ᠰᠡᠳᠬᠢᠯ ᠪᠠ ᠥᠴᠢᠯ
ᠨᠡᠶᠢᠲᠡᠯᠡᠭᠰᠡᠨ ᠴᠠᠭ᠄
2023/11/1
       ᠳᠡᠭᠦᠦ ᠲᠠᠢ ᠪᠠᠨ ᠠᠭᠤᠯᠵᠠᠭ᠎ᠠ ᠦᠭᠡᠢ ᠲᠦᠷᠪᠠᠨ ᠵᠠᠭᠤ ᠲᠠᠯᠨ ᠬᠤᠨᠣᠴᠢᠬᠠᠯ᠎ᠠ᠃ ᠡᠳᠡᠭᠡᠷ ᠡᠳᠦᠷ ᠤᠳ ᠢ ᠳᠡᠭᠦᠦ ᠮᠢᠨᠢ ᠶᠠᠭᠠᠬᠢᠵᠤ ᠥᠩᠭᠡᠷᠡᠭᠡᠭᠰᠡᠨ ᠪᠣᠯ︖ᠪᠠᠭ᠎ᠠ ᠡᠭᠡᠴᠢ ᠳᠡᠭᠡᠨ ᠮᠠᠰᠢ ᠶᠡᠭᠡ ᠭᠤᠮᠣᠳᠠᠭᠰᠠᠨ ᠪᠠᠶᠢᠬ᠎ᠠ⁈ ᠢᠩᠭᠢᠵᠦ ᠪᠤᠳᠤᠬᠤᠯᠠᠷ ᠡᠮᠨᠡᠯᠭᠡ ᠶᠢᠨ ᠬᠤᠷᠢᠶᠠᠨ ᠳᠠᠬᠢ ᠲᠡᠳᠡᠭᠡᠷ ᠭᠠᠰᠢᠭᠤᠨ ᠡᠳᠦᠷ ᠤᠳ ᠰᠠᠨᠠᠭᠳᠠᠵᠤ ᠰᠢᠨᠠᠯᠭᠠᠬᠤ ᠶᠤᠮ᠃       ᠪᠤᠴᠠᠬᠤ ᠰᠢᠪᠠᠭᠤᠳ ᠤᠨ ᠭᠠᠩᠭᠠᠨᠠᠭᠠᠨ ᠳᠤ ᠭᠤᠨᠢᠭ ᠲᠡᠭᠡᠭᠡᠭᠰᠡᠨ ᠲᠡᠷᠡ ᠵᠢᠯ ᠤᠨ ᠰᠢᠷᠭᠠᠯ ᠨᠠᠮᠤᠷ ᠪᠢ ᠪᠡᠭᠡᠵᠢᠩ ᠬᠤᠲᠠ ᠳᠤ ᠣᠴᠢᠬᠤ ᠶᠠᠭ ᠳᠤᠷ᠎ᠠ ᠦᠭᠡᠢ ᠪᠠᠶᠢᠯ᠎ᠠ᠃ ᠣᠶᠢᠷ᠎ᠠ ᠳᠥᠲᠡ ᠠᠯᠢ ᠨᠢᠭᠡ ᠲᠣᠮᠣᠬᠠᠨ ᠡᠮᠨᠡᠯᠭᠡ ᠳᠤ ᠯᠠ ᠡᠮᠨᠡᠭᠦᠯᠭᠦ ᠭᠡᠳ ᠡᠨᠡ ᠲᠡᠷᠡ ᠪᠠᠶᠢᠳᠠᠭ ᠬᠠᠷᠢᠴᠠᠭ᠎ᠠ ᠪᠠᠨ ᠠᠰᠢᠭᠯᠠᠭᠠᠳ ᠮᠠᠰᠢ ᠰᠠᠶᠢᠨ ᠲᠤᠰᠬᠠᠢ ᠮᠡᠷᠭᠡᠵᠢᠯᠲᠡᠨ ᠡᠮᠴᠢ ᠶᠢ ᠡᠷᠢᠵᠦ ᠡᠮᠨᠡᠯᠭᠡ ᠶᠢᠨ ᠨᠠᠷᠢᠨ ᠲᠥᠰᠥᠪ ᠢ ᠭᠦᠷᠲᠡᠯ᠎ᠡ ᠬᠢᠯᠭᠡᠴᠢᠬᠡᠭᠰᠡᠨ ᠶᠤᠮ᠃ ᠭᠡᠲᠡᠯ᠎ᠡ ᠴᠢ ᠵᠠᠪᠠᠯ ᠪᠡᠭᠡᠵᠢᠩ ᠳᠤ ᠦᠵᠡᠭᠦᠯᠭᠦ ᠭᠡᠳ ᠵᠢᠳᠬᠦᠭᠡᠳ ᠪᠠᠶᠢᠬᠤᠯᠠᠷ ᠨᠢ ᠰᠠᠨᠠᠭ᠎ᠠ ᠶᠢ ᠴᠢᠨᠢ ᠳᠠᠭᠠᠭᠤᠯᠵᠤ ᠠᠷᠭ᠎ᠠ ᠦᠭᠡᠢ ᠲᠡᠷᠡ ᠵᠦᠭ ᠢ ᠵᠣᠷᠢᠭᠰᠠᠨ ᠬᠡᠷᠡᠭ᠃       ᠪᠢᠳᠠ ᠬᠤᠶᠠᠷ ᠪᠡᠭᠡᠵᠢᠩ ᠳᠤ ᠪᠠᠷᠤᠭ ᠬᠤᠶᠠᠷ ᠰᠠᠷ᠎ᠠ ᠰᠠᠭᠤᠯ᠎ᠠ᠃ ᠡᠮᠨᠡᠯᠭᠡ ᠶᠢᠨ ᠥᠷᠥᠭᠡᠨ ᠳᠤ ᠣᠷᠣ ᠡᠵᠡᠯᠡᠵᠦ ᠳᠡᠶᠢᠯᠦᠭᠰᠡᠨ ᠦᠭᠡᠢ ᠪᠤᠯᠪᠠᠴᠤ ᠠᠯᠢᠪᠠ ᠰᠢᠨᠵᠢᠯᠡᠭᠡ ᠶᠢ ᠪᠠᠷᠤᠭ ᠪᠦᠷ ᠭᠢᠯᠭᠡᠵᠦ ᠠᠮᠵᠢᠭᠰᠠᠨ ᠶᠤᠮ᠃       ᠴᠢ ᠪᠣᠯ ᠳᠣᠲᠣᠷ᠎ᠠ ᠪᠠᠨ ᠶᠡᠭᠡ ᠶᠠᠭᠤᠮ᠎ᠠ ᠪᠤᠳᠤᠳᠠᠭ ᠬᠥᠮᠥᠨ᠃ ᠪᠢᠳᠠ ᠬᠤᠶᠠᠷ ᠵᠢᠵᠢᠭᠬᠡᠨ ᠪᠠᠭᠤᠳᠠᠯ ᠳᠤ ᠲᠣᠯᠣᠭᠠᠢ ᠲᠣᠯᠣᠭᠠᠢ ᠪᠠᠨ ᠲᠤᠯᠭᠠᠵᠤ ᠬᠤᠶᠠᠷ ᠰᠠᠷ᠎ᠠ ᠶᠢ ᠥᠩᠭᠡᠷᠡᠭᠦᠯᠦᠭᠰᠡᠨ ᠪᠤᠯᠪᠠᠴᠤ ᠨᠠᠳᠠᠳᠤ ᠶᠡᠷᠦ ᠨᠢ ᠶᠡᠭᠡ ᠠᠷᠪᠢᠨ ᠶᠠᠭᠤᠮ᠎ᠠ ᠶᠠᠷᠢᠳᠠᠭ ᠦᠭᠡᠢ᠃ ᠬᠠᠷᠢᠨ ᠪᠢ ᠬᠡᠷᠡᠭ ᠲᠠᠢ ᠬᠡᠷᠡᠭ ᠦᠭᠡᠢ ᠰᠡᠳᠦᠪ  ᠭᠦᠨᠳᠡᠵᠦ ᠣᠯᠠᠨ ᠶᠠᠭᠤᠮ᠎ᠠ  ᠶᠠᠷᠢᠬᠤ ᠳᠤ᠄ ︽ᠪᠢᠳᠠᠨ ᠳᠤ ᠬᠠᠮᠢᠶ᠎ᠠ ᠦᠭᠡᠢ ᠵᠦᠢᠯ  ᠁︾ ︽ᠲᠡᠶᠢᠮᠦ ᠠᠷᠪᠢᠨ ᠢ ᠬᠠᠮᠢᠶᠠᠷᠤᠭᠠᠳ ᠶᠠᠭᠠᠬᠢᠬᠤ ᠭᠡᠰᠡᠨ ᠶᠤᠮ︕︾ᠭᠡᠵᠦ ᠴᠢ ᠬᠡᠭᠵᠡᠭᠦᠷᠬᠡᠨ᠎ᠡ᠃ ᠦᠨᠡᠨ ᠳᠡᠭᠡᠨ ᠴᠢᠮᠠᠶᠢ ᠡᠪᠡᠳᠴᠢᠨ ᠳᠡᠭᠡᠨ ᠰᠢᠨᠠᠯᠤᠨ ᠰᠡᠳᠬᠢᠯ ᠢᠶᠠᠷ ᠤᠨᠠᠴᠢᠬᠠᠬᠤ ᠪᠣᠯᠪᠠ ᠦᠦ ᠬᠡᠮᠡᠨ ᠵᠢᠷᠦᠬᠡᠰᠢᠶᠡᠵᠦ᠂ ᠳᠡᠯ ᠰᠤᠯᠠ ᠶᠠᠷᠢᠶ᠎ᠠ ᠡᠭᠦᠰᠬᠡᠨ ᠲᠠᠶᠢᠳᠬᠤᠷᠠᠭᠤᠯᠬᠤ ᠭᠡᠰᠡᠨ ᠮᠢᠨᠤ ᠴᠠᠭᠠᠨ ᠰᠠᠨᠠᠭᠠᠨ ᠤ ᠡᠭᠦᠰᠪᠦᠷᠢ ᠲᠡᠳᠦᠢ᠃       ᠲᠡᠷᠡ ᠦᠶ᠎ᠡ ᠳᠤ ᠪᠢ ᠥᠪᠡᠷ ᠢ ᠪᠠᠨ ᠦᠷᠭᠦᠯᠵᠢ ᠪᠠᠶᠠᠰᠤᠩᠭᠤᠢ ᠶᠠᠪᠤᠬᠤ ᠬᠡᠷᠡᠭᠲᠡᠢ ᠭᠡᠵᠦ ᠰᠠᠨᠠᠭᠤᠯᠵᠤ ᠪᠠᠶᠢᠯ᠎ᠠ᠃ ᠠᠰᠠᠷ ᠤᠨ ᠬᠤᠩᠭᠢᠯ ᠳᠤ ᠥᠭᠡᠷ᠎ᠡ ᠪᠤᠰᠤᠳ ᠠᠴᠠ ᠨᠢᠭᠤᠵᠤ  ᠪᠠᠶᠢᠨ ᠪᠠᠶᠢᠨ ᠨᠢᠯᠪᠤᠰᠤᠨ ᠳᠠᠭᠠᠨ ᠳᠡᠪᠲᠦᠲᠡᠯ᠎ᠡ ᠤᠭᠢᠯᠠᠳᠠᠭ ᠪᠠᠶᠢᠭᠰᠠᠨ ᠢ ᠬᠡᠨ ᠮᠡᠳᠡᠬᠦ ᠪᠤᠢ᠃ ᠲᠠᠨᠢᠯ ᠪᠤᠰᠤ ᠪᠡᠭᠡᠵᠢᠩ ᠬᠤᠲᠠ ᠨᠠᠳᠠ ᠳᠤ ᠳᠠᠩᠴᠤ ᠬᠡᠴᠡᠭᠦᠦ ᠰᠠᠨᠠᠭᠳᠠᠭᠰᠠᠨ ᠶᠤᠮ᠃ ᠪᠤᠯᠳᠠᠭ ᠰᠠᠨ ᠪᠣᠯ ᠨᠢᠭᠡ ᠯᠠ ᠰᠥᠨᠢ ᠶᠢᠨ ᠬᠤᠭᠤᠷᠣᠨᠳᠤ ᠳᠡᠭᠦᠦ ᠪᠠᠨ ᠡᠳᠡᠭᠡᠷᠡᠭᠦᠯᠴᠢᠬᠡᠭᠡᠳ ᠨᠤᠲᠤᠭ ᠲᠠᠭᠠᠨ ᠨᠢᠰᠦᠭᠡᠳ ᠣᠴᠢᠬᠤ ᠰᠠᠨ ᠭᠡᠵᠦ ᠮᠥᠷᠥᠭᠡᠳᠦᠨ᠎ᠡ᠃ ᠡᠪᠡᠳᠴᠢᠨ ᠡᠮᠭᠡᠭ ᠦᠭᠡᠢ᠂ ᠢᠨᠢᠶᠡᠳᠦ  ᠠᠯᠳᠠᠭᠰᠠᠨ ᠬᠠᠯᠠᠭᠤᠨ ᠳᠣᠲᠣᠨᠣ ᠳᠦᠷᠢ ᠶᠢ ᠴᠢᠨᠢ ᠴᠠᠭ ᠢᠮᠠᠭᠲᠠ ᠡᠷᠭᠢᠴᠡᠭᠦᠯᠵᠦ᠂ ︽ᠥᠷᠢ ᠦᠭᠡᠢ ᠪᠣᠯ ᠪᠠᠶᠠᠨ᠂ ᠡᠪᠡᠳᠴᠢᠨ ᠦᠭᠡᠢ ᠪᠣᠯ ᠵᠢᠷᠭᠠᠯ︾ᠭᠡᠰᠡᠨ ᠳᠡᠭᠡᠳᠦᠰ ᠤᠨ ᠦᠭᠡ ᠶᠠᠮᠠᠷ ᠭᠠᠶᠢᠬᠠᠮᠰᠢᠭᠲᠠᠢ ᠦᠨᠡᠨ ᠦᠭᠡ ᠶᠤᠮ ᠪᠤᠢ ᠭᠡᠵᠦ ᠪᠢᠰᠢᠷᠡᠨ ᠤᠬᠠᠭᠠᠷᠠᠵᠤ ᠪᠢᠯᠡ᠃ᠡᠮᠴᠢ ᠶᠢᠨ ᠰᠠᠨᠠᠭᠤᠯᠭ᠎ᠠ ᠪᠠᠷ ᠪᠢᠳᠡ ᠮᠡᠰᠡ ᠵᠠᠰᠠᠯ ᠬᠢᠯᠭᠡᠭᠡᠳ ᠬᠠᠷᠢᠵᠤ ᠢᠷᠡᠪᠡ᠃ ᠰᠠᠨᠠᠭᠠᠨ ᠠᠴᠠ ᠭᠠᠳᠠᠭᠤᠷ ᠥᠨᠥ ᠠᠶᠤᠮᠰᠢᠭᠲᠤ ᠡᠪᠡᠳᠴᠢᠨ ᠪᠢᠰᠢ ᠪᠠᠶᠢᠵᠠᠢ᠃ ᠡᠮᠴᠢ ᠴᠦ ᠥᠪᠡᠷ ᠢᠶᠠᠨ ᠭᠠᠶᠢᠬᠠᠵᠤ ᠪᠠᠶᠢᠯ᠎ᠠ᠃ ᠶᠠᠭᠤ ᠴᠦ ᠭᠡᠰᠡᠨ ᠡᠨᠡ ᠮᠠᠭᠤ ᠭᠠᠢ ᠲᠠᠢ ᠡᠪᠡᠳᠴᠢᠨ ᠤ ᠤᠷᠰᠢᠭ ᠠᠴᠠ ᠪᠣᠯᠵᠤ ᠪᠢᠲᠡ ᠬᠤᠶᠠᠷ ᠤᠨ ᠳᠤᠮᠳᠠ ᠦᠯᠦ ᠣᠶᠢᠯᠠᠭᠠᠯᠴᠠᠯ ᠤᠨ ᠬᠡᠷᠡᠮ ᠵᠠᠭᠠᠭᠯᠠᠭᠰᠠᠨ ᠪᠤᠯᠣᠯᠲᠠᠢ᠃       ᠴᠢ ᠨᠠᠳᠠᠳᠤ ᠶᠡᠭᠡ ᠭᠤᠮᠣᠳᠠᠭᠰᠠᠨ ᠶᠠᠩᠵᠤ ᠲᠠᠢ᠃ ᠪᠢ ᠴᠦ ᠥᠪᠡᠷ ᠢ ᠪᠠᠨ ᠪᠤᠷᠤᠭᠤᠳᠬᠠᠵᠤ ᠶᠠᠪᠤᠯ᠎ᠠ᠃  ᠪᠢ ᠴᠢᠮᠠᠳᠤ ᠵᠥᠪ ᠵᠥᠪᠯᠡᠯᠭᠡ ᠥᠭᠴᠦ ᠴᠢᠳᠠᠭᠰᠠᠨ ᠦᠭᠡᠢ ᠨᠢ ᠳᠠᠩᠴᠤ ᠬᠠᠷᠠᠮᠰᠠᠯᠲᠠᠢ᠃ ᠬᠡᠰᠡᠭ ᠬᠤᠭᠤᠴᠠᠭᠠᠨ ᠳᠤ ᠪᠢ ᠬᠠᠷᠠᠮᠰᠠᠯ ᠤᠨ ᠭᠦᠨ ᠭᠦᠪ ᠲᠤ ᠤᠨᠠᠭᠰᠠᠨ ᠢ ᠴᠢ ᠶᠠᠭᠠᠬᠢᠨ ᠮᠡᠳᠡᠬᠦ ᠪᠢᠯᠡ᠃       ᠪᠠᠭ᠎ᠠ ᠳᠠᠭᠠᠨ ᠴᠢ ᠪᠢᠷ᠎ᠠ ᠴᠢᠳᠠᠯ ᠲᠠᠢ᠂ ᠪᠤᠶᠢᠯᠠ ᠪᠤᠷᠠᠨᠲᠠᠭ ᠦᠭᠡᠢ ᠡᠮᠨᠢᠭ ᠲᠡᠮᠡᠭᠡ ᠳᠤ ᠪᠠᠷᠢᠨ ᠮᠣᠷᠳᠠᠵᠤ ᠲᠤᠶᠢᠯᠠᠭᠤᠯᠵᠤ᠂ ᠬᠡᠴᠢᠨᠡᠭᠡᠨ ᠲᠠᠬᠰᠢᠬᠰᠠᠨ ᠴᠦ ᠬᠠᠳᠠᠴᠢᠬᠠᠬᠰᠠᠨ ᠶᠤᠮᠰᠢᠭ ᠣᠶᠢᠴᠢᠳᠠᠭ ᠦᠭᠡᠢ ᠡᠮᠨᠡᠭᠴᠢᠨ ᠪᠠᠶᠢᠭᠰᠠᠨ ᠪᠢᠯᠡ᠃ ᠲᠡᠭᠡᠭᠦ ᠳᠤ ᠪᠢ ᠬᠠᠷᠢᠨ ᠪᠣᠲᠣᠭᠤ ᠡᠷᠬᠡᠯᠡᠭᠦᠯᠵᠦ ᠨᠠᠭᠠᠳᠬᠤ ᠶᠢ ᠯᠨ ᠮᠡᠳᠡᠳᠡᠭ᠃ ᠲᠡᠷᠡ ᠲᠡᠭᠷᠢ︵ᠲᠢᠶᠠᠨ ᠵᠢᠦ︶ ᠨᠠᠭᠠᠳᠤᠮ ᠳᠤ ᠴᠢ ᠰᠦᠷᠡᠬᠡᠢ ᠬᠤᠵᠢᠳᠠᠭ ᠪᠠᠶᠢᠭᠰᠠᠨ᠃ ᠨᠠᠭᠠᠴᠤ ᠡᠮᠡᠭᠡ ᠮᠢᠨᠢ ᠪᠢᠳᠠ ᠬᠤᠶᠠᠷ ᠲᠤ ᠰᠢᠭᠦᠭᠴᠢ ᠪᠠᠷ ᠠᠵᠢᠯᠯᠠᠨ᠎ᠠ᠃ ᠳᠡᠭᠦᠦ ᠴᠢᠨᠢ ᠬᠤᠵᠢᠬᠤ ᠶᠣᠰᠣᠲᠠᠢ ᠭᠡᠵᠦ ᠨᠠᠭᠠᠴᠤ ᠡᠮᠡᠭᠡ ᠶᠢᠨ ᠶᠠᠷᠢᠬᠤ ᠶᠢ ᠪᠢ ᠶᠡᠷᠦᠨᠢ ᠭᠥᠯᠢᠶᠡᠨ ᠠᠪᠳᠠᠭ ᠦᠭᠡᠢ ᠪᠠᠶᠢᠯ᠎ᠠ᠃ ᠲᠡᠭᠡᠭᠦ ᠳᠤ ᠨᠠᠮᠠᠶᠢ ᠨᠠᠭᠠᠳᠤᠮ ᠲᠣᠭᠯᠠᠭᠠᠮ ᠳᠠᠭᠠᠭᠠᠬᠤ ᠦᠭᠡᠢ᠂ ᠨᠠᠭᠠᠳᠬᠤ ᠪᠠᠨ ᠪᠣᠯᠢᠴᠢᠬᠠᠬᠤ ᠠᠴᠠ ᠡᠮᠢᠶᠡᠵᠦ ᠡᠰᠡᠬᠦᠯ᠎ᠡ ᠡᠭᠡᠴᠢ ᠪᠠᠨ ᠪᠠᠶᠠᠰᠬᠠᠬᠤ ᠭᠡᠳ ᠯᠠ ᠵᠣᠷᠢᠭᠤᠳᠠ ᠠᠯᠳᠠᠳᠠᠭ ᠪᠠᠶᠢᠭᠰᠠᠨ ᠪᠢᠵᠡ᠃ ᠲᠡᠷᠡ ᠦᠶ᠎ᠡ ᠳᠤ ᠪᠢ ᠠᠯᠳᠠᠴᠢᠬᠠᠪᠠᠯ ᠫᠠᠢ ᠮᠣᠳᠣ ᠪᠠᠨ ᠬᠠᠶᠠᠵᠤ᠂ ᠳᠡᠪᠢᠰᠬᠡᠷ ᠰᠢᠷᠲᠡᠭ ᠢᠶᠠᠨ ᠴᠦ ᠬᠠᠭᠤᠯᠵᠤ ᠬᠠᠶᠠᠵᠤ ᠲᠦᠷᠰᠦᠭᠦᠶᠢᠲᠡᠨ᠎ᠡ᠃ ᠰᠤᠷᠭᠠᠭᠤᠯᠢ ᠳᠤ ᠰᠠᠭᠤᠭᠰᠠᠨ ᠠᠴᠠ ᠬᠤᠶᠢᠰᠢ ᠴᠢᠮ᠎ᠠ ᠲᠠᠢ ᠲᠡᠭᠡᠵᠦ ᠲᠣᠭᠯᠠᠵᠤ ᠨᠠᠭᠠᠳᠬᠤ ᠠᠴᠠ ᠥᠩᠭᠡᠷᠡᠵᠡᠢ᠃ ᠬᠠᠶᠠ ᠬᠠᠶᠠ ᠨᠠᠭᠠᠴᠤ ᠡᠮᠡᠭᠡ ᠶᠢᠨ ᠳᠡᠷᠭᠡᠳᠡ ᠪᠠᠶᠢᠭ᠎ᠠ ᠡᠭᠡᠴᠢ ᠪᠠᠨ ᠦᠵᠡᠬᠦ ᠪᠠᠷ ᠢᠷᠡᠬᠦ ᠳᠤ ᠶᠡᠭᠡ ᠯᠠ ᠲᠣᠮᠤᠭ᠎ᠠ ᠰᠠᠭᠤᠭᠰᠠᠨ ᠰᠢᠭ᠋ ᠬᠠᠷᠠᠭᠳᠠᠳᠠᠭ᠃ ᠶᠠᠭ ᠯᠠ ᠮᠢᠨᠤ ᠠᠬ᠎ᠠ  ᠭᠡᠮᠡᠷ᠃ ᠨᠠᠭᠠᠴᠤ ᠡᠮᠡᠭᠡ ᠮᠢᠨᠢ ᠴᠦ ︽ᠬᠤᠵᠤᠤᠯ᠎ᠠ ᠬᠦᠦ ᠤᠬᠠᠭ᠎ᠠ ᠣᠷᠣᠵᠠᠢ︾ᠭᠡᠵᠦ ᠳᠠᠩᠳᠠ ᠶᠠᠷᠢᠳᠠᠭ ᠪᠠᠶᠢᠭᠰᠠᠨ᠃       ᠲᠡᠷᠡ ᠭᠡᠨᠡᠨ ᠴᠠᠶᠢᠯᠭᠠᠨ ᠬᠡᠦᠬᠡᠳ ᠨᠠᠰᠤ ᠬᠠᠶᠢᠷ᠎ᠠ ᠨᠠᠶᠢᠷ ᠦᠭᠡᠢ ᠥᠩᠭᠡᠷᠡᠵᠦ᠂ ᠪᠢᠲᠡ ᠣᠲᠣ ᠥᠪᠡᠷ ᠥᠪᠡᠷ ᠤᠨ ᠢᠶᠠᠨ ᠠᠵᠢᠯ ᠠᠮᠢᠳᠤᠷᠠᠯ ᠳᠠᠭᠠᠨ ᠪᠣᠷᠪᠢ ᠪᠣᠬᠢᠰᠬᠢᠯ ᠦᠭᠡᠢ ᠵᠢᠳᠬᠦᠵᠦ  ᠶᠠᠪᠤᠨᠠᠮ᠃ ᠴᠢ ᠪᠢᠳᠠ ᠲᠡᠭᠢᠭᠠᠳ ᠬᠡᠴᠢᠨᠡᠭᠡᠨ ᠵᠢᠯ ᠠᠮᠢᠳᠤ ᠶᠠᠪᠤᠬᠤ ᠶᠢ ᠲᠡᠭᠷᠢ ᠯᠡ ᠮᠡᠳᠡᠨ᠎ᠡ᠃ ᠶᠠᠮᠠᠷ ᠴᠦ ᠪᠠᠶᠢᠭᠰᠠᠨ ᠴᠤᠭ ᠠᠮᠢᠳᠤᠷᠠᠵᠤ ᠲᠣᠭᠯᠠᠵᠤ᠂ ᠬᠠᠮᠲᠤ ᠪᠠᠶᠠᠷᠯᠠᠵᠤ ᠭᠤᠨᠢᠭᠰᠠᠨ ᠲᠡᠷᠡ ᠪᠦᠭᠦᠨ ᠢ ᠬᠡᠵᠢᠶ᠎ᠡ ᠴᠦ ᠮᠠᠷᠲᠠᠵᠤ ᠴᠢᠳᠠᠬᠤ ᠦᠭᠡᠢ᠂ ᠬᠡᠵᠢᠶ᠎ᠡ ᠴᠦ ᠮᠠᠷᠲᠠᠬᠤ ᠶᠣᠰᠣ ᠦᠭᠡᠢ ᠭᠡᠳᠡᠭ ᠲᠤ ᠡᠷᠡᠭᠡᠯᠵᠡᠭᠡ ᠠᠯᠠᠭ᠎ᠠ᠃       ᠴᠢᠨᠦ ᠥᠬᠢᠨ ᠳᠤ ᠪᠢᠳᠠ ᠪᠦᠭᠦᠳᠡᠭᠡᠷ ᠬᠠᠶᠢᠷᠠᠲᠠᠢ᠃ ᠣᠨᠴᠠᠭᠠᠶᠢᠯᠠᠨ ᠡᠭᠡᠴᠢ᠃ ᠬᠠᠬᠢᠷ ᠡᠪᠦᠯ ᠤᠨ ᠬᠦᠢᠲᠡᠨ ᠳᠤ ᠡᠭᠡᠴᠢ ᠮᠢᠨᠢ ᠥᠪᠡᠷ ᠤᠨ ᠬᠦᠦ ᠲᠠᠢ ᠪᠠᠨ ᠴᠤᠬ ᠣᠢ ᠭᠦᠷᠦᠭᠡ ᠦᠭᠡᠢ ᠬᠤᠶᠠᠷ ᠬᠡᠦᠬᠡᠳ ᠢ ᠮᠣᠲ᠋ᠣᠷ ᠲᠠᠭᠠᠨ ᠰᠤᠨᠳᠠᠯᠠᠭᠠᠳ ᠲᠣᠰᠴᠤ ᠬᠦᠷᠭᠡᠬᠦ ᠶᠢᠨ ᠳᠠᠭᠠᠤ ᠵᠡᠭᠡᠯᠢ ᠭᠤᠳᠤᠮᠵᠢ ᠪᠠᠷ ᠪᠣᠣᠪᠤ ᠪᠤᠤᠰᠠ ᠬᠤᠳᠠᠯᠳᠤᠨ᠎ᠠ᠃ ᠬᠤᠶᠠᠷ ᠨᠢᠯᠬ᠎ᠠ ᠬᠡᠦᠬᠡᠳ ᠳᠠᠭᠠᠭᠤᠯᠤᠭᠠᠳ ᠡᠭᠡᠴᠢ ᠮᠢᠨᠢ ᠶᠡᠭᠡ ᠯᠡ ᠵᠦᠳᠡᠵᠦ ᠪᠠᠶᠢᠭᠰᠠᠨ ᠪᠠᠶᠢᠬ᠎ᠠ᠃  ᠴᠢᠮ᠎ᠠ ᠳᠤ ᠵᠢᠭᠠᠬᠠᠨ ᠴᠦ ᠭᠡᠰᠡᠨ ᠲᠤᠰᠠ ᠲᠡᠮ ᠪᠣᠯᠣᠶ᠎ᠠ ᠭᠡᠵᠦ ᠪᠤᠳᠤᠬᠰᠠᠨ ᠠᠴᠠ ᠪᠢᠰᠢ ᠥᠪᠡᠷ ᠲᠤᠨᠢ ᠲᠡᠭᠡᠭᠡᠷ᠎ᠡ ᠴᠢᠷᠦᠭᠡᠰᠦ ᠪᠣᠯᠵᠤ ᠪᠠᠶᠢᠨ᠎ᠠ ᠭᠡᠵᠦ ᠣᠬᠲᠣ ᠰᠠᠨᠠᠭᠰᠠᠨ ᠦᠭᠡᠢ ᠨᠢ ᠮᠡᠳᠡᠭᠡᠵᠢ᠃       ᠴᠢᠨᠦ ᠳᠤᠷᠠᠰᠬᠠᠯ ᠪᠣᠯᠭᠠᠨ ᠥᠭᠭᠦᠭᠰᠡᠨ ᠮᠥᠩᠭᠦᠨ ᠠᠶᠠᠭ᠎ᠠ ᠶᠢ ᠪᠢᠳᠠ ᠪᠦᠷ ᠬᠡᠷᠡᠭᠯᠡᠭᠰᠡᠭᠡᠷ᠃ ᠶᠣᠰᠣᠲᠠᠢ ᠤᠷᠠᠨ ᠭᠤᠶᠣ ᠬᠢᠴᠡ ᠲᠠᠢ᠂ ᠡᠷᠬᠢᠮ ᠡᠳ᠋ᠯᠡᠯ ᠪᠣᠯᠬᠤᠷ ᠪᠢᠳᠠ ᠪᠦᠷ ᠨᠠᠨᠳᠢᠩᠨᠠᠨ ᠡᠷᠬᠢᠮᠨᠡᠳᠡᠭ᠃       ᠰᠣᠨᠤᠰᠬᠤᠯᠠᠷ ᠴᠢ ᠭᠡᠷ ᠲᠡᠷᠭᠡ ᠪᠠᠨ ᠬᠤᠳᠠᠯᠳᠤᠵᠤ ᠥᠭᠡᠷ᠎ᠡ ᠬᠤᠷᠢᠶᠠᠯᠠᠯ ᠳᠤ ᠨᠡᠭᠦᠭᠡᠳ ᠥᠬᠢᠨ ᠢᠶᠠᠨ ᠴᠤ ᠬᠤᠯᠠ ᠶᠢᠨ ᠰᠤᠷᠭᠠᠭᠤᠯᠢ ᠳᠤ ᠰᠢᠯᠵᠢᠭᠦᠯᠦᠭᠰᠡᠨ ᠭᠡᠰᠡᠨ ᠰᠤᠷᠠᠭ ᠲᠠᠢ᠃ ᠣᠷᠣᠨ ᠭᠠᠷᠤᠨ ᠴᠢᠮᠠᠶᠢ ᠣᠯᠵᠤ ᠬᠠᠷᠠᠬᠤ ᠪᠠᠨ ᠪᠣᠯᠢᠭᠰᠠᠨ᠃ ᠲᠡᠭᠡᠭᠡᠳ ᠴᠦ ᠶᠠᠭᠠᠬᠢᠬᠤᠪ᠃ ᠦᠨᠡᠨ ᠬᠦ ᠡᠭᠡᠴᠢ ᠪᠠᠨ ᠦᠵᠡᠨ ᠶᠠᠳᠠᠵᠤ᠂ ᠰᠠᠨᠠᠭ᠎ᠠ ᠪᠤᠳᠣᠯ ᠴᠢᠨᠢ ᠤᠶᠢᠮᠤᠷᠠᠵᠤ ᠭᠤᠨᠢᠭ ᠵᠣᠪᠠᠯᠠᠩ ᠳᠤ ᠠᠪᠲᠠᠭᠳᠠᠳᠠᠭ ᠪᠣᠯ ᠨᠢᠭᠡ ᠬᠡᠰᠡᠭ ᠪᠠᠷ᠎ᠠ ᠪᠠᠷ᠎ᠠ ᠪᠠᠨ ᠦᠵᠡᠬᠦ ᠦᠭᠡᠢ ᠬᠤᠯᠠᠬᠠᠨ ᠶᠠᠪᠤᠭᠰᠠᠨ ᠴᠦ ᠶᠠᠭᠠᠬᠢᠬᠤᠪ ᠳ᠋ᠠ᠃       ᠪᠡᠭᠡᠵᠢᠩ ᠠᠴᠠ ᠬᠠᠷᠢᠵᠤ ᠢᠷᠡᠭᠰᠡᠨ ᠤ ᠲᠠᠷᠠᠭ᠎ᠠ ᠪᠢᠳᠠ ᠴᠢᠮᠠᠶᠢ ᠰᠠᠶᠢᠲᠤᠷ ᠠᠰᠠᠷᠠᠨ ᠰᠤᠪᠢᠯᠠᠵᠤ ᠴᠢᠳᠠᠭᠰᠠᠨ ᠦᠭᠡᠢ ᠶᠢ ᠮᠢᠨᠢ ᠠᠭᠤᠴᠢᠯᠠᠭᠠᠷᠠᠢ᠂ ᠳᠡᠭᠦᠦ ᠮᠢᠨᠢ᠃       ︽ᠴᠠᠭ ᠬᠤᠭᠤᠴᠠᠭ᠎ᠠ ᠠᠯᠢᠪᠠ ᠶᠢ ᠮᠠᠷᠲᠠᠭᠤᠯᠳᠠᠭ︾  ᠭᠡᠰᠡᠨ ᠦᠭᠡ ᠪᠤᠢ᠃  ᠴᠢ ᠪᠢᠳᠡᠨ ᠤ ᠦᠯᠦ ᠣᠶᠢᠯᠠᠭᠠᠯᠴᠠᠯ᠂ ᠭᠤᠮᠣᠷᠬᠠᠯ ᠲᠤᠨᠢᠷᠬᠠᠯ ᠠᠯᠢ ᠨᠢᠭᠡ ᠡᠳᠦᠷ ᠠᠭᠤᠷ ᠮᠠᠨᠠᠨ ᠰᠢᠭ᠋ ᠵᠠᠮᠬᠠᠷᠠᠨ ᠠᠷᠢᠯᠵᠤ᠂ ᠲᠠᠭᠢᠭᠠᠳ ᠰᠠᠶᠢᠨ ᠰᠠᠶᠢᠬᠠᠨ ᠪᠦᠭᠦᠨ ᠳᠡᠭᠡᠨ ᠪᠤᠴᠠᠵᠤ᠂ ᠡᠭᠡᠴᠢ ᠳᠡᠭᠦᠦ ᠨᠠᠷ ᠤᠨ ᠬᠠᠶᠢᠷ᠎ᠠ ᠨᠠᠶᠢᠷ ᠰᠡᠷᠭᠦᠨ ᠠᠮᠢᠯᠠᠵᠤ᠂ ᠬᠠᠯᠠᠭᠤᠨ ᠪᠦᠯᠢ ᠶᠢᠨ ᠭᠡᠭᠡᠨ ᠠᠮᠢᠳᠤᠷᠠᠯ ᠪᠤᠴᠠᠭᠠᠳ ᠢᠷᠡᠬᠦ ᠶᠢ ᠪᠢ ᠴᠠᠭ ᠤᠨ ᠵᠡᠭᠦᠦ ᠶᠢᠨ ᠲᠣᠭᠠᠯᠠᠩ ᠢᠶᠠᠷ ᠬᠦᠯᠢᠶᠡᠵᠦ ᠰᠠᠭᠤᠨᠠᠮ᠃       ᠡᠭᠡᠴᠢ ᠨᠢ ᠳᠡᠭᠦᠦ ᠳᠡᠭᠡᠨ ᠬᠠᠶᠢᠷᠠᠲᠠᠢ ᠰᠢᠦ᠃ ᠴᠠᠭᠠᠨ ᠰᠠᠨᠠᠭ᠎ᠠ ᠲᠠᠢ ᠶᠠᠪᠤᠭᠰᠠᠨ ᠴᠠᠭ ᠲᠤ ᠰᠠᠨᠠᠭᠰᠠᠨ ᠬᠡᠷᠡᠭ ᠪᠦᠲᠦᠨ᠎ᠡ ᠭᠡᠲᠡᠭ ᠢ ᠢᠲᠡᠭᠡᠨ᠎ᠡ᠃
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ