ᠠᠮᠤᠭᠤᠯᠠᠩ ᠲᠦᠷᠦ ᠶᠢᠨ ᠠᠷᠪᠠᠨ ᠰᠠᠷ᠎ᠠ
ᠨᠡᠶᠢᠲᠡᠯᠡᠭᠰᠡᠨ ᠴᠠᠭ᠄
2023/10/8
       ᠮᠦᠰᠢᠶᠡᠵᠦ ᠤᠷᠭᠤᠬᠤ ᠨᠠᠷᠠ ᠨᠢ ᠮᠥᠩᠬᠡ ᠶᠢᠨ ᠬᠤᠲᠤᠭ ᠲᠠᠢ᠂ ᠮᠣᠷᠢ ᠲᠠᠢ ᠠᠭᠤᠳᠠᠮ ᠲᠠᠯ᠎ᠠ ᠨᠢ ᠲᠣᠪᠴᠢᠶᠠᠨ ᠤ ᠨᠢᠭᠤᠴᠠ ᠲᠠᠢ ᠮᠢᠨᠤ ᠡᠬᠡ ᠣᠷᠣᠨ ᠤ ᠠᠷᠪᠠᠨ ᠰᠠᠷ᠎ᠠ ᠭᠡᠵᠦ ᠡᠯᠪᠡᠭ ᠬᠤᠷᠢᠶᠠᠯᠲᠠ ᠶᠢᠨ ᠤᠶᠠᠩᠭ᠎ᠠ ᠳᠠᠭᠤᠤ ᠴᠠᠯᠭᠢᠯᠠᠭᠰᠠᠨ᠂ ᠥᠭᠡᠳᠡ ᠡᠰᠡᠷᠡᠭ᠂ ᠥᠯᠵᠡᠢ ᠵᠢᠷᠭᠠᠯ ᠲᠠᠢ᠂ ᠤᠳᠬ᠎ᠠ ᠭᠦᠨᠵᠡᠭᠡᠢ ᠤᠯᠠᠷᠢᠯ ᠶᠤᠮᠰᠠᠨ᠃       ᠬᠠᠯᠢᠭᠤᠷᠠᠭᠰᠠᠨ ᠰᠢᠰᠢ ᠶᠢᠨ ᠲᠠᠷᠢᠶ᠎ᠠ ᠨᠢ ᠠᠯᠮᠤᠷᠠᠳ ᠰᠢᠭ᠋ ᠤᠯᠠᠶᠢᠲᠠᠯ᠎ᠠ ᠪᠣᠯᠪᠠᠰᠤᠷᠠᠭᠠᠳ ᠬᠠᠩᠬᠤᠯᠤᠭᠰᠠᠨ ᠦᠨᠦᠷ ᠨᠢ  ᠬᠤᠩᠭᠤᠷ ᠨᠠᠮᠤᠷ ᠤᠨ ᠡᠷᠬᠡ ᠰᠠᠯᠬᠢᠨ ᠳᠤ ᠲᠦᠷᠪᠡᠨ ᠵᠦᠭ ᠨᠠᠢᠮᠠᠨ ᠵᠣᠪᠬᠢᠰ ᠠᠩᠬᠢᠯᠬᠤ ᠳᠤ ᠬᠠᠨᠠᠶᠢᠵᠤ ᠰᠡᠬᠦᠶᠢᠭᠰᠡᠨ ᠪᠤᠭᠤᠷᠤᠯ ᠠᠭᠤᠯᠠᠰ ᠨᠢ ᠥᠭᠡᠳᠡ ᠪᠠᠨ ᠥᠨᠳᠡᠯᠵᠡᠭᠡᠳ ᠬᠠᠩᠭᠠᠢ ᠳᠤ ᠲᠦᠭᠡᠭᠰᠡᠨ ᠬᠦᠷᠡᠩ ᠴᠢᠯᠠᠭᠤᠳ ᠨᠢ ᠳᠣᠲᠣᠷ᠎ᠠ ᠠᠴᠠ ᠪᠠᠨ ᠭᠡᠷᠡᠯᠲᠦᠨ᠎ᠡ᠃       ᠬᠠᠳᠤᠵᠤ ᠬᠤᠷᠢᠶᠠᠬᠤ ᠮᠠᠰᠢᠨ ᠤ ᠳᠠᠭᠤᠤ᠂ ᠬᠥᠮᠥᠨ ᠵᠤᠨ ᠤ ᠬᠥᠭᠰᠡᠵᠦ ᠲᠤᠬᠳᠤᠯᠤᠬᠰᠠᠨ ᠢᠨᠢᠶᠡᠳᠦ ᠭᠦᠭ ᠨᠡᠶᠢᠯᠡᠵᠦ ᠬᠥᠳᠡᠭᠡ ᠨᠤᠲᠤᠭ ᠠᠴᠠ ᠬᠥᠬᠡ ᠣᠭᠲᠠᠷᠭᠤᠢ ᠳᠤ ᠬᠦᠩᠭᠢᠨᠡᠬᠦ ᠪᠠᠷ ᠬᠥᠲᠥᠯ ᠪᠦᠷᠬᠦᠭᠰᠡᠨ ᠬᠤᠨᠢᠨ ᠰᠦᠷᠦᠭ ᠤᠨ ᠢᠶᠠᠨ ᠳᠡᠷᠭᠡᠳᠡ ᠬᠥᠭᠡᠷᠦᠬᠦᠨ ᠪᠦᠰᠡᠭᠦᠢ ᠰᠠᠨᠠᠭᠠᠨ ᠤ ᠪᠠᠨ ᠠᠶ᠎ᠠ ᠪᠠᠷ ᠳᠠᠭᠤᠤ ᠠᠶᠠᠯᠬᠤ ᠳᠤ ᠡᠷᠭᠢ ᠶᠢᠨ ᠴᠤᠤᠷᠢᠶ᠎ᠠ ᠠᠮᠢᠯᠠᠨ ᠲᠡᠯᠡᠷᠡᠵᠦ ᠡᠶ᠎ᠡ ᠨᠠᠶᠢᠷᠰᠠᠭ ᠴᠠᠭ ᠡᠷᠢᠨ ᠤ ᠪᠡᠯᠭᠡ ᠲᠡᠮᠳᠡᠭ ᠰᠢᠭ ᠰᠡᠳᠬᠢᠯ ᠳᠤ ᠳᠠᠩᠳᠠ ᠠᠶᠠᠲᠠᠢ ᠰᠠᠨᠠᠭᠳᠠᠨ᠎ᠠ᠃       ᠠᠭᠤᠤ ᠶᠡᠭᠡ ᠡᠬᠡ ᠣᠷᠣᠨ ᠤ ᠮᠢᠨᠢ ᠠᠷᠪᠠᠨ ᠰᠠᠷ᠎ᠠ ᠢᠷᠠᠭᠤ ᠨᠠᠶᠢᠷᠠᠭ ᠰᠢᠭ᠋ ᠭᠤᠶᠤ ᠠ᠋᠃       ᠴᠠᠭ ᠬᠤᠭᠤᠴᠠᠭ᠎ᠠ ᠶᠢ ᠰᠡᠷᠭᠡᠢ ᠲᠠᠨᠢᠳᠠᠭ ᠨᠡᠭᠦᠳᠡᠯ ᠤᠨ ᠰᠢᠪᠠᠭᠤᠳ ᠨᠠᠭᠤᠷ ᠤᠨ ᠤᠰᠤᠨ ᠳᠠᠭᠠᠨ ᠨᠤᠷᠭᠢᠯᠳᠤᠨ ᠱᠤᠩᠪᠠᠨ᠎ᠠ᠃ ᠤᠳᠠᠯ ᠦᠭᠡᠢ ᠶᠡᠭᠡ ᠨᠡᠭᠦᠳᠡᠯ ᠡᠬᠢᠯᠡᠬᠦ ᠭᠡᠵᠦ ᠪᠠᠶᠢᠭ᠎ᠠ ᠳᠠᠭᠠᠨ ᠵᠢᠷᠦᠬᠡᠨ ᠤ ᠪᠠᠨ ᠦᠭᠡ ᠶᠢ ᠨᠠᠭᠤᠷ ᠲᠠᠭᠠᠨ ᠰᠢᠪᠡᠨᠡᠭᠡ ᠴᠦ ᠶᠤᠮ ᠤᠤ︖ ᠨᠠᠭᠤᠷ ᠨᠢ ᠠᠷ ᠲᠠᠳᠠᠨ ᠮᠡᠯᠮᠡᠷᠡᠨ᠎ᠡ᠃ ᠤᠰᠤ ᠪᠠᠨ ᠠᠷᠭᠠᠳᠠᠵᠤ ᠵᠢᠭᠠᠰᠤ ᠨᠢ  ᠴᠣᠯᠭᠢᠨ᠎ᠠ᠃ ᠬᠥᠪᠡᠭᠡᠨ ᠳᠤᠨᠢ ᠤᠷᠭᠤᠭᠰᠠᠨ ᠬᠤᠯᠤᠰᠤ ᠵᠡᠭᠡᠰᠦ ᠱᠤᠤᠭᠢᠨ᠎ᠠ᠃ ᠮᠢᠨᠤ ᠡᠬᠡ ᠣᠷᠣᠨ ᠤ ᠶᠠᠭᠤ ᠪᠦᠭᠦᠨ ᠰᠡᠳᠬᠢᠯ ᠵᠢᠷᠦᠬᠡᠨ ᠤ ᠬᠤᠯᠪᠤᠭ᠎ᠠ ᠲᠠᠢ ᠴᠦ ᠪᠢᠯᠢᠦ︖       ᠲᠡᠷᠲᠡᠭᠡ ᠬᠥᠨᠳᠡᠢ ᠶᠢᠨ ᠶᠡᠭᠡ ᠤᠢ ᠶᠢ ᠪᠠᠷᠠᠯᠠᠬᠤ ᠳᠤ ᠠᠯᠳᠠᠨ ᠰᠢᠷᠭᠠᠯ ᠨᠠᠪᠴᠢᠰ ᠭᠠᠵᠠᠷ ᠤᠨ ᠭᠦᠨ ᠤᠷᠤᠭᠤ ᠰᠢᠪᠠᠭᠤ ᠰᠢᠭ᠋ ᠨᠢᠰᠦᠨ᠎ᠡ᠃ ︽ᠨᠠᠪᠴᠢᠰ ᠦᠨᠳᠦᠰᠦ ᠪᠠᠨ ᠬᠠᠶᠢᠵᠤ ᠡᠪᠦᠯᠵᠢᠶ᠎ᠡ ᠶᠢᠨ ᠶᠢᠷᠲᠢᠨᠴᠦ ᠠᠴᠠ ᠤᠷᠢᠨ ᠳᠤᠯᠠᠭᠠᠨ ᠴᠠᠭ ᠢ ᠤᠭᠲᠤᠬᠤ ᠭᠡᠵᠦ ᠵᠢᠳᠬᠦᠨ ᠲᠡᠮᠡᠦᠯᠵᠦ ᠪᠠᠶᠢᠭ᠎ᠠ ᠴᠦ ᠶᠤᠮ ᠤᠤ︾ ᠭᠡᠵᠦ ᠰᠠᠨᠠᠬᠤ ᠬᠤᠷᠣᠮ ᠬᠠᠷᠢ ᠤᠯᠤᠰ ᠠᠴᠠ ᠬᠡᠳᠦᠨ ᠮᠢᠩᠭᠠᠨ ᠤ ᠭᠠᠵᠠᠷ ᠢ ᠲᠣᠪᠴᠢᠯᠠᠨ ᠡᠬᠡ ᠣᠷᠣᠨ ᠳᠠᠭᠠᠨ ᠪᠤᠴᠠᠨ ᠢᠷᠡᠭᠰᠡᠨ ᠨᠢᠭᠡᠨ ᠮᠣᠷᠢᠨ ᠤ ᠦᠯᠢᠭᠡᠷ ᠤᠢ ᠤᠬᠠᠭᠠᠨ ᠳᠤ ᠭᠢᠯᠠᠰᠬᠢᠨ ᠪᠠᠭᠤᠬᠤ ᠪᠠᠷ ︽ᠡᠬᠡ ᠣᠷᠣᠨ ᠲᠠᠢ ᠬᠥᠮᠥᠨ ᠡᠷᠬᠡ ᠵᠢᠷᠭᠠᠯ ᠲᠠᠢ᠂ ᠡᠵᠢ ᠲᠠᠢ ᠬᠥᠮᠥᠨ ᠥᠶᠥᠭ ᠳᠤᠯᠠᠭᠠᠨ︾ ᠭᠡᠵᠦ ᠪᠢ ᠥᠪᠡᠷ ᠤᠨ ᠡᠷᠬᠡ ᠦᠭᠡᠢ ᠳᠦᠳᠦᠨᠡᠵᠦ ᠭᠠᠷᠤᠯ᠎ᠠ᠃       ᠠᠭᠤᠯᠵᠠᠭᠰᠠᠨ ᠬᠥᠮᠥᠨ ᠲᠠᠢ ᠳᠤᠤᠭᠠᠷᠬᠤ ᠵᠠᠪ ᠦᠭᠡᠢ᠂ ᠤᠨᠠᠭᠰᠠᠨ ᠮᠠᠯᠠᠭᠠᠢ ᠪᠠᠨ ᠠᠪᠬᠤ ᠴᠢᠯᠦᠭᠡ ᠦᠭᠡᠢ ᠨᠠᠮᠤᠷ ᠤᠨ ᠤᠯᠠᠷᠢᠯ ᠭᠡᠵᠦ ᠶᠠᠷᠢᠳᠠᠭ ᠪᠤᠯᠪᠠᠴᠦ ᠠᠶᠢᠯ ᠬᠤᠳᠠ ᠶᠢᠨ ᠬᠢ ᠡᠬᠡ ᠤᠯᠤᠰ ᠤᠨ ᠮᠢᠨᠢ ᠮᠡᠨᠳᠦᠯᠡᠭᠰᠡᠨ ᠠᠷᠪᠠᠨ ᠰᠠᠷ᠎ᠠ ᠬᠡᠮᠡᠨ ᠬᠦᠨᠳᠦᠳᠬᠡᠨ ᠳᠡᠭᠡᠵᠢᠯᠡᠵᠦ ᠪᠠᠶᠠᠷᠯᠠᠨ ᠪᠡᠯᠭᠡᠯᠡᠨ᠎ᠡ᠃ ᠲᠥᠪ ᠦᠨᠡᠨ ᠢ ᠰᠢᠲᠦᠭᠰᠡᠨ ᠮᠢᠨᠤ ᠡᠬᠡ ᠣᠷᠣᠨ ᠬᠢᠭᠡᠳ ᠡᠶ᠎ᠡ ᠵᠣᠬᠢᠴᠠᠩᠭᠤᠢ ᠠᠷᠠᠳ ᠲᠦᠮᠡᠨ ᠤ ᠬᠦᠰᠡᠯ ᠪᠤᠳᠤᠯ ᠢ ᠲᠡᠭᠷᠢ ᠠᠳᠠᠯ᠎ᠠ ᠣᠶᠢᠯᠠᠭᠠᠴᠢᠬᠠᠭᠠᠳ ᠴᠠᠭᠠᠨ᠎ᠠ ᠠᠴᠠ ᠪᠠᠨ ᠬᠥᠬᠡᠷᠡᠵᠦ ᠲᠤᠶᠠᠭᠠᠷᠠᠬᠤ ᠴᠦ ᠶᠤᠮ ᠤᠤ⁈       ᠭᠦᠨ ᠴᠡᠩᠬᠡᠷ ᠣᠭᠲᠠᠷᠭᠤᠢ ᠪᠠᠷ ᠮᠥᠩᠭᠦᠨ ᠴᠠᠭᠠᠨ ᠨᠢᠰᠬᠡᠯ ᠬᠦᠩᠭᠢᠨᠡᠵᠦ ᠭᠠᠷᠤᠨ᠎ᠠ᠃ ᠡᠪᠦᠭᠡ ᠮᠢᠨᠢ ᠤᠳᠠᠲᠠᠯ᠎ᠠ ᠬᠠᠷᠠᠵᠤ ᠵᠣᠭᠰᠣᠭᠰᠠᠨ ᠢᠶᠠᠨ ︽ᠨᠢᠳᠤᠨᠤᠨ ᠪᠢ ᠨᠢᠰᠬᠡᠯ ᠳᠤ ᠰᠠᠭᠤᠵᠤ ᠪᠡᠭᠡᠵᠢᠩ ᠣᠷᠣᠭᠠᠳ ᠤᠯᠤᠰ ᠤᠨ ᠪᠠᠶᠠᠷ ᠢ ᠤᠭᠲᠤᠭᠰᠠᠨ ᠶᠤᠮ᠃ ᠶᠠᠭᠠᠬᠢᠭᠰᠠᠨ ᠰᠠᠶᠢᠬᠠᠨ ᠪᠤᠢ︖ ᠲᠢᠶᠠᠨ ᠠᠨ ᠮᠧᠨ ᠤ ᠠᠭᠤᠳᠠᠮ ᠲᠠᠯᠠᠪᠠᠢ ᠳᠤ ᠬᠥᠮᠥᠨ ᠤ ᠲᠠᠯᠠᠢ ᠴᠡᠴᠡᠭ ᠤᠨ ᠶᠢᠷᠲᠢᠨᠴᠦ ᠭᠡᠪᠡᠯ ᠨᠢᠭᠡ ᠯᠡ ᠦᠭᠡ᠃ ᠳᠠᠭᠤᠯᠠᠵᠤ ᠪᠥᠵᠢᠭᠯᠡᠭᠡᠳ ᠶᠣᠰᠣᠲᠠᠢ ᠠᠵᠠ ᠵᠢᠷᠭᠠᠯ ᠪᠢᠯᠬᠠᠭᠰᠠᠨ ᠠᠮᠤᠭᠤᠯᠠᠩ ᠣᠷᠣᠨ ᠭᠡᠵᠦ ᠮᠡᠳᠡ᠃ ᠠᠰᠠᠷ ᠪᠠᠷᠢᠯᠭ᠎ᠠ ᠨᠢ ᠲᠡᠭᠷᠢ ᠰᠢᠭᠦᠷᠡᠵᠦ᠂ ᠶᠡᠭᠡ ᠪᠠᠭ᠎ᠠ ᠮᠠᠰᠢᠨ ᠲᠡᠷᠭᠡ ᠬᠤᠶᠢᠰᠢ ᠤᠷᠤᠭᠰᠢ ᠪᠠᠨ ᠰᠦᠯᠵᠢᠯᠳᠦᠭᠡᠳ ᠪᠢᠳᠡᠨ ᠤ ᠪᠠᠷᠠᠭᠤᠨ ᠮᠠᠩᠬᠠᠨ ᠤ ᠰᠢᠷᠭᠤᠯᠵᠢ ᠠᠴᠠ ᠴᠦ ᠤᠯᠠᠨ᠃ ᠤᠯᠤᠰ ᠭᠡᠷ ᠤᠨ ᠬᠥᠭᠵᠢᠯ ᠢ ᠵᠦᠢᠷᠯᠡᠬᠦ ᠶᠢᠨ ᠠᠷᠭ᠎ᠠ ᠦᠭᠡᠢ᠃ ᠬᠥᠮᠥᠨ ᠪᠦᠭᠦᠨ ᠤ ᠴᠢᠷᠠᠢ ᠳᠤ ᠢᠨᠢᠶᠡᠮᠰᠦᠭᠯᠡᠯ ᠲᠣᠳᠣᠷᠠᠭᠠᠳ ᠡᠶ᠎ᠡ ᠵᠣᠬᠢᠴᠠᠩᠭᠤᠢ ᠭᠡᠳᠡᠭ ᠨᠢ ᠭᠠᠶᠢᠬᠠᠯᠲᠠᠢ︕ ᠬᠠᠭᠤᠴᠢᠨ ᠨᠡᠶᠢᠭᠡᠮ ᠳᠤ ᠪᠣᠯᠤᠭᠰᠠᠨ ᠪᠣᠯ ᠡᠪᠦᠭᠡᠨ ᠪᠢ ᠶᠠᠷᠠ ᠭᠦᠷᠦᠨ᠎ᠡ ᠭᠡᠵᠦ ᠭᠤᠨᠵᠢ ᠶᠢᠨ ᠵᠣᠭᠤᠭ ᠠ᠋᠃ ᠨᠠᠮ ᠪᠠ ᠡᠬᠡ ᠣᠷᠣᠨ ᠤ ᠬᠠᠶᠢᠷ᠎ᠠ ᠶᠢ ᠨᠠᠰᠤᠨ ᠳᠠᠭᠠᠨ ᠮᠠᠷᠲᠠᠬᠤ ᠦᠭᠡᠢ᠃ ᠣᠮᠪᠣᠯᠣ ᠳᠣᠮᠪᠣᠯᠤ ᠪᠠᠨ ᠪᠢᠴᠢᠭ ᠰᠠᠶᠢᠨ ᠦᠵᠡᠭᠦᠯᠵᠦ ᠲᠦᠷᠦ ᠵᠠᠰᠠᠭ ᠲᠤ ᠬᠡᠷᠡᠭᠴᠡᠭᠡ ᠲᠠᠢ ᠬᠥᠮᠥᠨ ᠪᠣᠯᠭᠠᠨ ᠬᠥᠮᠥᠵᠢᠭᠦᠯᠦᠨ᠎ᠡ ᠁︾ ᠭᠡᠵᠦ ᠤᠷᠮ᠎ᠠ ᠲᠠᠢ ᠶᠠᠷᠢᠲᠠᠯ᠎ᠠ ᠬᠠᠵᠠᠭᠤ ᠳᠤᠨᠢ ᠪᠠᠶᠢᠭᠰᠠᠨ ᠵᠡᠭᠦᠨ ᠬᠥᠷᠰᠢ ᠶᠢᠨ ᠰᠠᠴᠡᠨᠳᠦ ᠡᠪᠦᠭᠡ ︽ᠵᠠᠨ᠎ᠠ ᠪᠠᠶᠠᠨ ᠤ ᠵᠠᠷᠤᠴᠠ ᠪᠠᠶᠢᠬᠤ ᠳᠠᠭᠠᠨ ᠬᠥᠨᠥᠭ ᠲᠠᠢ ᠰᠦ ᠶᠢ ᠨᠢ ᠰᠠᠨᠠᠮᠰᠠᠷ ᠦᠭᠡᠢ ᠭᠦᠨᠳᠡᠵᠦ ᠤᠨᠠᠭᠠᠭᠠᠳ ᠡᠬᠡᠨᠡᠷ ᠲᠤᠨᠢ ᠠᠷᠠᠰᠤ ᠪᠠᠨ ᠱᠠᠭᠠᠯᠤᠭᠤᠯᠤᠭᠰᠠᠨ ᠢᠶᠠᠨ ᠴᠡᠭᠡᠵᠢᠯᠡᠵᠦ ᠪᠠᠶᠢᠨ᠎ᠠ ᠤᠤ︖︾ ᠭᠡᠵᠦ ᠬᠡᠦᠬᠡᠳ ᠦᠶ᠎ᠡ ᠶᠢᠨ ᠬᠢᠨᠢ ᠤᠴᠠᠷᠠᠯ ᠢ ᠳᠤᠷᠠᠳᠬᠤ ᠪᠠᠷ ᠡᠪᠦᠭᠡ ᠮᠢᠨᠢ ᠬᠠᠳᠠᠭᠠᠨᠠᠲᠠᠯ᠎ᠠ ᠢᠨᠢᠶᠡᠭᠡᠳ ︽ᠶᠠᠭᠤᠨ ᠳᠤ ᠮᠠᠷᠲᠠᠬᠤ ᠶᠤᠮ ᠪᠤᠢ︖ ᠡᠷᠭᠢᠴᠡᠭᠦᠯᠬᠦ ᠪᠠᠷ ᠶᠠᠰᠤ ᠱᠠᠷᠬᠢᠷᠠᠭᠠᠳ︾ ᠭᠡᠰᠡᠨ ᠢᠶᠠᠨ ︽ᠬᠠᠷᠠᠩᠭᠤᠢ ᠴᠠᠭ ᠭᠡᠵᠦ ᠲᠠᠮᠤ ᠶᠢᠨ ᠣᠷᠣᠨ ᠥᠭᠡᠷ᠎ᠡ ᠤᠤ ᠳ᠋ᠠ︖ ᠡᠷᠬᠡ ᠴᠢᠯᠦᠭᠡᠲᠦ ᠤᠳᠤ ᠦᠶ᠎ᠡ ᠲᠠᠢ ᠬᠠᠷᠢᠴᠠᠭᠤᠯᠪᠠᠯ ᠲᠡᠭᠷᠢ ᠭᠠᠵᠠᠷ ᠤᠨ ᠵᠥᠷᠢᠶ᠎ᠡ ᠲᠠᠢ᠁︾ ᠬᠡᠮᠡᠨ ᠪᠠᠭ᠎ᠠ ᠶᠢᠨ ᠦᠶ᠎ᠡ ᠳᠤ ᠴᠣᠬᠢᠭᠳᠠᠭᠰᠠᠨ ᠪᠠᠷᠠᠭᠤᠨ ᠮᠥᠷᠥᠨ ᠤ ᠰᠢᠷᠬ᠎ᠠ ᠪᠠᠨ ᠲᠡᠮᠲᠡᠷᠬᠢᠯᠡᠲᠡᠯ᠎ᠡ ᠰᠡᠴᠡᠨᠳᠦ ᠡᠪᠦᠭᠡ ᠰᠡᠳᠬᠢᠯ ᠢ ᠨᠢ ᠵᠣᠪᠠᠭᠠᠬᠤ ᠠᠴᠠ ᠬᠢᠴᠢᠶᠡᠵᠦ ︽ᠱᠠᠩᠬᠠᠢ ᠶᠢᠨ ᠥᠨᠳᠥᠷ ᠠᠰᠠᠷ ᠢ ᠥᠯᠢᠢᠵᠦ ᠬᠠᠷᠠᠭᠠᠳ ᠮᠠᠯᠠᠭᠠᠢ ᠪᠠᠨ ᠤᠰᠤᠨ ᠳᠤ ᠤᠨᠠᠭᠠᠭᠰᠠᠨ ᠢᠶᠠᠨ ᠪᠤᠳᠤᠪᠠᠯ ᠢᠨᠢᠶᠡᠳᠦ ᠴᠢᠨᠢ ᠬᠦᠷᠬᠦ ᠦᠭᠡᠢ ᠤᠤ︖︾ ᠬᠡᠮᠡᠨ ᠦᠭᠡ ᠶᠢᠨ ᠵᠢᠯᠣᠭᠤ ᠪᠠᠨ ᠡᠷᠭᠢᠭᠦᠯᠪᠡ᠃       ︽ᠰᠠᠴᠡᠨᠳᠤ ᠳᠡᠭᠦᠦᠳᠡᠢ ᠮᠢᠨᠢ᠂ ᠠᠮᠢᠳᠤ ᠶᠠᠪᠤᠪᠠᠯ ᠠᠯᠳᠠᠨ ᠠᠶᠠᠭᠠᠨ ᠠᠴᠠ ᠷᠠᠰᠢᠶᠠᠨ ᠤᠤᠭᠤᠨ᠎ᠠ ᠭᠡᠵᠦ ᠲᠠᠷᠡ ᠠ᠋᠃ ᠡᠬᠡ ᠣᠷᠣᠨ ᠤ ᠪᠠᠨ ᠬᠥᠭᠵᠢᠯ ᠬᠤᠪᠢᠷᠠᠯ ᠢ ᠨᠢᠳᠦ ᠪᠠᠷ ᠢᠶᠠᠨ ᠦᠵᠡᠵᠦ ᠰᠡᠳᠬᠢᠯ ᠲᠡᠨᠢᠭᠦᠨ ᠶᠠᠪᠤᠨ᠎ᠠ ᠭᠡᠭᠴᠢ ᠪᠢᠳᠡ ᠬᠤᠶᠠᠷ ᠲᠤ ᠥᠭᠡᠷ᠎ᠡ ᠶᠠᠮᠠᠷ ᠵᠢᠷᠭᠠᠯ ᠪᠠᠶᠢᠬᠤ ᠪᠤᠢ︖ ᠡᠪ ᠬᠠᠮᠲᠤ ᠨᠠᠮ ᠪᠠᠶᠢᠭᠰᠠᠨ ᠳᠠᠭᠠᠨ ᠲᠦᠷᠦ ᠮᠢᠨᠢ ᠪᠠᠶᠢᠨ᠎ᠠ᠃ ᠲᠠᠪᠢᠨ ᠵᠢᠷᠭᠤᠭᠠᠨ ᠦᠨᠳᠦᠰᠦᠲᠡᠨ ᠲᠦᠪᠰᠢᠨ ᠠᠮᠤᠭᠤᠯᠠᠩ ᠪᠠᠶᠢᠨ᠎ᠠ  ᠁︾ ᠭᠡᠵᠦ ᠬᠤᠶᠠᠷ ᠡᠪᠦᠭᠡ ᠶᠢᠨ ᠶᠠᠷᠢᠶ᠎ᠠ  ᠦᠷᠭᠦᠯᠵᠢᠯᠡᠨ᠎ᠡ᠃       ︽ᠮᠠᠨ ᠤ ᠵᠠᠯᠠᠭᠤ ᠦᠶ᠎ᠡ ᠲᠠᠢ ᠠᠳᠠᠯᠢᠳᠬᠠᠪᠠᠯ ᠤᠳᠤ ᠶᠢᠨ ᠬᠡᠦᠬᠡᠳ ᠶᠠᠭᠠᠬᠢᠭᠰᠠᠨ ᠪᠤᠶᠠᠨ ᠲᠠᠢ ᠪᠤᠢ︖ ᠲᠠᠷᠢᠶ᠎ᠠ ᠤᠷᠤᠭᠤᠯᠬᠤ ᠠᠴᠠ ᠮᠠᠰᠢᠨ᠂ ᠭᠠᠳᠠᠭᠰᠢ ᠭᠠᠷᠬᠤ ᠳᠤ ᠮᠠᠰᠢᠨ᠃ ᠬᠤᠭᠤᠯᠠ ᠪᠤᠳᠠᠭ᠎ᠠ ᠪᠡᠯᠡᠳᠬᠡᠬᠦ ᠳᠤ ᠴᠠᠭᠢᠯᠭᠠᠨ ᠲᠣᠭᠤᠭ᠎ᠠ᠂ ᠬᠠᠷᠢᠯᠴᠠᠨ ᠵᠣᠭᠤᠭᠳᠠᠬᠤ ᠠᠴᠠ ᠭᠠᠷ ᠤᠲᠠᠰᠤ ᠁︾ ᠭᠡᠵᠦ ᠡᠮᠡᠭᠡ ᠵᠡᠭᠦᠨ ᠠᠶᠢᠯ ᠤᠨ ᠵᠢᠩᠶᠡᠷᠮ᠎ᠡ ᠡᠮᠡᠭᠡ ᠲᠠᠢ ᠠᠭᠤᠯᠵᠠᠬᠤ ᠪᠣᠯᠭᠠᠨ ᠰᠡᠳᠬᠢᠯ ᠢᠶᠠᠨ ᠠᠭᠤᠵᠢᠷᠠᠲᠠᠯ᠎ᠠ ᠶᠠᠷᠢᠯᠴᠠᠨ᠎ᠠ᠃       ᠥᠭᠡᠳᠡ ᠡᠰᠡᠷᠡᠭ ᠠᠷᠪᠠᠨ ᠰᠠᠷ᠎ᠠ ᠭᠡᠵᠦ ᠦᠨᠡᠬᠡᠷ ᠭᠦᠷ ᠬᠥᠭᠵᠢᠶᠡᠨ ᠲᠠᠢ᠂ ᠬᠥᠭᠵᠢᠯ ᠪᠠᠶᠠᠰᠤᠯ ᠲᠠᠢ ᠴᠠᠭ ᠮᠥᠴᠡ ᠪᠠᠶᠢᠵᠤ ᠳ᠋ᠠ᠃ᠦᠳᠡᠰᠢ ᠶᠢᠨ ᠬᠥᠰᠢᠭᠡ ᠪᠠᠭᠤᠬᠤ ᠪᠠᠷ ᠠᠶᠢᠯ ᠪᠣᠯᠭᠠᠨ ᠤ ᠪᠡᠶ᠎ᠡ ᠪᠣᠯᠪᠠᠰᠤᠷᠠᠬᠤ ᠶᠡᠭᠡ ᠲᠠᠯᠠᠪᠠᠢ ᠳᠤ ᠨᠠᠷᠠᠨ ᠡᠨᠧᠷᠭᠢ ᠶᠢᠨ ᠴᠠᠭᠢᠯᠭᠠᠨ ᠳ᠋ᠧᠩ ᠳᠤᠸᠠᠯᠠᠭᠠᠳ ᠬᠥᠭᠰᠢᠨ ᠨᠠᠰᠤᠲᠠᠳ ᠠᠴᠠ ᠬᠥᠭᠡᠷᠦᠬᠦᠨ ᠪᠠᠭᠠᠴᠤᠳ ᠭᠦᠷᠳᠡᠯ᠎ᠡ ᠬᠤᠷᠠᠵᠤ ᠴᠤᠭᠯᠠᠷᠠᠭᠠᠳ ᠳᠠᠭᠤᠯᠠᠬᠤ ᠨᠢ ᠳᠠᠭᠤᠯᠠᠵᠤ᠂ ᠪᠥᠵᠢᠭᠯᠡᠬᠦ ᠨᠢ ᠪᠥᠵᠢᠭᠯᠡᠭᠡᠳ᠂ ᠪᠡᠶ᠎ᠡ   ᠪᠣᠯᠪᠠᠰᠤᠷᠠᠬᠤ ᠨᠢ ᠪᠣᠯᠪᠠᠰᠤᠷᠠᠭᠠᠳ ᠬᠤᠳᠠ ᠶᠢᠨ ᠦᠵᠡᠮᠵᠢᠲᠦ ᠴᠡᠴᠡᠷᠯᠢᠭ ᠠᠴᠠ ᠳᠣᠣᠷᠠᠳᠠᠬᠤ ᠦᠭᠡᠢ ᠬᠥᠭᠵᠢᠶᠡᠨ ᠨᠠᠷᠭᠢᠶᠠᠨ᠂ ᠭᠦᠷ ᠪᠠᠶᠠᠷ ᠲᠠᠢ ᠭᠡᠳᠡᠭ ᠨᠢ᠃       ᠰᠢᠨ᠎ᠡ ᠬᠥᠳᠡᠭᠡ ᠶᠢ ᠬᠤᠭᠤᠷᠣᠨᠳᠤ ᠨᠢ ᠬᠤᠯᠪᠣᠭᠰᠠᠨ ᠱᠦᠢᠨᠢ ᠶᠢᠨ ᠵᠠᠮ ᠤᠨ ᠬᠤᠶᠠᠷ ᠲᠠᠯ᠎ᠠ ᠶᠢᠨ ᠳ᠋ᠧᠩ ᠦᠳᠡᠰᠢ ᠶᠢᠨ ᠭᠦᠨ ᠢᠶᠠᠷ ᠭᠡᠷᠡᠯᠳᠦᠨ ᠰᠠᠴᠤᠷᠠᠭᠠᠳ ᠡᠳᠦᠷ ᠮᠡᠲᠦ ᠲᠤᠩᠭᠠᠯᠠᠭ ᠠᠵᠢ᠃ ᠲᠡᠷᠭᠡ ᠬᠥᠰᠬᠡ ᠵᠥᠷᠢᠯᠳᠦᠵᠦ ᠬᠥᠮᠥᠨ ᠤ ᠬᠥᠯ ᠤᠨ ᠴᠢᠮᠡᠭᠡ ᠬᠠᠷᠠᠩᠭᠤᠢ ᠶᠢ ᠦᠷᠭᠦᠭᠡᠵᠦ ᠰᠠᠶᠢᠬᠠᠨ ᠵᠡᠭᠦᠳᠦ ᠶᠢ ᠮᠢᠨᠢ ᠲᠡᠷᠭᠡᠯᠰᠢᠭᠦᠯᠦᠨ᠎ᠡ᠃       ᠠᠮᠢᠳᠤᠷᠠᠯ ᠤᠨ ᠲᠦᠪᠰᠢᠨ ᠳᠡᠭᠡᠭᠰᠢᠯᠡᠬᠦ ᠶᠢ ᠳᠠᠭᠠᠯᠳᠤᠨ ᠬᠥᠮᠥᠨ ᠵᠤᠨ ᠤ ᠦᠵᠡᠯ ᠤᠬᠠᠮᠰᠠᠷ ᠴᠦ  ᠲᠠᠪᠰᠢᠨ᠎ᠠ᠃ ᠬᠡᠨ ᠠᠯᠢᠨ ᠢᠶᠠᠨ ᠬᠠᠪᠰᠤᠷᠴᠤ ᠳᠡᠮᠵᠢᠬᠦ᠂ ᠲᠡᠳᠬᠦᠵᠦ ᠲᠤᠰᠠᠯᠠᠬᠤ ᠪᠠᠷ ᠠᠮᠢ ᠨᠠᠰᠤᠨ ᠤ ᠦᠨ᠎ᠡ ᠦᠷᠳᠡᠭ ᠢᠶᠠᠨ ᠪᠠᠳᠠᠷᠠᠭᠤᠯᠵᠤ ᠴᠢᠳᠠᠨ᠎ᠠ ᠭᠡᠳᠡᠭ ᠢ ᠬᠥᠮᠥᠰ ᠲᠣᠳᠣ ᠲᠠᠨᠢᠵᠤ᠂ ᠥᠪᠡᠷ ᠥᠪᠡᠷ ᠤᠨ ᠬᠦᠴᠦᠨ ᠴᠢᠳᠠᠯ᠂ ᠠᠪᠢᠶᠠᠰ ᠪᠢᠯᠢᠭ ᠢᠶᠠᠨ ᠰᠣᠷᠢᠨ᠎ᠠ᠃ ᠭᠡᠬᠦ ᠳᠡᠭᠡᠨ ᠰᠢᠨ᠎ᠡ ᠬᠥᠳᠡᠭᠡ ᠠᠴᠠ ᠡᠬᠢᠯᠡᠭᠡᠳ ᠬᠥᠭᠵᠢᠭᠰᠡᠨ ᠬᠤᠳᠠ ᠭᠦᠷᠳᠡᠯ᠎ᠡ ᠡᠶ᠎ᠡ ᠡᠪ ᠲᠠᠢ᠂ ᠡᠯᠢᠭᠡᠰᠡᠭ ᠳᠣᠲᠣᠨᠣᠰᠤᠭ ᠠᠵᠤ ᠲᠦᠷᠦᠵᠦ ︽ᠪᠢᠳᠡ ᠪᠦᠭᠦᠳᠡᠭᠡᠷ ᠢᠶᠠᠨ ᠨᠢᠭᠡ ᠭᠡᠷ ᠪᠦᠯᠢ︾ ᠭᠡᠳᠡᠭ ᠰᠡᠳᠬᠢᠯ ᠤᠨ ᠦᠭᠡ ᠨᠢ ᠳᠡᠯᠡᠬᠡᠢ ᠶᠢᠨ ᠠᠩᠬᠠᠷᠤᠯ ᠢ ᠲᠠᠲᠠᠨ᠎ᠠ᠃ ᠠᠷᠪᠠᠨ ᠰᠠᠷ᠎ᠠ ᠣᠷᠣᠭᠰᠠᠨ ᠠᠴᠠ ᠨᠠᠭᠠᠰᠢ ᠠᠪᠤ ᠮᠢᠨᠢ ᠬᠡᠨ ᠠᠴᠠ ᠴᠦ ᠡᠷᠲᠡ ᠪᠣᠰᠴᠤ᠂ ᠭᠠᠴᠠᠭ᠎ᠠ ᠶᠢᠨ ᠠᠯᠪᠠᠨ ᠭᠡᠷ ᠲᠡᠶᠢᠰᠢ ᠬᠠᠷᠠᠵᠤ ᠬᠤᠩᠭᠤᠷ ᠨᠠᠮᠤᠷ ᠤᠨ ᠵᠢᠪᠠᠷ ᠲᠤ ᠨᠠᠮᠢᠷᠠᠨ ᠮᠠᠨᠳᠤᠬᠤ ᠤᠯᠤᠰ ᠤᠨ ᠲᠤᠭ ᠲᠤ ᠮᠡᠬᠦᠶᠢᠨ ᠶᠣᠰᠣᠯᠠᠬᠤ ᠶᠢᠨ ᠳᠠᠭᠠᠤ ᠤᠷᠤᠭᠤᠯ ᠨᠢ ᠣᠪᠣᠷ ᠲᠤᠪᠤᠷ ᠬᠥᠳᠡᠯᠦᠨ᠎ᠡ᠃ ᠡᠬᠡ ᠣᠷᠣᠨ ᠳᠠᠭᠠᠨ ᠦᠨᠡᠨᠴᠢ ᠰᠡᠳᠬᠢᠯ ᠢᠶᠠᠨ ᠢᠯᠡᠳᠬᠡᠵᠦ ᠪᠠᠶᠢᠭ᠎ᠠ ᠨᠢ ᠢᠯᠡᠷᠬᠡᠢ᠃ ᠡᠨᠡ ᠥᠷᠯᠥᠭᠡ ᠮᠥᠨ ᠴᠦ ᠵᠤᠷᠰᠢᠯ ᠶᠣᠰᠣᠭᠠᠷ ᠢᠶᠠᠨ ᠪᠣᠰᠣᠭᠠᠳ ᠤᠷᠭᠤᠨ ᠰᠠᠴᠤᠷᠠᠬᠤ ᠤᠯᠤᠰ ᠤᠨ ᠲᠤᠭ ᠵᠦᠭ ᠬᠠᠷᠠᠵᠤ ᠮᠡᠬᠦᠶᠢᠨ ᠶᠣᠰᠣᠯᠠᠬᠤ ᠳᠤ ᠡᠵᠢ ᠮᠢᠨᠢ ᠠᠷᠤ ᠠᠴᠠ ᠨᠢ ᠬᠠᠷᠠᠵᠤ ᠪᠠᠶᠢᠭᠰᠠᠨ ᠢᠶᠠᠨ ︽ᠠᠷᠪᠠᠨ ᠰᠠᠷ᠎ᠠ ᠰᠠᠭᠠᠲᠠᠬᠤ ᠪᠣᠯᠭᠠᠨ ᠠᠪᠤ ᠶᠢᠨ ᠴᠢᠨᠢ ᠰᠦᠵᠢᠭ ᠨᠡᠮᠡᠭᠳᠡᠳᠡᠭ ᠶᠤᠮ᠃ ᠪᠤᠷᠬᠠᠨ ᠰᠢᠲᠦᠬᠦ ᠦᠭᠡᠢ ᠴᠦ ᠨᠠᠮ᠂ ᠡᠬᠡ ᠤᠯᠤᠰ ᠢᠶᠠᠨ ᠰᠢᠲᠦᠨ᠎ᠡ ᠭᠡᠳᠡᠭ ᠠᠪᠤ ᠶᠢᠨ ᠴᠢᠨᠢ ᠠᠷᠠᠨᠰᠢᠨ︾ ᠭᠡᠵᠦ ᠬᠤᠭᠤᠯᠠ ᠴᠠᠢ ᠪᠠᠨ ᠳᠦᠭᠦᠷᠭᠡᠴᠢᠬᠡᠭᠡᠳ ︽ᠬᠡ᠂ ᠬᠡ ᠁︾ ᠢᠨᠢᠶᠡᠨ᠎ᠡ᠃ ᠡᠨᠡ ᠦᠶ᠎ᠡ ᠳᠤ ᠡᠮᠡᠭᠡ ᠮᠢᠨᠢ ᠡᠵᠢ ᠶᠢᠨ ᠦᠭᠡ ᠡᠯᠭᠦᠨ ︽ᠨᠠᠮ ᠲᠦᠷᠦ ᠬᠤᠶᠠᠷ ᠪᠠᠶᠢᠬᠤ ᠳᠠᠭᠠᠨ ᠰᠠᠶ᠋ᠢ ᠪᠢᠳᠡ ᠡᠷᠬᠡ ᠴᠢᠯᠦᠭᠡ ᠲᠠᠢ ᠠᠮᠢᠳᠤᠷᠠᠵᠤ ᠣᠷᠣᠰᠢᠳᠠᠭ ᠪᠢᠰᠢᠦ︾ ᠭᠡᠵᠦ ᠥᠪᠡᠷ ᠤᠨ ᠬᠢ ᠪᠠᠨ ᠶᠠᠷᠢᠨ᠎ᠠ᠃ ᠲᠡᠶᠢᠮᠦ ᠠ᠋᠂ ᠲᠠᠪᠤᠨ ᠣᠳᠣᠲᠤ ᠤᠯᠤᠰ ᠤᠨ ᠲᠤᠭ ᠢᠶᠠᠨ ᠬᠠᠷᠠᠬᠤ ᠪᠣᠯᠭᠠᠨ ᠮᠢᠨᠤ ᠵᠢᠷᠦᠬᠡ ᠳᠣᠭᠳᠣᠯᠵᠤ᠂ ᠬᠠᠮᠤᠭ ᠪᠡᠶ᠎ᠡ ᠬᠥᠩᠭᠡᠷᠡᠭᠡᠳ ᠬᠡᠶᠢᠮᠣᠷᠢ ᠮᠠᠨᠳᠤᠭᠰᠠᠨ ᠰᠢᠭ᠋ ᠪᠤᠳᠤᠬᠳᠠᠨ᠎ᠠ᠃       ︽ᠲᠦᠷᠦ ᠶᠢᠨ ᠮᠢᠨᠢ ᠲᠤᠭ᠂ ᠲᠦᠮᠡᠨ ᠤ ᠮᠢᠨᠢ ᠲᠦᠰᠢᠭ᠃ ᠨᠠᠮᠢᠷᠠᠬᠤ ᠪᠠᠷ ᠨᠠᠷᠠ ᠲᠤᠶᠠᠭᠠᠷᠠᠵᠤ᠂ ᠨᠠᠶᠢᠷᠠᠮᠳᠠᠭᠤ ᠣᠷᠣᠰᠢᠬᠤᠢ ᠶᠢᠨ ᠵᠦᠩ ᠰᠤᠪᠢᠩ ᠪᠠᠭᠤᠨ᠎ᠠ︾ ᠭᠡᠵᠦ ᠪᠢ ᠪᠠᠶᠠᠨ ᠲᠠᠩᠰᠤᠭ ᠨᠠᠮᠤᠷ ᠤᠨ ᠠᠷᠪᠠᠨ ᠰᠠᠷ᠎ᠠ ᠶᠢᠨ ᠲᠡᠭᠷᠢ ᠶᠢ ᠪᠠᠷᠠᠯᠠᠬᠤ ᠳᠤ ᠰᠡᠳᠬᠢᠯ ᠳᠣᠲᠣᠷ᠎ᠠ ᠠᠮᠤᠭᠤᠯᠠᠩ ᠲᠦᠷᠦ ᠶᠢᠨ ᠲᠠᠪᠤᠨ ᠣᠳᠣᠲᠤ ᠤᠯᠠᠭᠠᠨ ᠲᠤᠭ ᠪᠣᠯᠵᠤ ᠭᠡᠷᠡᠯᠳᠦᠨ ᠰᠠᠴᠤᠷᠠᠨ᠎ᠠ  ᠁       ᠠᠷᠪᠠᠨ ᠰᠠᠷ᠎ᠠ — ᠲᠡᠦᠬᠡ ᠶᠢᠨ ᠭᠡᠷᠡᠯ ᠭᠢᠯᠪᠠᠭ᠎ᠠ᠂ ᠲᠤᠶᠠᠭ᠎ᠠ ᠲᠠᠲᠠᠭᠰᠠᠨ ᠪᠠᠶᠠᠷ ᠤᠨ ᠴᠢᠷᠠᠢ᠂ ᠲᠥᠪᠯᠡᠷᠡᠵᠦ ᠨᠢᠭᠲᠠᠷᠠᠬᠤ ᠶᠢᠨ ᠲᠤᠩᠭᠠᠯᠠᠭ ᠤᠬᠠᠭᠠᠨ᠂ ᠲᠡᠮᠡᠦᠯᠵᠦ ᠬᠦᠷᠬᠦ ᠢᠷᠡᠭᠡᠳᠦᠢ ᠶᠢᠨ ᠠᠯᠳᠠᠨ ᠵᠢᠭᠦᠷ ᠠ᠋︕ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ