ᠦᠯᠡᠮᠵᠢ ᠶᠢᠨ ᠬᠠᠶᠢᠷ᠎ᠠ ᠪᠠᠷ ᠢᠶᠠᠨ ᠢᠪᠡᠭᠡᠭᠰᠡᠨ ︽ᠬᠦᠯᠦᠨ ᠪᠤᠶᠢᠷ︾ ᠰᠠᠳᠬᠦᠯ ᠮᠢᠨᠤ
ᠨᠡᠶᠢᠲᠡᠯᠡᠭᠰᠡᠨ ᠴᠠᠭ᠄
2023/10/7
       — ︽ᠬᠦᠯᠦᠨ ᠪᠤᠶᠢᠷ︾ ᠰᠠᠳᠬᠦᠯ ᠤᠨ ᠲᠦᠴᠢᠨ ᠵᠢᠯ ᠤᠨ ᠤᠢ ᠳᠤ ᠵᠤᠷᠢᠭᠤᠯᠪᠠ
20231007.jpg
       ᠬᠦᠯᠦᠨ ᠪᠤᠶᠢᠷ ᠤᠨ ᠮᠠᠨᠢ ᠮᠤᠩᠭᠤᠯ ᠤᠷᠠᠨ ᠵᠤᠬᠢᠶᠠᠯ ᠤᠨ ᠭᠤᠯᠤᠮᠳᠠ ᠪᠤᠯᠤᠭᠰᠠᠨ ︽ᠬᠦᠯᠦᠨ ᠪᠤᠶᠢᠷ︾ ᠰᠠᠳᠬᠦᠯ ᠮᠡᠡᠳᠥᠯᠡᠭᠡᠳ ᠲᠦᠴᠢᠨ ᠵᠢᠯ ᠤᠨ ᠤᠢ ᠪᠠᠨ ᠤᠭᠳᠤᠵᠤ ᠪᠤᠢ ᠦᠨᠤᠳᠤᠷ ︽ᠬᠦᠯᠦᠨ ᠪᠤᠶᠢᠷ︾ ᠰᠠᠳᠬᠦᠯ ᠤᠨ ᠢᠶᠠᠨ ᠬᠠᠶᠢᠷ᠎ᠠ ᠢᠪᠡᠭᠡᠯ ᠳᠤ ᠪᠤᠶᠢᠵᠢᠭᠰᠠᠨ ᠦᠴᠥᠭᠡᠨ ᠪᠢᠴᠢᠭᠡᠴᠢ ᠮᠢᠨᠤ ᠪᠡᠶ᠎ᠠ ᠲᠤᠷᠠᠰᠴᠤ ᠡᠷᠬᠢᠴᠡᠬᠦᠯᠬᠦ ᠰᠠᠶᠢᠬᠠᠨ ᠲᠤᠷᠠᠰᠤᠮᠵᠢ ᠤᠯᠠᠨ ᠪᠠᠶᠢᠭ᠎ᠠ ᠴᠤ ᠤᠯᠳᠤᠢ ᠪᠢᠷ ᠮᠢᠨᠢ ᠪᠢᠴᠢᠵᠤ ᠠᠮᠵᠢᠬᠤ ᠦᠭᠡᠢ ᠨᠢ ᠡ︕       ︽ᠬᠦᠯᠦᠨ ᠪᠤᠶᠢᠷ︾ ᠰᠠᠳᠬᠦᠯ ᠲᠠᠢ ᠠᠩᠬ᠎ᠠ ᠲᠠᠨᠢᠯᠴᠠᠭᠰᠠᠨ ᠢᠶᠠᠨ ᠤᠳᠤ ᠪᠤᠯᠳᠠᠯ᠎ᠠ ᠲᠤᠪ ᠲᠤᠳᠤᠬᠠᠨ ᠴᠡᠭᠡᠵᠢᠯᠡᠵᠤ ᠪᠠᠶᠢᠨᠠᠮ᠃ 1981 ᠤᠨ ᠤ ᠬᠠᠪᠤᠷ ᠶᠤᠮᠰᠠᠨ᠃ ᠲᠤᠬᠠᠢ ᠶᠢᠨ ᠦᠶ᠎ᠠ ᠳᠤ ᠪᠢ ᠦᠪᠤᠷ ᠮᠤᠩᠭᠤᠯ ᠤᠨ ᠮᠤᠩᠭᠤᠯ ᠭᠡᠯᠡ ᠪᠢᠴᠢᠭ ᠤᠨ ᠲᠤᠰᠬᠠᠢ ᠮᠠᠷᠭᠡᠵᠢᠯ ᠤᠨ ᠰᠤᠷᠭᠠᠭᠤᠯᠢ ᠳᠤ ᠤᠶᠤᠳᠠᠨ ᠪᠠᠶᠢᠭᠰᠠᠨ᠃ ᠨᠢᠭᠡᠨ ᠡᠳᠤᠷ ᠪᠡᠯᠡᠯᠳᠡ ᠪᠠᠭᠰᠢ ᠶᠢᠨ ᠳᠤ ᠤᠴᠢᠬᠤ ᠳᠤ ︽ᠬᠦᠯᠦᠨ ᠪᠤᠶᠢᠷ︾ ᠭᠡᠮᠡᠬᠦ ᠬᠦᠯᠦᠨ ᠪᠤᠶᠢᠷ ᠤᠨ ᠮᠠᠨᠢ ᠴᠡᠯᠮᠡᠭ ᠠᠭᠠᠷ ᠰᠢᠬ᠂ ᠬᠦᠯᠦᠨ ᠪᠤᠶᠢᠷ ᠬᠤᠶᠠᠷ ᠨᠠᠭᠤᠷ ᠤᠨ ᠮᠠᠨᠢ ᠴᠡᠩᠭᠡᠭ ᠠᠷᠢᠭᠤᠨ ᠤᠰᠤᠨ ᠰᠢᠬ ᠴᠡᠭᠡᠵᠢ ᠰᠠᠳᠬᠢᠯ ᠢ ᠠᠭᠤᠵᠢᠷᠠᠭᠤᠯᠤᠨ ᠤᠡᠭᠭᠤᠢᠢᠯᠭᠠᠮ᠎ᠠ ᠴᠡᠩᠭᠡᠷ ᠬᠦᠭᠡ ᠦᠡᠭᠭᠡ ᠶᠢᠨ ᠭᠤᠶᠤ ᠬᠠᠪᠢᠰᠤ ᠲᠠᠢ ᠮᠤᠩᠭᠤᠯ ᠤᠷᠠᠨ ᠵᠤᠬᠢᠶᠠᠯ ᠤᠨ ᠰᠠᠳᠬᠦᠯ ᠪᠠᠶᠢᠭᠰᠠᠨ ᠳᠤ ᠠᠪᠴᠤ ᠤᠡᠭᠰᠢᠬᠰᠠᠨ ᠮᠢᠨᠢ ︽ᠬᠦᠯᠦᠨ ᠪᠤᠶᠢᠷ︾ ᠰᠠᠳᠬᠦᠯ ᠤᠨ ᠠᠩᠬᠠᠨ ᠤ ᠳ᠋ᠤᠭᠠᠷ ᠪᠠᠶᠢᠭᠰᠠᠨ ᠪᠢᠯᠡ᠃       ᠬᠦᠭᠡᠬᠤᠳᠠ ᠭᠡᠳᠦ᠋ᠢᠪᠡᠷ ᠬᠦᠮᠤᠨ ᠤ ᠨᠤᠳᠤᠭ ᠬᠦᠡᠳᠡᠯᠡᠨ ᠤ ᠭᠠᠵᠠᠷ ᠪᠢᠰᠢ ᠪᠤᠯᠪᠠᠴᠤ ᠭᠡᠷ ᠨᠤᠳᠤᠭ ᠠᠴᠠ ᠪᠠᠨ ᠠᠯᠤᠰ ᠲᠤ ᠶᠠᠪᠤᠭ᠎ᠠ ᠨᠠᠳᠠ ︽ᠬᠦᠯᠦᠨ ᠪᠤᠶᠢᠷ︾ ᠰᠠᠳᠬᠦᠯ ᠨᠤᠳᠤᠭ ᠤᠨ ᠮᠢᠨᠢ ᠴᠡᠩᠭᠡᠭ ᠠᠭᠠᠷ ᠢᠶᠠᠷ ᠠᠮᠢᠰᠬᠤᠯᠯᠠᠭᠤᠯᠤᠨ᠂ ᠤᠷᠢᠬᠠᠨ ᠰᠠᠯᠬᠢᠨ ᠢᠶᠠᠷ ᠢᠯᠪᠢᠵᠤ᠂ ᠮᠠᠰᠢ ᠡᠯᠢᠭᠡᠰᠡᠭ ᠲᠤᠳᠤᠨᠤ ᠰᠠᠨᠠᠭᠳᠠᠭᠰᠠᠨ ᠲᠠᠳᠤᠢ ᠦᠭᠡᠢ᠂ ︽ᠦᠨᠢᠷ ᠴᠡᠴᠡᠭ︾᠂ ︽ᠴᠤᠯᠮᠤᠨ︾᠂ ︽ᠬᠤᠨ ᠭᠠᠯᠠᠭᠤ︾ ᠵᠠᠷᠭᠡ ᠴᠥᠭᠡᠨ ᠭᠡᠳᠤᠨ ᠤᠷᠠᠨ ᠵᠤᠬᠢᠶᠠᠯ ᠤᠨ ᠰᠠᠳᠬᠦᠯ ᠤᠳ ᠲᠠᠢ ᠪᠠᠶᠢᠭᠰᠠᠨ ᠲᠤᠬᠠᠢ ᠶᠢᠨ ᠦᠶ᠎ᠠ ᠳᠤ ᠮᠡᠨ ᠤ ᠨᠤᠳᠤᠭ ᠲᠤ ᠴᠤ ᠡᠶᠢᠮᠤ ᠰᠠᠶᠢᠬᠠᠨ ᠤᠷᠠᠨ ᠵᠤᠬᠢᠶᠠᠯ ᠤᠨ ᠰᠠᠳᠬᠦᠯ ᠲᠠᠢ ᠪᠤᠯᠤᠭᠰᠠᠨ ᠪᠡ ᠮᠠᠰᠢ ᠤᠯᠠᠨ ᠰᠤᠳᠤᠨ ᠢᠷᠠᠭᠤ ᠨᠠᠶᠢᠷᠠᠭᠴᠢ᠂ ᠲᠤᠭᠤᠵᠢᠰ ᠤᠨ ᠵᠤᠬᠢᠶᠠᠯᠴᠢ ᠲᠠᠢ ᠪᠠᠶᠢᠭᠰᠠᠨ ᠨᠢ ᠨᠠᠮᠠᠢᠢ ᠨᠠᠩ ᠶᠡᠭᠡ ᠪᠠᠶᠠᠷᠯᠠᠭᠤᠯᠤᠭᠰᠠᠨ ᠪᠢᠯᠡ᠃       ︽ᠬᠦᠯᠤᠨ ᠪᠤᠶᠢᠷ︾ ᠰᠠᠳᠬᠦᠯ ᠤᠨ ᠠᠩᠬᠠᠨ ᠤ ᠳ᠋ᠤᠭᠠᠷ ᠲᠤ ᠪᠥ᠊ · ᠲᠤᠩᠶᠤᠳᠳᠤᠷᠵᠢ᠂ ᠴ᠊ · ᠮᠦᠡᠭᠭᠡᠰᠦ᠋ᠷᠥᠩ ᠵᠠᠷᠭᠡ ᠮᠡᠨ ᠤ ᠬᠦᠯᠦᠨ ᠪᠤᠶᠢᠷ ᠤᠨ ᠰᠤᠳᠤᠨ ᠢᠷᠠᠭᠤ ᠨᠠᠶᠢᠷᠠᠭᠴᠢᠳ ᠪᠤᠯᠤᠨ ᠪᠷᠠᠬᠠᠰᠪᠠᠳᠢ᠂ ᠮᠥᠡᠭᠭᠡᠪᠠᠭᠠᠳᠤᠷ ᠵᠠᠷᠭᠡ ᠦᠬᠦᠯᠡᠯᠭᠡ ᠲᠤᠭᠤᠵᠢᠰ ᠤᠨ ᠲᠠᠷᠬᠠᠳ ᠤᠨ ᠢᠷᠠᠭᠤ ᠨᠠᠶᠢᠷᠠᠭ᠂ ᠦᠬᠦᠯᠡᠯᠭᠡ ᠲᠤᠭᠤᠵᠢᠰ ᠤᠨ ᠵᠤᠬᠢᠶᠠᠯ ᠤᠳ ᠨᠠᠶᠢᠳᠡᠯᠡᠭᠳᠡᠭᠰᠡᠨ ᠪᠠᠶᠢᠭ᠎ᠠ ᠶᠢ ᠵᠠᠬ᠎ᠠ ᠲᠠᠷᠠᠭᠠᠯᠠᠨ ᠪᠦᠬᠦᠳᠠ ᠶᠢ ᠠᠮᠳᠠᠷᠬᠠᠨ ᠤᠡᠭᠰᠢᠵᠤ᠂ ᠮᠡᠨ ᠤ ᠬᠦᠯᠦᠨ ᠪᠤᠶᠢᠷ ᠲᠤ ᠡᠶᠢᠮᠤ ᠠᠷᠪᠢᠨ ᠰᠤᠳᠤᠨ ᠢᠷᠠᠭᠤ ᠨᠠᠶᠢᠷᠠᠭᠴᠢ ᠵᠤᠬᠢᠶᠠᠯᠴᠢ ᠪᠠᠶᠢᠭ᠎ᠠ ᠳᠤ ᠦᠨᠡᠨ ᠰᠠᠳᠬᠢᠯ ᠠᠴᠠ ᠪᠠᠨ ᠪᠠᠶᠠᠷᠯᠠᠨ ᠲᠤᠭᠳᠤᠯᠵᠤ᠂ ᠬᠠᠮᠳᠤ ᠰᠤᠷᠤᠭᠴᠢ ᠨᠠᠷ ᠲᠠᠭᠠᠨ ᠭᠠᠶᠢᠬᠠᠭᠤᠯᠤᠨ ᠲᠠᠨᠢᠯᠴᠠᠭᠤᠯᠵᠤ ᠪᠠᠶᠢᠭᠰᠠᠨ ᠰᠠᠨ᠃ ᠮᠢᠨᠤ ᠪᠡᠶ᠎ᠠ ᠦᠪᠡᠷ ᠢᠶᠠᠨ ᠢᠷᠠᠭᠤ ᠨᠠᠶᠢᠷᠠᠭ ᠲᠤ ᠲᠦᠷᠥᠯᠬᠢ ᠶᠢᠨ ᠠᠪᠢᠶᠠᠰ ᠦᠭᠡᠢ ᠳᠡᠭᠡᠨ ᠴᠤ ᠲᠠᠷᠡ ᠤᠤ︖ ᠡᠰᠡᠬᠦᠯ᠎ᠠ ᠲᠤᠭᠤᠵᠢᠰ ᠤᠨ ᠵᠤᠬᠢᠶᠠᠯ ᠤᠷᠤᠯᠳᠤᠬᠤ ᠰᠠᠨᠠᠭ᠎ᠠ ᠲᠠᠢ ᠪᠠᠶᠢᠭᠰᠠᠨ ᠳᠠᠭᠠᠨ ᠴᠤ ᠲᠡᠷᠡ ᠤᠤ︖ ᠪᠤᠤ ᠮᠡᠳᠡ᠂ ᠲᠤᠰ ᠳ᠋ᠤᠭᠠᠷ ᠲᠤ ᠨᠠᠶᠢᠳᠡᠯᠡᠭᠳᠡᠭᠰᠡᠨ ᠢᠷᠠᠭᠤ ᠨᠠᠶᠢᠷᠠᠭ ᠤᠳ ᠤᠨ ᠭᠠᠷᠴᠠᠭ ᠠᠴᠠ ᠪᠥ᠊ · ᠲᠤᠩᠶᠤᠳᠳᠤᠷᠵᠢ ᠭᠤᠸᠠᠢ ᠶᠢᠨ ︽ᠬᠦᠯᠦᠨ ᠤ ᠲᠠᠪᠠᠯᠭᠠᠨ︾ ᠠᠴᠠ ᠪᠤᠰᠤᠳ ᠢ ᠨᠢ ᠪᠥᠷ ᠮᠠᠷᠳᠠᠭᠰᠠᠨ ᠪᠤᠯᠪᠠᠴᠤ᠂ ᠲᠤᠭᠤᠵᠢᠰ ᠤᠨ ᠵᠤᠬᠢᠶᠠᠯ ᠠᠴᠠ ᠪᠷᠠᠬᠠᠰᠪᠠᠳᠢ ᠪᠠᠭᠰᠢ ᠶᠢᠨ ︽ᠭᠠᠮᠰᠢᠭ︾᠂ ᠮᠦᠡᠭᠭᠡᠪᠠᠭᠠᠳᠤᠷ ᠪᠠᠭᠰᠢ ᠶᠢᠨ ︽ᠭᠧ ᠵᠤᠸᠠᠩ ᠲᠤᠰᠬᠤᠨ᠎ᠠ︾᠂ ᠠ᠊ · ᠴᠢᠯᠠᠭᠤᠡᠪᠠᠭᠠᠳᠤᠷ ᠤᠨ ︽ᠴᠡᠩᠭᠡᠷ ᠫᠠᠩᠰᠠᠨ ᠠᠯᠴᠢᠭᠤᠷ︾ ᠵᠡᠷᠭᠡ ᠰᠤᠳᠤᠨ ᠵᠤᠬᠢᠶᠠᠯ ᠪᠠᠶᠢᠭᠰᠠᠨ ᠢ ᠲᠤᠪ ᠲᠤᠳᠤᠷᠬᠠᠢ ᠴᠡᠭᠡᠵᠢᠯᠡᠵᠤ ᠪᠠᠶᠢᠨ᠎ᠠ᠃ ᠮᠦᠨ ᠲᠡᠳᠡᠨ ᠰᠢᠭ ᠶᠡᠭᠡ ᠵᠤᠬᠢᠶᠠᠯᠴᠢ ᠪᠤᠯᠬᠤ ᠶᠤᠮᠰᠠᠨ ᠭᠡᠵᠤ ᠮᠦᠷᠥᠭᠡᠳᠴᠤ ᠵᠡᠬᠦᠳᠥᠯᠡᠵᠤ ᠪᠠᠶᠢᠭᠰᠠᠨ ᠢᠶᠠᠨ ᠴᠤ ᠨᠢᠭᠤᠭᠠᠳ ᠶᠠᠭᠠᠬᠢᠬᠤᠪ᠃       ︽ᠬᠦᠯᠦᠨ ᠪᠤᠶᠢᠷ︾ ᠰᠠᠳᠬᠦᠯ ᠮᠦᠨ ᠴᠤ ᠮᠢᠨᠤ ᠤᠷᠠᠨ ᠵᠤᠬᠢᠶᠠᠯ ᠤᠨ ᠤᠤᠭᠠᠨ ᠪᠥᠳᠥᠭᠡᠯ ᠢ ᠨᠠᠶᠢᠳᠡᠯᠡᠭᠰᠡᠨ ᠠᠴᠢᠳᠤ ᠰᠠᠳᠬᠦᠯ ᠪᠤᠯᠬᠤ ᠶᠤᠮ᠃ ᠮᠢᠨᠤ ᠪᠠᠶ᠎ᠠ ᠮᠤᠩᠭᠤᠯ ᠭᠡᠯᠡ ᠪᠢᠴᠢᠭ ᠤᠨ ᠲᠤᠰᠬᠠᠢ ᠮᠠᠷᠭᠡᠵᠢᠯ ᠤᠨ ᠰᠤᠷᠭᠠᠭᠤᠯᠢ ᠳᠤ ᠰᠤᠷᠤᠯᠴᠠᠵᠤ ᠪᠠᠶᠢᠬᠤ ᠳᠠᠭᠠᠨ ᠠᠵᠠ ᠪᠠᠷ ᠮᠠᠨ ᠤ ᠦᠪᠤᠷ ᠮᠤᠩᠭᠤᠯ ᠤᠨ ᠠᠯᠳᠠᠷᠳᠤ ᠲᠤᠭᠤᠵᠢᠰ ᠤᠨ ᠵᠤᠬᠢᠶᠠᠯᠴᠢ ᠮ᠊ · ᠵᠠᠯᠫᠤᠩᠭ᠎ᠠ ᠪᠠᠭᠰᠢ ᠶᠢᠨ ᠱᠠᠪᠢ ᠪᠤᠯᠵᠤ᠂ ᠪᠠᠭᠰᠢ ᠶᠢᠨ ᠢᠶᠠᠨ ᠬᠠᠶᠢᠷ᠎ᠠ ᠢᠪᠡᠭᠡᠯ ᠵᠤᠷᠢᠭᠵᠢᠭᠤᠯᠤᠯ ᠢᠶᠠᠷ ᠲᠤᠭᠤᠵᠢᠰ ᠤᠨ ᠵᠤᠬᠢᠶᠠᠯ ᠤᠷᠤᠭᠤ ᠬᠦᠳᠥᠯᠦᠭᠳᠡᠨ᠂ ᠡᠳᠤᠢ ᠲᠡᠳᠤᠢ ᠤᠬᠤᠷ ᠦᠬᠦᠯᠡᠯᠭᠡ ᠰᠢᠭ ᠶᠠᠭᠤᠮ᠎ᠠ ᠪᠢᠴᠢᠭᠰᠡᠨ ᠶᠤᠮ᠃ ᠲᠠᠳᠡᠭᠡᠷ ᠤᠨ ᠲᠤᠳᠤᠷ᠎ᠠ ᠠᠴᠠ ᠨᠢᠭᠡ ᠶᠢ ᠨᠢ ᠪᠠᠭᠰᠢ ᠮᠢᠨᠢ᠄ ︽ᠵᠦᠭᠡᠷ ᠰᠠᠶᠢᠨ ᠵᠤᠬᠢᠶᠠᠯ ᠪᠤᠯᠪᠡ᠂ ︿ᠦᠨᠢᠷ ᠴᠡᠴᠡᠭ﹀ ᠲᠤ ᠦᠭ︾ ᠭᠡᠬᠦ ᠪᠠᠷ ᠨᠢ ᠵᠤᠷᠢᠭ ᠭᠠᠷᠭᠠᠨ ᠦᠭᠬᠦᠭᠰᠡᠨ ᠶᠤᠮ᠃ ᠲᠡᠭᠡᠭᠡᠳ ᠲᠠᠮᠠᠢ ᠤᠳᠠᠭ᠎ᠠ ᠦᠭᠡᠢ ᠪᠠᠶᠢᠳᠠᠯ᠎ᠠ᠂ ᠮᠡᠨ ᠤ ᠲᠡᠭᠡᠷ᠎ᠠ ᠠᠩᠬᠢ ᠠᠴᠠ ᠲᠠᠬᠦᠰᠥᠭᠡᠳ ︽ᠦᠨᠢᠷ ᠴᠡᠴᠡᠭ︾ ᠰᠠᠳᠬᠦᠯ ᠤᠨ ᠬᠤᠷᠢᠶᠡᠨ ᠳᠤ ᠠᠵᠢᠯᠯᠠᠵᠤ ᠪᠠᠶᠢᠭᠰᠠᠨ ᠵ᠊ · ᠭᠡᠰᠢᠭᠳᠦ ᠢᠷᠡᠭᠡᠳ᠄ ︽ᠴᠢᠨᠤ ᠦᠬᠦᠯᠡᠯᠭᠡ ᠶᠢ ᠴᠢᠨᠢ ᠮᠡᠨ ᠤ ︿ᠦᠨᠢᠷ ᠴᠡᠴᠡᠭ﹀ ᠨᠠᠶᠢᠳᠡᠯᠡᠬᠦ ᠭᠡᠵᠤ ᠪᠠᠶᠢᠨ᠎ᠠ︾ ᠭᠡᠵᠤ ᠲᠤᠮᠤ ᠪᠠᠶᠠᠷ ᠬᠦᠷᠭᠡᠭᠰᠡᠨ ᠪᠢᠯᠡ᠃ ᠡᠨᠡ ᠰᠠᠶᠢᠬᠠᠨ ᠴᠢᠮᠡᠭᠡ ᠶᠢ ᠰᠤᠨᠤᠰᠤᠨ᠂ ᠬᠦᠯ ᠦᠭᠡᠢ ᠪᠠᠶᠠᠷᠯᠠᠭᠰᠠᠨ ᠪᠢ ᠨᠠᠶᠢᠳᠡᠯᠡᠭᠳᠡᠭᠡᠳ ᠢᠷᠡᠬᠦ ᠶᠢ ᠨᠢ ᠲᠠᠰᠴᠤ ᠶᠠᠳᠠᠨ ᠬᠦᠯᠢᠶᠡᠵᠤ ᠪᠠᠶᠢᠳᠠᠯ᠎ᠠ ᠨᠢᠭᠡᠨ ᠡᠳᠤᠷ ᠡᠭᠡ ᠪᠢᠴᠢᠭ ᠮᠢᠨᠢ ᠪᠤᠴᠠᠨ ᠢᠷᠡᠵᠤ᠂ ᠲᠦᠷᠡᠯᠵᠡᠨ ᠨᠤᠴᠤᠵᠤ ᠪᠠᠶᠢᠭ᠎ᠠ ᠭᠠᠯ ᠲᠡᠭᠡᠷ᠎ᠠ ᠬᠦᠢᠳᠡᠨ ᠤᠰᠤ ᠴᠢᠳᠬᠤᠨ ᠤᠡᠳᠠᠷᠠᠭᠠᠭᠰᠠᠨ ᠮᠡᠳᠤ ᠪᠠᠶᠠᠷᠯᠠᠨ ᠬᠦᠭᠰᠡᠭᠰᠡᠨ ᠰᠠᠳᠬᠢᠯ ᠮᠢᠨᠢ ᠠᠭᠱᠠᠨ ᠵᠠᠭᠤᠷ᠎ᠠ ᠴᠡᠷᠴᠠᠨ ᠬᠦᠯᠳᠡᠵᠤ᠂ ᠲᠡᠭᠷᠢ ᠨᠤᠷᠠᠭᠰᠠᠨ ᠮᠡᠳᠤ ᠨᠢᠳᠤ ᠬᠠᠷᠠᠩᠭᠤᠢᠢᠯᠠᠭᠠᠳ ᠶᠠᠪᠤᠴᠢᠬᠠᠪᠡ᠃ ᠨᠠᠯᠢᠶᠡᠳ ᠤᠳᠠᠵᠤ᠂ ᠰᠠᠳᠬᠢᠯ ᠵᠢᠭᠠᠬᠠᠨ ᠲᠠᠶᠢᠪᠥᠰᠢᠷᠠᠬᠤ ᠪᠠᠷ ᠭᠠᠷᠭᠠᠭᠠᠳ ᠦᠵᠡᠪᠡᠯ ᠪᠤᠷᠤᠭᠤ ᠲᠠᠰᠢᠶ᠎ᠠ ᠦᠰᠥᠭ ᠢ ᠨᠢ ᠵᠠᠰᠠᠭᠰᠠᠨ ᠠᠴᠠ ᠪᠢᠰᠢ᠂ ᠲᠠᠮᠠᠢ ᠴᠤ ᠵᠠᠰᠠᠵᠤ ᠨᠠᠶᠢᠷᠠᠭᠤᠯᠤᠭᠰᠠᠨ ᠦᠭᠡᠢ᠂ ᠠᠷᠤ ᠳᠤᠨᠢ ︽ᠭᠡᠷᠡᠭᠯᠡᠵᠤ ᠪᠤᠯᠤᠨ᠎ᠠ︾ ᠭᠡᠵᠤ ᠪᠢᠴᠢᠭᠰᠠᠨ ᠪᠠᠶᠢᠪᠡ᠃ ᠭᠡᠷᠡᠭᠯᠡᠵᠤ ᠪᠤᠯᠤᠨ᠎ᠠ ᠭᠡᠴᠢᠭᠡᠭᠡᠳ ᠶᠠᠭᠠᠬᠢᠭᠠᠳ ᠭᠡᠷᠡᠭᠯᠡᠭᠡ ᠦᠭᠡᠢ ᠶᠢ ᠬᠤᠵᠢᠮ ᠨᠢ ᠰᠠᠶ᠋ᠢ ᠦᠢᠯᠠᠭᠠᠬᠰᠠᠨ ᠶᠤᠮ᠃ ᠮᠢᠨᠤ ᠤᠤᠭᠠᠨ ᠵᠤᠬᠢᠶᠠᠯ ︽ᠦᠨᠢᠷ ᠴᠡᠴᠡᠭ︾ ᠲᠤ ᠨᠠᠶᠢᠳᠡᠯᠡᠭᠳᠡᠭᠡ ᠦᠭᠡᠢ ᠴᠤ ᠶᠠᠭᠠᠬᠢᠬᠤ ᠪᠤᠢ︕ ᠬᠠᠷᠢᠨ ᠨᠠᠳᠠ ᠤᠷᠠᠨ ᠵᠤᠬᠢᠶᠠᠯ ᠢ ᠭᠡᠷᠬᠢᠨ ᠨᠠᠶᠢᠷᠠᠭᠤᠯᠳᠠᠭ ᠢ ᠪᠤᠳᠠᠳᠤ ᠵᠢᠱᠢᠶ᠎ᠠ ᠪᠠᠷ ᠵᠢᠭᠠᠭᠰᠠᠨ ᠨᠢ ᠤᠳᠤ ᠪᠤᠯᠳᠠᠯ᠎ᠠ ᠮᠢᠨᠤ ᠪᠤᠳᠠᠳᠠᠢ ᠠᠵᠢᠯ ᠳᠤ ᠵᠢᠯᠤᠭᠤᠳᠤᠯᠭ᠎ᠠ ᠪᠤᠯᠵᠤ ᠪᠠᠶᠢᠭ᠎ᠠ᠃ ᠤᠷᠠᠨ ᠵᠤᠬᠢᠶᠠᠯ ᠭᠡᠳᠡᠭ ᠵᠤᠬᠢᠶᠠᠭᠴᠢ ᠶᠢᠨ ᠦᠪᠡᠷ ᠤᠨ ᠬᠢᠨᠢ ᠪᠥᠳᠥᠭᠡᠯ ᠪᠤᠯᠬᠤ ᠪᠠᠷ ᠨᠠᠶᠢᠷᠠᠭᠤᠯᠤᠭᠴᠢ ᠬᠦᠮᠤᠨ ᠲᠠᠩᠳᠡᠬᠦᠤ ᠠᠷᠪᠢᠨ ᠵᠠᠰᠠᠵᠤ ᠪᠤᠯᠳᠠᠭ ᠦᠭᠡᠢ᠂ ᠲᠠᠩᠳᠡᠬᠦᠤ ᠵᠠᠰᠠᠵᠤ ᠨᠠᠶᠢᠷᠠᠭᠤᠯᠪᠡᠯ ᠬᠦᠮᠤᠨ ᠤ ᠪᠥᠳᠥᠭᠡᠯ ᠪᠢᠰᠢ᠂ ᠦᠪᠡᠷ ᠤᠨ ᠴᠢᠨᠢ ᠪᠥᠳᠥᠭᠡᠯ ᠪᠤᠯᠤᠨ᠎ᠠ᠃ ᠬᠦᠮᠤᠨ ᠬᠦᠮᠤᠨ ᠤ ᠦᠪᠡᠷ ᠦᠪᠡᠷ ᠤᠨ ᠬᠢᠨᠢ ᠵᠤᠬᠢᠶᠠᠨ ᠪᠦᠳᠤᠭᠡᠬᠦ ᠦᠨᠤᠷ ᠠᠮᠳᠠ᠂ ᠭᠡᠪ ᠨᠠᠮᠪᠡ ᠶᠢ ᠬᠠᠳᠠᠭᠠᠯᠠᠬᠤ ᠭᠡᠷᠡᠭᠳᠡᠢ᠃ ᠵᠠᠯᠠᠭᠤ ᠵᠤᠬᠢᠶᠠᠯᠴᠢᠳ ᠤᠨ ᠬᠢ ᠴᠤ ᠭᠡᠳ ᠠᠳᠠᠯᠢᠬᠠᠨ᠃ ᠠᠷᠠᠢ ᠵᠢᠭᠠᠬᠠᠨ ᠪᠤᠯᠤᠭ᠎ᠠ ᠦᠭᠡᠢ ᠪᠠᠷ ᠦᠪᠡᠷ ᠢᠶᠠᠷ ᠨᠢ ᠵᠠᠰᠠᠭᠤᠯᠪᠡᠯ ᠤᠯᠠᠮ ᠰᠠᠶᠢᠨ᠃       1982 ᠤᠨ ᠳᠤ ᠪᠢ ᠲᠠᠬᠦᠰᠥᠭᠡᠳ ᠬᠦᠯᠦᠨ ᠪᠤᠶᠢᠷ ᠲᠠᠭᠠᠨ ᠢᠷᠡᠵᠤ᠂ ᠦᠨᠤᠬᠢ ᠵᠤᠬᠢᠶᠠᠯ ᠢᠶᠠᠨ ︽ᠬᠦᠯᠦᠨ ᠪᠤᠶᠢᠷ︾ ᠰᠠᠳᠬᠦᠯ ᠳᠤ ᠦᠭᠬᠦᠭᠰᠡᠨ ᠳᠤ ︽ᠬᠦᠯᠦᠨ ᠪᠤᠶᠢᠷ︾ ᠰᠠᠳᠬᠦᠯ ᠢ ᠡᠬᠦᠰᠭᠡᠨ ᠪᠠᠶᠢᠭᠤᠯᠵᠤ᠂ ᠰᠠᠭᠤᠷᠢ ᠶᠢ ᠲᠠᠯᠪᠢᠭᠴᠢ ᠲᠤᠷᠵᠢ ᠪᠠᠭᠰᠢ ᠤᠡᠭᠰᠢᠭᠠᠳ ︽ᠮᠠᠰᠢ ᠰᠠᠶᠢᠬᠠᠨ ᠵᠤᠬᠢᠶᠠᠯ ᠪᠤᠯᠪᠡ︾ ᠭᠡᠵᠤ ᠶᠠᠭᠡᠳᠡ ᠮᠠᠭᠳᠠᠨ ᠤᠯᠠᠨ ᠰᠠᠶᠢᠬᠠᠨ ᠵᠤᠷᠢᠭᠵᠢᠭᠤᠯᠤᠯ ᠤᠨ ᠦᠭᠡ ᠭᠡᠯᠡᠵᠤ᠂ ︽ᠤᠬᠠᠭᠠᠨ ᠦᠭᠡᠢ ᠶᠢᠨ ᠵᠤᠪᠠᠯᠠᠩ︾ ᠭᠡᠵᠤ ᠭᠠᠷᠴᠠᠭ ᠢ ᠨᠢ ᠰᠤᠯᠢᠭᠠᠳ᠂ 1983 ᠤᠨ ᠳᠤ ᠰᠠᠳᠬᠦᠯ ᠳᠡᠭᠡᠨ ᠨᠠᠶᠢᠳᠡᠯᠡᠭᠰᠡᠨ ᠪᠢᠯᠡ᠃ ᠤᠳᠤ ᠪᠤᠳᠤᠵᠤ ᠦᠵᠡᠪᠡᠯ ᠪᠢ ᠤᠤᠭᠠᠨ ᠪᠥᠳᠥᠭᠡᠯ ᠢᠶᠠᠨ ᠵᠠᠪᠡᠯ ︽ᠬᠦᠯᠦᠨ ᠪᠤᠶᠢᠷ︾ ᠲᠠᠭᠠᠨ ᠯᠡ ᠨᠠᠶᠢᠳᠡᠯᠡᠬᠦᠯᠬᠦ ᠶᠤᠰᠤᠳᠠᠢ ᠪᠠᠶᠢᠭᠰᠠᠨ ᠢ ᠴᠠᠭᠠᠨ᠎ᠠ ᠠᠴᠠ ᠲᠤᠬᠢᠷᠠᠭᠤᠯᠤᠭᠠᠳ ᠪᠠᠶᠢᠭᠰᠠᠨ ᠪᠠᠶᠢᠬ᠎ᠠ᠃ ᠶᠠᠭᠠᠬᠢᠭᠠᠳ ᠭᠡᠪᠡᠯ ᠪᠢ ᠤᠤᠭᠠᠨ ᠪᠥᠳᠥᠭᠡᠯ ︽ᠤᠬᠠᠭᠠᠨ ᠦᠭᠡᠢ ᠶᠢᠨ ᠵᠤᠪᠠᠯᠠᠩ︾ ᠢᠶᠠᠨ ᠨᠠᠶᠢᠳᠡᠯᠡᠬᠦᠯᠦᠭᠰᠡᠨ ᠳᠤ ᠲᠤᠬᠠᠢ ᠶᠢᠨ ᠦᠶ᠎ᠠ ᠳᠤ ᠵᠠᠯᠠᠭᠤ ᠰᠢᠬᠦᠮᠵᠢᠯᠡᠭᠴᠢ ᠪᠠᠶᠢᠭᠰᠠᠨ ᠲᠠᠬᠦᠰᠪᠠᠶᠠᠷ ᠤᠬᠤᠷ ᠰᠢᠬᠦᠮᠵᠢ ᠪᠢᠴᠢᠵᠤ᠂ ︽ᠠᠯᠳᠠᠨ ᠲᠥᠯᠬᠢᠬᠦᠷ︾ ᠰᠠᠳᠬᠦᠯ ᠳᠤ ᠨᠠᠶᠢᠳᠡᠯᠡᠭᠰᠡᠨ ᠳᠤ ᠮᠠᠰᠢ ᠶᠡᠭᠡ ᠪᠠᠶᠠᠷᠯᠠᠨ ᠵᠤᠷᠢᠭᠵᠢᠵᠤ᠂ ᠮᠦᠨ ᠦᠶ᠎ᠠ ᠦᠶ᠎ᠠ ᠶᠢᠨ ︽ᠬᠦᠯᠦᠨ ᠪᠤᠶᠢᠷ︾ ᠰᠠᠳᠬᠦᠯ ᠤᠨ ᠶᠠᠷᠥᠩᠭᠡᠢ ᠨᠠᠶᠢᠷᠠᠭᠤᠯᠤᠭᠴᠢ᠂ ᠲᠤᠭᠤᠵᠢᠰ ᠤᠨ ᠵᠤᠬᠢᠶᠠᠯ ᠤᠨ ᠨᠠᠶᠢᠷᠠᠭᠤᠯᠤᠭᠴᠢᠳ ᠤᠨ ᠰᠠᠶᠢᠰᠢᠶᠠᠯ ᠵᠤᠷᠢᠭᠵᠢᠭᠤᠯᠤᠯ᠂ ᠬᠠᠯᠠᠭᠤᠨ ᠲᠠᠮᠵᠢᠯᠭᠡ ᠪᠠᠷ 2005 ᠤᠨ ᠪᠤᠯᠳᠠᠯ᠎ᠠ ᠶᠡᠭᠡ ᠵᠤᠬᠢᠶᠠᠯᠴᠢ ᠪᠤᠯᠬᠤ ᠠᠤᠭ᠎ᠠ ᠬᠦᠰᠡᠯ ᠮᠦᠷᠥᠭᠡᠳᠥᠯ᠂ ᠵᠡᠬᠦᠳᠤ ᠪᠠᠨ ᠤᠷᠬᠢᠯ ᠦᠭᠡᠢ ᠪᠢᠴᠢᠵᠤ᠂ ᠰᠤᠨᠢᠨ ᠰᠡᠳᠬᠦᠯ ᠳᠤ ᠲᠠᠪᠢ ᠵᠢᠷᠠᠨ ᠦᠬᠦᠯᠡᠯᠭᠡ ᠲᠤᠭᠤᠵᠢ ᠨᠠᠶᠢᠳᠡᠯᠡᠬᠦᠯᠦᠭᠰᠡᠨ ᠤ ᠮᠢᠨᠢ ︽ᠦᠨᠢᠷ ᠴᠡᠴᠡᠭ︾᠂ ︽ᠵᠠᠯᠠᠭᠤ ᠵᠤᠬᠢᠶᠠᠯᠴᠢ︾᠂ ︽ᠰᠢᠯᠢ ᠶᠢᠨ ᠭᠤᠤᠯ︾ ᠵᠠᠷᠭᠡ ᠤᠷᠤᠨ ᠠᠶᠢᠮᠠᠭ ᠤᠨ ᠰᠠᠳᠬᠦᠯ ᠳᠤ ᠲᠤᠭᠠᠳᠠᠢ ᠭᠡᠳᠥᠭᠡᠨ ᠵᠤᠬᠢᠶᠠᠯ ᠨᠠᠶᠢᠳᠡᠯᠡᠬᠦᠯᠦᠭᠰᠡᠨ ᠢ ᠭᠠᠷᠭᠠᠪᠡᠯ ᠪᠤᠰᠤᠳ ᠵᠤᠩᠬᠢᠯᠠᠬᠤ ᠤᠯᠠᠨ ᠢ ᠨᠢ ᠴᠥᠮ ︽ᠬᠦᠯᠦᠨ ᠪᠤᠶᠢᠷ︾ ᠰᠠᠳᠬᠦᠯ ᠳᠡᠭᠡᠨ ᠨᠠᠶᠢᠳᠡᠯᠡᠬᠦᠯᠦᠭᠰᠡᠨ ᠶᠤᠮ᠃ ᠡᠶᠢᠮᠤ ᠴᠤ ᠪᠤᠯᠬᠤᠷ ︽ᠬᠦᠯᠦᠨ ᠪᠤᠶᠢᠷ︾ ᠰᠠᠳᠬᠦᠯ ᠪᠤᠯ ᠨᠠᠳᠠ ᠬᠠᠮᠤᠭ ᠤᠨ ᠶᠡᠭᠡ ᠬᠠᠶᠢᠷ᠎ᠠ ᠢᠪᠡᠭᠡᠯ ᠢᠶᠠᠨ ᠬᠦᠷᠳᠡᠭᠡᠭᠰᠡᠨ ᠰᠠᠳᠬᠦᠯ ᠪᠤᠯᠬᠤ ᠶᠤᠮ᠃ ᠤᠤᠭᠠᠨ ᠵᠤᠬᠢᠶᠠᠯ ᠢᠶᠠᠨ ᠡᠨᠡ ᠰᠠᠳᠬᠦᠯ ᠳᠡᠭᠡᠨ ᠨᠠᠶᠢᠳᠡᠯᠡᠭᠰᠡᠨ ᠤ ᠤᠴᠢᠷ ᠬᠤᠯᠪᠤᠭᠳᠠᠯ ᠡᠶᠢᠮᠤ ᠪᠠᠶᠢᠭᠰᠠᠨ ᠪᠢᠯᠡ ᠤᠤ︕       ︽ᠬᠦᠯᠦᠨ ᠪᠤᠶᠢᠷ︾ ᠰᠠᠳᠬᠦᠯ ᠤᠨ ᠦᠶ᠎ᠠ ᠦᠶ᠎ᠠ ᠶᠢᠨ ᠶᠠᠷᠥᠩᠭᠡᠢ ᠨᠠᠶᠢᠷᠠᠭᠤᠯᠤᠭᠴᠢ᠂ ᠲᠤᠭᠤᠵᠢᠰ ᠤᠨ ᠵᠤᠬᠢᠶᠠᠯ ᠤᠨ ᠨᠠᠶᠢᠷᠠᠭᠤᠯᠤᠭᠴᠢᠳ ᠤᠨ ᠨᠠᠳᠠ ᠬᠦᠷᠳᠡᠭᠡᠭᠰᠡᠨ ᠬᠠᠶᠢᠷ᠎ᠠ ᠬᠠᠯᠠᠮᠵᠢ᠂ ᠬᠠᠷᠠᠮ ᠦᠭᠡᠢ ᠵᠤᠷᠢᠭᠵᠢᠭᠤᠯᠤᠯ ᠢ ᠦᠨᠡᠭᠡᠷ ᠲᠤᠭᠠᠴᠢᠭᠠᠳ ᠪᠠᠷᠠᠰᠢ ᠦᠭᠡᠢ᠃ ︽ᠬᠦᠯᠦᠨ ᠪᠤᠶᠢᠷ︾ ᠰᠠᠳᠬᠦᠯ ᠢ ᠡᠬᠦᠰᠭᠡᠨ ᠪᠠᠶᠢᠭᠤᠯᠤᠭᠴᠢ ᠲᠤᠷᠵᠢ ᠪᠠᠭᠰᠢ ᠠᠴᠠ ᠡᠬᠢᠯᠡᠭᠡᠳ ᠳ᠋ᠠᠮᠪᠠᠷᠢᠨᠴᠢᠨ ᠪᠠᠭᠰᠢ᠂ ᠴ᠊ · ᠮᠦᠡᠭᠭᠡᠰᠦ᠋ᠷᠥᠩ ᠪᠠᠭᠰᠢ᠂ ᠡᠷᠳᠡᠨᠢᠪᠠᠭᠠᠨ᠎ᠠ ᠠᠬ᠎ᠠ᠂ ᠨᠠᠶᠢᠳᠡᠨᠪᠠᠶᠠᠷ ᠨᠠᠶᠢᠵᠠ᠂ ᠰᠧᠶ᠋ᠢᠩᠭᠤᠢᠢᠷᠥᠪ ᠲᠠᠬᠦᠤ ᠮᠢᠨᠤ ᠤᠷᠠᠨ ᠵᠤᠬᠢᠶᠠᠯ ᠪᠢᠴᠢᠵᠤ ᠤᠷᠤᠯᠳᠤᠬᠤ ᠳᠤ ᠮᠠᠰᠢ ᠶᠡᠭᠡ ᠬᠠᠶᠢᠷ᠎ᠠ ᠬᠠᠯᠠᠮᠵᠢ᠂ ᠵᠤᠷᠢᠭᠵᠢᠭᠤᠯᠤᠯ ᠪᠤᠯᠵᠤ ᠢᠷᠡᠯ᠎ᠠ᠃       ᠴᠡᠭᠡᠵᠢᠯᠡᠵᠤ ᠪᠠᠶᠢᠬᠤ ᠪᠠᠷ ᠲᠡᠭᠡᠷ᠎ᠡ ᠵᠠᠭᠤᠨ ᠤ ᠶᠡᠷᠡᠭᠡᠳ ᠤᠨ ᠤ ᠡᠬᠢᠨ ᠳᠤ ᠪᠢ ︽ᠦᠯᠵᠠᠶᠢᠪᠦ᠋ᠷᠢᠨ ᠠᠪᠤᠭᠠᠢ︾ ᠭᠡᠮᠡᠬᠦ ᠲᠤᠭᠤᠵᠢᠷᠠᠬᠤ ᠵᠤᠬᠢᠶᠠᠯ ᠪᠢᠴᠢᠭᠡᠳ ᠦᠭᠬᠦᠭᠰᠡᠨ ᠳᠤ ᠲᠤᠬᠠᠢ ᠶᠢᠨ ᠦᠶ᠎ᠠ ᠳᠤ ᠲᠤᠭᠤᠵᠢᠰ ᠤᠨ ᠵᠤᠬᠢᠶᠠᠯ ᠤᠨ ᠨᠠᠶᠢᠷᠠᠭᠤᠯᠤᠭᠴᠢ ᠪᠠᠶᠢᠭᠰᠠᠨ ᠡᠷᠳᠡᠨᠢᠪᠠᠭᠠᠨ᠎ᠠ ᠠᠬ᠎ᠠ᠄ ︽ᠬᠦᠶ᠋ᠢ᠂ ᠨᠡᠭᠡᠷᠡᠨ ᠭᠤᠶᠤ ᠵᠤᠬᠢᠶᠠᠯ ᠪᠤᠯᠪᠡ᠃ ᠶᠠᠭ ᠤᠷᠤᠰ ᠤᠨ ᠶᠡᠭᠡ ᠵᠤᠬᠢᠶᠠᠯᠴᠢ ᠢᠸᠠᠨ · ᠠᠯᠧᠺᠰᠠᠡᠳᠧᠷ · ᠭᠠᠨᠴᠤᠷᠤᠸ᠋ ᠶᠢᠨ ᠠᠯᠳᠠᠷᠳᠠᠢ ᠲᠤᠭᠤᠵᠢ ︿ᠤᠪᠯᠤᠮᠤᠸ᠋﹀ ᠲᠠᠢ ᠠᠳᠠᠯᠢᠬᠠᠨ ᠰᠠᠶᠢᠬᠠᠨ ᠲᠤᠭᠤᠵᠢ ᠪᠤᠯᠪᠡ︾ ᠭᠡᠵᠤ ᠲᠡᠭᠷᠢ ᠳᠤ ᠭᠠᠷᠳᠠᠯ᠎ᠠ ᠮᠠᠭᠳᠠᠨ ᠰᠠᠶᠢᠰᠢᠶᠠᠵᠤ ᠵᠤᠷᠢᠭᠵᠢᠭᠤᠯᠤᠭᠰᠠᠨ ᠳᠤ ᠤᠯᠳᠤᠢ ᠪᠢ ᠲᠠᠷᠡ ᠬᠦ ᠠᠯᠳᠠᠷᠳᠠᠢ ᠲᠤᠭᠤᠵᠢ ᠶᠢ ᠨᠢ ᠤᠡᠭᠰᠢᠬᠰᠠᠨ ᠦᠭᠡᠢ ᠴᠤ ᠦᠨᠡᠭᠡᠷ ᠲᠠᠶᠢᠮᠤ ᠮᠤᠡᠳᠠᠭ ᠵᠤᠬᠢᠶᠠᠯ ᠪᠢᠴᠢᠭᠰᠡᠨ ᠶᠤᠮᠰᠢᠢᠡ ᠬᠦᠭᠰᠡᠨ ᠪᠠᠶᠠᠷᠯᠠᠵᠤ᠂ ᠲᠠᠷᠠᠭᠠᠯᠠᠨ ᠭᠡᠳᠤ ᠭᠡᠳᠤᠨ ᠦᠬᠦᠯᠡᠯᠭᠡ ᠪᠢᠴᠢᠵᠤ᠂ ︽ᠬᠦᠯᠦᠨ ᠪᠤᠶᠢᠷ︾ ᠰᠠᠳᠬᠦᠯ ᠳᠡᠭᠡᠨ ᠨᠠᠶᠢᠳᠡᠯᠡᠬᠦᠯᠦᠭᠰᠡᠨ ᠪᠢᠯᠡ᠃ ᠤᠳᠤ ᠪᠤᠳᠤᠵᠤ ᠦᠵᠡᠪᠡᠯ ᠡᠷᠳᠡᠨᠢᠪᠠᠭᠠᠨ᠎ᠠ ᠠᠬ᠎ᠠ ᠮᠢᠨᠤ ᠵᠤᠬᠢᠶᠠᠯ ᠢ ᠲᠠᠶᠢᠮᠤ ᠦᠡᠳᠤᠷ ᠦᠨᠡᠯᠡᠭᠰᠡᠨ ᠨᠢ ᠨᠠᠮᠠᠢᠢ ᠨᠠᠩ ᠠᠷᠪᠢᠨ ᠵᠤᠬᠢᠶᠠᠯ ᠪᠢᠴᠢᠬᠦᠯᠬᠦ ᠶᠢᠨ ᠲᠦᠯᠦᠭᠡ ᠶᠤᠮ᠃ ᠲᠡᠭᠡᠭᠡᠳ ᠴᠤ ᠵᠤᠷᠢᠯᠭ᠎ᠠ ᠳᠠᠭᠠᠨ ᠬᠦᠷᠥᠭᠰᠡᠨ᠃        ᠴ᠊ · ᠮᠦᠡᠭᠭᠡᠰᠦ᠋ᠷᠥᠩ ᠪᠠᠭᠰᠢ ᠪᠤᠯ ᠮᠢᠨᠤ ᠤᠷᠠᠨ ᠵᠤᠬᠢᠶᠠᠯ ᠪᠠᠶᠢᠳᠤᠭᠠᠢ ᠰᠤᠷᠪᠤᠯᠵᠢᠯᠠᠭ᠎ᠠ ᠮᠡᠳᠡᠭᠡᠯᠡᠯ ᠢ ᠴᠤ ᠠᠯᠳᠠᠯ ᠦᠭᠡᠢ ᠤᠡᠭᠰᠢᠵᠤ᠂ ᠦᠴᠥᠭᠡᠨ ᠠᠮᠵᠢᠯᠳᠠ ᠶᠢ ᠴᠤ ᠡᠷᠬᠦᠨ ᠮᠠᠭᠳᠠᠵᠤ ᠵᠤᠷᠢᠭᠵᠢᠭᠤᠯᠳᠠᠭ ᠬᠠᠯᠠᠮᠵᠢ ᠶᠡᠭᠡᠳᠡᠢ ᠪᠠᠭᠰᠢ ᠲᠠᠳᠤᠢ ᠦᠭᠡᠢ ᠦᠶ᠎ᠠ ᠵᠠᠢ ᠦᠭᠡᠢ᠂ ᠡᠷᠡᠭᠡ ᠴᠡᠭᠡᠷ ᠦᠭᠡᠢ ᠶᠠᠪᠤᠯᠴᠠᠳᠠᠭ᠂ ᠦᠶ᠎ᠠ ᠮᠤᠯᠳᠤᠷᠠᠭᠰᠠᠨ ᠡᠪᠤᠭᠡᠨ ᠨᠠᠶᠢᠵᠠ ᠮᠢᠨᠢ ᠪᠠᠶᠢᠭ᠎ᠠ ᠶᠤᠮ᠃ ᠪᠢ ︽ᠨᠤᠭᠤᠯᠤᠤᠷ ᠤᠨ ᠭᠡᠭᠡᠷ︾ ᠢᠶᠠᠨ ᠪᠢᠴᠢᠭᠡᠳ ︽ᠬᠦᠯᠦᠨ ᠪᠤᠶᠢᠷ︾ ᠰᠠᠳᠬᠦᠯ ᠳᠤ ᠦᠭᠬᠦ ᠳᠤ ᠮᠦᠡᠭᠭᠡᠰᠦ᠋ᠷᠦᠩ ᠪᠠᠭᠰᠢ ᠮᠢᠨᠢ ︽ᠪᠠᠭᠠᠨ᠎ᠠ ᠡ ᠴᠢ᠂ ᠵᠤᠬᠢᠶᠠᠯ ᠪᠥᠳᠥᠭᠡᠯ ᠢᠶᠠᠨ ᠭᠠᠭᠴᠠᠬᠠᠨ ᠮᠡᠨ ᠤ ᠰᠠᠳᠬᠦᠯ ᠳᠤ ᠯᠡ ᠨᠠᠶᠢᠳᠡᠯᠡᠬᠦ ᠶᠤᠮ᠃ ᠦᠭᠡᠷ᠎ᠠ ᠪᠤᠰᠤᠳ ᠰᠠᠳᠬᠦᠯ ᠤᠳ ᠲᠤ ᠴᠤ ᠦᠭᠴᠤ ᠪᠤᠯᠤᠨ᠎ᠠ ᠰᠢᠤ︕ ᠴᠢᠨᠤ ᠵᠤᠬᠢᠶᠠᠯ ᠢ ᠠᠰᠠᠭᠤᠳᠠᠯ ᠦᠭᠡᠢ ᠨᠠᠶᠢᠳᠡᠯᠡᠨ᠎ᠠ᠂ ᠦᠭᠡᠷ᠎ᠠ ᠰᠡᠳᠬᠦᠯ ᠤᠳ ᠲᠤ ᠨᠠᠶᠢᠳᠡᠯᠡᠪᠡᠯ ᠨᠦᠯᠦᠭᠡ ᠲᠤᠰᠬᠠᠯ ᠨᠠᠩ ᠶᠡᠭᠡ ᠪᠤᠯᠤᠨ᠎ᠠ᠃ ᠡᠬᠦᠨ ᠢ ᠴᠢᠨᠢ ᠪᠢ ︿ᠰᠢᠯᠢ ᠶᠢᠨ ᠭᠤᠤᠯ﹀ ᠳᠤ ᠶᠠᠪᠤᠭᠤᠯᠵᠤ ᠦᠭᠬᠦᠶ᠎ᠠ︾ ᠭᠡᠳ ᠶᠠᠪᠤᠭᠤᠯᠤᠭᠰᠠᠨ ᠳᠤ ᠦᠨᠡᠭᠡᠷ ᠨᠠᠶᠢᠳᠡᠯᠡᠭᠰᠡᠨ ᠪᠢᠯᠡ᠃        ᠨᠠᠶᠢᠳᠡᠡᠪᠠᠶᠠᠷ ᠶᠠᠷᠥᠩᠭᠡᠢ ᠨᠠᠶᠢᠷᠠᠭᠤᠯᠤᠭᠴᠢ ᠪᠢᠳᠠ ᠬᠤᠶᠠᠷ ᠲᠠᠨᠢᠯᠴᠠᠭᠰᠠᠨ ᠴᠠᠭ ᠠᠴᠠ ᠪᠠᠨ ᠤᠳᠤ ᠪᠤᠯᠳᠠᠯ᠎ᠠ ᠰᠠᠶᠢᠬᠠᠨ ᠠᠡᠳᠠ ᠨᠠᠶᠢᠵᠠ᠃ ᠭᠡᠪᠡᠴᠤ ᠲᠠᠬᠦᠨ ᠤ ᠶᠠᠷᠥᠩᠭᠡᠢ ᠨᠠᠶᠢᠷᠠᠭᠤᠯᠤᠭᠴᠢ ᠪᠤᠯᠤᠭᠰᠠᠨ ᠠᠴᠠ ᠬᠤᠶᠢᠰᠢ ᠪᠢ ︽ᠬᠦᠯᠦᠨ ᠪᠤᠶᠢᠷ︾ ᠰᠠᠳᠬᠦᠯ ᠳᠤ ᠲᠠᠳᠤᠢ ᠯᠡ ᠤᠯᠠᠨ ᠵᠤᠬᠢᠶᠠᠯ ᠢᠶᠠᠨ ᠨᠠᠶᠢᠳᠡᠯᠡᠭᠡ ᠦᠭᠡᠢ᠃ ᠨᠠ᠊ ᠶᠠᠷᠥᠩᠭᠡᠢ ᠨᠠᠶᠢᠷᠠᠭᠤᠯᠤᠭᠴᠢ ᠮᠢᠨᠤ ᠵᠤᠬᠢᠶᠠᠯ ᠢ ᠭᠤᠯᠤᠭᠠᠳ ᠨᠠᠶᠢᠳᠡᠯᠡᠬᠦ ᠦᠭᠡᠢ ᠪᠠᠶᠢᠭ᠎ᠠ ᠪᠢᠰᠢ᠂ ᠬᠠᠷᠢᠨ ᠮᠢᠨᠤ ᠨᠠᠰᠤ ᠶᠠᠪᠤᠬᠤ ᠶᠢ ᠲᠠᠭᠠᠯᠳᠤᠨ ᠶᠡᠭᠡ ᠵᠤᠬᠢᠶᠠᠯᠴᠢ ᠪᠤᠯᠬᠤ ᠤᠷᠬᠢᠯᠤᠮ᠎ᠠ ᠬᠠᠯᠠᠭᠤᠨ ᠰᠠᠳᠬᠢᠯ ᠮᠠᠨᠢ ᠪᠠᠭᠤᠷᠠᠵᠤ᠂ ᠠᠤᠭ᠎ᠠ ᠶᠡᠭᠡ ᠬᠦᠰᠡᠯ ᠮᠦᠷᠥᠭᠡᠳᠥᠯ ᠳᠡᠭᠡᠨ ᠢᠳᠡᠭᠡᠯ ᠵᠢᠭᠠᠬᠠᠨ ᠬᠠᠷᠢᠵᠤ᠂ ᠦᠪᠡᠷ ᠤᠨ ᠢᠶᠠᠨ ᠬᠢᠷᠢ ᠲᠥᠪᠰᠢᠨ ᠢ ᠦᠨᠡᠡ ᠬᠦ ᠤᠬᠠᠭᠠᠷᠠᠨ ᠮᠡᠳᠡᠷᠡᠭᠰᠡᠨ ᠠᠴᠠ ᠰᠢᠯᠳᠠᠭᠠᠯᠠᠨ᠎ᠠ᠃ ᠭᠡᠪᠡᠴᠤ ᠪᠠᠰᠠ ᠲᠠᠬᠦᠨ ᠤ ᠵᠤᠷᠢᠭᠵᠢᠭᠤᠯᠤᠯ ᠢᠶᠠᠷ᠂ ᠤᠯᠠᠮ ᠰᠠᠶᠢᠬᠠᠨ ᠪᠢᠴᠢᠨ᠎ᠠ ᠭᠡᠳ ᠠᠷᠪᠠᠭᠠᠳ ᠵᠢᠯ ᠲᠠᠷᠤᠭᠰᠠᠨ ︽ᠬᠦᠮᠤᠨ ᠤ ᠠᠮᠢᠳᠤᠷᠠᠯ ᠤᠨ ᠵᠢᠷᠭᠠᠯ ᠪᠤᠶᠤ ᠵᠤᠪᠠᠯᠠᠩ︾ ᠲᠤᠭᠤᠵᠢ ᠪᠠᠨ ᠪᠥᠷᠢᠨ ᠪᠥᠳᠥᠨ ᠵᠤᠬᠢᠶᠠᠯ ᠪᠤᠯᠭᠠᠨ ᠨᠠᠶᠢᠳᠡᠯᠡᠯ᠎ᠠ᠃ ᠨᠠᠩ ᠴᠤ ︽ᠠᠳᠤᠭᠤᠨ ᠤ ᠨᠤᠳᠤᠭ︾ ᠭᠡᠮᠡᠬᠦ ᠲᠤᠭᠤᠵᠢ ᠪᠠᠨ ᠲᠠᠬᠦᠨ ᠤ ᠰᠢᠬᠠᠮᠳᠠᠭᠤᠯᠭ᠎ᠠ ᠠᠯᠪᠠᠳᠠᠯᠭ᠎ᠠ ᠪᠠᠷ ᠪᠢᠴᠢᠵᠤ ᠲᠠᠭᠤᠰᠬᠠᠭᠰᠠᠨ ᠶᠤᠮ᠃ ᠡᠨᠡ ᠲᠤᠭᠤᠵᠢ ᠶᠢ ᠪᠢ ᠬᠠᠭᠠᠰ ᠬᠢᠷᠢ ᠪᠢᠴᠢᠭᠡᠳ ᠲᠠᠭᠤᠰᠬᠠᠵᠤ ᠦᠭᠬᠦ ᠦᠭᠡᠢ ᠤᠳᠠᠭᠠᠳ ᠪᠠᠶᠢᠬᠤ ᠳᠤ ᠨᠠ᠊ ᠶᠠᠷᠥᠩᠭᠡᠢ ᠨᠠᠶᠢᠷᠠᠭᠤᠯᠤᠭᠴᠢ ᠲᠥᠷᠥᠬᠦᠴᠢ ᠶᠢᠨ ᠭᠡᠰᠡᠭ ᠢ ᠨᠢ ᠰᠠᠳᠬᠦᠯ ᠳᠡᠭᠡᠨ ᠰᠢᠭᠤᠳ ᠨᠠᠶᠢᠳᠡᠯᠡᠴᠢᠭᠡᠪᠡ᠃ ᠤᠡᠭᠰᠢᠬᠴᠢᠳ ᠲᠠᠭᠠᠨ ᠲᠤᠳᠠᠭᠤ ᠲᠤᠷᠭᠤᠨ ᠵᠤᠬᠢᠶᠠᠯ ᠤᠡᠭᠰᠢᠭᠤᠯᠵᠤ ᠪᠤᠯᠬᠤ ᠦᠭᠡᠢ ᠭᠠᠵᠠᠷ ᠳ᠋ᠠ᠂ ︽ᠬᠦᠯᠦᠨ ᠪᠤᠶᠢᠷ︾ ᠰᠠᠳᠬᠦᠯ ᠤᠨ ᠲᠠᠷᠠᠭᠠᠴᠢ ᠶᠢᠨ ᠬᠤᠭᠤᠴᠠᠭ᠎ᠠ ᠨᠢ ᠭᠠᠷᠳᠠᠯ᠎ᠠ ᠪᠢ ᠲᠤᠮᠳᠠᠬᠢ ᠭᠡᠰᠡᠭ ᠢ ᠨᠢ ᠪᠢᠴᠢᠵᠤ᠂ ᠲᠠᠷᠠᠭ᠎ᠠ ᠨᠢ ᠲᠠᠬᠦᠰᠭᠡᠯ ᠤᠨ ᠭᠡᠰᠡᠭ ᠢ ᠨᠢ ᠪᠢᠴᠢᠭᠡᠳ ᠪᠥᠬᠦᠯᠢ ᠪᠥᠳᠥᠨ ᠵᠤᠬᠢᠶᠠᠯ ᠪᠤᠯᠭᠠᠨ ᠭᠤᠷᠪᠡᠨ ᠬᠤᠭᠤᠴᠠᠭ᠎ᠠ ᠳᠤ ᠨᠠᠶᠢᠳᠡᠯᠡᠭᠰᠡᠨ ᠪᠢᠯᠡ᠃ ᠭᠡᠳᠦ᠋ᠢᠪᠡᠷ ᠰᠢᠬᠠᠮᠳᠠᠭᠤᠯᠭ᠎ᠠ ᠪᠠᠷ ᠶᠠᠭᠠᠷᠠᠤᠬᠠᠨ ᠰᠢᠬ ᠪᠢᠴᠢᠭᠰᠡᠨ ᠪᠤᠯᠪᠠᠴᠤ ᠮᠢᠨᠤ ᠠᠯᠢ ᠴᠤ ᠵᠤᠬᠢᠶᠠᠯ ᠠᠴᠠ ᠲᠤᠳᠠᠭᠤ ᠦᠭᠡᠢ ᠵᠦᠭᠡᠷ ᠰᠠᠶᠢᠬᠠᠨ ᠵᠤᠬᠢᠶᠠᠯ ᠪᠤᠯᠤᠭᠰᠠᠨ ᠭᠡᠵᠤ ᠦᠪᠡᠷ ᠢᠶᠠᠨ ᠪᠠᠶᠠᠷᠯᠠᠨᠠᠮ᠃ ᠵᠠᠷᠢᠮ ᠳᠠᠭᠠᠨ ᠲᠠᠷᠤᠭᠠᠰᠤ ᠰᠢᠬᠠᠮᠳᠠᠭᠤᠯᠭ᠎ᠠ ᠶᠡᠭᠡ ᠪᠤᠯᠤᠨ᠎ᠠ ᠭᠡᠳᠡᠭ ᠲᠠᠳᠤᠢ ᠴᠤ ᠮᠠᠭᠤ ᠶᠠᠪᠤᠳᠠᠯ ᠪᠢᠰᠢ᠂ ᠬᠠᠷᠢᠨ ᠶᠠᠭᠤᠮ᠎ᠠ ᠬᠢᠵᠤ ᠪᠥᠳᠥᠭᠡᠬᠦ ᠳᠤ ᠢᠯᠡᠬᠦᠤ ᠲᠤᠰᠠ ᠲᠠᠢ ᠴᠤ ᠶᠤᠮ ᠤᠤ︖ ᠨᠠᠩ ᠢᠯᠠᠩᠭᠤᠶ᠎ᠠ ᠮᠡᠨ ᠰᠢᠬ ᠠᠯᠵᠠᠭᠤ ᠵᠠᠯᠬᠠᠭᠤ ᠬᠦᠮᠤᠰ ᠲᠤ ᠲᠠᠷᠤᠭᠠᠰᠤ ᠰᠢᠬᠠᠮᠳᠠᠭᠤᠯᠭ᠎ᠠ ᠭᠡᠷᠡᠭ ᠲᠠᠢ᠃       ︽ᠬᠦᠯᠦᠨ ᠪᠤᠶᠢᠷ︾ ᠰᠠᠳᠬᠦᠯ ᠯᠦᠭᠡ ᠶᠢᠨ ᠠᠷᠢᠭᠤᠨ ᠨᠠᠡᠳᠢᠨ ᠬᠠᠶᠢᠷ᠎ᠠ ᠰᠠᠳᠬᠢᠯᠭᠡ᠂ ᠰᠠᠯᠤᠰᠢ ᠦᠭᠡᠢ ᠮᠦᠡᠭᠭᠡ ᠶᠢᠨ ᠬᠤᠪᠢ ᠪᠠᠷᠢᠯᠳᠤᠯᠭ᠎ᠠ ᠪᠠᠨ ᠡᠷᠬᠢᠴᠡᠬᠦᠯᠦᠨ ᠰᠠᠨᠠᠬᠤ ᠳᠤ ᠨᠠᠳᠠ ᠦᠭᠬᠦᠭᠰᠡᠨ ᠬᠠᠮᠤᠭ ᠤᠨ ᠬᠦᠨ ᠲᠥᠷᠥᠭᠳᠡᠯ ᠪᠤᠯ ᠨᠢᠭᠡᠨ ᠰᠠᠶᠢᠨ ᠰᠠᠳᠬᠦᠯ ᠢ ᠡᠷᠬᠢᠯᠡᠬᠦ ᠳᠤ ᠦᠶ᠎ᠠ ᠦᠶ᠎ᠠ ᠶᠢᠨ ᠡᠷᠳᠡᠮ ᠲᠠᠢ᠂ ᠬᠠᠷᠢᠭᠤᠴᠠᠯᠭ᠎ᠠ ᠲᠠᠢ ᠨᠠᠶᠢᠷᠠᠭᠤᠯᠤᠭᠴᠢᠳ ᠤᠨ ᠤᠶᠤᠨ ᠤ ᠶᠡᠭᠡ ᠬᠦᠳᠡᠯᠮᠤᠷᠢ ᠲᠤᠯᠭᠠᠭᠤᠷᠢᠯᠠᠬᠤ ᠦᠢᠯᠡᠳᠤᠯ ᠦᠵᠡᠬᠦᠯᠳᠡᠭ ᠶᠤᠮ ᠪᠠᠶᠢᠨ᠎ᠠ᠃ ᠲᠠᠭᠡᠭᠡᠳ ᠬᠦᠮᠤᠨ ᠠᠷᠠᠳ ᠲᠠᠭᠠᠨ ᠤᠶᠤᠨ ᠤ ᠶᠡᠭᠡ ᠬᠦᠷᠳᠡᠭᠡᠯ ᠦᠭᠳᠡᠭ ᠰᠠᠶᠢᠨ ᠰᠠᠳᠬᠦᠯ ᠭᠡᠳᠡᠭ ᠰᠤᠳᠤᠨ ᠰᠠᠶᠢᠬᠠᠨ ᠤᠷᠠᠨ ᠪᠥᠳᠥᠭᠡᠯ ᠨᠠᠶᠢᠳᠡᠯᠡᠬᠦ ᠪᠠᠷ ᠪᠠᠷᠠᠬᠤ ᠦᠭᠡᠢ᠂ ᠨᠠᠩ ᠤᠯᠠᠨ ᠵᠠᠯᠠᠭᠤ ᠵᠤᠬᠢᠶᠠᠯᠴᠢ ᠶᠢ ᠬᠦᠮᠤᠵᠢᠬᠦᠯᠬᠦ ᠳᠤ ᠤᠷᠤᠰᠢᠨ᠎ᠠ᠃ ︽ᠬᠦᠯᠦᠨ ᠪᠤᠶᠢᠷ︾ ᠰᠠᠳᠬᠦᠯ ᠭᠡᠪᠯᠡᠯ ᠡᠬᠢᠯᠡᠬᠦ ᠠᠴᠠ ᠡᠮᠤᠨ᠎ᠠ ᠮᠡᠨ ᠤ ᠬᠦᠯᠦᠨ ᠪᠤᠶᠢᠷ ᠲᠤ ᠲᠤᠭᠠᠳᠠᠢ ᠭᠡᠳᠤᠭᠡᠨ ᠯᠡ ᠢᠷᠠᠭᠤ ᠨᠠᠶᠢᠷᠠᠭᠴᠢ ᠵᠤᠬᠢᠶᠠᠯᠴᠢ ᠲᠠᠢ ᠪᠠᠶᠢᠭᠰᠠᠨ ᠶᠤᠮ᠃ ︽ᠬᠦᠯᠦᠨ ᠪᠤᠶᠢᠷ︾ ᠰᠠᠳᠬᠦᠯ ᠭᠡᠪᠯᠡᠯ ᠡᠬᠢᠯᠡᠭᠰᠡᠨ ᠤ ᠲᠠᠷᠠᠭ᠎ᠠ ᠮᠡᠨ ᠤ ᠬᠦᠯᠦᠨ ᠪᠤᠶᠢᠷ ᠤᠨ ᠢᠷᠠᠭᠤ ᠨᠠᠶᠢᠷᠠᠭᠴᠢ ᠵᠤᠬᠢᠶᠠᠯᠴᠢ ᠶᠤᠰᠤᠳᠡᠢ ︽ᠬᠤᠷ᠎ᠠ ᠶᠢᠨ ᠲᠠᠷᠠᠭᠠᠬᠢ ᠬᠤᠯᠤᠰᠤᠨ ᠰᠥᠶ᠎ᠠ︾ ᠰᠢᠭ ᠠᠩᠭᠠᠷᠠᠨ ᠰᠢᠭᠤᠢᠢᠷᠠᠵᠤ᠂ ᠬᠦᠯᠦᠨ ᠪᠤᠶᠢᠷ ᠲᠠᠳᠤᠢ ᠦᠭᠡᠢ᠂ ᠤᠷᠤᠨ ᠤᠯᠤᠰ ᠴᠢᠨᠠᠭᠰᠢᠯᠠᠪᠡᠯ ᠭᠠᠳᠠᠭᠠᠳᠤ ᠳᠤ ᠴᠤ ᠠᠯᠳᠠᠷ ᠨᠠᠷ᠎ᠠ ᠪᠠᠨ ᠲᠠᠭᠤᠷᠢᠰᠬᠠᠭᠰᠠᠨ ᠢᠷᠠᠭᠤ ᠨᠠᠶᠢᠷᠠᠭᠴᠢ ᠵᠤᠬᠢᠶᠠᠯᠴᠢ ᠴᠤᠯᠭᠤᠷᠠᠨ ᠭᠠᠷᠤᠭᠰᠠᠨ ᠪᠢᠯᠡ᠃ ᠲᠠᠳᠡᠨ ᠤ ᠤᠯᠠᠩᠬᠢ ᠨᠢ ᠵᠠᠯᠠᠭᠤ ᠬᠦᠮᠤᠰ ᠪᠠᠶᠢᠭ᠎ᠠ ᠶᠤᠮ᠃ ᠡᠳᠡᠭᠡᠷ ᠪᠥᠬᠦᠨ ᠨᠢ ︽ᠬᠦᠯᠦᠨ ᠪᠤᠶᠢᠷ︾ ᠰᠠᠳᠬᠦᠯ ᠤᠨ ᠦᠶ᠎ᠠ ᠦᠶ᠎ᠠ ᠶᠢᠨ ᠨᠠᠶᠢᠷᠠᠭᠤᠯᠤᠭᠴᠢᠳ ᠤᠨ ᠠᠷᠢᠭᠤᠨ ᠬᠦᠳᠡᠯᠮᠤᠷᠢ ᠠᠴᠠ ᠰᠠᠯᠤᠰᠢ ᠦᠭᠡᠢ ᠬᠤᠯᠪᠤᠭ᠎ᠠ ᠲᠠᠢ ᠶᠤᠮ᠃ ᠮᠢᠨᠤ ᠪᠡᠶ᠎ᠠ ᠭᠡᠳᠦ᠋ᠢᠪᠡᠷ ᠦᠶ᠎ᠠ ᠦᠶ᠎ᠠ ᠶᠢᠨ ᠨᠠᠶᠢᠷᠠᠭᠤᠯᠤᠭᠴᠢᠳ ᠤᠨ ᠬᠠᠷᠠᠮ ᠦᠭᠡᠢ ᠶᠡᠭᠡ ᠬᠠᠶᠢᠷ᠎ᠠ ᠢᠪᠡᠭᠡᠯ ᠢ ᠬᠦᠷᠳᠡᠵᠤ᠂ ᠤᠯᠠᠨ ᠠᠷᠪᠢᠨ ᠵᠤᠬᠢᠶᠠᠯ ᠪᠥᠳᠥᠭᠡᠯ ᠢᠶᠠᠨ ︽ᠬᠦᠯᠦᠨ ᠪᠤᠶᠢᠷ︾ ᠰᠠᠳᠬᠦᠯ ᠳᠤ ᠨᠠᠶᠢᠳᠡᠯᠡᠬᠦᠯᠦᠭᠰᠡᠨ ᠴᠤ ᠤᠯᠠᠨ ᠠᠴᠠ ᠤᠷᠦ᠋ᠢᠯᠠᠮ᠎ᠠ ᠶᠡᠭᠡ ᠵᠤᠬᠢᠶᠠᠯᠴᠢ ᠪᠤᠯᠵᠤ ᠴᠢᠳᠠᠭᠰᠠᠨ ᠦᠭᠡᠢ ᠨᠢ ᠵᠢᠭᠠᠬᠠᠨ ᠬᠠᠷᠠᠮᠰᠠᠯᠳᠠᠢ᠂ ᠭᠡᠶ᠎ᠡ ᠪᠢ  ︽ᠬᠦᠯᠦᠨ ᠪᠤᠶᠢᠷ︾ ᠰᠠᠳᠬᠦᠯ ᠠᠴᠠ ᠪᠠᠨ ᠶᠡᠭᠡ ᠶᠠᠭᠤᠮ᠎ᠠ ᠰᠤᠷᠤᠯ᠎ᠠ᠃ ᠬᠠᠮᠤᠭ ᠤᠨ ᠨᠠᠭᠠᠳᠤ ᠵᠠᠬ᠎ᠠ ᠳᠤ ᠮᠢᠨᠤ ᠨᠠᠶᠢᠷᠠᠭᠤᠯᠤᠨ ᠪᠢᠴᠢᠵᠤ ᠵᠤᠬᠢᠶᠠᠨ ᠪᠥᠳᠥᠭᠡᠬᠦ ᠴᠢᠳᠠᠪᠤᠷᠢ ᠢᠯᠡᠳᠳᠡ ᠰᠠᠶᠢᠵᠢᠷᠠᠨ᠂ ᠰᠤᠨᠢᠨ ᠮᠡᠳᠡᠭᠡ ᠪᠢᠴᠢᠵᠤ ᠨᠠᠶᠢᠷᠠᠭᠤᠯᠬᠤ ᠪᠤᠳᠠᠳᠠᠢ ᠠᠵᠢᠯ ᠳᠤ ᠮᠢᠨᠢ ᠶᠡᠭᠡᠭᠡᠨ ᠲᠤᠰᠠ ᠪᠤᠯᠤᠭᠰᠠᠨ ᠶᠤᠮ᠃ ᠨᠠᠩ ᠴᠤ ᠠᠩᠬ᠎ᠠ ᠡᠬᠢᠯᠡᠨ ᠪᠢᠴᠢᠵᠤ ᠪᠠᠶᠢᠭ᠎ᠠ ᠵᠠᠯᠠᠭᠤ ᠲᠠᠬᠦᠤ ᠨᠠᠷ ᠢᠶᠠᠨ ᠭᠡᠷᠬᠢᠨ ᠬᠠᠶᠢᠷᠠᠯᠠᠨ ᠬᠠᠯᠠᠮᠵᠢᠯᠠᠵᠤ᠂ ᠤᠷᠮᠠᠰᠢᠭᠤᠯᠤᠨ ᠵᠤᠷᠢᠭᠵᠢᠭᠤᠯᠬᠤ ᠲᠠᠯ᠎ᠠ ᠪᠠᠷ ᠦᠨᠡᠳᠡᠢ ᠰᠤᠷᠭᠠᠯ ᠬᠠᠶᠢᠷᠠᠯᠠᠨ ᠲᠠᠭᠤᠷᠢᠶᠠᠯ ᠪᠤᠯᠤᠭᠰᠠᠨ ᠶᠤᠮ᠃ ᠡᠶᠢᠮᠤ ᠴᠤ ᠪᠤᠯᠬᠤᠷ ᠪᠢ ︽ᠬᠦᠯᠦᠨ ᠪᠤᠶᠢᠷ︾ ᠰᠠᠳᠬᠦᠯ ᠳᠡᠭᠡᠨ ᠴᠢᠩ ᠦᠨᠡᠨ ᠰᠠᠳᠬᠢᠯ ᠠᠴᠠ ᠪᠠᠨ ᠬᠠᠶᠢᠷᠠᠳᠠᠢ᠂ ᠵᠢᠷᠥᠭᠡ ᠰᠠᠳᠬᠢᠯ ᠠᠴᠠ ᠪᠠᠨ ᠪᠠᠶᠠᠷᠯᠠᠨ ᠲᠠᠯᠠᠷᠬᠠᠵᠤ ᠶᠠᠪᠤᠨᠠᠮ︕          ᠰᠡᠬᠦᠯ ᠤᠨ ᠠᠷᠪᠡᠨ ᠭᠡᠳᠤᠨ ᠵᠢᠯ ᠳᠤ ︽ᠬᠦᠯᠦᠨ ᠪᠤᠶᠢᠷ︾ ᠰᠠᠳᠬᠦᠯ ᠳᠡᠭᠡᠨ ᠪᠠᠷᠤᠭ ᠤᠯᠢᠭ ᠲᠠᠢ ᠶᠠᠭᠤᠮ᠎ᠠ ᠨᠠᠶᠢᠳᠡᠯᠡᠬᠦᠯᠦᠭᠡ ᠦᠭᠡᠢ ᠴᠤ᠂ ︽ᠬᠦᠯᠦᠨ ᠪᠤᠶᠢᠷ︾ ᠰᠠᠳᠬᠦᠯ ᠤᠨ ᠬᠤᠷᠢᠶ᠎ᠠ ᠠᠴᠠ ᠨᠠᠳᠠ ᠰᠠᠳᠬᠦᠯ ᠢᠶᠠᠨ ᠵᠢᠯ ᠪᠤᠯᠭᠠᠨ ᠪᠡᠯᠡᠭᠯᠡᠨ ᠬᠦᠷᠭᠡᠵᠤ ᠪᠠᠶᠢᠭ᠎ᠠ ᠪᠠ ᠪᠢ ᠴᠤ ︽ᠬᠦᠯᠦᠨ ᠪᠤᠶᠢᠷ︾ ᠰᠠᠳᠬᠦᠯ ᠢᠶᠠᠨ ᠵᠢᠯ ᠲᠠᠷᠠᠭᠠᠯᠠᠨ ᠠᠯᠳᠠᠯ ᠦᠭᠡᠢ ᠵᠠᠬᠢᠶᠠᠯᠠᠨ ᠤᠡᠭᠰᠢᠵᠤ ᠪᠠᠶᠢᠳᠠᠭ᠃ ᠮᠢᠨᠤ ᠪᠤᠳᠤᠬᠤ ᠪᠠᠷ ᠭᠠᠭᠴᠠ ᠰᠢᠷᠭᠡᠭ ᠮᠦᠰᠥᠯᠡᠮᠵᠢ ᠬᠦᠷᠳᠡᠯ᠎ᠠ ᠭᠡᠳᠤᠨ ᠲᠥᠬᠦᠷᠢᠭ ᠬᠦᠷᠴᠤ ᠪᠠᠶᠢᠭ᠎ᠠ ᠦᠨᠤᠳᠤᠷ ᠭᠤᠴᠢᠨ ᠵᠢᠷᠭᠤᠭᠠᠨ ᠲᠥᠬᠦᠷᠢᠭ ᠢᠶᠠᠷ ᠪᠥᠳᠥᠨ ᠵᠢᠯ ᠤᠨ ᠵᠢᠷᠭᠤᠭᠠᠨ ᠬᠤᠭᠤᠴᠠᠭᠠᠨ ᠤ ︽ᠬᠦᠯᠦᠨ ᠪᠤᠶᠢᠷ︾ ᠰᠠᠳᠬᠦᠯ ᠢ ᠤᠡᠭᠰᠢᠨ᠎ᠠ ᠭᠡᠳᠡᠭ ᠤᠯᠵᠠ ᠲᠠᠢ ᠯᠡ ᠨᠠᠶᠢᠮᠠᠭ᠎ᠠ᠃ ᠮᠤᠩᠭᠤᠯ ᠰᠤᠨᠢᠨ ᠰᠠᠳᠬᠦᠯ ᠤᠨ ᠵᠠᠬᠢᠶᠠᠯᠠᠭ᠎ᠠ ᠲᠠᠷᠬᠠᠭᠠᠯᠳᠠ ᠪᠠᠭᠤᠷᠠᠵᠤ ᠪᠠᠶᠢᠭ᠎ᠠ ᠦᠨᠤᠳᠤᠷ ︽ᠬᠦᠯᠦᠨ ᠪᠤᠶᠢᠷ︾ ᠰᠠᠳᠬᠦᠯ ᠳᠤ ᠮᠠᠨᠢ ᠪᠠᠰᠠ ᠮᠠᠰᠢ ᠤᠯᠠᠨ ᠬᠦᠴᠢᠷᠳᠡᠯ᠂ ᠠᠰᠠᠭᠤᠳᠠᠯ ᠤᠳ ᠲᠤᠯᠭᠠᠷᠠᠵᠤ ᠪᠠᠶᠢᠭ᠎ᠠ ᠯᠡ ᠪᠠᠶᠢᠬᠤ ᠳ᠋ᠠ᠃ ᠪᠢᠳᠠ ᠲᠡᠷᠡ ᠪᠥᠬᠦᠳᠡ ᠶᠢ ᠨᠢ ᠰᠢᠢᠳᠪᠤᠷᠢᠯᠡᠵᠤ ᠴᠢᠳᠠᠬᠤ ᠦᠭᠡᠢ ᠨᠢ ᠯᠠᠪᠳᠠᠢ ᠴᠤ ᠭᠠᠭᠴᠠ ᠡᠷᠢᠨ ᠤ ᠮᠢᠬ᠎ᠠ ᠲᠠᠢ ᠱᠥᠯᠤ ᠤᠤᠭᠤᠬᠤ ᠵᠤᠭᠤᠰ ︵ᠦᠭᠡᠷ ᠬᠤᠨᠢᠨ ᠤ ᠮᠢᠬ᠎ᠠ ᠤᠳᠤ ᠲᠥᠴᠢᠨ ᠲᠥᠬᠦᠷᠢᠭ᠂ ᠭᠠᠭᠴᠠ ᠠᠶᠠᠭ᠎ᠠ ᠭᠤᠯᠢᠷ ᠲᠠᠢ ᠱᠥᠯᠤ ᠬᠤᠷᠢ ᠭᠤᠴᠢᠨ ᠲᠥᠬᠦᠷᠢᠭ ᠰᠢᠤ ᠳ᠋ᠠ︶ ᠢᠶᠠᠷ ᠢᠶᠠᠨ ︽ᠬᠦᠯᠦᠨ ᠪᠤᠶᠢᠷ︾ ᠰᠠᠳᠬᠦᠯ ᠢᠶᠠᠨ ᠵᠠᠬᠢᠶᠠᠯᠠᠬᠤ ᠳᠤ ᠴᠢᠳᠠᠬᠤ ᠯᠡ ᠪᠠᠶᠢᠬ᠎ᠠ᠃ ᠲᠤᠰᠤᠯ ᠢ ᠬᠤᠷᠢᠶᠠᠪᠡᠯ ᠲᠠᠯᠠᠢ ᠪᠤᠯᠤᠨ᠎ᠠ ᠭᠡᠳᠡᠭ ᠢᠶᠠᠷ ︽ᠬᠦᠯᠦᠨ ᠪᠤᠶᠢᠷ︾ ᠰᠠᠳᠬᠦᠯ ᠳᠡᠭᠡᠨ ᠬᠠᠶᠢᠷᠠᠳᠠᠢ ᠪᠥᠬᠦᠨ ᠤ ᠬᠠᠶᠢᠷ᠎ᠠ ᠵᠠᠬᠢᠶᠠᠯᠠᠭ᠎ᠠ ᠪᠠᠷ ︽ᠬᠦᠯᠦᠨ ᠪᠤᠶᠢᠷ︾ ᠰᠠᠳᠬᠦᠯ ᠤᠨ ᠲᠠᠷᠬᠠᠭᠠᠯᠳᠠ ᠨᠡᠮᠡᠭᠳᠡᠨ ᠬᠤᠶᠢᠰᠢᠳᠠ ᠤᠯᠠᠮ ᠰᠠᠶᠢᠨ ᠡᠷᠬᠢᠯᠡᠬᠦ ᠳᠤᠨᠢ ᠲᠤᠰᠠ ᠲᠡᠮ ᠪᠤᠯᠤᠨ᠎ᠠ ᠪᠠᠶᠢᠬ᠎ᠠ᠃ ︽ᠬᠦᠯᠦᠨ ᠪᠤᠶᠢᠷ︾ ᠰᠠᠳᠬᠦᠯ ᠮᠠᠨᠢ ᠪᠠᠶᠢᠵᠤ ᠯᠡ ᠪᠠᠶᠢᠪᠡᠯ ᠲᠠᠬᠦᠨ ᠤ ᠦᠷ᠎ᠠ ᠨᠦᠯᠦᠭᠡ ᠦᠢᠯᠡᠳᠥᠯ ᠴᠢᠳᠠᠪᠬᠢ ᠶᠢ ᠭᠠᠭᠴᠠ ᠠᠶᠠᠭ᠎ᠠ ᠮᠢᠬ᠎ᠠ ᠲᠠᠢ ᠱᠥᠯᠤ ᠪᠠᠷ ᠵᠢᠱᠢᠮ᠎ᠠ ᠦᠭᠡᠢ ᠪᠢᠵᠠ ᠳ᠋ᠧ︕       ᠨᠤᠮ ᠤᠨ ᠴᠠᠭᠠᠨ ᠪᠤᠶᠠᠨ ᠲᠠᠯᠭᠡᠷᠡᠬᠦ ᠪᠤᠯᠳᠤᠭᠠᠢ︕       ︽ᠬᠦᠯᠦᠨ ᠪᠤᠶᠢᠷ︾ ᠰᠠᠳᠬᠦᠯ ᠮᠠᠨᠢ ᠡᠷᠬᠢᠯᠡᠬᠦ ᠲᠤᠳᠤᠮ ᠤᠯᠠᠮ ᠯᠡ ᠲᠠᠬᠦᠯᠳᠠᠷ ᠰᠠᠶᠢᠬᠠᠨ ᠪᠤᠯᠬᠤ ᠪᠤᠯᠳᠤᠭᠠᠢ︕ 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ