ᠳᠣᠯᠤᠭ᠎ᠠ᠂ ᠡᠨᠡᠬᠦ ᠠᠵᠢᠯ ᠤᠨ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠶᠢ ᠦᠨᠡᠨᠬᠦ ᠴᠢᠩᠭᠠᠳᠬᠠᠬᠤ ᠬᠡᠷᠡᠭᠲᠡᠶ᠃ ᠨᠢᠭᠡ ᠳᠤ᠂ ᠵᠣᠭᠰᠣᠴᠠ ᠪᠠᠨ | ᠳᠡᠭᠡᠭᠰᠢᠯᠡᠭᠦᠯᠵᠦ᠂ ᠬᠠᠷᠢᠭᠤᠴᠠᠯᠭ᠎ᠠ ᠪᠠᠨ ᠪᠤᠳᠠᠳᠠᠶᠢᠵᠢᠭᠤᠯᠤᠨ᠎ᠠ᠃ ᠡᠯ᠎ᠡ ᠬᠤᠰᠢᠭᠤ ᠬᠤᠲᠠ ᠲᠣᠭᠤᠷᠢᠭ᠂ ᠡᠯ᠎ᠡ ᠰᠠᠯᠠᠭ᠎ᠠ ᠮᠥᠴᠢᠷ ᠤᠳ ︽ᠠᠷᠠᠳ ᠲᠦᠮᠡᠨ ᠢᠶᠠᠷ | ᠭᠤᠤᠯ ᠪᠣᠯᠭᠠᠬᠤ︾ ᠬᠥᠭᠵᠢᠯᠲᠡ ᠶᠢᠨ ᠦᠵᠡᠯ ᠰᠠᠨᠠᠭ᠎ᠠ ᠶᠢ ᠪᠠᠷᠢᠮᠲᠠᠯᠠᠵᠤ᠂ ︽ᠮᠥᠩᠬᠡ ᠰᠤᠪᠠᠭ︾ APP ᠶᠢᠨ ᠬᠡᠷᠡᠭᠯᠡᠭᠴᠢ ᠶᠢ ᠳᠠᠩᠰᠠᠯᠠᠬᠤ ᠪᠠ ᠬᠡᠷᠡᠭᠯᠡᠵᠦ | ᠨᠡᠭᠡᠭᠡᠨ ᠬᠥᠭᠵᠢᠭᠦᠯᠬᠦ ᠠᠵᠢᠯ ᠢ ᠣᠯᠠᠨ ᠲᠦᠮᠡᠨ ᠳᠤ ᠪᠣᠳᠠᠲᠤ ᠶᠠᠪᠤᠳᠠᠯ ᠬᠢᠵᠦ᠂ ᠣᠯᠠᠨ ᠲᠦᠮᠡᠨ ᠤ ᠬᠦᠷᠲᠡᠮᠵᠢ ᠶᠢᠨ ᠲᠥᠷᠥᠭᠳᠡᠯ ᠪᠠ ᠵᠣᠯ ᠵᠢᠷᠭᠠᠯᠲᠤ | ᠲᠥᠷᠥᠭᠳᠡᠯ ᠢ ᠲᠠᠰᠤᠷᠠᠯᠲᠠ ᠥᠬᠡᠶ ᠳᠡᠭᠡᠭᠰᠢᠯᠡᠭᠦᠯᠵᠦ᠂ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ ᠰᠢᠯᠢᠳᠡᠭᠵᠢᠭᠦᠯᠬᠦ ᠶᠢ ᠠᠬᠢᠭᠤᠯᠬᠤ ᠴᠢᠬᠤᠯᠠ ᠠᠷᠭ᠎ᠠ | ᠬᠡᠮᠵᠢᠶ᠎ᠡ ᠪᠣᠯᠭᠠᠨ ᠠᠬᠢᠭᠤᠯᠬᠤ ᠬᠡᠷᠡᠭᠲᠡᠶ᠃ ᠬᠤᠶᠠᠷ ᠲᠤ ᠰᠢᠮᠳᠠᠭᠤᠯᠤᠨ ᠪᠠᠶᠢᠴᠠᠭᠠᠬᠤ ᠶᠢ ᠴᠢᠩᠭᠠᠷᠠᠭᠤᠯᠤᠨ᠂ ᠲᠣᠭᠲᠠᠮᠠᠯ ᠬᠤᠭᠤᠴᠠᠭ᠎ᠠ ᠲᠠᠢ ᠪᠠᠷ ᠵᠠᠷᠯᠠᠨ ᠮᠡᠳᠡᠭᠳᠡᠬᠦ | ᠬᠡᠷᠡᠭᠲᠡᠶ᠃ ᠲᠣᠰ ᠠᠵᠢᠯ ᠢ ᠨᠢᠭᠡᠨᠲᠡ ᠬᠤᠲᠠ ᠶᠢᠨ ᠨᠠᠮ ᠤᠨ ᠬᠤᠷᠢᠶᠠᠨ ᠤ ᠪᠠᠶᠢᠩᠭᠤᠵᠢᠭᠰᠠᠨ ᠶᠡᠭᠡ ᠱᠠᠯᠠᠪᠳᠠᠭᠤᠯᠤᠨ ᠪᠠᠶᠢᠴᠠᠭᠠᠬᠤ ᠡᠭᠦᠷᠭᠡ ᠶᠢᠨ ᠨᠠᠷᠢᠨ | ᠳᠠᠩᠰᠠ ᠳᠤ ᠣᠷᠣᠭᠤᠯᠵᠤ᠂ ᠲᠣᠭᠲᠠᠮᠠᠯ ᠪᠤᠰᠤ ᠬᠤᠭᠤᠴᠠᠭ᠎ᠠ ᠲᠠᠢ ᠪᠠᠷ ᠬᠤᠰᠢᠭᠤ ᠬᠤᠲᠠ ᠲᠣᠭᠤᠷᠢᠭ ᠪᠠ ᠰᠠᠯᠠᠭ᠎ᠠ ᠮᠥᠴᠢᠷ ᠲᠤ ᠲᠤᠰᠬᠠᠶ ᠰᠢᠮᠳᠠᠭᠤᠯᠤᠨ | ᠪᠠᠶᠢᠴᠠᠭᠠᠬᠤ ᠪᠠᠶᠢᠴᠠᠭᠠᠯᠲᠠ ᠬᠢᠨ᠎ᠠ᠃ | ᠬᠤᠲᠠ ᠶᠢᠨ ᠵᠠᠰᠠᠭ ᠤᠨ ᠣᠷᠳᠣᠨ ᠤ ᠰᠢᠮᠳᠠᠭᠤᠯᠤᠨ ᠪᠠᠶᠢᠴᠠᠭᠠᠬᠤ ᠭᠡᠷ ᠬᠠᠭᠠᠰ ᠰᠠᠷ᠎ᠠ ᠶᠢᠨ ᠵᠠᠷᠯᠠᠨ ᠮᠡᠳᠡᠭᠳᠡᠬᠦ ᠲᠦᠷᠢᠮ ᠢ ᠪᠠᠶᠢᠭᠤᠯᠵᠤ᠂ ᠬᠠᠭᠠᠰ ᠰᠠᠷ᠎ᠠ | ᠪᠦᠷᠢ ᠡᠯ᠎ᠡ ᠬᠤᠰᠢᠭᠤ ᠬᠤᠲᠠ ᠲᠣᠭᠤᠷᠢᠭ᠂ ᠡᠯ᠎ᠡ ᠰᠠᠯᠠᠭ᠎ᠠ ᠮᠥᠴᠢᠷ ᠤᠨ ᠠᠵᠢᠯ ᠤᠨ ᠠᠬᠢᠴᠠ ᠶᠢᠨ ᠪᠠᠶᠢᠳᠠᠯ ᠢ ᠵᠠᠷᠯᠠᠨ ᠮᠡᠳᠡᠭᠳᠡᠬᠦ ᠶᠢᠨ ᠬᠠᠮᠲᠤ ᠵᠠᠷᠯᠠᠨ | ᠮᠡᠳᠡᠭᠳᠡᠭᠰᠡᠨ ᠦᠷ᠎ᠡ ᠳ᠋ᠦᠩ ᠢᠶᠠᠨ ᠬᠤᠲᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠭᠤᠤᠯ ᠤᠳᠤᠷᠢᠳᠤᠯᠭ᠎ᠠ ᠳᠤ ᠮᠡᠳᠡᠭᠦᠯᠦᠨ ᠬᠦᠷᠭᠡᠵᠦ᠂ ᠬᠤᠲᠠ ᠶᠢᠨ | ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ᠂ ᠬᠤᠲᠠ ᠶᠢᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ ᠳᠤ ᠬᠠᠭᠤᠯᠤᠨ | ᠬᠦᠷᠭᠡᠨ᠎ᠡ᠃ ᠭᠤᠷᠪᠠ ᠳᠤ ᠰᠢᠯᠭᠠᠨ ᠬᠢᠨᠠᠬᠤ ᠳᠤ ᠣᠷᠣᠭᠤᠯᠵᠤ᠂ ᠬᠡᠷᠡᠭᠯᠡᠯᠳᠡ ᠶᠢ ᠴᠢᠩᠭᠠᠷᠠᠭᠤᠯᠤᠨ᠎ᠠ᠃ ︽ᠮᠥᠩᠬᠡ ᠰᠤᠪᠠᠭ︾ APP ᠶᠢᠨ ᠳᠠᠩᠰᠠᠯᠠᠭᠤᠯᠬᠤ | ᠠᠵᠢᠯ ᠤᠨ ᠪᠠᠶᠢᠳᠠᠯ ᠢ ᠬᠤᠰᠢᠭᠤ ᠬᠤᠲᠠ ᠲᠣᠭᠤᠷᠢᠭ ᠤᠨ ᠵᠠᠰᠠᠭ ᠤᠨ ᠣᠷᠳᠣᠨ᠂ ᠵᠠᠰᠠᠭ ᠤᠨ ᠣᠷᠳᠣᠨ ᠤ ᠲᠥᠷᠥᠯ ᠤᠨ ᠠᠵᠢᠯ ᠤᠨ ᠰᠠᠯᠠᠭ᠎ᠠ ᠮᠥᠴᠢᠷ ︵ᠨᠢᠭᠡᠴᠢ︶ | ᠤᠨ ᠤᠳᠤᠷᠢᠳᠬᠤ ᠪᠠᠭ ᠤᠨ ᠣᠨ ᠤ ᠠᠵᠢᠯ ᠤᠨ ᠠᠮᠵᠢᠯᠲᠠ ᠪᠦᠲᠦᠮᠵᠢ ᠶᠢ ᠰᠢᠯᠭᠠᠨ ᠬᠢᠨᠠᠬᠤ ᠬᠡᠪᠴᠢᠶᠡᠨ ᠳᠤ ᠣᠷᠣᠭᠤᠯᠵᠤ᠂ ᠡᠯ᠎ᠡ ᠭᠠᠵᠠᠷ ᠣᠷᠣᠨ ᠡᠯ᠎ᠡ ᠰᠠᠯᠠᠭ᠎ᠠ | ᠮᠥᠴᠢᠷ ᠤᠨ ᠰᠦᠯᠵᠢᠶᠡᠨ ᠳᠡᠭᠡᠷ᠎ᠡ ᠠᠵᠢᠯ ᠶᠠᠪᠤᠳᠠᠯ ᠭᠦᠢᠴᠡᠳᠬᠡᠬᠦ᠂ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ ᠰᠢᠯᠢᠳᠡᠭᠵᠢᠭᠦᠯᠬᠦ ᠶᠢ ᠰᠢᠯᠭᠠᠨ | ᠪᠠᠶᠢᠴᠠᠭᠠᠬᠤ ᠨᠢᠭᠡ ᠵᠦᠢᠯ ᠤᠨ ᠴᠢᠬᠤᠯᠠ ᠭᠦᠢᠴᠡᠳᠬᠡᠯ ᠲᠤᠭ᠎ᠠ ᠪᠣᠯᠭᠠᠨ᠎ᠠ᠃ ᠤᠳᠤᠷᠢᠳᠤᠯᠭ᠎ᠠ ᠴᠢᠬᠤᠯᠠᠴᠢᠯᠠᠬᠤ ᠦᠭᠡᠶ᠂ ᠠᠵᠢᠯ ᠢᠶᠠᠨ ᠪᠣᠳᠠᠲᠠᠶᠢᠵᠢᠭᠤᠯᠤᠭᠰᠠᠨ | ᠦᠭᠡᠶ᠂ ᠱᠠᠭᠠᠷᠳᠠᠯᠭ᠎ᠠ ᠶᠣᠰᠣᠭᠠᠷ ᠪᠡᠶᠡᠯᠡᠭᠦᠯᠦᠭᠰᠡᠨ ᠦᠭᠡᠶ ᠬᠤᠰᠢᠭᠤ ᠬᠤᠲᠠ ᠲᠣᠭᠤᠷᠢᠭ ᠪᠣᠯᠤᠨ ᠬᠤᠲᠠ ᠶᠢᠨ ᠰᠢᠭᠤᠳ ᠬᠠᠷᠢᠶ᠎ᠠ ᠰᠠᠯᠠᠭ᠎ᠠ ᠮᠥᠴᠢᠷ᠂ ᠠᠵᠤ | ᠠᠬᠤᠶᠢᠯᠠᠯ ᠠᠵᠢᠯ ᠦᠢᠯᠡᠰ ᠤᠨ ᠨᠢᠭᠡᠴᠢ ᠶᠢ ᠵᠠᠷᠯᠠᠨ ᠰᠢᠭᠦᠮᠵᠢᠯᠡᠬᠦ ᠶᠢᠨ ᠬᠠᠮᠲᠤ ᠭᠤᠣᠯ ᠬᠠᠷᠢᠭᠤᠴᠠᠯᠭᠠᠲᠠᠨ ᠲᠠᠢ ᠪᠣᠯᠵᠣᠨ ᠶᠠᠷᠢᠯᠴᠠᠨ᠎ᠠ᠃ | ᠳᠠᠭᠠᠯᠳᠤᠭᠤᠯᠤᠯ᠄ | 1. ︽ᠮᠥᠩᠬᠡ ᠰᠤᠪᠠᠭ︾ APP ᠢ ᠪᠠᠭᠤᠯᠭᠠᠵᠤ ᠳᠠᠩᠰᠠᠯᠠᠬᠤ ᠠᠷᠭ᠎ᠠ᠃ | 2. 2022 ᠣᠨ ᠤ ᠬᠤᠲᠠ ᠶᠢᠨ ᠰᠢᠭᠤᠳ ᠬᠠᠷᠢᠶ᠎ᠠ ᠰᠠᠯᠠᠭ᠎ᠠ ᠮᠥᠴᠢᠷ ᠤᠨ ︽ᠮᠥᠩᠬᠡ ᠰᠤᠪᠠᠭ︾ APP ᠶᠢᠨ ᠬᠡᠷᠡᠭᠯᠡᠭᠡᠨ ᠤ ᠨᠡᠭᠡᠭᠡᠨ ᠬᠥᠭᠵᠢᠭᠦᠯᠬᠦ | ᠡᠭᠦᠷᠭᠡ ᠶᠢᠨ ᠨᠠᠷᠢᠨ ᠳᠠᠩᠰᠠ᠃ | 2022 ᠣᠨ ᠤ 5 ᠰᠠᠷ᠎ᠠ ᠶᠢᠨ 13 ᠤ ᠡᠳᠦᠷ᠃ | ︵ᠲᠤᠰ ᠪᠢᠴᠢᠭ ᠮᠠᠲ᠋ᠧᠷᠢᠶᠠᠯ ᠢ ᠢᠯᠡ ᠪᠠᠷ ᠨᠡᠶᠢᠲᠡᠯᠡᠨ᠎ᠡ︶ | |