| | ᠰᠤᠳᠨᠠᠮᠸᠠᠩᠵᠢᠯ ᠤᠨ ᠲᠤᠪᠴᠢ ᠨᠠᠮᠲᠠᠷ᠄ | 1946 ᠤᠨ ᠳᠤ ᠤᠤᠯ ᠤᠨ ᠤᠯᠠᠭᠠᠨᠴᠠᠪ ᠤᠨ ᠴᠢᠭᠤᠯᠭᠠᠨ ᠤ ᠤᠷᠠᠳ ᠤᠨ ᠡᠮᠦᠨᠡᠳᠦ ᠬᠤᠰᠢᠭᠤᠨ ᠳᠤ ᠲᠦᠷᠦᠵᠠᠢ᠃ 1963 ᠤᠨ ᠳᠤ ᠦᠪᠦᠷ | ᠮᠤᠩᠭᠤᠯ ᠤᠨ ᠮᠤᠩᠭᠤᠯ ᠬᠡᠯᠡ ᠪᠢᠴᠢᠭ ᠤᠨ ᠳᠤᠰᠬᠠᠢ ᠮᠡᠷᠬᠡᠵᠢᠯ ᠤᠨ ᠰᠤᠷᠭᠠᠭᠤᠯᠢ ᠳᠤ ᠰᠢᠯᠭᠠᠨ ᠤᠷᠤᠵᠦ᠂ 1966 ᠤᠨ ᠳᠤ ᠳᠡᠬᠦᠰᠦᠬᠡᠳ ᠬᠦᠯᠦᠨ ᠪᠤᠶᠢᠷ | ᠠᠶᠢᠮᠠᠭ ᠤᠨ ᠡᠸᠡᠩᠬᠢ ᠦᠨᠳᠦᠰᠦᠳᠡᠨ ᠤ ᠦᠪᠡᠷᠳᠡᠬᠡᠨ ᠵᠠᠰᠠᠬᠤ ᠬᠤᠰᠢᠭᠤᠨ ᠤ ᠪᠠᠶᠠᠨᠳᠠᠯ᠎ᠠ ᠰᠤᠮᠤ ᠶᠢᠨ ︵ᠤᠤᠯ ᠤᠨ︶ ᠲᠦᠪ ᠰᠤᠷᠭᠠᠭᠤᠯᠢ ᠳᠤ ᠬᠤᠪᠢᠶᠠᠭᠳᠠᠨ | ᠪᠠᠭᠰᠢᠯᠠᠵᠦ᠂ ᠰᠡᠬᠦᠯᠡᠷ ᠨᠢ ᠰᠢᠨᠡᠬᠡᠨ ᠵᠡᠬᠦᠨ ᠰᠤᠮᠤᠨ ᠤ ᠲᠦᠪ ᠰᠤᠷᠭᠠᠭᠤᠯᠢ ᠳᠤ ᠤᠴᠢᠵᠦ ᠠᠵᠢᠯᠯᠠᠪᠠ᠃ 1975 ᠤᠨ ᠳᠤ ᠬᠦᠯᠦᠨ ᠪᠤᠶᠢᠷ ᠠᠶᠢᠮᠠᠭ ᠤᠨ ᠤᠯᠠᠨ | ᠲᠦᠮᠡᠨ ᠤ ᠤᠷᠠᠯᠢᠭ ᠤᠨ ᠬᠡᠷ ᠲᠤ ᠵᠢᠬᠡᠯᠡᠭᠳᠡᠨ ᠠᠵᠢᠯᠯᠠᠵᠦ᠂ ᠬᠦᠯᠦᠨ ᠪᠤᠶᠢᠷ ᠠᠶᠢᠮᠠᠭ ᠤᠨ ᠤᠳᠬ᠎ᠠ ᠤᠷᠠᠯᠢᠭ ᠤᠨ ᠤᠤᠭᠠᠨ ᠰᠡᠳᠬᠦᠯ ᠪᠤᠯᠬᠤ ︽ᠬᠦᠯᠦᠨ ᠪᠤᠶᠢᠷ ᠤᠨ | ᠵᠤᠬᠢᠶᠠᠯ ᠤᠨ ᠰᠤᠩᠭᠤᠮᠠᠯ︾ ᠰᠡᠳᠬᠦᠯ ᠢ ᠨᠠᠶᠢᠷᠠᠭᠤᠯᠵᠤ ᠪᠠᠶᠢᠭᠠᠳ 1976 ᠤᠨ ᠳᠤ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶᠠᠨ ᠳᠤ ᠰᠢᠯᠵᠢᠨ | ᠠᠵᠢᠯᠯᠠᠪᠠ᠃ 1983 ᠤᠨ ᠳᠤ ᠦᠪᠦᠷ ᠮᠤᠩᠭᠤᠯ ᠤᠨ ᠦᠨᠳᠦᠰᠦᠳᠠᠨ ᠤ ᠳᠡᠬᠡᠳᠦ ᠰᠤᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠶᠢᠨ | ᠵᠠᠬᠢᠳᠠᠯ ᠢᠶᠠᠷ ᠰᠤᠷᠬᠤ ᠠᠩᠬᠢ ᠳᠤ ᠰᠤᠷᠤᠯᠴᠠᠨ᠂ 1988 ᠤᠨ ᠳᠤ ᠳᠡᠬᠦᠰᠪᠡ᠃ 1984 — 1996 ᠤᠨ ᠪᠤᠯᠳᠠᠯ᠎ᠠ ᠦᠪᠦᠷ ᠮᠤᠩᠭᠤᠯ ᠤᠨ ᠰᠤᠶᠤᠯ ᠤᠨ | ᠬᠡᠪᠯᠡᠯ ᠤᠨ ᠬᠤᠷᠢᠶᠠᠨ ᠤ ᠤᠷᠠᠨ ᠵᠤᠬᠢᠶᠠᠯ ᠨᠠᠶᠢᠷᠠᠭᠤᠯᠬᠤ ᠬᠡᠯᠳᠡᠰ ᠤᠨ ᠡᠷᠬᠢᠯᠡᠭᠴᠢ ᠶᠢᠨ ᠳᠤᠰᠢᠶᠠᠯ ᠳᠤ ᠠᠵᠢᠯᠯᠠᠵᠦ᠂ 1983 ᠤᠨ ᠳᠤ ᠤᠷᠴᠢᠭᠤᠯᠤᠭᠴᠢ ᠶᠢᠨ | ᠠᠵᠢᠯ ᠮᠡᠷᠬᠡᠵᠢᠯ ᠤᠨ ᠴᠤᠯᠠ᠂ 1987 ᠤᠨ ᠳᠤ ᠨᠠᠶᠢᠷᠠᠭᠤᠯᠤᠭᠴᠢ ᠶᠢᠨ ᠠᠵᠢᠯ ᠮᠡᠷᠬᠡᠵᠢᠯ ᠤᠨ ᠴᠤᠯᠠ᠂ 1994 ᠤᠨ ᠳᠤ ᠳᠡᠳ᠋ ᠬᠢᠨᠠᠨ ᠨᠠᠶᠢᠷᠠᠭᠤᠯᠤᠭᠴᠢ ᠶᠢᠨ | ᠠᠵᠢᠯ ᠮᠡᠷᠬᠡᠵᠢᠯ ᠤᠨ ᠴᠤᠯᠠ᠂ 2001 ᠤᠨ ᠳᠤ ᠬᠢᠨᠠᠨ ᠨᠠᠶᠢᠷᠠᠭᠤᠯᠤᠭᠴᠢ ᠶᠢᠨ ᠠᠵᠢᠯ ᠮᠡᠷᠬᠡᠵᠢᠯ ᠤᠨ ᠴᠤᠯᠠ ᠪᠠᠨ ᠬᠦᠷᠳᠡᠵᠦ᠂ 2005 ᠤᠨ ᠳᠤ | ᠠᠵᠢᠯ ᠠᠴᠠ ᠪᠠᠨ ᠠᠮᠠᠷᠠᠪᠠ᠃ | ᠰᠤᠳᠨᠠᠮᠸᠠᠩᠵᠢᠯ ᠤᠯᠠᠨ ᠤᠳᠠᠭ᠎ᠠ ᠬᠡᠪᠯᠡᠯ ᠤᠨ ᠬᠤᠷᠢᠶᠠᠨ ᠤ ᠪᠠᠨ ᠳᠠᠷᠢᠬᠦᠨ ᠤ ᠠᠵᠢᠯᠳᠠᠨ ᠢᠶᠠᠷ ᠰᠤᠩᠭᠤᠭᠳᠠᠵᠦ ᠪᠠᠶᠢᠭᠰᠠᠨ ᠪᠦᠬᠡᠳ ᠦᠪᠦᠷ | ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠰᠢᠭᠤᠳ ᠬᠠᠷᠢᠶ᠎ᠠ ᠪᠠᠶᠢᠭᠤᠯᠭ᠎ᠠ ᠶᠢᠨ ᠮᠤᠩᠭᠤᠯ ᠦᠰᠦᠭ ᠪᠢᠴᠢᠭ ᠢ ᠰᠤᠷᠴᠤ ᠬᠡᠷᠡᠭᠯᠡᠭᠰᠡᠨ | ᠳᠠᠷᠢᠬᠦᠨ ᠤ ᠠᠵᠢᠯᠳᠠᠨ᠂ ᠨᠠᠢᠮᠠᠨ ᠮᠤᠵᠢ ᠤᠷᠤᠨ ᠤ ᠮᠤᠩᠭᠤᠯ ᠦᠰᠦᠭ ᠪᠢᠴᠢᠭ ᠰᠤᠷᠴᠤ ᠬᠡᠷᠡᠭᠯᠡᠭᠰᠡᠨ ᠳᠡᠷᠢᠬᠦᠨ ᠤ ᠠᠵᠢᠯᠳᠠᠨ ᠢᠶᠠᠷ ᠰᠤᠩᠭᠤᠭᠳᠠᠵᠦ ᠪᠠᠶᠢᠪᠠ᠃ | ᠰᠤᠳᠨᠠᠮᠸᠠᠩᠵᠢᠯ 1970 ᠤᠨ ᠠᠴᠠ ᠡᠬᠢᠯᠡᠨ ᠵᠤᠬᠢᠶᠠᠯ ᠪᠦᠳᠦᠬᠡᠯ ᠳᠤᠭᠤᠷᠪᠢᠵᠦ᠂ 1976 ᠤᠨ ᠳᠤ ᠬᠠᠷᠠᠮᠦ᠋ᠷᠡᠨ ᠤ ᠠᠷᠠᠳ ᠤᠨ ᠬᠡᠪᠯᠡᠯ ᠤᠨ | ᠬᠤᠷᠢᠶᠡᠨ ᠳᠤ ︽ᠮᠦᠡᠭᠬᠡ ᠶᠢᠨ ᠨᠠᠷᠠᠨ︾ ᠢᠷᠠᠭᠤ ᠨᠠᠶᠢᠷᠠᠭ ᠤᠨ ᠳᠡᠬᠦᠪᠦᠷᠢ ᠪᠠᠨ ᠬᠡᠪᠯᠡᠬᠦᠯᠵᠦ᠂ 1989 ᠤᠨ ᠳᠤ ᠦᠪᠦᠷ ᠮᠤᠩᠭᠤᠯ ᠤᠨ ᠪᠠᠭᠠᠴᠤᠳ ᠬᠡᠤᠬᠡᠳ ᠤᠨ | ᠬᠡᠪᠯᠡᠯ ᠤᠨ ᠬᠤᠷᠢᠶ᠎ᠠ ᠳᠤ ︽ᠪᠤᠭᠳᠠ ᠠᠭᠤᠯᠠ ᠶᠢᠨ ᠬᠤᠷᠮᠤᠢ ᠳᠤ︾ ᠬᠡᠮᠡᠬᠦ ᠬᠡᠤᠬᠡᠳ ᠤᠨ ᠦᠬᠦᠯᠡᠯᠬᠡ ᠨᠠᠶᠢᠷᠠᠭᠤᠯᠤᠯ ᠤᠨ ᠳᠡᠬᠦᠪᠦᠷᠢ ᠪᠠᠨ ᠬᠡᠪᠯᠡᠬᠦᠯᠵᠦ᠂ 1993 | ᠤᠨ ᠳᠤ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠳᠤ ᠲᠦᠷᠪᠡᠨ ᠬᠦᠮᠦᠨ ᠤ ᠦᠬᠦᠯᠡᠯᠬᠡ ᠶᠢᠨ ᠰᠤᠩᠭᠤᠮᠠᠯ ᠳᠤ ᠬᠤᠷᠢᠶᠠᠨ ᠴᠤᠭᠯᠠᠭᠤᠯᠤᠭᠰᠠᠨ | ᠠᠷᠪᠠᠨ ᠬᠡᠳᠦᠨ ᠦᠬᠦᠯᠡᠯᠬᠡ ᠪᠠᠨ ᠨᠡᠶᠢᠳᠡᠯᠡᠬᠦᠯᠵᠡᠢ᠃ 1984 ᠤᠨ ᠳᠤ ︽ᠦᠨᠢᠷ ᠴᠡᠴᠡᠭ︾ ᠰᠡᠳᠬᠦᠯ ᠳᠡᠬᠡᠷ᠎ᠡ ︽ᠳᠤᠯᠤᠭᠠᠢ ᠶᠢᠨ ᠠᠯᠴᠢᠭᠤᠷ︾ ᠦᠬᠦᠯᠡᠯᠬᠡ ᠪᠠᠨ | ᠨᠡᠶᠢᠳᠡᠯᠡᠬᠦᠯᠵᠦ᠂ ᠰᠡᠬᠦᠯᠡᠷ ᠨᠢ ᠬᠢᠳᠠᠳ ᠢᠶᠠᠷ ᠤᠷᠴᠢᠭᠤᠯᠵᠤ ︽ᠳᠠᠯ᠎ᠠ ᠨᠤᠳᠤᠭ︾ ᠰᠡᠳᠬᠦᠯ ᠳᠡᠬᠡᠷ᠎ᠡ ᠨᠡᠶᠢᠳᠡᠯᠡᠬᠦᠯᠪᠡ᠃ 1987 ᠤᠨ ᠳᠤ ︽ᠬᠦᠯᠦᠨ ᠪᠤᠶᠢᠷ︾ | ᠰᠡᠳᠬᠦᠯ ᠳᠡᠬᠡᠷ᠎ᠡ ︽ᠡᠬᠦᠯᠡᠨ ᠪᠤᠷᠤ︾ ᠦᠬᠦᠯᠡᠯᠬᠡ ᠪᠠᠨ ᠨᠡᠶᠢᠳᠡᠯᠡᠬᠦᠯᠵᠦ᠂ ᠬᠤᠵᠢᠮ ᠨᠢ ᠬᠢᠳᠡᠳᠴᠢᠯᠠᠭᠠᠳ ︽ᠦᠨᠳᠦᠰᠦᠳᠡᠨ ᠤ ᠤᠷᠠᠨ ᠵᠤᠬᠢᠶᠠᠯ︾ ᠰᠡᠳᠬᠦᠯ ᠳᠡᠬᠡᠷ᠎ᠡ | ᠨᠡᠶᠢᠳᠡᠯᠡᠬᠦᠯᠵᠦ᠂ 1997 ᠤᠨ ᠳᠤ ᠳᠤᠰ ᠦᠬᠦᠯᠡᠯᠬᠡ ᠨᠢ ᠳᠤᠮᠳᠠᠳᠤ ᠤᠯᠤᠰ ᠤᠨ ᠭᠠᠳᠠᠭᠠᠳᠦ ᠳᠤ ᠴᠢᠭᠯᠡᠬᠦᠯᠦᠭᠰᠡᠨ ᠤᠷᠴᠢᠭᠤᠯᠭ᠎ᠠ ᠬᠡᠪᠯᠡᠯ ᠤᠨ ᠺᠤᠮᠫᠠᠨᠢ ᠶᠢᠨ | ᠬᠡᠪᠯᠡᠬᠦᠯᠦᠭᠰᠡᠨ ︽ᠪᠦᠷᠳᠡ ᠴᠢᠨ᠋ᠸ᠎ᠠ ᠤᠳᠬ᠎ᠠ ᠵᠤᠬᠢᠶᠠᠯ ᠤᠨ ᠴᠤᠪᠤᠷᠠᠯ︾ ᠤᠨ ᠨᠢᠬᠡ ᠪᠤᠯᠬᠤ ︽ᠠᠯᠳᠠᠨ ᠤᠷᠤᠭᠳᠠᠨ ᠤ ᠰᠠᠬᠢᠯᠳᠠ︾ ᠨᠤᠮ ᠳᠤ ᠰᠤᠩᠭᠤᠭᠳᠠᠨ ᠤᠷᠤᠪᠠ᠃ | 1995 ᠤᠨ ᠳᠤ ᠠᠶᠠᠨ ᠤ ᠳᠡᠮᠳᠡᠭᠯᠡᠯ ᠪᠤᠯᠬᠤ ︽ᠵᠡᠬᠦᠳᠦᠨ ᠤ ᠨᠤᠭᠤᠭᠠᠨ ᠳᠡᠯᠡᠬᠡᠢ︾ ᠪᠠᠨ ︽ᠦᠪᠦᠷ ᠮᠤᠩᠭᠤᠯ ᠤᠨ ᠡᠳᠦᠷ ᠤᠨ ᠰᠤᠨᠢᠨ︾ ᠳᠤ ᠴᠤᠪᠤᠷᠠᠭᠤᠯᠤᠨ | ᠨᠡᠶᠢᠳᠡᠯᠡᠬᠦᠯᠵᠦ᠂ ᠰᠡᠬᠦᠯᠡᠷ ᠨᠢ ᠬᠢᠳᠡᠳᠴᠢᠯᠠᠭᠠᠳ ︽ᠤᠳᠬ᠎ᠠ ᠵᠤᠬᠢᠶᠠᠯ ᠪᠠ ᠨᠡᠶᠢᠬᠡᠮ︾ ᠰᠡᠳᠬᠦᠯ ᠳᠡᠬᠡᠷ᠎ᠡ ᠨᠡᠶᠢᠳᠡᠯᠡᠬᠦᠯᠵᠦ᠂ 1991 ᠤᠨ ᠳᠤ ︽ᠬᠦᠯᠦᠨ ᠪᠤᠶᠢᠷ︾ | ᠰᠡᠳᠬᠦᠯ ᠳᠡᠬᠡᠷ᠎ᠡ ︽ᠬᠠᠪᠤᠷ ᠤᠨ ᠵᠡᠷᠬᠡᠯᠬᠡᠨ︾ ᠳᠤᠭᠤᠵᠢ ᠪᠠᠨ ᠨᠡᠶᠢᠳᠡᠯᠡᠬᠦᠯᠪᠡ᠃ ᠦᠬᠦᠯᠡᠯᠬᠡ ︽ᠬᠢᠨᠭ᠍ᠭᠠᠨ ᠭᠤᠤᠯ ᠤᠨ ᠪᠢᠯᠵᠤᠤᠬᠠᠢ︾ ᠪᠠ ᠨᠠᠶᠢᠷᠠᠭᠤᠯᠤᠯ ︽ᠬᠠᠷ᠎ᠠ | ᠮᠤᠷᠢᠨ ᠵᠢᠯ ᠪᠤᠶᠤ ᠮᠤᠩᠭᠤᠯ ᠮᠤᠷᠢᠨ ᠤ ᠳᠤᠮᠤᠭ︾ ᠨᠢ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠤᠳᠬ᠎ᠠ ᠵᠤᠬᠢᠶᠠᠯ ᠤᠨ ᠬᠠᠮᠤᠭ ᠤᠨ ᠦᠨᠳᠦᠷ | ᠱᠠᠩᠨᠠᠯ ᠪᠤᠯᠬᠤ ︽ᠰᠤᠯᠤᠩᠭ᠎ᠠ︾ ︵ᠭᠤᠷᠪᠠ ᠪᠠ ᠠᠷᠪᠠᠨ ᠬᠤᠶᠠᠳᠤᠭᠠᠷ ᠬᠤᠭᠤᠴᠠᠭᠠᠨ ᠤ︶ ᠱᠠᠩᠨᠠᠯ ᠢ ᠬᠦᠷᠳᠡᠪᠡ᠃ 1993 ᠤᠨ ᠳᠤ ︽ᠦᠨᠢᠷ ᠴᠡᠴᠡᠭ︾ ᠰᠡᠳᠬᠦᠯ | ᠳᠡᠬᠡᠷ᠎ᠡ ︽ᠽᠠᠮᠪᠦᠯᠢᠩ ᠬᠤᠷᠸ᠎ᠠ︾ ᠳᠤᠭᠤᠵᠢ ᠪᠠᠨ ᠨᠡᠶᠢᠳᠡᠯᠡᠬᠦᠯᠵᠦ᠂ 1994 ᠤᠨ ᠳᠤ ︽ᠴᠤᠯᠮᠤᠨ︾ ᠰᠡᠳᠬᠦᠯ ᠳᠤ ︽ᠶᠡᠭᠡ ᠳᠠᠪᠠᠯᠭᠠᠨ ᠤ ᠱᠤᠤᠬᠢᠶ᠎ᠠ︾ ᠳᠤᠭᠤᠵᠢ ᠪᠠᠨ | ᠨᠡᠶᠢᠳᠡᠯᠡᠬᠦᠯᠵᠦ᠂ 1995 ᠤᠨ ᠳᠤ ︽ᠦᠨᠢᠷ ᠴᠡᠴᠡᠭ︾ ᠰᠡᠳᠬᠦᠯ ᠳᠤ ︽ᠳᠠᠯᠠᠢ ᠶᠢᠨ ᠳᠤᠳᠤᠷᠠᠬᠢ ᠰᠠᠷ᠎ᠠ︾ ᠳᠤᠭᠤᠵᠢ ᠪᠠᠨ ᠨᠡᠶᠢᠳᠡᠯᠡᠬᠦᠯᠵᠦ᠂ ︽ᠶᠡᠭᠡ ᠳᠠᠪᠠᠯᠭᠠᠨ ᠤ | ᠱᠤᠤᠬᠢᠶ᠎ᠠ︾ ᠳᠤᠭᠤᠵᠢ ᠨᠢ ︽ᠴᠤᠯᠮᠤᠨ︾ ᠤᠳᠬ᠎ᠠ ᠵᠤᠬᠢᠶᠠᠯ ᠤᠨ ᠰᠢᠯᠭᠠᠷᠠᠭᠤᠯᠤᠯᠳᠠ ᠶᠢᠨ ᠭᠤᠷᠪᠠᠳᠤᠭᠠᠷ ᠳᠡᠰ ᠤᠨ ᠱᠠᠩᠨᠠᠯ ᠢ ᠬᠦᠷᠳᠡᠪᠡ᠃ ᠬᠡᠤᠬᠡᠳ ᠤᠨ ᠳᠤᠭᠤᠵᠢ | ︽ᠬᠠᠷᠠᠯᠳᠠᠢ ᠪᠤᠷᠤᠯᠳᠠᠢ ᠴᠠᠭᠠᠳᠠᠢ ᠭᠤᠷᠪᠠ ᠶᠢᠨ ᠦᠯᠢᠬᠡᠷ︾ ᠨᠢ ᠦᠪᠦᠷ ᠮᠤᠩᠭᠤᠯ ᠤᠨ ᠤᠳᠬ᠎ᠠ ᠤᠷᠠᠯᠢᠭ ᠤᠨ ᠬᠤᠯᠪᠤᠭ᠎ᠠ᠂ ᠦᠪᠦᠷ ᠮᠤᠩᠭᠤᠯ ᠤᠨ ᠬᠡᠤᠬᠡᠳ ᠤᠨ | ᠤᠷᠠᠨ ᠵᠤᠬᠢᠶᠠᠯ ᠤᠨ ᠵᠤᠬᠢᠶᠠᠨ ᠪᠦᠳᠦᠬᠡᠯᠬᠡ ᠶᠢᠨ ᠨᠡᠶᠢᠬᠡᠮᠯᠢᠭ ᠵᠡᠷᠬᠡ ᠳᠠᠪᠤᠨ ᠪᠠᠶᠢᠭᠤᠯᠭ᠎ᠠ ᠶᠢᠨ ᠬᠠᠮᠳᠤᠷᠠᠨ ᠡᠷᠬᠢᠯᠡᠭᠰᠠᠨ ᠬᠡᠤᠬᠡᠳ ᠤᠨ ᠤᠷᠠᠨ ᠵᠤᠬᠢᠶᠠᠯ ᠤᠨ | ᠰᠢᠯᠭᠠᠷᠠᠭᠤᠯᠤᠯᠳᠠ ᠳᠤ ᠬᠤᠶᠠᠳᠤᠭᠠᠷ ᠳᠡᠰ ᠤᠨ ᠱᠠᠩᠨᠠᠯ ᠢ ᠬᠦᠷᠳᠡᠪᠡ᠃ | ᠳᠡᠬᠦᠨ ᠤ ᠬᠠᠷᠢᠭᠤᠴᠠᠵᠦ ᠨᠠᠶᠢᠷᠠᠭᠤᠯᠤᠭᠰᠠᠨ ︽ᠬᠦᠬᠡ ᠵᠤᠯᠠ︾᠂ ︽ᠵᠠᠩᠭᠠᠷ ᠤᠨ ᠰᠢᠷ᠎ᠠ ᠶᠢᠨ ᠲᠦᠷᠪᠡᠨ ᠲᠦᠷᠦ︾᠂ ︽ᠮᠤᠩᠭᠤᠯ ᠠᠷᠠᠳ ᠤᠨ ᠠᠮᠠᠨ | ᠦᠯᠢᠬᠡᠷ ᠤᠨ ᠰᠤᠳᠤᠯᠤᠯ︾᠂ ︽ᠮᠤᠩᠭᠤᠯ ᠵᠤᠬᠢᠶᠠᠯ ᠤᠨ ᠤᠨᠤᠯ ᠤᠨ ᠴᠢᠮᠡᠭ︾︽ᠰᠢᠳᠢᠳᠦ ᠳᠤᠯᠢ︾᠂ ︽ᠤᠳᠤ ᠦᠶ᠎ᠠ ᠶᠢᠨ ᠮᠤᠩᠭᠤᠯ ᠦᠨᠳᠦᠰᠦᠳᠡᠨ ᠤ ᠤᠳᠬ᠎ᠠ | ᠵᠤᠬᠢᠶᠠᠯ ᠤᠨ ᠳᠡᠤᠬᠡ︾᠂ ︽ᠮᠡᠷᠬᠡᠨ ᠬᠡᠬᠡᠨ ᠯᠤᠪᠰᠠᠩᠳᠠᠮᠪᠢᠵᠠᠯᠰᠠᠨ︾᠂ ︽ᠬᠦᠯᠦᠨ ᠪᠤᠶᠢᠷ ᠤᠨ ᠳᠦᠢᠮᠦ︾ ᠵᠡᠷᠬᠡ ᠨᠤᠮ ᠪᠢᠴᠢᠭ ᠨᠢ ᠠᠩᠬᠠᠳᠤᠭᠠᠷ ᠪᠠ ᠲᠦᠷᠪᠡᠳᠦᠬᠡᠷ | ᠬᠤᠭᠤᠴᠠᠭᠠᠨ ᠤ ᠳᠤᠮᠳᠠᠳᠤ ᠤᠯᠤᠰ ᠤᠨ ᠦᠨᠳᠦᠰᠦᠳᠡᠨ ᠤ ᠨᠤᠮ ᠪᠢᠴᠢᠭ ᠤᠨ ᠱᠠᠩᠨᠠᠯ᠂ ᠬᠤᠸᠠᠪᠧᠢ ᠤᠷᠤᠨ ᠤ ᠠᠷᠪᠠᠨ ᠮᠤᠵᠢ ᠬᠤᠳᠠ ᠶᠢᠨ ᠠᠷᠠᠳ ᠤᠨ ᠠᠮᠠᠨ | ᠵᠤᠬᠢᠶᠠᠯ ᠤᠨ ᠱᠠᠩᠨᠠᠯ ᠤᠨ ᠬᠤᠶᠠᠷ ᠭᠤᠷᠪᠠᠳᠤᠭᠠᠷ ᠳᠡᠰ ᠤᠨ ᠱᠠᠩᠨᠠᠯ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠰᠤᠨᠢᠨ ᠮᠡᠳᠡᠭᠡ ᠬᠡᠪᠯᠡᠯ ᠤᠨ | ᠳᠤᠪᠴᠢᠶ᠎ᠠ ᠪᠤᠯᠤᠨ ᠨᠠᠢᠮᠠᠨ ᠮᠤᠵᠢ ᠤᠷᠤᠨ ᠤ ᠮᠤᠩᠭᠤᠯ ᠨᠤᠮ ᠪᠢᠴᠢᠭ ᠤᠨ ᠠᠯᠳᠠᠷ ᠬᠦᠨᠳᠦ ᠶᠢᠨ ᠱᠠᠩᠨᠠᠯ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ | ᠨᠠᠮ ᠤᠨ ᠬᠤᠷᠢᠶᠠᠨ ᠤ ᠤᠬᠠᠭᠤᠯᠬᠤ ᠬᠡᠯᠳᠡᠰ ᠪᠤᠯᠤᠨ ᠦᠪᠦᠷ ᠮᠤᠩᠭᠤᠯ ᠤᠨ ᠤᠳᠬ᠎ᠠ ᠤᠷᠠᠯᠢᠭ ᠤᠨ ᠬᠤᠯᠪᠤᠭ᠎ᠠ ᠶᠢᠨ ᠤᠳᠬ᠎ᠠ ᠵᠤᠬᠢᠶᠠᠯ ᠰᠢ ᠵᠦᠴᠦᠬᠡ ᠶᠢᠨ | ᠱᠠᠩᠨᠠᠯ᠂ ᠠᠩᠬᠠᠳᠤᠭᠠᠷ ᠪᠠ ᠬᠤᠶᠠᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠴᠦᠬᠡᠨ ᠳᠤᠭᠠᠳᠤ ᠦᠨᠳᠦᠰᠦᠳᠡᠨ ᠤ ᠤᠳᠬ᠎ᠠ ᠵᠤᠬᠢᠶᠠᠯ ᠤᠨ ᠨᠡᠶᠢᠬᠡᠮᠯᠢᠭ ᠤᠨ | ᠰᠢᠯᠢᠳᠡᠭ ᠪᠦᠳᠦᠬᠡᠯ ᠤᠨ ᠱᠠᠩᠨᠠᠯ᠂ ᠠᠩᠬᠠᠳᠤᠭᠠᠷ ᠬᠤᠭᠤᠴᠠᠭᠠᠨ ᠤ ᠦᠪᠡᠷᠳᠡᠬᠡᠨ ᠵᠠᠰᠠᠬᠤ ᠤᠷᠤᠨ ᠤ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠠᠩ ᠤᠨ | ᠰᠢᠯᠢᠳᠡᠭ ᠪᠦᠳᠦᠬᠡᠯ ᠤᠨ ᠱᠠᠩᠨᠠᠯ ᠢ ᠬᠦᠷᠳᠡᠵᠦ ᠦᠡᠭᠬᠡᠷᠡᠪᠡ᠃ ︽ᠠ᠊ · ᠤᠳᠽᠠᠷ ᠤᠨ ᠵᠤᠬᠢᠶᠠᠯ ᠤᠨ ᠳᠡᠬᠦᠪᠦᠷᠢ︾ ᠨᠢ ︵1 — 10 ᠪᠤᠳᠢ︶ 2000 | ᠤᠨ ᠳᠤ ᠰᠢ ᠠᠨ ᠳᠤ ᠪᠤᠯᠤᠭᠰᠠᠨ ᠪᠦᠬᠦ ᠤᠯᠤᠰ ᠤᠨ ᠨᠤᠮ ᠪᠢᠴᠢᠭ ᠤᠨ ᠬᠡᠪᠯᠡᠯ ᠤᠨ ᠴᠢᠨᠡᠷ ᠴᠢᠨᠰᠠᠭ᠎ᠠ ᠶᠢᠨ ᠰᠢᠯᠭᠠᠷᠠᠭᠤᠯᠤᠯᠳᠠ ᠳᠤ ᠰᠢᠯᠢᠳᠡᠭ ᠪᠦᠳᠦᠬᠡᠯ ᠤᠨ | ᠱᠠᠩᠨᠠᠯ ᠳᠤᠰᠤᠭᠰᠠᠨ ᠮᠦᠷᠳᠡᠬᠡᠨ ᠨᠤᠮ ᠪᠢᠴᠢᠭ ᠤᠨ ᠲᠦᠷᠦ ᠶᠢᠨ ᠭᠤᠷᠪᠠᠨ ᠳᠤᠮᠤ ᠱᠠᠩᠨᠠᠯ ᠤᠨ ᠨᠢᠬᠡ ᠪᠤᠯᠬᠤ ︽ᠳᠤᠮᠳᠠᠳᠤ ᠤᠯᠤᠰ ᠤᠨ ᠨᠤᠮ ᠪᠢᠴᠢᠭ ᠤᠨ ᠱᠠᠩᠨᠠᠯ︾ | ᠢ ᠳᠤᠰᠴᠠᠢ᠃ ︽ᠬᠡᠷᠡᠯᠴᠤᠭᠳᠤ ᠶᠢᠨ ᠪᠦᠷᠢᠨ ᠵᠤᠬᠢᠶᠠᠯ ︵1 — 10 ᠪᠤᠳᠢ︶︾ ᠨᠢ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ︽5 · 1︾ | ᠢᠨᠵᠧᠨ᠋ᠧᠷᠢᠩ ᠤᠨ ᠱᠠᠩᠨᠠᠯ᠂ ︽ᠴᠢᠮᠡᠳᠳᠤᠷᠵᠢ ᠶᠢᠨ ᠪᠦᠷᠢᠨ ᠵᠤᠬᠢᠶᠠᠯ ︵1 — 4 ᠪᠤᠳᠢ︶︾ ᠨᠢ 2017 ᠤᠨ ᠳᠤ ᠦᠪᠦᠷ ᠮᠤᠩᠭᠤᠯ ᠤᠨ ᠦᠪᠡᠷᠳᠡᠬᠡᠨ ᠵᠠᠰᠠᠬᠤ | ᠤᠷᠤᠨ ᠤ ︽5 · 1︾ ᠢᠨᠵᠧᠨᠧᠷᠢᠩ ᠤᠨ ᠱᠠᠩᠨᠠᠯ ᠢ ᠳᠠᠬᠢᠨᠳᠠ ᠬᠦᠷᠳᠡᠭᠰᠡᠨ ᠪᠦᠬᠡᠳ ᠦᠪᠦᠷ ᠮᠤᠩᠭᠤᠯ ᠤᠨ ᠠᠩᠬᠠᠳᠤᠭᠠᠷ ᠬᠤᠭᠤᠴᠠᠭᠠᠨ ᠤ ᠬᠡᠪᠯᠡᠯ ᠤᠨ ᠱᠠᠩᠨᠠᠯ ᠢ | ᠬᠦᠷᠳᠡᠵᠦ ᠦᠡᠭᠬᠡᠷᠡᠪᠡ᠃ | ᠲᠡᠷᠡᠪᠡᠷ 2003 ᠤᠨ ᠳᠤ ︽ᠦᠪᠦᠷ ᠮᠤᠩᠭᠤᠯ ᠤᠨ ᠠᠷᠪᠠᠨ ᠰᠤᠳᠤᠨ ᠨᠠᠶᠢᠷᠠᠭᠤᠯᠤᠭᠴᠢ︾ ᠶᠢᠨ ᠴᠤᠯᠠ ᠬᠦᠷᠳᠡᠵᠦ ᠠᠯᠳᠠᠨ ᠮᠧᠳᠠᠯ ᠢᠶᠠᠷ ᠡᠩᠬᠡᠷ ᠶᠦᠭᠡᠨ | ᠮᠢᠯᠢᠶᠠᠯᠭᠠᠵᠠᠢ᠃ | ᠳᠡᠬᠦᠨ ᠤ ᠬᠠᠷᠢᠭᠤᠴᠠᠵᠦ ᠨᠠᠶᠢᠷᠠᠭᠤᠯᠤᠭᠰᠠᠨ ᠳᠤᠮᠳᠠᠳᠤ ᠭᠠᠳᠠᠭᠠᠳᠤ ᠶᠢᠨ ᠰᠢᠯᠢᠳᠡᠭ ᠵᠤᠬᠢᠶᠠᠯ ᠠᠴᠠ ︽ᠴᠧᠬᠤᠸ᠋ ᠤᠨ ᠦᠬᠦᠯᠡᠯᠬᠡ ᠳᠤᠭᠤᠵᠢ ᠨᠤᠭᠤᠳ︾᠂ | ︽ᠡᠴᠦᠰ ᠤᠨ ᠨᠢᠬᠡ ᠮᠤᠾᠢᠺᠠᠨ ᠬᠦᠮᠦᠨ︾᠂ ︽ᠴᠠᠢ ᠶᠢᠨ ᠴᠡᠴᠡᠭᠳᠦ ᠠᠪᠠᠭ᠋ᠠᠢ︾᠂ ︽ᠫᠦᠱᠺᠢᠨ ᠤ ᠦᠬᠦᠯᠡᠯᠬᠡ ᠳᠤᠭᠤᠵᠢ ᠨᠤᠭᠤᠳ︾᠂ ︽ᠪᠠᠯᠽᠠᠺ ᠤᠨ ᠦᠬᠦᠯᠡᠯᠬᠡ | ᠳᠤᠭᠤᠵᠢ ᠨᠤᠭᠤᠳ︾᠂ ︽ᠳᠤᠷᠤᠨ᠎ᠠ︾᠂ ︽ᠠ᠊ · ᠤᠳᠽᠠᠷᠤᠨ ᠵᠤᠬᠢᠶᠠᠯ ᠤᠨ ᠳᠡᠬᠦᠪᠦᠷᠢ ︵1 — 10 ᠪᠤᠳᠢ︶︾ ᠵᠡᠷᠬᠡ ᠵᠤᠬᠢᠶᠠᠯ ᠨᠢ ᠤᠩᠰᠢᠭᠴᠢᠳ ᠤᠨ ᠬᠠᠯᠠᠭᠤᠨ | ᠬᠦᠷᠢᠶᠡᠯᠡᠯ ᠢ ᠤᠯᠵᠦ᠂ ᠬᠠᠷᠢᠭᠤᠴᠠᠨ ᠨᠠᠶᠢᠷᠠᠭᠤᠯᠤᠭᠰᠠᠨ ᠮᠤᠩᠭᠤᠯ ᠤᠯᠤᠰ ᠤᠨ ᠲᠦᠷᠦ ᠶᠢᠨ ᠱᠠᠩᠨᠠᠯᠳᠤ ᠢᠷᠠᠭᠤ ᠨᠠᠶᠢᠷᠠᠭᠴᠢ ᠷᠢᠨᠴᠢᠨ ᠤ ᠴᠦᠢᠨᠤᠮ ᠤᠨ ︽ᠰᠦᠮᠡᠳᠡᠢ | ᠪᠤᠳᠠᠷ ᠤᠨ ᠴᠢᠯᠠᠭᠤ︾᠂ ︽ᠤᠶᠠᠬᠠᠨ ᠽᠠᠮᠪᠤᠲᠢᠪ ᠤᠨ ᠨᠠᠷᠠᠨ︾᠂ ᠪᠠᠪᠤᠦ ᠶᠢᠨ ᠯᠾᠬᠠᠪᠠᠰᠦ᠋ᠷᠦᠩ ᠤᠨ ︽ᠤᠶᠠᠩᠭ᠎ᠠ ᠶᠢᠨ ᠳᠤᠭᠤᠷᠢᠭ︾ ᠵᠡᠷᠬᠡ ᠨᠤᠮ ᠨᠢ ᠬᠡᠪᠯᠡᠭᠳᠡᠭᠰᠡᠨ ᠤ | ᠳᠠᠷᠠᠭ᠎ᠠ ᠦᠪᠦᠷ ᠮᠤᠩᠭᠤᠯ ᠤᠷᠤᠨ ᠤ ᠢᠷᠠᠭᠤ ᠨᠠᠶᠢᠷᠠᠭ ᠤᠨ ᠬᠦᠷᠢᠶᠡᠨᠠ ᠳᠤᠩᠰᠤᠯᠤᠯᠳᠠ ᠭᠠᠷᠴᠤ᠂ ᠦᠪᠦᠷ ᠮᠤᠩᠭᠤᠯ ᠤᠨ ᠮᠤᠩᠭᠤᠯ ᠰᠢᠯᠦᠭ ᠤᠨ ᠬᠦᠭᠵᠢᠯᠳᠡ ᠳᠤ | ᠢᠳᠡᠪᠬᠢᠳᠡᠢ ᠦᠢᠯᠡᠳᠦᠯ ᠦᠵᠡᠬᠦᠯᠵᠡᠢ᠃ | ᠲᠡᠷᠡ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶᠠᠨ ᠤ ᠤᠷᠠᠨ ᠵᠤᠬᠢᠶᠠᠯ ᠨᠠᠶᠢᠷᠠᠭᠤᠯᠬᠤ ᠬᠡᠯᠳᠡᠰ ᠤᠨ ᠡᠷᠬᠢᠯᠡᠭᠴᠢ ᠶᠢᠨ ᠳᠤᠰᠢᠶᠠᠯ ᠳᠤ | ᠪᠠᠶᠢᠬᠤ ᠳᠠᠭᠠᠨ ᠳᠠᠰᠤᠭ ᠤᠨ ᠢᠶᠠᠨ ᠨᠦᠬᠦᠳ ᠢᠶᠠᠨ ᠳᠠᠭᠠᠭᠤᠯᠤᠨ ︽ᠮᠠᠨᠳᠤᠬᠠᠢ ᠰᠡᠴᠡᠨ ᠬᠠᠳᠤᠨ︾᠂ ︽ᠵᠠᠨᠠᠪᠠᠽᠠᠷ︾᠂ ︽ᠵᠢᠷᠦᠬᠡᠨ ᠤ ᠬᠢᠯᠢᠩ︾᠂ ︽ᠮᠠᠨᠠᠨ ᠪᠤᠳᠠᠩ︾᠂ | ︽ᠬᠦᠯᠢᠶᠡᠰᠦ ᠠᠯᠳᠠᠷᠠᠭᠰᠠᠨ ᠨᠢ︾᠂ ︽ᠱᠠᠯᠳᠠᠷ ᠪᠤᠯᠳᠠᠷ ᠨᠠᠰᠤ︾᠂ ︽ᠬᠠᠨ ᠠᠭᠤᠯᠠ ᠶᠢᠨ ᠢᠷᠭᠤᠢ︾᠂ ︽ᠰ᠊ · ᠡᠷᠳᠡᠨᠢ ᠶᠢᠨ ᠰᠢᠯᠢᠮᠡᠯ ᠦᠬᠦᠯᠡᠯᠬᠡ︾᠂ ︽ᠴᠢᠯᠠᠭᠤᠨ | ᠬᠠᠭᠠᠯᠭ᠎ᠠ︾᠂ ︽ᠳᠠᠶᠢᠨ︾ ᠵᠡᠷᠬᠡ ᠮᠤᠩᠭᠤᠯ ᠤᠯᠤᠰ ᠤᠨ ᠰᠢᠯᠢᠳᠡᠭ ᠨᠤᠮ ᠤᠳ ᠠᠴᠠ ᠭᠠᠳᠠᠨ᠎ᠠ ᠪᠠᠷᠭᠤ᠂ ᠪᠤᠷᠢᠶᠠᠳ᠂ ᠤᠷᠠᠳ᠂ ᠰᠦᠪᠧᠢ ᠵᠡᠷᠬᠡ ᠤᠭᠰᠠᠭ᠎ᠠ | ᠶᠠᠰᠤᠳᠠᠨ ᠨᠤᠭᠤᠳ ᠤᠨ ᠠᠷᠠᠳ ᠤᠨ ᠠᠮᠠᠨ ᠦᠯᠢᠬᠡᠷ ᠤᠳ ᠢ ᠳᠤᠰ ᠳᠤᠰ ᠳᠡᠪᠳᠡᠷ ᠪᠤᠯᠭᠠᠨ ᠬᠡᠪᠯᠡᠬᠦᠯᠦᠭᠰᠡᠨ ᠪᠠ ︽ᠪᠤᠷᠢᠶᠠᠳ ᠠᠷᠠᠳ ᠤᠨ ᠳᠠᠭᠤᠤ︾᠂ | ︽ᠮᠤᠩᠭᠤᠯᠵᠢᠨ ᠠᠷᠠᠳ ᠤᠨ ᠳᠠᠭᠤᠤ︾᠂ ︽ᠬᠤᠷᠴᠢᠨ ᠠᠷᠠᠳ ᠤᠨ ᠳᠠᠭᠤᠤ︾ ᠵᠡᠷᠬᠡ ᠨᠤᠮ ᠤᠳ ᠢ ᠬᠡᠪᠯᠡᠬᠦᠯᠪᠡ᠃ ᠪᠠᠰᠠ ᠤᠯᠠᠨ ᠪᠤᠳᠢ ᠭᠠᠳᠠᠭᠠᠳᠤ ᠶᠢᠨ ᠤᠷᠠᠨ | ᠵᠤᠬᠢᠶᠠᠯ ᠬᠡᠪᠯᠡᠬᠦᠯᠵᠦ᠂ ᠬᠢᠳᠡᠳ ᠤᠨ ᠡᠷᠳᠡ ᠡᠳᠦᠬᠡ ᠶᠢᠨ ᠤᠷᠠᠨ ᠵᠤᠬᠢᠶᠠᠯ ᠠᠴᠠ ︽ᠴᠢᠦᠢ ᠶᠤᠸᠠᠨ ᠤ ᠤᠶᠠᠩᠭ᠎ᠠ︾᠂ ︽ᠯᠢᠶᠤᠤ ᠵᠠᠢ ᡁᠢ ᠢ ᠪᠢᠴᠢᠭ︾᠂ ︽ | ᠵᠠᠬᠦᠨ ᠵᠧᠤ ᠶᠢᠨ ᠤᠯᠠᠨ ᠤᠯᠤᠰ ᠤᠨ ᠦᠯᠢᠬᠡᠷ︾ ᠪᠤᠢ᠃ | ᠰᠤᠳᠨᠠᠮᠸᠠᠩᠵᠢᠯ ᠭᠤᠸᠠᠢ ᠠᠵᠢᠯ ᠠᠴᠠ ᠪᠠᠨ ᠠᠮᠠᠷᠠᠭᠰᠠᠨ ᠤ ᠳᠠᠷᠠᠭᠠᠬᠢ ᠠᠷᠪᠠ ᠭᠠᠷᠤᠢ ᠵᠢᠯ ᠤᠨ ᠳᠤᠳᠤᠷ᠎ᠠ ︽ᠤᠷᠠᠳ ᠰᠤᠶᠤᠯ ᠰᠤᠳᠤᠯᠤᠯ︾ ᠴᠤᠪᠤᠷᠠᠯ | ︵1 — 14 ᠪᠤᠳᠢ︶᠂ ︽ᠤᠷᠢᠶᠠᠩᠬᠠᠢ ᠪᠤᠶᠠᠨᠳᠡᠯᠬᠡᠷ ᠤᠨ ᠤᠷᠴᠢᠭᠤᠯᠭ᠎ᠠ ᠶᠢᠨ ᠵᠤᠬᠢᠶᠠᠯ ᠤᠨ ᠳᠡᠬᠦᠪᠦᠷᠢ︾ ︵1 — 9 ᠪᠤᠳᠢ︶᠂ ︽ᠮ᠊ · ᠠᠰᠠᠷ ᠤᠨ | ᠪᠦᠷᠢᠨ ᠵᠤᠬᠢᠶᠠᠯ︾ ︵1 — 8 ᠪᠤᠳᠢ︶᠂ ᠮᠤᠩᠭᠤᠯ ᠤᠯᠤᠰ ᠤᠨ ᠢᠷᠠᠭᠤ ᠨᠠᠶᠢᠷᠠᠭ ᠤᠨ ᠬᠠᠳᠤᠨ ᠬᠠᠭᠠᠨ ᠬᠡᠮᠡᠨ ᠤᠯᠠᠨ᠎ᠠ ᠡᠷᠬᠦᠮᠵᠢᠯᠡᠭᠳᠡᠭᠰᠡᠨ ᠱᠠᠭᠳᠠᠷ ᠤᠨ | ᠳᠤᠯᠮ᠎ᠠ ᠶᠢᠨ ︽ᠱ᠊ · ᠳᠤᠯᠮ᠎ᠠ ᠶᠢᠨ ᠵᠤᠬᠢᠶᠠᠯ ᠤᠨ ᠳᠡᠬᠦᠪᠦᠷᠢ︾ ︵1 — 5 ᠪᠤᠳᠢ︶ ᠨᠤᠮ ᠤᠳ ᠢ ᠤᠷᠢᠳ ᠬᠤᠵᠢᠳ ᠬᠠᠷᠢᠭᠤᠴᠠᠨ ᠨᠠᠶᠢᠷᠠᠭᠤᠯᠤᠭᠰᠠᠨ ᠪᠤᠶᠤ | ᠤᠬᠠᠭᠠᠯᠠᠨ ᠲᠦᠰᠦᠪᠯᠡᠵᠦ ᠬᠡᠪᠯᠡᠬᠦᠯᠵᠡᠢ᠃ ᠲᠡᠷᠡ ᠪᠠᠰᠠ ︽ᠮᠤᠩᠭᠤᠯ ᠤᠨ ᠰᠤᠩᠭᠤᠮᠠᠯ ᠦᠬᠦᠯᠡᠯᠬᠡ︾᠂ ︽ᠮᠤᠩᠭᠤᠯ ᠤᠨ ᠰᠤᠩᠭᠤᠮᠠᠯ ᠢᠷᠠᠭᠤ ᠨᠠᠶᠢᠷᠠᠭ︾᠂ ︽ | ᠮᠤᠩᠭᠤᠯ ᠤᠨ ᠰᠤᠩᠭᠤᠮᠠᠯ ᠳᠤᠭᠤᠵᠢ︾᠂ ︽ᠳᠡᠯᠡᠬᠡᠢ ᠶᠢᠨ ᠰᠤᠩᠭᠤᠮᠠᠯ ᠢᠷᠠᠭᠤ ᠨᠠᠶᠢᠷᠠᠭ︾ ᠵᠡᠷᠬᠡ ᠢᠵᠢ ᠵᠤᠬᠢᠶᠠᠯ ᠢ ᠬᠡᠪᠯᠡᠬᠦᠯᠵᠦ ᠤᠩᠰᠢᠭᠴᠢᠳ ᠤᠨ ᠬᠠᠯᠠᠭᠤᠨ | ᠬᠦᠷᠢᠶᠡᠯᠡᠯ ᠢ ᠤᠯᠤᠭᠰᠠᠨ ᠪᠠᠶᠢᠨ᠎ᠠ᠃ ᠡᠬᠦᠨ ᠳᠤ ︽ᠮ᠊ · ᠠᠰᠠᠷ ᠤᠨ ᠪᠦᠷᠢᠨ ᠵᠤᠬᠢᠶᠠᠯ︾ ︵1 — 8 ᠪᠤᠳᠢ︶ ᠨᠢ ᠪᠦᠬᠦ ᠤᠷᠤᠨ ᠤ ︽5 · 1︾ | ᠢᠨᠵᠧᠨᠧᠷᠢᠩ ᠤᠨ ᠱᠠᠩᠨᠠᠯ᠂ ︽ᠤᠷᠢᠶᠠᠩᠬᠠᠢ ᠪᠤᠶᠠᠨᠳᠡᠯᠬᠡᠷ ᠤᠨ ᠤᠷᠴᠢᠭᠤᠯᠭ᠎ᠠ ᠶᠢᠨ ᠵᠤᠬᠢᠶᠠᠯ ᠤᠨ ᠳᠡᠬᠦᠪᠦᠷᠢ︾ ︵1 — 9 ᠪᠤᠳᠢ︶ ᠨᠢ 2018 ᠤᠨ ᠳᠤ | ᠤᠯᠠᠭᠠᠨᠬᠦᠦ ᠶᠢᠨ ᠮᠤᠩᠭᠤᠯ ᠬᠡᠯᠡ ᠪᠢᠴᠢᠭ ᠤᠨ ᠱᠠᠩᠨᠠᠯ ᠢ ᠬᠦᠷᠳᠡᠪᠡ᠃ ᠮᠦᠨ ᠳᠡᠬᠦᠨ ᠤ ᠨᠠᠶᠢᠷᠠᠭᠤᠯᠵᠤ ᠬᠡᠪᠯᠡᠬᠦᠯᠦᠭᠰᠡᠨ ︽ᠤᠷᠠᠳ ᠠᠷᠠᠳ ᠤᠨ ᠳᠠᠭᠤᠤ ᠶᠢᠨ | ᠳᠡᠬᠦᠪᠦᠷᠢ︾ ︵1 — 2 ᠪᠤᠳᠢ︶ ᠨᠢ ᠪᠦᠬᠦ ᠤᠷᠤᠨ ᠤ ︽5 · 1︾ ᠢᠨᠵᠧᠨᠧᠷᠢᠩ ᠤᠨ ᠱᠠᠩᠨᠠᠯ ᠢ ᠳᠤᠰᠪᠠ᠃ | ᠨᠤᠮ ᠪᠢᠴᠢᠭ ᠨᠠᠶᠢᠷᠠᠭᠤᠯᠬᠤ ᠠᠵᠢᠯ ᠢᠶᠠᠨ ᠦᠨᠦ ᠪᠤᠯᠳᠠᠯ᠎ᠠ ᠬᠠᠶᠠᠭ᠎ᠠ ᠦᠬᠡᠢ ᠶᠠᠪᠤᠭ᠎ᠠ ᠰᠤᠳᠨᠠᠮᠸᠠᠩᠵᠢᠯ ᠭᠤᠸᠠᠢ ᠨᠠᠶᠢᠳᠠ 100 ᠭᠠᠷᠤᠢ ᠪᠤᠳᠢ ᠨᠤᠮ | ᠬᠠᠷᠢᠭᠤᠴᠠᠨ ᠨᠠᠶᠢᠷᠠᠭᠤᠯᠤᠭᠰᠠᠨ ᠪᠠ ᠬᠢᠨᠠᠵᠦ ᠭᠡᠪᠯᠡᠬᠦᠯᠦᠭᠰᠡᠨ ᠨᠤᠮ ᠨᠢ 500 ᠭᠠᠷᠤᠢ ᠳᠡᠪᠳᠡᠷ ᠪᠤᠯᠵᠠᠢ᠃ |