ᠰᠠᠬᠢᠭᠴᠢ​
ᠨᠡᠶᠢᠲᠡᠯᠡᠭᠰᠡᠨ ᠴᠠᠭ᠄
2023/10/8
       ᠮᠢᠨᠤ ᠨᠠᠭᠠᠴᠤ ᠡᠮᠡᠭᠡ ᠶᠢᠰᠦᠨ ᠵᠣᠭᠤᠰ ᠢᠶᠠᠷ ᠲᠥᠯᠭᠡ ᠦᠵᠡᠳᠡᠭ ᠢᠶᠠᠷ ᠢᠶᠠᠨ ᠬᠤᠯᠠ ᠣᠶᠢᠷ᠎ᠠ ᠳᠠᠭᠠᠨ ᠠᠯᠳᠠᠷᠲᠠᠢ᠃ ᠡᠨᠡ ᠰᠢᠯᠲᠠᠭᠠᠨ ᠠᠴᠠ ᠪᠣᠯᠤᠭᠰᠠᠨ ᠶᠤᠮ ᠤᠤ ᠡᠰᠡᠬᠦᠯ᠎ᠡ ᠨᠠᠭᠠᠴᠤ ᠡᠮᠡᠭᠡ ᠮᠢᠨᠢ ᠲᠡᠭᠷᠢ ᠠᠭᠠᠷ᠂ ᠭᠠᠵᠠᠷ ᠯᠤᠤᠰ ᠲᠠᠢ ᠭᠡᠯᠡ ᠤᠯᠠ ᠪᠠᠨ ᠣᠯᠣᠯᠴᠠᠳᠠᠭ ᠪᠠᠶᠢᠭᠰᠠᠨ ᠴᠤ ᠶᠤᠮ ᠤᠤ᠂ ᠪᠤᠣ ᠮᠡᠳᠡ᠃ ᠲᠡᠷᠡ ᠵᠣᠨ ᠨᠠᠭᠠᠴᠤ ᠡᠮᠡᠭᠡ ᠮᠢᠨᠢ ᠨᠠᠮᠠᠶᠢ ᠳᠠᠭᠠᠭᠤᠯᠤᠨ ᠲᠡᠷᠲᠡᠭᠡ ᠬᠠᠷᠠᠭᠳᠠᠬᠤ ᠥᠨᠳᠥᠷ ᠠᠴᠠ ᠥᠨᠳᠥᠷ᠂ ᠨᠣᠭᠤᠭᠠᠨ ᠠᠴᠠ ᠨᠣᠭᠤᠭᠠᠨ ᠳᠣᠪᠣᠴᠠᠭ ᠭᠡᠮᠡᠷ ᠪᠦᠳᠦᠭᠦᠨ ᠲᠣᠮᠣ ᠪᠥᠭᠡᠷᠡᠭ ᠪᠠᠷᠠᠳᠠᠨ ᠨᠡᠭᠦᠵᠦ ᠣᠴᠢᠭᠠᠳ ᠨᠤᠲᠤᠭᠰᠢᠭᠰᠠᠨ ᠶᠤᠮ᠃ ᠳᠡᠭᠡᠭᠡᠳ ᠪᠢᠳᠡᠨ ᠤ︽ᠰᠠᠬᠢᠭᠴᠢ︾ ᠬᠡᠮᠡᠨ ᠰᠦᠰᠦᠭᠯᠡᠨ ᠨᠡᠷᠡᠯᠡᠳᠡᠭ ᠲᠡᠷᠡ ᠲᠣᠮᠣ ᠪᠥᠭᠡᠷᠡᠭ ᠤᠨ ᠨᠥᠮᠥᠷᠢ ᠨᠥᠭᠡᠯᠭᠡ ᠲᠠᠢ ᠭᠠᠵᠠᠷ ᠲᠤ ᠢᠳᠡᠭᠡᠰᠢᠨ ᠳᠠᠰᠴᠤ  ᠴᠢᠨᠠᠭᠰᠢᠯᠠᠭᠠᠳ ᠨᠤᠲᠤᠭ ᠤᠰᠤᠨ ᠤ ᠪᠠᠨ ᠲᠡᠷᠡᠬᠡᠨ ᠬᠡᠰᠡᠭ ᠠᠴᠠ ᠰᠠᠯᠵᠤ ᠶᠠᠳᠠᠮ᠎ᠠ ᠰᠣᠨᠢᠬᠠᠨ ᠪᠠᠷᠢᠯᠳᠤᠯᠭ᠎ᠠ ᠲᠠᠢ ᠪᠣᠯᠤᠭᠰᠠᠨ ᠪᠢᠯᠡ᠃       ᠲᠡᠷᠡ ᠣᠨᠴᠠᠭᠠᠢ ᠤᠷᠭᠤᠭᠰᠠᠨ ᠪᠥᠭᠡᠷᠡᠭ ᠪᠤᠲᠠ ᠴᠣᠬᠤᠮ ᠠᠯᠢ ᠦᠶ᠎ᠡ ᠠᠴᠠ ᠡᠨᠡ ᠭᠠᠵᠠᠷ ᠤᠷᠭᠤᠵᠤ ᠲᠥᠯᠵᠢᠵᠦ ᠢᠩᠭᠢᠵᠦ ᠲᠣᠮᠣ ᠪᠣᠯᠤᠭᠰᠠᠨ ᠢ ᠮᠡᠳᠡᠳᠡᠭ ᠬᠥᠮᠥᠨ ᠠᠯᠠᠭ᠎ᠠ᠃ ᠨᠤᠲᠤᠭ ᠤᠨ ᠬᠢᠨ ᠪᠦᠷ ︽ᠰᠠᠬᠢᠭᠴᠢ︾ ᠭᠡᠵᠦ ᠨᠡᠷᠡᠯᠡᠳᠡᠭ᠃ ᠲᠡᠷᠡ ᠪᠣᠯ ᠡᠪ ᠡᠩ ᠤᠨ ᠨᠢᠭᠡᠨ ᠪᠦᠳᠦᠭᠦᠨ ᠨᠠᠪᠴᠢᠯᠢᠭ ᠤᠷᠭᠤᠮᠠᠯ ᠶᠤᠮ᠃ ᠭᠡᠬᠦ ᠳᠡᠭᠡᠨ ᠲᠡᠷᠡ ᠠᠭᠤᠯᠠ ᠰᠢᠭ᠋ ᠪᠥᠬᠡᠵᠢᠵᠦ᠂ ᠡᠭᠦᠯᠡ ᠰᠢᠭ ᠰᠠᠯᠠᠭᠠᠯᠠᠵᠤ ᠰᠠᠭᠰᠠᠶᠢᠭᠰᠠᠭᠠᠷ ᠣᠳᠣ ᠪᠣᠯᠵᠠᠢ᠃ ᠰᠠᠬᠢᠭᠴᠢ ᠳᠤ ᠲᠣᠣᠷᠠᠢ ᠰᠢᠭ᠋ ︽ᠤᠷᠭᠤᠭᠠᠳ ᠮᠢᠩᠭᠠᠨ ᠵᠢᠯ᠂ ᠤᠨᠠᠭᠠᠳ ᠮᠢᠩᠭᠠᠨ ᠵᠢᠯ᠂ ᠥᠭᠢᠷᠡᠭᠡᠳ ᠮᠢᠩᠭᠠᠨ ᠵᠢᠯ︾ ᠤᠨ ᠮᠥᠩᠬᠡ ᠶᠢᠨ ᠤᠪᠠᠳᠢᠰ ᠪᠠᠶᠢᠬᠤ ᠦᠭᠡᠢ ᠴᠦ ᠭᠦᠪᠡᠭᠡ ᠬᠢᠵᠠᠭᠠᠷ ᠦᠭᠡᠢ ᠭᠤᠪᠢ ᠨᠤᠲᠤᠭ ᠲᠤ ᠬᠠᠷᠠᠭ᠎ᠠ ᠲᠣᠷᠬᠤ  ᠪᠤᠲᠠ ᠪᠤᠷᠭᠠᠰᠤ ᠦᠭᠡᠢ ᠠᠭᠤᠳᠠᠮ ᠵᠠᠢ ᠳᠤ ᠣᠨᠳᠣᠣ ᠭᠠᠵᠠᠷ ᠠᠴᠠ ᠣᠯᠵᠤ ᠬᠠᠷᠠᠮ᠎ᠠ ᠦᠭᠡᠢ ᠥᠪᠡᠷᠮᠢᠴᠡ ᠦᠵᠡᠮᠵᠢ᠂ ᠣᠨᠴᠠᠯᠢᠭ ᠴᠢᠨᠠᠷ ᠲᠡᠭᠦᠨ ᠳᠤ ᠪᠦᠷᠢᠨ ᠭᠦᠢᠴᠡᠳ ᠪᠤᠢ ᠭᠡᠵᠦ ᠪᠢ ᠣᠮᠤᠭ ᠪᠠᠷᠳᠠᠮ ᠪᠤᠳᠤᠳᠠᠭ᠃       ᠪᠠᠭ᠎ᠠ ᠨᠠᠰᠤᠨ ᠤ ᠨᠢᠴᠦᠭᠦᠨ ᠬᠥᠯ ᠤᠨ ᠢᠶᠠᠨ ᠮᠥᠷ ᠢ ᠦᠯᠡᠳᠡᠭᠡᠵᠦ ᠲᠠᠮᠠᠭᠠᠯᠠᠭᠰᠠᠨ ᠲᠡᠷᠡ ᠦᠶ᠎ᠡ ᠶᠢᠨ ᠰᠠᠬᠢᠭᠴᠢ ᠶᠢ ᠪᠠᠶᠢᠭᠠᠯᠢ ᠶᠢᠨ ᠴᠡᠴᠡᠷᠯᠢᠭ ᠭᠡᠮᠡᠷ᠃ ᠳᠥᠷᠪᠡᠨ ᠤᠯᠠᠷᠢᠯ ᠤᠨ ᠲᠤᠷᠰᠢ ᠰᠢᠷᠦᠭᠦᠨ ᠰᠢᠭᠤᠷᠭ᠎ᠠ ᠱᠤᠤᠭᠢᠨ ᠬᠤᠤᠭᠢᠬᠤ ᠰᠠᠯᠬᠢ ᠭᠠᠵᠠᠷ ᠤᠨ ᠬᠥᠷᠥᠰᠥᠨ ᠠᠴᠠ ᠥᠨᠥᠴᠢᠨ ᠡᠪᠡᠰᠦᠨ ᠤ ᠦᠨᠳᠦᠰᠦ ᠶᠢ ᠭᠦᠷᠲᠡᠯ᠎ᠡ ᠦᠯᠡᠳᠡᠭᠡᠯ ᠦᠭᠡᠢ ᠬᠡᠶᠢᠰᠬᠡᠨ ᠣᠲᠣᠭᠰᠠᠨ ᠴᠤ ᠰᠠᠬᠢᠭᠴᠢ ᠡᠬᠡ ᠭᠠᠵᠠᠷ ᠤᠨ ᠢᠶᠠᠨ ᠵᠢᠷᠦᠬᠡᠨ ᠠᠴᠠ ᠭᠠᠩ ᠬᠤᠯᠪᠣᠭᠠᠲᠠᠢ ᠶᠤᠮᠰᠢᠭ ᠬᠡᠨᠡᠭ ᠴᠤ ᠦᠭᠡᠢ ᠰᠦᠭᠯᠡᠶᠢᠭᠰᠡᠭᠡᠷ ᠪᠠᠶᠢᠳᠠᠭ᠃ ᠶᠡᠭᠡ ᠭᠤᠪᠢ ᠶᠢᠨ ᠭᠠᠩ ᠬᠠᠭᠰᠠᠷᠠᠭᠠᠨ ᠦᠷᠭᠦᠯᠵᠢ ᠶᠢᠨ ᠴᠢᠨᠠᠷᠲᠠᠢ ᠲᠤᠶᠢᠯ ᠤᠨ ᠬᠡᠴᠡᠭᠦᠦ ᠪᠠᠶᠢᠳᠠᠭ ᠴᠤ ᠰᠠᠬᠢᠭᠴᠢ ᠲᠣᠯᠣᠭᠠᠢ ᠬᠠᠯᠵᠠᠶᠢᠵᠥ ᠨᠢᠷᠤᠭᠤ ᠪᠥᠬᠦᠶᠢᠵᠦ ᠦᠵᠡᠭᠡ ᠦᠭᠡᠢ᠃ᠲᠡᠷᠡ ᠡᠬᠡ ᠪᠠᠶᠢᠭᠠᠯᠢ ᠶᠢᠨ ᠢᠶᠠᠨ ᠡᠯᠢᠭᠡᠨ ᠳᠤ ᠭᠦᠨ ᠦᠨᠳᠦᠰᠦᠯᠡᠵᠦ᠂ ᠡᠭᠡᠷᠡᠮ᠎ᠡ ᠲᠠᠴᠢᠷ ᠴᠦ ᠭᠡᠰᠡᠨ ᠡᠩᠬᠦᠷᠡᠶᠢᠬᠡᠨ ᠨᠤᠲᠤᠭ ᠲᠠᠭᠠᠨ ᠮᠥᠩᠬᠡ ᠬᠤᠷᠭᠤᠳᠠᠵᠤ ᠰᠠᠬᠢᠨ ᠰᠠᠭᠤᠬᠤ ᠲᠠᠷᠬᠠᠨ ᠡᠭᠦᠷᠭᠡ ᠶᠢ ᠡᠷᠡᠰ ᠰᠢᠭᠤᠷᠬᠠᠢ ᠭᠥᠯᠢᠶᠡᠨ ᠠᠪᠤᠭᠰᠠᠨ ᠶᠣᠰᠣᠲᠠᠢ ᠨᠡᠷ᠎ᠡ ᠨᠢᠳᠡᠷ ᠲᠡᠭᠡᠨ ᠨᠡᠶᠢᠴᠡᠭᠰᠡᠨ ︽ᠰᠠᠬᠢᠭᠴᠢ︾ ᠶᠤᠮ ᠳ᠋ᠠ᠃ ᠲᠡᠭᠦᠨ ᠤ ᠣᠷᠣᠢ ᠳᠡᠭᠡᠷ᠎ᠡ ᠠᠴᠠ ᠥᠯᠥᠭᠡᠢ ᠨᠤᠲᠤᠭ ᠤᠨ ᠪᠦᠭᠦ ᠦᠵᠡᠮᠵᠢ ᠶᠢ ᠬᠠᠷᠠᠭ᠎ᠠ ᠳᠦᠭᠦᠷᠡᠩ ᠪᠠᠷᠠᠯᠠᠵᠤ ᠪᠤᠯᠳᠠᠭ᠃       ᠴᠠᠰᠤ ᠮᠥᠰᠥ ᠭᠤᠤ ᠵᠢᠯᠠᠭ᠎ᠠ ᠶᠢ ᠳᠦᠭᠦᠷᠭᠡᠨ ᠬᠤᠩᠭᠠᠷᠯᠠᠭᠰᠠᠨ ᠴᠦ ᠰᠠᠬᠢᠭᠴᠢ ᠶᠢᠨ ᠡᠩᠭᠡᠷ ᠲᠠᠬᠢ  ᠴᠠᠰᠤ ᠬᠠᠷᠢᠨ ᠬᠡᠳᠦᠶᠢᠨᠡᠢ  ᠬᠠᠶᠢᠯᠴᠢᠬᠠᠭᠰᠠᠨ ︽ᠠᠳᠡ ᠴᠠᠰᠤ ᠣᠷᠣᠭᠰᠠᠨ︾ ᠭᠡᠵᠦ ᠬᠡᠯᠡᠬᠦ ᠳᠤ ᠢᠲᠡᠭᠡᠮᠡᠷ ᠦᠭᠡᠢ ᠳᠤᠯᠠᠭᠠᠬᠠᠨ ᠪᠠᠶᠢᠳᠠᠭ᠃ ᠭᠤᠨᠠᠨ ᠦᠬᠡᠷ ᠤᠨ ᠡᠪᠡᠷ ᠬᠠᠭ᠎ᠠ ᠬᠥᠯᠳᠡᠮ᠎ᠡ ᠭᠤᠷᠪᠠ ᠶᠢᠰᠦ ᠶᠢᠨ ᠬᠦᠢᠲᠡᠨ ᠳᠤ ᠴᠦ ᠰᠠᠬᠢᠭᠴᠢ ᠶᠢᠨ ᠨᠥᠮᠥᠷᠢ ᠳᠤ ᠰᠠᠶ᠋ᠢᠬᠠᠨ ᠭᠠᠷᠤᠭᠰᠠᠨ ᠬᠤᠷᠠᠭ᠎ᠠ ᠢᠰᠢᠭᠡ ᠠᠯᠢ ᠬᠡᠳᠦᠶᠢᠨ ᠰᠦ ᠪᠠᠨ ᠬᠥᠬᠦᠭᠡᠳ ᠴᠠᠳᠴᠢᠬᠠᠭᠰᠠᠨ ᠡᠬᠡ ᠪᠠᠨ ᠳᠠᠭᠠᠭᠠᠳ ᠳᠡᠭᠳᠡᠵᠦ ᠪᠠᠶᠢᠳᠠᠭ ᠰᠠᠨ᠃ ᠭᠠᠩ ᠲᠠᠢ ᠵᠢᠯ ᠤᠳ ᠲᠤ ᠰᠠᠬᠢᠭᠴᠢ ᠶᠢᠨ ᠡᠪᠦᠷ ᠲᠤ ᠵᠢᠯ ᠢᠶᠠᠷ ᠢᠳᠡᠵᠦ ᠪᠤᠯᠳᠠᠭ ᠡᠪᠡᠰᠦᠨ ᠤ ᠨᠠᠮᠠᠭ᠎ᠠ ᠬᠤᠷᠠᠨ ᠴᠤᠭᠯᠠᠷᠠᠵᠤ ᠮᠠᠯ ᠰᠦᠷᠦᠭ ᠭᠡᠳᠡᠰᠦ ᠠᠯᠳᠠᠳᠠᠭ ᠦᠭᠡᠢ ᠪᠢᠯᠡ᠃       ᠰᠠᠬᠢᠭᠴᠢ ᠶᠢᠨ ᠣᠬᠴᠢᠨ ᠳᠤ ᠬᠡᠴᠢᠨᠡᠭᠡᠨ ᠡᠳᠦᠷ ᠢᠶᠠᠷ ᠬᠠᠶᠢᠯᠭᠠᠵᠤ ᠤᠤᠭᠤᠬᠤ ᠪᠠᠷ ᠴᠠᠰᠤ ᠬᠤᠶᠢᠯᠠᠷᠠᠨ ᠬᠤᠷᠠᠳᠠᠭ᠃ ᠠᠮᠠᠨ ᠤᠰᠤᠨ ᠠᠴᠠ  ᠨᠡᠯᠢᠶᠡᠳ ᠬᠤᠯᠠ ᠨᠤᠲᠤᠭᠰᠢᠭᠰᠠᠨ ᠨᠠᠭᠠᠴᠤ ᠡᠮᠡᠭᠡ ᠮᠢᠨᠢ ᠡᠨᠡ ᠴᠠᠰᠤ ᠪᠠᠷ ᠴᠠᠢ ᠬᠤᠭᠤᠯᠠ ᠪᠠᠨ ᠵᠠᠯᠭᠠᠭᠤᠯᠵᠤ ᠣᠯᠠᠨ ᠡᠳᠦᠷ ᠢ ᠠᠷᠤ ᠳᠠᠭᠠᠨ ᠣᠷᠭᠢᠳᠠᠭ  ᠪᠢᠯᠡ᠃ ᠰᠠᠬᠢᠭᠴᠢ ᠶᠢᠨ ᠤᠯᠠᠭᠠᠨ ᠭᠤᠶᠣᠣ ᠶᠢᠨ ᠭᠠᠷᠤᠯᠲᠠ ᠨᠢ ᠮᠠᠨ ᠤ ᠬᠢᠨ ᠤ ᠵᠢᠯ ᠪᠦᠷᠢ ᠶᠢᠨ ᠭᠠᠳᠠᠭᠤᠷ ᠣᠷᠤᠯᠭ᠎ᠠ ᠶᠢᠨ ᠨᠥᠬᠦᠪᠦᠷᠢ ᠪᠤᠯᠳᠠᠭ᠃ ᠰᠠᠬᠢᠭᠴᠢ ᠵᠣᠨ ᠤ ᠰᠡᠭᠦᠯᠴᠢ ᠪᠣᠯᠪᠠᠯ ᠢᠳᠡᠭᠡᠳ ᠪᠠᠷᠠᠰᠢ ᠦᠭᠡᠢ ᠨᠤᠲᠤᠭ ᠤᠨ  ᠵᠢᠮᠢᠰ ᠪᠤᠯᠬᠤ ᠬᠠᠷᠮᠠᠭ ᠰᠠᠭᠤᠳᠠᠭ᠃ ᠪᠢ ᠲᠡᠭᠦᠨ ᠢ ᠨᠢ  ᠱᠠᠩᠳᠠᠭᠤᠷᠠᠲᠠᠯ᠎ᠠ ᠪᠠᠨ ᠢᠳᠡᠵᠦ᠂ ︽ᠨᠢᠷᠤᠭᠤᠨ︾ ᠳᠡᠭᠡᠷ᠎ᠡ ᠨᠢ ᠲᠣᠭᠯᠠᠨ ᠥᠰᠦᠭᠰᠡᠨ ᠶᠤᠮ᠃ ᠲᠡᠭᠦᠨ ᠢᠶᠠᠷ ᠲᠦᠰᠢᠭ ᠬᠠᠨᠢ ᠲᠠᠲᠠᠵᠤ ᠣᠷᠣᠢ ᠳᠤᠨᠢ ᠭᠠᠷᠤᠭᠠᠳ ᠠᠯᠤᠰ ᠤᠨ ᠪᠠᠷ᠎ᠠ ᠶᠢ ᠤᠳᠠᠲᠠᠯ᠎ᠠ ᠰᠠᠷᠠᠪᠴᠢᠯᠠᠳᠠᠭ ᠨᠠᠭᠠᠴᠤ ᠡᠮᠡᠭᠡ ᠮᠢᠨᠢ ᠠᠯᠢ ᠡᠷᠲᠡ ᠪᠤᠷᠬᠠᠨ ᠪᠣᠯᠤᠭᠰᠠᠨ ᠡᠵᠢ  ᠪᠠᠨ  ᠣᠯᠣᠭᠠᠳ ᠬᠠᠷᠠᠭᠰᠠᠨ ᠰᠢᠭ᠋ ᠤᠶᠠᠷᠠᠨ ᠬᠠᠶᠢᠯᠵᠤ᠂ ᠳᠡᠩᠳᠡᠭᠦᠦ ᠵᠠᠯᠠᠭᠤ ᠪᠠᠷ ᠢᠶᠠᠨ ᠬᠤᠷᠸ᠎ᠠ ᠠᠴᠠ ᠬᠠᠯᠢᠭᠰᠠᠨ ᠭᠠᠭᠴᠠᠬᠠᠨ ᠥᠬᠢᠨ ᠢᠶᠠᠨ ᠪᠤᠳᠣᠨ ᠭᠠᠰᠢᠭᠤᠳᠠᠨ ᠤᠬᠢᠯᠠᠵᠤ᠂ ᠦᠯᠡᠳᠡᠵᠦ ᠬᠤᠴᠣᠷᠤᠭᠰᠠᠨ ᠦᠷ᠎ᠡ ᠰᠠᠳᠤᠨ ᠤ ᠪᠠᠨ ᠭᠡᠭᠡᠨ ᠰᠠᠶᠢᠬᠠᠨ ᠢ ᠤᠷᠢᠳᠴᠢᠯᠠᠨ ᠬᠠᠷᠠᠵᠤ᠂ ᠲᠡᠭᠦᠪᠡᠷ ᠢᠶᠠᠨ ᠲᠦᠷ ᠴᠦ ᠭᠡᠰᠡᠨ ᠪᠠᠶᠠᠰᠤᠯ ᠲᠠᠶᠢᠳᠬᠤᠷᠠᠯ ᠣᠯᠳᠠᠭ ᠪᠠᠶᠢᠭᠰᠠᠨ ᠪᠣᠯᠪᠠ ᠦᠦ ᠳ᠋ᠠ᠃  ᠬᠤᠯᠠ ᠶᠢ ᠬᠠᠷᠠᠭᠤᠯᠵᠤ ᠬᠤᠲᠠᠯᠠ ᠶᠢ ᠪᠣᠳᠣᠭᠤᠯᠳᠠᠭ ᠥᠨᠳᠥᠷᠬᠡᠨ ᠪᠤᠲᠠ ᠰᠠᠬᠢᠭᠴᠢ ᠮᠢᠨᠢ ᠨᠠᠮᠠᠶᠢ ᠨᠠᠷᠠ᠂ ᠰᠠᠷᠠ᠂ ᠣᠳᠣ ᠭᠠᠷᠠᠭ ᠲᠤ ᠣᠶᠢᠷᠠᠲᠤᠭᠤᠯᠤᠭᠰᠠᠨ ᠭᠠᠶᠢᠬᠠᠮᠰᠢᠭᠲᠤ ᠵᠠᠭᠠᠨ ᠰᠢᠭ᠋ ᠤᠷᠭᠤᠮᠠᠯ ᠪᠠᠶᠢᠭᠰᠠᠨ ᠢ ᠪᠢ ᠬᠡᠵᠢᠶ᠎ᠡ ᠴᠦ ᠮᠠᠷᠲᠠᠬᠤ ᠶᠣᠰᠣ ᠦᠭᠡᠢ᠃ ᠲᠡᠷᠡ ᠮᠠᠨᠢ ᠨᠠᠪᠴᠢ ᠮᠥᠴᠢᠷ ᠢᠶᠠᠨ ᠳᠠᠭᠠᠭᠠᠬᠤ ᠪᠠᠨ ᠪᠣᠯᠢᠵᠤ ᠶᠡᠭᠡ ᠮᠠᠩᠬᠠᠨ ᠳᠤ ᠪᠤᠯᠠᠬᠳᠠᠨ ᠪᠤᠯᠠᠬᠳᠠᠬᠰᠠᠭᠠᠷ ᠥᠷᠥᠰᠢᠶᠡᠯ ᠦᠭᠡᠢ ᠬᠤᠷᠸ᠎ᠠ ᠠᠴᠠ ᠨᠢᠭᠡ ᠯᠠ ᠡᠳᠦᠷ ᠰᠠᠯᠤᠭᠠᠳ ᠣᠳᠣᠯ᠎ᠠ ᠴᠦ ᠦᠨᠳᠦᠰᠦ ᠰᠠᠯᠠᠭ᠎ᠠ ᠪᠠᠷ ᠢᠶᠠᠨ ᠬᠠᠪᠢ ᠣᠷᠴᠢᠨ ᠢᠶᠠᠨ ᠲᠡᠵᠢᠭᠡᠨ ᠲᠡᠳᠬᠦᠭᠰᠡᠭᠡᠷ᠂ ᠠᠷᠪᠠᠨ  ᠵᠦᠭ ᠲᠡᠭᠡᠨ  ᠬᠠᠶᠠᠭ᠎ᠠ ᠪᠠᠨ  ᠲᠡᠯᠡᠨ  ᠦᠷᠡᠵᠢᠨ ᠥᠳᠬᠡᠷᠡᠭᠰᠡᠭᠡᠷ ᠪᠠᠶᠢᠬᠤ ᠪᠣᠯᠣᠨ᠎ᠠ ᠭᠡᠳᠡᠭ ᠲᠤ ᠢᠲᠡᠭᠡᠯ ᠪᠠᠳᠠᠷᠠᠩᠭᠤᠢ᠃       ︽ᠴᠠᠭ ᠴᠠᠭ ᠢᠶᠠᠷ ᠢᠶᠠᠨ ᠪᠠᠶᠢᠳᠠᠭ ᠦᠭᠡᠢ᠂ ᠴᠠᠬᠢᠯᠳᠠᠭ ᠬᠥᠬᠡ ᠪᠠᠷ ᠢᠶᠠᠨ ᠬᠠᠲᠠᠳᠠᠭ ᠦᠭᠡᠢ︾ᠭᠡᠳᠡᠭᠴᠢᠯᠡᠨ ᠨᠠᠭᠠᠴᠤ ᠡᠮᠡᠭᠡ ᠪᠢᠳᠠ ᠬᠤᠶᠠᠷ  ᠲᠡᠭᠷᠢ ᠲᠠᠢ ᠲᠡᠷᠰᠯᠡᠯᠳᠦᠨ᠂ ᠭᠠᠵᠠᠷ ᠲᠠᠢ ᠭᠠᠴᠢᠯᠳᠤᠭᠠᠳ ᠪᠠᠶᠢᠵᠤ ᠶᠠᠭᠠᠬᠢᠵᠤ ᠪᠤᠯᠬᠤ ᠪᠢᠯᠡ᠃ ᠨᠢᠭᠡ ᠮᠡᠳᠡᠬᠦ ᠳᠤ ᠢᠪᠴᠤᠤ ᠴᠢᠬᠤᠯᠬᠠᠨ ᠣᠷᠣᠨ ᠵᠠᠢ ᠳᠤ ᠬᠤᠷᠭᠤᠳᠠᠬᠤ ᠪᠣᠯᠪᠠ᠃ ᠲᠡᠷᠡ ᠦᠶ᠎ᠡ ᠳᠤ ᠪᠢᠳᠡ ᠰᠠᠬᠢᠭᠴᠢ ᠶᠢ ᠬᠠᠶᠢᠬᠤᠷᠬᠤ ᠲᠡᠩᠬᠡᠭᠡ ᠴᠢᠳᠠᠯ ᠪᠠᠶᠢᠭᠰᠠᠨ ᠦᠭᠡᠢ᠃ ᠦᠨᠡᠨᠳᠡᠭᠡᠨ ᠪᠢᠳᠠ ᠠᠲᠠ ᠠᠴᠠ ᠪᠠᠨ ᠰᠠᠯᠬᠤ ᠳᠤᠷ᠎ᠠ ᠦᠭᠡᠢ᠃ ᠨᠡᠩ  ᠴᠦ  ᠬᠠᠶᠢᠷ᠎ᠠ ᠰᠢᠩᠭᠡᠭᠰᠡᠨ ᠰᠠᠬᠢᠭᠴᠢ ᠳᠠᠭᠠᠨ ︽ᠪᠠᠶᠠᠷᠲᠠᠢ︕︾ ᠭᠡᠵᠦ ᠬᠡᠯᠡᠬᠦ ᠶᠢ ᠬᠦᠰᠡᠬᠦ ᠦᠭᠡᠢ ᠪᠢᠯᠡ᠃       ᠬᠤᠷᠢᠭᠠᠳ ᠵᠢᠯ ᠤᠨ ᠲᠤᠷᠰᠢ ᠪᠢᠳᠠ ᠰᠠᠬᠢᠭᠴᠢ ᠶᠢ ᠭᠡᠳᠦ ᠤᠳᠠᠭ᠎ᠠ ᠡᠷᠭᠢᠵᠦ ᠦᠵᠡᠭᠰᠡᠨ᠃ ᠲᠡᠷᠡ ᠮᠠᠨᠢ ︽ᠰᠠᠬᠠᠯ ᠰᠠᠨᠴᠢᠭ︾ ᠲᠠᠭᠠᠨ ᠶᠠᠭᠠᠬᠢᠬᠤ ᠶᠢᠨ ᠠᠷᠭ᠎ᠠ ᠦᠭᠡᠢ ᠪᠠᠷᠢᠭᠳᠠᠭᠠᠳ ᠰᠦᠷᠡᠬᠡᠢ  ᠥᠲᠡᠯᠦᠭᠰᠡᠨ ᠰᠢᠭ ᠪᠣᠯᠵᠤ ᠪᠢᠳᠡᠨ ᠢ ᠤᠭᠲᠤᠵᠤ ᠠᠪᠤᠭᠰᠠᠨ ᠶᠤᠮ᠃  ᠬᠤᠷᠣᠬᠠᠢ ᠰᠢᠪᠠᠵᠢ ᠳᠤ ᠢᠳᠡᠭᠳᠡᠭᠡᠳ ᠶᠠᠩᠵᠤ ᠪᠠᠶᠢᠳᠠᠯ ᠢᠶᠠᠨ ᠠᠶᠢᠬᠤᠪᠲᠤᠷ ᠠᠯᠳᠠᠴᠢᠬᠠᠭᠰᠠᠨ᠂ ᠡᠯᠡᠰᠦ ᠮᠠᠩᠬᠠᠨ ᠳᠤ ᠲᠠᠯ᠎ᠠ ᠪᠡᠶ᠎ᠡ ᠨᠢ ᠳᠠᠷᠤᠭᠳᠠᠭᠠᠳ ᠬᠡᠳᠦᠬᠡᠨ ᠰᠠᠯᠠᠭ᠎ᠠ ᠮᠥᠴᠢᠷ ᠨᠢ ᠰᠠᠯᠬᠢᠨ ᠤ ᠬᠥᠩᠭᠡᠨ ᠦᠯᠢᠶᠡᠯᠲᠡ ᠶᠢ ᠴᠦ ᠳᠠᠭᠠᠭᠠᠬᠤ ᠦᠭᠡᠢ ᠰᠤᠯᠠ ᠳᠣᠷᠣᠢ ᠬᠥᠭᠰᠢᠨ ᠪᠤᠲᠠ ᠪᠣᠯᠴᠢᠬᠠᠭᠰᠠᠨ ᠢ ᠬᠠᠷᠠᠭᠠᠳ ᠰᠡᠳᠬᠢᠯ ᠰᠢᠮᠰᠢᠷᠡᠵᠦ᠂ ᠪᠤᠳᠣᠯ ᠭᠠᠩᠰᠠᠷᠠᠵᠤ ᠪᠢᠯᠡ᠃       ᠴᠠᠭ ᠤᠨ ᠰᠠᠶᠢᠬᠠᠨ ᠳᠤ  ᠴᠢᠯᠦᠭᠡᠲᠡᠢ ᠰᠣᠩᠭᠤᠯᠲᠠ ᠬᠢᠵᠦ ᠣᠶᠤᠲᠠᠨ ᠪᠢ ᠠᠯᠪᠠᠨ ᠰᠢᠷᠡᠭᠡ ᠲᠦᠰᠢᠬᠦ ᠠᠮᠠᠷᠬᠠᠨ ᠠᠵᠢᠯ ᠢᠶᠠᠨ ᠬᠠᠶᠠᠭᠠᠳ ᠨᠤᠲᠤᠭ ᠲᠠᠭᠠᠨ ᠪᠤᠴᠠᠵᠤ ᠮᠠᠯᠵᠢᠬᠤ ᠠᠮᠢᠳᠤᠷᠠᠯ ᠢᠶᠠᠨ ᠡᠬᠢᠯᠡᠭᠦᠯᠪᠡ᠃ ᠰᠠᠬᠢᠭᠴᠢ ᠪᠠᠨ ᠰᠠᠨᠠᠨ ᠮᠥᠷᠥᠭᠡᠳᠦᠭᠰᠡᠨ ᠠᠷᠢᠭᠤᠨ ᠰᠡᠳᠬᠢᠯ᠂ ᠤᠨᠠᠭᠠᠨ ᠨᠠᠰᠤᠨ ᠤ ᠮᠢᠨᠢ  ᠪᠠᠶᠠᠷ ᠪᠠᠶᠠᠰᠬᠤᠯᠠᠩ ᠪᠦᠷ ᠲᠡᠨᠳᠡ ᠯᠠ ᠦᠯᠡᠳᠡᠭᠰᠡᠨ ᠢ ᠪᠢ ᠬᠠᠷᠢᠵᠤ ᠣᠴᠢᠭᠠᠳ ᠵᠢᠷᠦᠬᠡ ᠰᠡᠳᠬᠢᠯ ᠢᠶᠠᠷ ᠢᠶᠠᠨ ᠮᠡᠳᠡᠷᠡᠵᠦ ᠪᠢᠯᠡ᠃ ᠮᠢᠨᠤ ᠠᠮᠢᠳᠤᠷᠠᠯ ᠬᠥᠳᠡᠭᠡ ᠳᠤ ᠯᠠ ᠪᠠᠶᠢᠵᠤ ᠲᠠᠭᠠᠷᠠᠨ᠎ᠠ᠃ ᠣᠬᠤᠷᠬᠠᠨ ᠬᠤᠭᠤᠴᠠᠭᠠᠨ ᠳᠣᠲᠣᠷ᠎ᠠ ᠠᠶᠢᠯ ᠬᠤᠲᠠᠯᠠ ᠠᠴᠠ ᠵᠢᠭᠡᠯᠡᠭᠰᠡᠨ ᠪᠤᠶᠤ ᠠᠷᠪᠠ ᠬᠤᠷᠢ ᠪᠠᠷ ᠬᠤᠳᠠᠯᠳᠤᠵᠤ ᠠᠪᠤᠭᠰᠠᠨ ᠲᠠᠪᠤᠨ ᠬᠤᠰᠢᠭᠤ ᠮᠠᠯ ᠮᠠᠨᠢ ᠰᠠᠬᠢᠭᠴᠢ ᠶᠢ ᠪᠠᠷᠠᠳᠠᠨ ᠳᠠᠭᠢᠨ ᠥᠰᠴᠦ ᠦᠷᠡᠵᠢᠯ᠎ᠡ᠃ ᠰᠠᠬᠢᠭᠴᠢ ᠴᠦ ᠲᠡᠭᠷᠢ ᠳᠤ ᠲᠡᠳᠬᠦᠭᠳᠡᠨ ᠭᠠᠵᠠᠷ ᠲᠤ ᠢᠪᠡᠭᠡᠭᠳᠡᠵᠦ᠂ ᠡᠳᠦᠷ ᠠᠴᠠ ᠡᠳᠦᠷ ᠥᠩᠭᠡᠵᠢᠨ ᠰᠢᠨᠡᠳᠴᠦ᠂ ᠰᠡᠷᠭᠦᠨ ᠠᠮᠢᠯᠠᠬᠤ ᠨᠢ ᠲᠣᠳᠣᠷᠬᠠᠢ ᠪᠣᠯᠵᠤ ᠢᠷᠡᠪᠡ᠃       ᠴᠤᠯ ᠪᠠᠶᠢᠭᠠᠯᠢ ᠪᠠᠷ ᠢᠶᠠᠨ᠂ ᠦᠷ᠎ᠡ ᠦᠨᠳᠦᠰᠦ ᠪᠠᠷ ᠢᠶᠠᠨ᠂ ᠤᠤᠯ ᠲᠥᠷᠬᠦ  ᠪᠠᠷ ᠢᠶᠠᠨ  ᠪᠠᠶᠢᠵᠤ ᠯᠠ ᠪᠠᠶᠢᠭᠰᠠᠨ ᠴᠠᠭ ᠲᠤ ᠶᠠᠭᠤᠮ᠎ᠠ ᠦᠵᠡᠭᠳᠡᠯ ᠳᠠᠭᠢᠨ ᠰᠡᠷᠭᠦᠨ ᠪᠣᠰᠴᠤ ᠴᠢᠳᠠᠳᠠᠭ ᠢ ᠰᠠᠬᠢᠭᠴᠢ ᠪᠤᠲᠠ ᠮᠢᠨᠢ ᠬᠡᠯᠡᠭᠡᠳ ᠪᠠᠶᠢᠬᠤ ᠶᠤᠮ ᠠ᠋᠃ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ