠ ᠶᠡᠭᠡ ᠬᠡᠷᠡᠭ ᠢ ᠰᠢᠢᠳᠪᠦᠷᠢᠯᠡᠵᠣ᠂ ᠬᠢᠯᠢ ᠶᠢᠨ ᠭᠠᠳᠠᠨᠠᠬᠢ ᠶᠢᠨ ᠬᠢᠨ ᠤ ᠱᠠᠰᠢᠨ ᠰᠣᠷᠳᠠᠬᠤᠨ ᠢ ᠠᠰᠢᠭᠯᠠᠨ ᠨᠡᠪᠴᠢᠬᠦ ᠠᠵᠢᠯᠯᠠᠭ᠎ᠠ ᠬᠢᠬᠦ ᠶᠢ ᠡᠰᠡᠷᠭᠦᠴᠡᠨ ᠬᠤᠷᠢᠭᠯᠠᠨ᠎ᠠ᠃       ᠶᠢᠰᠦ᠂ ᠬᠤᠲᠠ ᠶᠢᠨ ᠳᠤᠲᠤᠨ᠎ᠠ ᠭᠠᠳᠠᠨᠠᠬᠢ ᠱᠠᠰᠢᠨ ᠰᠣᠷᠳᠠᠬᠤᠨ ᠤ ᠣᠳᠣᠬᠢ ᠪᠠᠶᠢᠳᠠᠯ ᠢ ᠰᠣᠳᠣᠯᠣᠨ᠂ ᠱᠠᠰᠢᠨ ᠰᠣᠷᠳᠠᠬᠤᠨ ᠤ ᠪᠠᠶᠢᠳᠠᠯ ᠤᠨ ᠮᠡᠳᠡᠭᠡ ᠵᠠᠩᠭᠢ ᠶᠢ ᠬᠤᠷᠢᠶᠠᠩᠭᠤᠶᠢᠯᠠᠬᠤ ᠶᠢ ᠬᠠᠷᠢᠭᠤᠴᠠᠨ᠎ᠠ︔ ᠱᠠᠰᠢᠨ ᠰᠣᠷᠳᠠᠬᠤᠨ ᠤ ᠺᠠᠳᠠᠷ ᠠᠵᠢᠯᠲᠠᠨ ᠪᠠ ᠱᠠᠰᠢᠨ ᠰᠤᠷᠲᠠᠬᠤᠨ ᠤ ᠪᠠᠭᠰᠢ ᠠᠵᠢᠯᠲᠠᠨ ᠤ ᠪᠣᠯᠪᠠᠰᠤᠷᠠᠭᠤᠯᠤᠯ ᠤᠨ ᠠᠵᠢᠯ ᠢ ᠵᠣᠬᠢᠶᠠᠨ ᠪᠠᠶᠢᠭᠤᠯᠬᠤ ᠶᠢ ᠬᠠᠷᠢᠭᠤᠴᠠᠨ᠎ᠠ︔         ᠠᠷᠪᠠ᠂ ᠴᠦᠭᠡᠨ ᠲᠣᠭᠠᠲᠦ ᠦᠨᠳᠦᠰᠦᠳᠡᠨ ᠤ ᠴᠢᠳᠠᠪᠦᠷᠢᠳᠡᠨ ᠤ ᠡᠩᠨᠡᠭᠡᠨ ᠤ ᠪᠠᠶᠢᠭᠤᠯᠤᠯᠳᠠ ᠶᠢᠨ ᠲᠦᠯᠦᠪᠵᠢᠭᠦᠯᠭᠡ ᠲᠤᠭᠤᠷᠪᠢᠨ ᠲᠣᠭᠲᠠᠭᠠᠬᠤ ᠳᠤ ᠣᠷᠣᠯᠴᠠᠨ᠂ ᠴᠦᠭᠡᠨ ᠲᠤᠭᠠᠲᠦ ᠦᠨᠳᠦᠰᠦᠳᠡᠨ ᠤ ᠺᠠᠳ᠋ᠷᠴᠤᠳ ᠲᠠᠢ ᠬᠠᠷᠢᠯᠴᠠᠨ᠂ ᠬᠤᠯᠪᠣᠭᠳᠠᠯ ᠪᠦᠬᠦᠢ ᠰᠠᠯᠠᠭ᠎ᠠ ᠮᠦᠴᠢᠷ ᠲᠠᠢ ᠬᠠᠮᠵᠢᠯᠴᠠᠨ ᠴᠦᠭᠡᠨ ᠲᠣᠭᠠᠲᠦ ᠦᠨᠳᠦᠰᠦᠳᠡᠨ ᠤ ᠺᠠᠳ᠋ᠷ ᠢ ᠬᠥᠮᠥᠵᠢᠭᠦᠯᠬᠦ᠂ ᠰᠣᠷᠭᠠᠨ ᠬᠦᠮᠦᠵᠢᠭᠦᠯᠬᠦ ᠪᠠ ᠬᠡᠷᠡᠭᠯᠡᠬᠦ ᠠᠵᠢᠯ ᠢ ᠳᠠᠭᠠᠭᠠᠴᠢᠯᠠᠨ ᠬᠢᠨ᠎ᠡ᠃       ᠠᠷᠪᠠᠨ ᠨᠢᠭᠡ᠂ ᠦᠨᠳᠦᠰᠦᠲᠡᠨ ᠤ ᠠᠵᠢᠯ ᠤᠨ ᠬᠦᠷᠢᠶ᠎ᠡ ᠴᠠᠷ᠎ᠠ ᠶᠢᠨ ᠬᠤᠯᠪᠣᠭᠳᠠᠯ ᠪᠦᠬᠦᠢ ᠭᠠᠳᠠᠭᠠᠲᠦ ᠯᠤᠭ᠎ᠠ ᠶᠢᠨ ᠰᠣᠯᠢᠯᠴᠠᠭ᠎ᠠ ᠬᠢᠵᠦ ᠬᠤᠷᠰᠢᠯᠴᠠᠬᠤ ᠶᠢ ᠵᠣᠬᠢᠶᠠᠨ ᠪᠠᠶᠢᠭᠤᠯᠤᠨ ᠵᠤᠬᠢᠴᠠᠭᠤᠯᠤᠨ᠎ᠠ︔ ᠱᠠᠰᠢᠨ ᠰᠣᠷᠳᠠᠬᠤᠨ ᠤ ᠡᠲᠡᠭᠡᠳ ᠤᠨ ᠬᠢᠨ ᠤ ᠭᠠᠳᠠᠭᠠᠲᠦ ᠳᠤ ᠵᠢᠴᠢ ᠰᠢᠶᠠᠩᠭᠠᠩ᠂ ᠣᠣᠮᠧᠨ ᠤ ᠵᠠᠰᠠᠭ ᠵᠠᠬᠢᠷᠭᠠᠨ ᠤ ᠤᠨᠴᠠᠭᠠᠢ ᠤᠷᠤᠨ᠂ ᠲᠠᠶᠢᠸᠠᠨ ᠤᠷᠤᠨ ᠳᠤ ᠬᠠᠨᠳᠤᠭᠤᠯᠤᠭᠰᠠᠨ ᠡᠶ᠎ᠡ ᠨᠠᠶᠢᠷᠰᠠᠭ ᠰᠣᠯᠢᠯᠴᠠᠭ᠎ᠠ ᠬᠢᠬᠦ ᠠᠵᠢᠯᠯᠠᠭ᠎ᠠ ᠶᠢ ᠵᠢᠯᠤᠭᠤᠳᠤᠨ ᠳᠡᠮᠵᠢᠨ᠎ᠡ︔ ᠬᠤᠯᠪᠤᠭᠳᠠᠯ ᠪᠦᠬᠦᠢ ᠰᠠᠯᠠᠭ᠎ᠠ ᠮᠦᠴᠢᠷ ᠢ ᠬᠠᠮᠵᠢᠵᠦ ᠴᠦᠬᠡᠨ ᠲᠤᠭᠠᠲᠤ ᠦᠨᠳᠦᠰᠦᠲᠡᠨ ᠤ ᠭᠠᠳᠠᠭᠠᠲᠦ ᠤᠬᠠᠭᠤᠯᠭ᠎ᠠ ᠦᠷᠨᠢᠭᠦᠯᠬᠦ ᠪᠠ ᠰᠢᠶᠠᠩᠭᠠᠩ᠂ ᠣᠣᠮᠧᠨ ᠤ ᠵᠠᠰᠠᠭ ᠵᠠᠬᠢᠷᠭᠠᠨ ᠤ ᠤᠨᠴᠠᠭᠠᠢ ᠤᠷᠤᠨ᠂ ᠲᠠᠶᠢᠸᠠᠨ ᠤᠷᠤᠨ ᠵᠡᠷᠭᠡ ᠶᠢᠨ ᠬᠤᠯᠪᠤᠭᠳᠠᠯ ᠪᠦᠬᠦᠢ ᠤᠴᠢᠷ ᠢ ᠭᠦᠢᠴᠡᠳᠭᠡᠨ᠎ᠡ᠃         ᠠᠷᠪᠠᠨ ᠬᠤᠶᠠᠷ᠂ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠲᠣᠰᠢᠶᠠᠭᠰᠠᠨ ᠪᠣᠰᠣᠳ ᠵᠦᠢᠯ ᠤᠨ ᠠᠵᠢᠯ ᠢ ᠳᠠᠭᠠᠭᠠᠴᠢᠯᠠᠨ ᠬᠢᠨ᠎ᠡ᠃  
ᠢᠷᠡᠯᠲᠡ᠄ ᠬᠦᠯᠦᠨ ᠪᠦᠢᠷ ᠬᠤᠲᠠ ᠶᠢᠨ ᠠᠷᠠᠳ ᠤᠨ ᠵᠠᠰᠠᠭ ᠤᠨ ᠣᠷᠳᠣᠨ