ᠬᠥᠷᠦᠰᠦᠨ ᠤ ᠰᠢᠮ᠎ᠡ ᠪᠠᠷ ᠳᠡᠯᠭᠡᠷᠡᠭᠰᠡᠨ ︽ᠬᠥᠯᠦᠨ ᠪᠤᠶᠢᠷ︾ ᠭᠤᠸ᠎ᠠ
ᠨᠡᠶᠢᠲᠡᠯᠡᠭᠰᠡᠨ ᠴᠠᠭ᠄
2023/10/7
       — ︽ᠬᠦᠯᠦᠨ ᠪᠤᠶᠢᠷ︾ ᠰᠡᠳᠭᠦᠯ ᠤᠨ ᠮᠡᠨᠳᠦᠯᠡᠭᠰᠡᠨ 40 ᠵᠢᠯ ᠤᠨ ᠤᠢ ᠶᠢᠨ ᠳᠤᠷᠠᠰᠬᠠᠯ ᠳᠤ ᠵᠤᠷᠢᠭᠤᠯᠪᠠ     ᠯᠢᠭᠳᠡᠨ            ︽ᠬᠥᠯᠦᠨ ᠪᠤᠶᠢᠷ︾ ᠭᠡᠳᠡᠭ ᠨᠢᠭᠡᠨ ᠪᠤᠲᠠ ᠥᠪᠡᠷᠮᠢᠴᠡ ᠦᠵᠡᠰᠭᠦᠯᠡᠩ ᠰᠣᠶᠣᠯ ᠤᠨ ᠴᠡᠴᠡᠭ ᠳᠡᠯᠭᠡᠷᠡᠵᠠᠢ᠃ ᠲᠡᠷᠡ ᠪᠣᠯ ︽ᠬᠦᠯᠦᠨ ᠪᠤᠶᠢᠷ︾ ᠭᠤᠸ᠎ᠠ ᠶᠤᠮ᠃ ᠶᠠᠭᠠᠬᠢᠬᠤ ᠳᠠᠭᠠᠨ ᠡᠶᠢᠮᠦ ᠰᠠᠶᠢᠬᠠᠨ ᠴᠡᠴᠡᠭ ᠳᠡᠯᠭᠡᠷᠡᠭᠰᠡᠨ ᠶᠤᠮ︖ ᠭᠡᠪᠡᠯ ᠡᠨᠡ ᠪᠠᠷᠤᠭ 1600 ᠵᠢᠯ ᠤᠨ ᠡᠮᠦᠨᠡᠬᠢ ᠪᠠᠷᠭᠤ ᠪᠠᠭᠠᠲᠤᠷ ᠤᠨ ᠰᠣᠪᠢᠡᠭ ᠳᠤ ᠣᠷᠣᠭᠰᠠᠨ ᠡᠷᠲᠡᠨ ᠤ ᠵᠡᠭᠦᠳᠦ ᠯᠡ ᠪᠡᠶᠡᠯᠡᠵᠦ ᠪᠠᠶᠢᠭ᠎ᠠ ᠬᠡᠷᠡᠭ᠃ ᠤᠷᠢᠲᠤ ᠶᠢᠨ ᠰᠣᠷᠪᠤᠯᠵᠢ ᠲᠠᠢ ᠰᠣᠶᠣᠯ ᠤᠨ ᠲᠤᠨᠤᠳᠠᠰᠤᠯᠠᠯ ᠢᠶᠠᠷ ᠯᠡ ᠡᠶᠢᠮᠦ ᠰᠣᠨᠢᠨ ᠰᠣᠳᠣᠨ ᠣᠶᠣᠨ ᠤᠬᠠᠭᠠᠨ ᠤ ᠤᠷᠭᠤᠮᠠᠯ ᠴᠡᠴᠡᠭ ᠦᠨᠳᠦᠰᠦᠯᠡᠳᠡᠭ ᠪᠠᠶᠢᠵᠠᠢ᠃ ᠶᠠᠮᠠᠷ ᠬᠥᠷᠦᠰᠦᠨ ᠠᠴᠠ ᠶᠠᠮᠠᠷ ᠴᠡᠴᠡᠭ ᠳᠡᠯᠭᠡᠷᠡᠳᠡᠭ ᠨᠢ ᠠᠮᠢᠳᠤ ᠶᠢᠷᠲᠢᠨᠴᠤ ᠶᠢᠨ ᠵᠢᠮ᠎ᠡ ᠬᠠᠤᠯᠢ ᠪᠢᠯᠡ᠃       ᠬᠥᠯᠦᠨ ᠪᠦᠢᠷ ᠯᠡ ᠭᠡᠬᠦ ᠶᠢᠨ ᠦᠶ᠎ᠡ ᠳᠤ ᠠᠯᠢ ᠴᠤ ᠨᠤᠲᠤᠭ ᠤᠨ ᠮᠣᠩᠭᠤᠯᠴᠤᠳ ᠤᠨ ᠳᠣᠲᠣᠷ᠎ᠠ ᠬᠦᠨᠳᠦᠤᠡᠬᠡᠯ ᠪᠢᠰᠢᠷᠡᠯ ᠤᠨ ᠰᠡᠳᠬᠢᠯᠭᠡ ᠠᠶᠠᠨᠳᠠᠭᠠᠨ ᠡᠭᠦᠰᠳᠡᠭ ᠰᠠᠨ᠃ ᠮᠠᠨᠠᠶᠢᠬᠢᠳ ᠶᠡᠷᠦ ᠨᠢ ᠤᠵᠠᠭᠤᠷ ᠠᠴᠠ ︽ᠪᠢ︾ ᠴᠣᠬᠤᠮ ᠬᠠᠮᠢᠭ᠎ᠠ ᠠᠴᠠ ᠢᠷᠡᠪᠡ︖ ᠭᠡᠳᠡᠭ ᠤᠨ ᠲᠤᠬᠠᠢ ᠪᠣᠳᠣᠳᠠᠭ᠂ ᠶᠠᠷᠢᠳᠠᠭ ᠪᠠᠶᠢᠭᠰᠠᠨ᠃ ᠨᠡᠩ ᠢᠯᠠᠩᠭᠤᠶ᠎ᠠ ᠳᠡᠭᠡᠷ᠎ᠡ ᠵᠠᠭᠤᠨ ᠤ ᠨᠠᠶᠠᠭᠠᠳ ᠣᠨ ᠠᠴᠠ ᠳᠠᠶᠠᠩ ᠳᠡᠯᠡᠬᠡᠢ ᠪᠠᠷ ᠢᠶᠠᠨ ᠤᠳᠤᠮ ᠤᠭᠰᠠᠭ᠎ᠠ ᠪᠠᠨ ᠡᠷᠢᠬᠦ ᠶᠢᠨ ᠶᠡᠭᠡ ᠥᠷᠨᠢᠯᠲᠡ ᠪᠣᠯᠬᠤ ᠳᠤ ᠮᠣᠩᠭᠤᠯᠴᠤᠳ ᠴᠤ ᠥᠪᠡᠷ ᠤᠨ ᠦᠨᠳᠦᠰᠦ ᠤᠭᠰᠠᠭ᠎ᠠ ᠪᠠᠨ ᠬᠠᠶᠢᠬᠤ ᠶᠢᠨ ᠮᠥᠷᠥᠭᠡᠳᠦᠯ ᠪᠣᠯᠵᠦ ᠣᠪᠣᠭ ᠳᠠᠭᠤᠳᠠᠯᠭ᠎ᠠ ᠪᠠᠨ ᠰᠡᠷᠭᠦᠭᠡᠵᠦ ᠬᠡᠷᠡᠭᠯᠡᠬᠦ ᠪᠣᠯᠣᠭᠰᠠᠨ᠃ ᠲᠡᠷᠡ ᠡᠷᠢᠯ ᠤᠨ ᠰᠣᠷᠪᠤᠯᠵᠢ ᠡᠴᠤᠰ ᠲᠡᠭᠡᠨ ︽ᠮᠣᠩᠭᠤᠯ ᠤᠨ ᠨᠢᠭᠤᠴᠠ ᠲᠣᠪᠴᠢᠶᠠᠨ︾᠂ ︽ᠡᠷᠭᠦᠨ᠎ᠡ ᠬᠤᠨ ᠤ ᠳᠣᠮᠤᠭ︾ ᠪᠠ ᠭᠠᠵᠠᠷ ᠲᠣᠣᠷ᠎ᠠ ᠠᠴᠠ ᠴᠤ ᠭᠠᠷᠳᠠᠭ᠂ ᠭᠠᠳᠠᠭᠠᠳᠣ ᠳᠣᠲᠣᠭᠠᠳᠦ ᠶᠢᠨ ᠰᠤᠳᠤᠷ ᠲᠡᠦᠬᠡ ᠶᠢᠨ ᠰᠤᠷᠠᠭ ᠵᠠᠩᠬᠢ ᠪᠠᠷ ᠴᠤ ᠣᠯᠳᠠᠳᠠᠭ ᠲᠡᠦᠬᠡᠨ ᠭᠡᠷᠡᠴᠢ ᠵᠡᠷᠭᠡ ᠳᠡᠭᠡᠷ᠎ᠡ ᠬᠦᠷᠦᠭᠡᠳ ᠯᠡ ᠡᠷᠡᠭᠡᠯᠵᠡᠭᠡ ᠦᠭᠡᠢ ᠡᠷᠡᠰ ᠲᠠᠰᠤ ᠵᠣᠭᠰᠣᠭᠰᠠᠨ᠃       ᠲᠡᠭᠡᠭᠡᠳ ᠯᠡ ᠮᠠᠨ ᠤ ᠮᠣᠩᠭᠤᠯ ᠤᠬᠠᠮᠰᠠᠷ ᠤᠯᠠᠮ ᠢᠶᠠᠷ ᠴᠢᠩᠭᠠᠷᠠᠵᠦ ᠡᠷᠴᠢᠮᠵᠢᠭᠰᠡᠨ ᠳ᠋ᠡᠭ᠃ ᠮᠣᠩᠭᠤᠯᠴᠤᠳ ᠤᠨ ᠦᠵᠡᠯ ᠵᠣᠭᠰᠣᠯᠲᠠ ᠶᠢ ᠬᠠᠳᠠᠨ ᠲᠣᠭᠲᠠᠭᠠᠬᠤ ᠳᠤ ᠮᠣᠩᠭᠤᠯ ᠰᠣᠶᠣᠯ ᠲᠡᠦᠬᠡ ᠶᠢᠨ ᠮᠠᠰᠢ ᠠᠷᠪᠢᠨ ᠲᠡᠮᠦᠷ ᠪᠠᠷᠢᠮᠲᠠ ᠶᠢ ᠪᠦᠭᠦᠳᠡ ︽ᠬᠦᠯᠦᠨ ᠪᠤᠶᠢᠷ︾ ᠯᠡ ᠳᠡᠯᠡᠬᠡᠢ ᠳᠤ ᠠᠪᠴᠤ ᠭᠠᠷᠤᠭᠰᠠᠨ ᠶᠤᠮ᠃       ︽ᠬᠦᠯᠦᠨ ᠪᠤᠶᠢᠷ︾ ᠨᠤᠲᠤᠭ ᠪᠣᠯ ᠮᠣᠩᠭᠤᠯ ᠦᠨᠳᠦᠰᠦᠲᠡᠨ ᠤ ᠪᠦᠲᠦᠵᠦ ᠪᠦᠷᠢᠯᠳᠦᠭᠰᠡᠨ ᠡᠭᠦᠰᠦᠯ ᠮᠠᠨᠳᠤᠯ᠂ ᠰᠣᠶᠣᠯ ᠲᠡᠦᠬᠡ ᠶᠢᠨ ᠦᠨᠳᠦᠰᠦᠯᠡᠯ᠂ ᠳᠡᠯᠭᠡᠷᠡᠯ ᠤᠨ ᠰᠣᠷᠪᠣᠯᠵᠢᠲᠦ ᠲᠠᠭᠱᠢᠨ ᠣᠷᠣᠨ ᠶᠤᠮ᠃ ᠲᠡᠶᠢᠮᠦ ᠠᠴᠠ ᠮᠣᠩᠭᠤᠯ ᠲᠡᠦᠬᠡᠨ ᠳᠤ ᠬᠦᠯᠦᠨ ᠪᠤᠶᠢᠷ ᠤᠨ ᠠᠬᠠᠯᠠᠬᠤ ᠪᠠᠶᠢᠷᠢ ᠰᠠᠭᠤᠷᠢ ᠠᠶᠠᠨᠳᠠᠭᠠᠨ ᠳᠡᠭᠡᠭᠰᠢᠯᠡᠵᠦ᠂ ᠬᠠᠶᠢᠷ᠎ᠠ ᠰᠡᠳᠬᠢᠯ ᠤᠨ ᠬᠠᠮᠤᠭ ᠥᠨᠳᠥᠷ ᠭᠦᠩᠭᠠᠷᠠᠪᠠ ᠳᠤ ᠲᠠᠬᠢᠭᠳᠠᠭᠰᠠᠭᠠᠷ ᠢᠷᠡᠭᠰᠡᠨ ᠤᠴᠢᠷᠲᠠᠢ᠃ ᠨᠢᠭᠡ ᠯᠡ ᠦᠭᠡ ᠪᠠᠷ ᠬᠡᠯᠡᠪᠡᠯ ᠮᠣᠩᠭᠤᠯᠴᠤᠳ ᠥᠪᠡᠷ ᠤᠨ ᠪᠥᠭᠡᠮᠨᠡᠷᠡᠵᠦ ᠪᠦᠷᠢᠯᠳᠦᠭᠡᠳ ᠪᠤᠶᠢᠵᠢᠵᠦ ᠪᠤᠵᠠᠭᠠᠶᠢᠷᠠᠭᠰᠠᠨ ᠥᠯᠦᠭᠡᠢ ᠪᠠᠨ ︽ᠬᠦᠯᠦᠨ ᠪᠤᠶᠢᠷ︾ ᠭᠡᠵᠦ ᠳᠡᠭᠡᠳᠦᠯᠡᠳᠡᠭ ᠤᠨ ᠦᠨᠳᠦᠰᠦ ᠰᠢᠯᠲᠠᠭᠠᠨ ᠨᠢ ᠡᠨᠡ᠃        ᠬᠦᠯᠦᠨ ᠪᠤᠶᠢᠷ ᠨᠤᠲᠤᠭ ᠪᠣᠯ ᠥᠩ ᠰᠢᠮᠡᠯᠢᠭ ᠬᠥᠷᠦᠰᠤ ᠰᠢᠷᠣᠢ ᠲᠠᠢ᠂ ᠥᠷᠭᠡᠨ ᠠᠭᠤᠳᠠᠮ ᠪᠠᠯᠴᠢᠭᠡᠷ ᠲᠠᠢ ᠵᠢᠩᠬᠢᠨᠢ ᠮᠠᠯ ᠮᠠᠯᠵᠢᠯ ᠤᠨ ᠲᠡᠭᠷᠢ ᠶᠢᠨ ᠬᠡᠰᠢᠭᠲᠦ ᠣᠷᠣᠨ ᠪᠣᠯᠬᠤᠷ ᠳᠡᠨᠳᠡᠬᠢ ᠶᠢᠨ ᠠᠵᠢᠯᠴᠢ ᠮᠠᠯᠴᠢᠳ ᠮᠠᠯ ᠢᠶᠠᠨ ᠵᠢᠯ ᠵᠢᠯ ᠬᠤᠩᠬᠤᠷ ᠢᠶᠠᠷ ᠬᠡᠮᠵᠢᠮᠡᠷ ᠪᠣᠯᠳᠠᠭ᠃ ︽ᠪᠠᠶᠠᠨ ᠪᠠᠷᠭᠤ︾ ᠠᠯᠳᠠᠷ ᠴᠣᠯᠠ ᠶᠢ ᠨᠢ ᠡᠷᠲᠡᠨ ᠠᠴᠠ ᠣᠳᠣ ᠪᠣᠯᠲᠠᠯ᠎ᠠ ᠬᠡᠨ ᠴᠤ ᠪᠤᠯᠢᠶᠠᠵᠦ ᠴᠢᠳᠠᠬᠤ ᠦᠭᠡᠢ ᠪᠠᠶᠢᠭᠰᠠᠭᠠᠷ ᠪᠠᠶᠢᠭᠠᠳ ᠪᠠᠷᠳᠠᠮ ᠪᠣᠯᠭᠠᠴᠢᠬᠠᠵᠠᠢ᠃ ᠶᠣᠰᠤᠲᠠᠢ ᠡᠳ᠋ ᠠᠭᠤᠷᠠᠰᠣᠨ᠂ ᠲᠠᠪᠤᠨ ᠬᠤᠰᠢᠭᠤ ᠮᠠᠯ ᠤᠨ ᠪᠤᠶᠠᠨ ᠬᠡᠰᠢᠭ ᠬᠤᠷᠠᠭᠰᠠᠨ ᠵᠡᠭᠦᠨ ᠪᠤᠮᠪᠠ ᠶᠢᠨ ᠣᠷᠣᠨ ᠳ᠋ᠠ᠃ ᠠᠵᠦ ᠠᠬᠤᠢ ᠶᠢᠨ ᠰᠠᠭᠤᠷᠢ ᠨᠢ ᠳᠠᠪᠬᠤᠷᠭᠠᠨ ᠳᠠᠭᠠᠨ ᠰᠤᠶᠤᠨ ᠭᠡᠷᠡᠯ ᠢᠶᠠᠷ ᠣᠶᠢᠳᠠᠭ ᠪᠠᠶᠢᠵᠠᠢ᠃        ᠲᠡᠶᠢᠮᠦ ᠳᠡᠭᠡᠨ ᠦᠨᠳᠦᠰᠦᠲᠡᠨ ᠤᠭᠰᠠᠭᠠᠲᠠᠨ ᠳᠤ ᠦᠭᠡ ᠬᠡᠯᠡ ᠦᠰᠦᠭ ᠪᠢᠴᠢᠭ ᠨᠢ ᠰᠦᠨᠡᠰᠦ᠂ ᠡᠷᠳᠡᠮᠲᠡᠨ ᠮᠡᠷᠭᠡᠳ ᠨᠢ ᠨᠠᠷᠠ ᠪᠣᠯᠵᠦ ᠭᠡᠶᠢᠭᠦᠯᠳᠡᠭ ᠤᠨ ᠤᠴᠢᠷ ᠤᠳᠤᠮᠲᠦ ᠪᠥᠬᠡᠴᠢᠳ᠂ ᠪᠥᠵᠢᠭᠴᠢᠳ᠂ ᠳᠠᠭᠤᠴᠢᠳ᠂ ᠲᠡᠭᠦᠨᠴᠢᠯᠡᠨ ᠠᠪᠢᠶᠠᠰ ᠪᠢᠯᠢᠭᠲᠦ ᠰᠢᠯᠦᠭᠴᠢᠳ᠂ ᠵᠣᠬᠢᠶᠠᠯᠴᠢᠳ᠂ ᠵᠢᠷᠤᠭᠴᠢᠳ᠂ ᠰᠢᠲᠠᠷᠠᠴᠢᠳ ᠣᠭᠲᠠᠷᠭᠤᠢ ᠶᠢᠨ ᠣᠳᠣᠳ ᠰᠢᠭ᠋ ᠲᠥᠭᠡᠳᠡᠭ ᠶᠤᠮ᠃ ᠬᠦᠯᠦᠨ ᠪᠤᠶᠢᠷ ᠲᠤ ᠨᠠᠶᠢᠷ ᠨᠠᠭᠠᠳᠤᠮ ᠣᠯᠠᠨ ᠤᠷᠤᠯᠳᠤᠭᠠᠨ ᠲᠡᠮᠡᠴᠡᠭᠡᠨ ᠠᠷᠪᠢᠨ ᠪᠠᠶᠢᠳᠠᠭ ᠠᠴᠠ ᠦᠢ ᠣᠯᠠᠨ ᠡᠷᠳᠡᠮᠲᠡᠨ ᠴᠢᠳᠠᠪᠤᠷᠢᠲᠠᠨ ᠴᠢᠳᠠᠯᠲᠠᠨ ᠢ ᠮᠥᠴᠡᠬᠡᠷᠬᠡᠬᠦᠯᠦᠨ ᠰᠢᠯᠭᠠᠷᠠᠭᠤᠯᠵᠠᠢ᠃       ᠨᠤᠲᠤᠭ ᠤᠰᠤᠨ ᠤ ᠪᠤᠶᠠᠨ ᠬᠡᠰᠢᠭ ᠪᠢᠵᠡ᠂ ᠬᠥᠷᠦᠩᠭᠡ ᠮᠥᠩᠭᠦ ᠨᠢ ᠬᠥᠷᠵᠡᠩᠰᠢᠵᠦ ᠵᠤᠵᠠᠭᠠᠷᠠᠬᠤ ᠲᠤᠲᠤᠮ ᠬᠥᠷᠦᠰᠦᠨ ᠠᠴᠠ ᠨᠢ ᠵᠤᠯᠭᠠᠷᠠᠰᠢ ᠦᠭᠡᠢ ᠵᠠᠭᠤ ᠮᠢᠩᠭᠠᠨ ᠴᠡᠴᠡᠭ ᠮᠢᠷᠠᠯᠵᠠᠨ ᠲᠠᠯᠭᠡᠷᠡᠭᠡᠳ ᠣᠶᠣᠨ ᠲᠠᠮᠢᠷ ᠤᠨ ᠠᠪᠤᠷᠭᠤ ᠶᠡᠭᠡ ᠰᠦᠷ ᠬᠦᠴᠦᠨ ᠢᠶᠠᠨ ᠢᠯᠡᠷᠡᠭᠦᠯᠳᠡᠭ ᠨᠢ ᠵᠣᠷᠢᠭ ᠰᠠᠨᠠᠭ᠎ᠠ ᠪᠤᠶᠤ᠃ ᠡᠨᠡ ᠪᠣᠯ ᠰᠣᠶᠣᠯ ᠭᠡᠭᠴᠢ᠃        ᠠᠳᠡ ᠣᠳᠣᠨ ᠤ ᠲᠣᠲᠣᠷᠠᠬᠢ ᠣᠳᠣᠨ ᠰᠣᠳᠣᠨ ᠤ ᠳᠡᠭᠡᠷᠡᠬᠢ ᠰᠣᠳᠣᠨ ᠴᠤᠭᠯᠠᠷᠠᠨ᠎ᠠ᠃ ᠰᠢᠯᠢᠳᠡᠭ ᠣᠳᠣᠮᠯᠠᠯ ᠢᠶᠠᠷ ᠢᠶᠠᠨ ᠳᠠᠶᠠᠩ ᠲᠥᠮᠡᠨ ᠳᠤ ᠠᠯᠳᠠᠷᠰᠢᠭᠰᠠᠨ ᠪᠥᠬᠡᠴᠤᠳ ᠢᠶᠠᠨ ᠲᠦᠢᠮᠤᠴᠢᠯᠠᠨ ᠢᠰᠢᠭᠡᠨ ᠪᠥᠬᠡ ᠠᠴᠠ ᠡᠬᠢᠯᠡᠨ ᠲᠣᠭᠠᠯᠠᠬᠤ ᠳᠤ ᠴᠤ ᠵᠠᠭᠤ ᠰᠢᠬᠠᠮ ᠪᠣᠢ᠃ ᠲᠡᠳᠡᠨ ᠲᠠᠢ ᠠᠴᠢ ᠲᠠᠴᠢ ᠭᠢᠯᠠᠯᠵᠠᠭᠰᠠᠨ ᠣᠶᠤᠨ ᠪᠢᠯᠢᠭ ᠤᠨ ᠠᠪᠤᠷᠭᠤ ᠬᠦᠴᠦᠲᠠᠨ — ᠪᠢᠴᠢᠭ ᠪᠢᠯᠢᠭ ᠤᠨ ᠡᠷᠳᠡᠮᠲᠡᠨ ᠮᠡᠷᠭᠡᠳ᠂ ᠤᠳᠬ᠎ᠠ ᠤᠷᠠᠯᠢᠭᠴᠢᠳ ᠴᠤ ᠬᠦᠢᠯᠡᠨ ᠮᠡᠨᠳᠦᠯᠡᠭᠰᠡᠭᠡᠷ ᠪᠣᠢ᠃ ᠨᠢᠭᠡᠨ ᠦᠶ᠎ᠡ ᠶᠢ ᠡᠵᠡᠯᠡᠭᠰᠡᠨ ᠬᠡᠯᠡ ᠰᠤᠷᠭᠠᠨ ᠬᠦᠮᠦᠵᠢᠯ ᠤᠨ ᠡᠷᠳᠡᠮᠲᠡᠤᠨ ᠰᠢ᠊ · ᠳᠠᠯᠠᠨᠲᠠᠢ᠂ ᠼ᠊ · ᠨᠣᠷᠵᠢᠨ᠂ ᠳᠠᠸᠠᠳᠠᠭᠸᠠ ᠨᠠᠷ ᠲᠤᠶᠠᠭᠠᠯᠠᠭᠠᠳ ᠥᠩᠭᠡᠷᠡᠭᠰᠡᠨ ᠴᠤ ᠭᠣ · ᠪᠠᠯᠠᠯᠲᠠ ᠨᠠᠷ ᠡᠩᠬᠡ ᠮᠡᠨᠳᠦ ᠡᠩᠨᠡᠭᠡ ᠪᠠᠬᠢᠯᠡᠯᠲᠡ ᠪᠠᠨ ᠪᠠᠲᠤᠯᠠᠨ ᠰᠠᠬᠢᠭᠰᠠᠭᠠᠷ ᠪᠣᠢ᠃ ᠲᠡᠦᠬᠡ ᠰᠤᠳᠤᠯᠤᠬᠴᠢ ᠲᠡᠮᠦᠷ ᠤᠨ ᠨᠠᠮᠵᠢᠯᠰᠦ᠋ᠷᠦᠩ ᠨᠠᠷ ᠦᠢᠯᠡᠰ ᠤᠨ ᠲᠤᠭ ᠢᠶᠠᠨ ᠦᠷᠭᠦᠯᠵᠢᠯᠡᠨ ᠥᠨᠳᠥᠷ ᠡᠷᠭᠦᠭᠰᠡᠭᠡᠷ ᠪᠠᠶᠢᠨ᠎ᠠ᠃ ᠤᠳᠬ᠎ᠠ ᠵᠣᠬᠢᠶᠠᠯᠴᠢᠳ ᠤᠨ ᠡᠩᠨᠡᠭᠡᠨ ᠤ ᠬᠢᠨᠢ ᠲᠠᠶᠢᠰᠠᠨ ᠤ ᠬᠥᠰᠢᠭᠡ ᠶᠢ ᠰᠡᠬᠦᠪᠡᠯ ᠭᠤᠷᠪᠠᠨ ᠦᠶ᠎ᠠ ᠶᠢᠨ ᠬᠤᠰᠢᠭᠤᠴᠢᠳ ᠠᠴᠠ ᠱᠠ᠊ · ᠳᠣᠷᠵᠢ᠂ ᠮ᠊ · ᠴᠧᠪᠡᠯᠮ᠎ᠠ᠂ ᠹ᠊ · ᠴᠢᠮᠡᠭ᠂ ᠴᠣ · ᠳᠤᠭᠠᠷᠵᠠᠪ᠂ ᠴ᠊ · ᠮᠥᠩᠬᠡᠰᠦ᠋ᠷᠦᠩ᠂ ᠭᠠ᠊ · ᠰᠢᠷᠠᠬᠦᠦ᠂ ᠨᠠ᠊ · ᠰᠧᠮᠵᠢᠳ᠂ ᠪᠤ · ᠪᠦᠷᠢᠨ᠂ ᠪᠢ᠊ · ᠳᠠᠮᠳᠢᠨᠰᠦ᠋ᠷᠦᠩ᠂ ᠨᠠ᠊ · ᠲᠤᠯᠭᠠᠷ᠂ ᠮ᠊ · ᠣᠶᠤᠩᠭᠤᠸ᠎ᠠ᠂ ᠰ᠊ · ᠥᠯᠵᠡᠶᠢᠵᠢᠷᠭᠠᠯ᠂ ᠰᠢᠷᠡᠶᠢᠳ ᠳᠦᠭᠦᠷᠡᠩᠵᠢᠷᠭᠠᠯ᠂ ᠤ · ᠸᠴᠢᠷᠪᠠᠨᠢ᠂ ᠨᠣᠮᠢᠨ ᠨᠠᠷ ᠨᠤᠲᠤᠭ ᠤᠰᠤᠨ ᠤ ᠰᠦᠷ ᠰᠦᠯᠲᠡ ᠬᠡᠶᠢᠮᠤᠷᠢ ᠪᠣᠯᠣᠨ ᠮᠠᠨᠳᠤᠵᠦ ᠪᠠᠶᠢᠨᠠᠮ᠃ ᠬᠦᠯᠦᠨ ᠪᠤᠶᠢᠷ ᠤᠷᠠᠨ ᠵᠣᠬᠢᠶᠠᠯ ᠤᠨ ᠠᠩᠬᠠᠨ ᠤ ᠴᠣᠭᠴᠠᠯᠠᠯᠲᠠ ᠳᠤ ᠶᠡᠬᠡᠬᠡᠨ ᠭᠠᠪᠢᠶ᠎ᠠ ᠵᠢᠳᠬᠦᠯ ᠦᠵᠡᠭᠦᠯᠦᠭᠡᠳ ᠰᠣᠯᠢᠷᠰᠢᠨ ᠣᠳᠴᠤ ᠠᠯᠲᠠᠨ ᠬᠠᠭᠤᠳᠠᠰᠤᠨ᠎ᠠ ᠲᠡᠮᠳᠡᠭᠯᠡᠭᠳᠡᠭᠰᠡᠨ ᠤ · ᠳᠣᠭᠠᠷᠰᠦ᠋ᠷᠤᠩ᠂ ᠳ᠋ᠠᠭᠠᠱᠠ᠂ ᠪᠦ᠊ · ᠳᠣᠩᠶᠣᠳᠳᠣᠷᠵᠢ᠂ ᠤ · ᠳ᠋ᠠᠮᠪᠠᠷᠢᠨᠴᠢᠨ᠂ ᠪᠷᠠᠬᠠᠰᠪᠠᠳᠢ᠂ ᠴᠣ · ᠣᠷᠱᠤᠨ᠂ ᠠ᠊ · ᠪᠠᠲᠤᠮᠦ᠋ᠩᠬᠡ᠂ ᠨᠠ᠊ · ᠳ᠋ᠠᠰᠢᠨᠢᠮ᠎ᠠ᠂ ᠶᠠ᠊ · ᠠᠳᠢᠶ᠎ᠠ᠂ ᠳ᠋ᠣ · ᠴᠢᠯᠠᠭᠤᠨ᠂ ᠪᠢ᠊ · ᠽᠧᠪᠡᠭ ᠢᠶᠠᠨ ᠦᠭᠡᠶᠢᠯᠡᠨ ᠳᠤᠷᠠᠳᠬᠠᠨᠠᠮ᠃       ︽ᠬᠦᠯᠦᠨ ᠪᠤᠶᠢᠷ︾ ᠰᠡᠳᠭᠦᠯ ᠮᠡᠠᠳᠦᠯᠡᠭᠡᠳ 40 ᠵᠢᠯ ᠤᠨ ᠲᠤᠷᠰᠢ ᠥᠪ ᠰᠣᠶᠣᠯ ᠢᠶᠠᠨ ᠵᠠᠯᠭᠠᠮᠵᠢᠯᠠᠵᠦ ᠤᠯᠠᠮᠵᠢᠯᠠᠯ ᠰᠢᠨᠡᠴᠢᠯᠡᠯ ᠢ ᠤᠷᠭᠠᠨᠢᠭ ᠢᠶᠠᠷ ᠤᠶᠠᠯᠳᠤᠭᠤᠯᠤᠨ ᠬᠥᠭᠵᠢᠭᠦᠯᠵᠦ ᠣᠷᠣᠨ ᠨᠤᠲᠤᠭ ᠤᠨ ᠣᠨᠴᠠᠯᠢᠭ ᠢᠶᠠᠨ ᠲᠡᠭᠦᠰ ᠪᠠᠳᠠᠷᠠᠭᠠᠨ ᠴᠠᠭ ᠦᠶ᠎ᠡ ᠶᠢᠨ ᠰᠢᠨ᠎ᠡ ᠰᠣᠷᠭᠤᠭ ᠥᠪᠡᠷᠮᠢᠴᠡ ᠥᠩᠭᠡ ᠶᠢᠨ ᠤᠷᠠᠯᠢᠭ ᠤᠨ ᠭᠤᠸ᠎ᠠ ᠴᠡᠴᠡᠭ ᠢ ᠳᠡᠯᠭᠡᠷᠡᠭᠦᠯᠦᠭᠰᠡᠨ ᠶᠤᠮ᠃          ︽ᠬᠦᠯᠦᠨ ᠪᠤᠶᠢᠷ︾ ᠰᠡᠳᠬᠦᠯ ᠥᠪᠡᠷ ᠤᠨ ᠣᠨᠴᠠᠭᠠᠢ ᠪᠠᠶᠢᠷᠢ ᠰᠠᠭᠤᠷᠢ᠂ ᠬᠦᠮᠦᠨ ᠪᠠᠶᠢᠭᠠᠯᠢ ᠶᠢᠨ ᠳᠠᠪᠠᠭᠤᠯᠢᠭ ᠨᠥᠬᠦᠴᠡᠯ ᠢᠶᠠᠨ ᠠᠰᠢᠭᠯᠠᠵᠦ᠂ ᠰᠡᠳᠬᠦᠯ ᠤᠨ ᠨᠢᠭᠤᠷ ᠤᠨ ᠵᠢᠷᠤᠭ ᠠᠴᠠ ᠳᠣᠲᠣᠷᠠᠬᠢ ᠦᠰᠦᠭ ᠤᠨ ᠠᠭᠤᠯᠭ᠎ᠠ ᠳᠤ ᠬᠦᠷᠲᠡᠯ᠎ᠡ ᠪᠦᠷ ᠡᠨᠡ ᠨᠤᠲᠤᠭ ᠤᠨ ᠦᠵᠡᠮᠵᠢ ᠶᠢᠨ ᠳᠣᠲᠣᠭᠠᠳᠦ ᠭᠠᠳᠠᠭᠠᠳᠦ ᠳᠦᠷᠢ ᠶᠢᠨ ᠤᠷᠠᠨ ᠰᠠᠶᠢᠬᠠᠨ ᠢᠶᠠᠨ ᠳᠡᠯᠡᠬᠡᠢ ᠳᠤ ᠬᠠᠨᠳᠢᠪᠯᠠᠭᠰᠠᠭᠠᠷ ᠪᠠᠶᠢᠨᠠᠮ᠃ ᠣᠷᠣᠨ ᠨᠤᠲᠤᠭ ᠤᠨ ᠥᠪᠡᠷᠮᠢᠴᠡ ᠭᠤᠪᠠᠢ ᠪᠠᠷ ᠢᠶᠠᠨ ᠨᠡᠷ᠎ᠡ ᠶᠢᠨ ᠬᠠᠭᠤᠳᠠᠰᠤ ᠪᠣᠯᠭᠠᠭᠰᠠᠨ ᠢᠶᠠᠷ ᠢᠶᠠᠨ ᠣᠨᠴᠠᠯᠢᠭᠳᠠᠨ᠎ᠠ᠃ ᠡᠨᠡ ᠪᠣᠯ ᠬᠡᠳᠦᠨ ᠦᠶ᠎ᠡ ᠶᠢᠨ ᠴᠡᠴᠡᠷᠯᠢᠭᠴᠢᠳ ᠤᠨ ᠡᠭᠦᠰᠭᠡᠨ ᠡᠬᠢᠯᠡᠭᠦᠯᠦᠭᠰᠡᠨ ᠨᠠᠨᠳᠢᠨ ᠲᠤᠷᠰᠢᠯᠭ᠎ᠠ ᠰᠧᠶ᠋ᠢᠩᠭᠤᠶᠢᠷᠤᠪ ᠭᠤᠸᠠᠢ ᠳᠡᠭᠡᠷ᠎ᠠ ᠢᠷᠡᠭᠡᠳ ᠬᠦᠭᠵᠢᠨ ᠦᠷᠭᠦᠯᠵᠢᠯᠡᠵᠦ ᠪᠠᠶᠢᠭ᠎ᠠ ᠦᠵᠡᠮᠵᠢ ᠪᠣᠯᠣᠨ᠎ᠠ᠃ ᠲᠡᠳᠡ ᠬᠦᠮᠦᠨ ᠢ ᠬᠡᠲᠦ ᠰᠡᠭᠦᠯᠳᠡᠨ ᠳᠠᠭᠠᠵᠦ ᠭᠠᠵᠠᠷᠳᠠᠭ᠎ᠠ ᠦᠭᠡᠢ᠂ ᠬᠡᠷᠢᠶ᠎ᠡ ᠰᠢᠭ ᠭᠠᠯᠠᠭᠤ ᠶᠢ ᠳᠠᠭᠤᠷᠢᠶᠠᠵᠦ ᠬᠥᠯ ᠢᠶᠠᠨ ᠬᠥᠯᠳᠡᠭᠡᠭᠡ ᠦᠭᠡᠢ᠃ ᠤᠭ ᠵᠣᠷᠢᠯᠲᠠ ᠪᠠᠨ ᠤᠮᠠᠷᠲᠠᠭ᠎ᠠ ᠦᠭᠡᠢ᠂ ᠡᠭᠦᠷᠭᠡ ᠬᠠᠷᠢᠭᠤᠴᠠᠯᠭ᠎ᠠ ᠪᠠᠨ ᠪᠡᠶᠡᠯᠡᠭᠦᠯᠦᠭᠰᠡᠭᠡᠷ ᠪᠠᠶᠢᠨ᠎ᠠ᠂ ᠰᠢᠨᠡᠴᠢᠯᠡᠯ ᠢᠶᠠᠨ ᠤᠯᠠᠮᠵᠢᠯᠠᠯ ᠲᠠᠢ ᠪᠠᠨ ᠤᠷᠭᠠᠨᠢᠭ ᠢᠶᠠᠷ ᠤᠶᠠᠯᠳᠤᠭᠤᠯᠵᠦ᠂ ᠨᠤᠲᠤᠭ ᠤᠰᠤᠨ ᠤ ᠨᠢᠪᠲᠠᠭ ᠰᠢᠪᠲᠠᠭ ᠬᠦᠮᠦᠨ ᠠᠷᠠᠳ ᠤᠨ ᠢᠶᠠᠨ ᠵᠠᠩ ᠠᠭᠠᠯᠢ ᠣᠷᠣᠰᠢᠯ ᠲᠣᠭᠲᠠᠨᠢᠯ ᠢ ᠬᠠᠯᠠᠮᠵᠢᠯᠠᠨ ᠬᠠᠷᠠᠭᠠᠯᠵᠠᠵᠦ᠂ ᠪᠣᠷᠣᠭᠵᠢᠭᠤᠨ ᠢᠳᠡᠷᠬᠡᠭ ᠬᠡᠪ ᠨᠠᠮᠪᠠ ᠲᠠᠢ ᠮᠣᠩᠭᠤᠯ ᠢᠶᠠᠨ ᠮᠣᠩᠭᠤᠯ ᠢᠶᠠᠷ ᠢᠶᠠᠨ᠂ ᠥᠭᠡᠷ᠎ᠡ ᠪᠠᠷ ᠬᠡᠯᠡᠪᠡᠯ ︽ᠬᠦᠯᠦᠨ ᠪᠤᠶᠢᠷ︾ ᠢᠶᠠᠷ ᠢᠶᠠᠨ ᠠᠪᠴᠤ ᠶᠠᠪᠤᠨᠠᠮ᠃
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ