ᠳᠠᠯᠤ
ᠨᠡᠶᠢᠲᠡᠯᠡᠭᠰᠡᠨ ᠴᠠᠭ᠄
2023/11/24
       ᠨᠠᠮᠤᠷ ᠴᠠᠭ ᠤᠨ ᠲᠠᠩᠰᠤᠭ ᠢᠳᠡᠭᠡ ᠭᠡᠷ ᠤᠨ ᠬᠤᠶᠢᠮᠤᠷ ᠲᠤ ᠪᠢᠯᠬᠠᠷᠠᠨ ᠲᠠᠷᠭᠤᠨ ᠮᠢᠬ᠎ᠠ᠂ ᠲᠠᠷᠠᠭ ᠠᠶᠢᠷᠠᠭ᠂ ᠰᠢᠬᠢᠷ ᠪᠤᠭᠤᠷᠰᠤᠭ ᠁ ᠠᠴᠠ ᠳᠤᠷᠠᠲᠠᠢ ᠪᠠᠨ ᠢᠳᠡᠵᠦ ᠳᠠᠭᠤᠤ ᠲᠠᠢ ᠠᠷᠢᠬᠢ ᠬᠥᠨᠲᠥᠷᠦᠭᠰᠡᠨ ᠢᠳᠡᠷ ᠨᠠᠰᠤᠨ ᠤ ᠲᠣᠪᠴᠢᠶᠠᠨ ᠳᠠᠷᠤᠭ᠎ᠠ ᠰᠦᠷᠲᠦ ᠡᠷᠬᠡ ᠮᠡᠳᠡᠯ ᠤᠨ ᠣᠷᠣᠢ ᠳᠤ ᠡᠯᠢᠨ ᠭᠠᠷᠴᠢᠬᠠᠭᠰᠠᠨ ᠶᠤᠮ ᠰᠢᠭ᠋ ᠣᠯᠵᠠ ᠣᠮᠤᠭ ᠢᠶᠠᠷ ᠪᠠᠳᠠᠷᠠᠨ ᠬᠠᠩᠬᠠᠶᠢᠵᠤ᠂ ᠪᠠᠷᠤᠭ ᠴᠠᠳᠤᠭᠰᠠᠨ ᠪᠤᠯᠤᠯᠲᠠᠢ ᠰᠢᠷᠡᠭᠡᠨ ᠳᠡᠭᠡᠷᠡᠬᠢ ᠣᠷᠢᠶᠠᠯᠲᠠ ᠲᠠᠢ ᠴᠠᠭᠠᠰᠤ ᠶᠢ ᠵᠠᠩᠭᠠᠬᠤ ᠳᠤ ᠬᠠᠵᠠᠭᠤᠳᠠᠭᠢ ᠬᠥᠮᠥᠨ ᠨᠢ ᠤᠬᠤᠰᠬᠢᠨ ᠪᠣᠰᠴᠤ ᠲᠠᠰᠤᠴᠢᠨ ᠥᠭᠬᠦ ᠪᠠᠷ ᠬᠠᠮᠠᠷ ᠠᠮᠠ ᠪᠠᠨ ᠠᠷᠴᠢᠵᠤ᠂ ᠬᠤᠨᠳᠤᠴᠤᠭ ᠢᠶᠠᠷ ᠢᠶᠠᠨ ᠬᠤᠶᠢᠰᠢ ᠵᠢᠭᠠᠬᠠᠨ ᠤᠬᠤᠷᠢᠨ ᠬᠤᠷᠢᠶᠠᠯᠲᠠ ᠲᠠᠢ ᠭᠦᠨᠵᠢᠯᠡ ᠲᠦᠰᠢᠵᠦ ᠨᠠᠮᠪᠠᠲᠠᠶᠢᠬᠠᠨ ᠰᠠᠭᠤᠨ᠎ᠠ᠃       ᠭᠡᠷ ᠤᠨ ᠡᠵᠡᠨ ᠠᠴᠠ᠄ ︽ᠳᠠᠷᠤᠭ᠎ᠠ ᠲᠠ ᠡᠷᠡᠭᠡ ᠵᠡᠨᠵᠡᠭᠡ ᠦᠭᠡᠢ ᠲᠠᠶᠢᠪᠤᠩ ᠵᠣᠭᠤᠭᠯᠠᠭᠠᠷᠠᠢ᠂ ᠲᠡᠷᠡ ᠳᠠᠯᠤ ᠶᠠᠩᠵᠤ ᠪᠠᠷ ᠢᠶᠠᠨ ᠪᠠᠶᠢᠨ᠎ᠠ᠂ ᠬᠡᠨ ᠵᠦᠰᠦᠪᠡᠯ ᠳᠠᠭᠠᠷᠠᠳᠠᠭ ᠪᠢᠯᠡ︖︾ ᠭᠡᠬᠦ ᠵᠠᠭᠤᠷ᠎ᠠ ᠳᠠᠷᠤᠭ᠎ᠠ ᠶᠢᠨ ᠨᠦᠭᠦᠭᠡ ᠲᠠᠯ᠎ᠠ ᠳᠤ ᠰᠠᠭᠤᠵᠤ ᠪᠠᠶᠢᠭᠰᠠᠨ ᠵᠠᠯᠠᠭᠤ ᠪᠦᠰᠡᠭᠦᠢ᠄ ︽ᠬᠠᠷᠢᠨ ᠲᠡᠶᠢᠮᠦ᠂ ᠳᠠᠯᠤ ᠶᠢ ᠳᠠᠶᠠᠭᠠᠷ ᠢᠶᠠᠨ ᠭᠡᠳᠡᠭ ᠠ᠋᠂ ᠬᠠᠰᠢ ᠯᠠ ᠲᠠ ᠬᠤᠪᠢᠶᠠᠬᠤ ᠨᠢ ᠵᠦᠢᠲᠡᠢ︾ ᠭᠡᠵᠦ ᠰᠦᠷᠲᠦ ᠳᠠᠷᠤᠭ᠎ᠠ ᠥᠭᠡᠳᠡ ᠬᠠᠨᠳᠤᠵᠤ ᠪᠢᠯᠳᠠᠤᠴᠢ ᠱᠠᠩᠳᠠᠭᠤ ᠭᠡᠬᠦ ᠶᠤᠮ ᠦᠦ᠂ ᠪᠢᠲᠡᠭᠦᠦ ᠰᠠᠶᠢᠷᠬᠠᠬᠤ ᠭᠡᠰᠡᠨ ᠶᠤᠮ ᠦᠦ᠂ ᠶᠠᠭᠤ ᠨᠢᠭᠡ ᠨᠢᠭᠤᠭᠳᠠᠭᠰᠠᠨ ᠬᠠᠷᠠᠴᠠ ᠤᠨᠠᠭᠠᠵᠤ ᠬᠤᠰᠢᠭᠤ ᠪᠠᠨ ᠵᠤᠮᠠᠯᠵᠠᠭᠤᠯᠤᠨ ᠬᠡᠯᠡᠬᠦ ᠶᠤᠮ᠃ ᠲᠡᠭᠡᠭᠦ ᠳᠤ ᠭᠡᠷ ᠤᠨ ᠵᠡᠭᠦᠨ ᠲᠠᠯ᠎ᠠ ᠳᠤ ᠰᠠᠭᠤᠵᠤ ᠪᠠᠶᠢᠭᠰᠠᠨ ᠠᠬᠢᠮᠠᠭ ᠨᠠᠰᠤᠨ ᠤ ᠪᠦᠰᠡᠭᠦᠢ ᠲᠡᠷᠯᠢᠭ ᠤᠨ ᠢᠶᠠᠨ ᠬᠤᠷᠮᠣᠢ ᠶᠢ ᠵᠠᠰᠠᠬᠤ ᠪᠠᠶᠢᠳᠠᠯ ᠭᠠᠷᠭᠠᠨ ᠤᠷᠤᠭᠰᠢ ᠪᠠᠨ ᠪᠠᠭᠠᠬᠠᠨ ᠬᠥᠨᠲᠥᠷᠴᠦ ᠰᠠᠭᠤᠭᠰᠠᠨ ᠢᠶᠠᠨ᠄ ︽ᠳᠠᠯᠤ ᠳᠤ ᠲᠡᠭᠡᠵᠤ ᠳᠤᠷ᠎ᠠ ᠪᠠᠷ ᠢᠶᠠᠨ ᠭᠠᠷ ᠭᠦᠷᠳᠡᠭ ᠦᠭᠡᠢ ᠡᠰᠡ ᠪᠢᠯᠢᠦ᠂ ᠠᠳᠡ ᠪᠠᠶᠢᠭ᠎ᠠ ᠭᠡᠶᠢᠴᠢᠳ ᠤᠨ ᠳᠤᠮᠳᠠ ᠠᠴᠠ ᠬᠦᠨᠳᠦᠲᠡᠢ ᠶᠣᠰᠣᠲᠠᠢ ᠨᠢ ᠭᠦᠨᠳᠡᠵᠦ ᠬᠤᠪᠢᠶᠠᠳᠠᠭ︾ ᠭᠡᠬᠦ ᠳᠤ᠄ ︽ᠬᠠᠷᠢᠨ ᠲᠡᠶᠢᠮᠦ᠂ ᠬᠠᠮᠤᠭ ᠬᠦᠨᠳᠦᠲᠡᠢ ᠨᠢ ᠲᠡᠭᠡᠭᠡᠳ ᠮᠠᠨ ᠤ ᠰᠦ᠊ ᠳᠠᠷᠤᠭ᠎ᠠ ᠪᠠᠶᠢᠨ᠎ᠠ︾ ᠭᠡᠵᠦ ᠰᠠᠶ᠋ᠢ ᠶᠢᠨ ᠴᠠᠭᠠᠰᠤ ᠲᠠᠰᠤᠯᠵᠤ ᠥᠭᠭᠦᠭᠰᠡᠨ ᠲᠡᠷᠡ ᠬᠥᠮᠥᠨ ᠠᠮᠠ ᠪᠤᠯᠢᠶᠠᠵᠤ ᠠᠮᠵᠢᠨ᠎ᠠ᠃ ᠠᠬᠢᠮᠠᠭ ᠪᠦᠰᠡᠭᠦᠢ ᠵᠠᠯᠭᠠᠨ᠄ ︽ᠠ᠂ ᠪᠠᠰᠠ ᠲᠡᠶᠢᠮᠦ ᠭᠡᠵᠢ ᠦᠦ᠂ ᠬᠠᠮᠤᠭ ᠬᠦᠨᠳᠦᠲᠡᠢ  ᠨᠢ ᠰᠦᠷᠲᠦ ᠳᠠᠷᠤᠭ᠎ᠠ ᠮᠥᠨ ᠪᠤᠯᠪᠠᠴᠦ ᠬᠠᠷᠢᠨ ᠨᠠᠭᠠᠴᠤ ᠨᠢ ᠪᠠᠰᠠ ᠠᠳᠡ ᠪᠠᠶᠢᠨ᠎ᠠ︾ ᠭᠡᠵᠦ ᠲᠣᠭᠲᠠᠭᠤᠨ ᠬᠡᠯᠡᠪᠡ᠃       ᠬᠤᠷᠣᠮ ᠵᠠᠭᠤᠷ᠎ᠠ ︽ᠬᠥᠮᠥᠨ ᠤ ᠡᠬᠢᠨ ᠨᠠᠭᠠᠴᠤ᠂ ᠤᠰᠤᠨ ᠤ ᠡᠬᠢᠨ ᠪᠤᠯᠠᠭ ᠭᠡᠵᠦ ᠬᠡᠯᠡᠳᠡᠭ᠂ ᠲᠡᠶᠢᠮᠦ ᠠᠴᠠ ᠨᠠᠭᠠᠴᠤ ᠨᠢ ᠤᠷᠢᠳ ᠢᠶᠠᠷ ᠭᠠᠷ ᠬᠦᠷᠬᠦ ᠨᠢ ᠵᠥᠪ︾᠂ ︽ᠬᠠᠷᠢᠨ ᠠ᠋᠂ ᠨᠠᠭᠠᠴᠤ ᠶᠢᠨ ᠢᠶᠠᠨ ᠳᠡᠷᠭᠡᠳᠡ ᠵᠢᠭᠡ ᠨᠢ ᠲᠦᠷᠦᠭᠦᠯᠡᠨ ᠳᠠᠯᠤ ᠭᠦᠨᠳᠡᠪᠡᠯ ᠭᠠᠷ ᠬᠥᠯ ᠨᠢ ᠲᠠᠲᠠᠬᠤ ᠪᠤᠶᠤ  ᠴᠡᠴᠡᠷᠡᠮᠡᠲᠡᠭᠡᠢ ᠪᠣᠯᠵᠤ ᠬᠡᠶᠢᠮᠣᠷᠢ  ᠨᠢ ᠬᠡᠪᠲᠡᠨ ᠬᠡᠰᠢᠭ ᠪᠤᠶᠠᠨ ᠨᠢ ᠬᠡᠯᠲᠡᠶᠢᠵᠦ ᠬᠢᠭᠰᠡᠨ ᠦᠢᠯᠡ ᠬᠡᠯᠡᠭᠰᠡᠨ ᠦᠭᠡ ᠨᠢ ᠶᠠᠪᠤᠭᠤᠷᠢ ᠦᠭᠡᠢ ᠪᠤᠯᠳᠠᠭ︾᠂ ︽ᠥᠩᠭᠡᠷᠡᠭᠰᠡᠨ ᠳᠤ ᠨᠠᠭᠠᠴᠤ ᠶᠢᠨ ᠢᠶᠠᠨ ᠬᠠᠵᠠᠭᠤ ᠳᠤ ᠳᠠᠯᠤ ᠭᠦᠨᠳᠡᠭᠦ ᠬᠡᠷᠡᠭ ᠦᠭᠡᠢ᠂ ᠨᠠᠭᠠᠴᠤ ᠶᠢᠨ ᠢᠶᠠᠨ ᠲᠣᠯᠣᠭᠠᠢ ᠳᠤ ᠭᠠᠷ ᠭᠦᠷᠳᠡᠭ ᠦᠭᠡᠢ᠂ ᠨᠡᠷ᠎ᠡ ᠪᠠᠷ ᠨᠢ ᠴᠤ ᠳᠠᠭᠤᠳᠠᠬᠤ ᠶᠢ ᠴᠡᠭᠡᠷᠯᠡᠳᠡᠭ ᠪᠠᠶᠢᠭᠰᠠᠨ︾᠂ ︽ᠮᠥᠨ ᠳ᠋ᠠ᠂ ᠮᠠᠨᠴᠤᠢ ᠲᠠᠢ ᠨᠠᠭᠠᠴᠤ ᠳᠠᠭᠠᠨ ᠵᠢᠭᠡ ᠨᠢ ᠬᠦᠷᠴᠦ ᠮᠥᠷᠭᠦᠳᠡᠭ ᠪᠥᠭᠡᠳ ᠰᠢᠯᠪᠢ ᠳᠤᠨᠢ ᠭᠦᠷᠲᠡᠯ᠎ᠡ ᠰᠥᠭᠦᠳᠳᠡᠭ ᠭᠡᠯ᠎ᠡ︾ ᠭᠡᠵᠦ ᠢᠪᠢᠷ ᠰᠢᠪᠢᠷ ᠶᠠᠷᠢᠶ᠎ᠠ ᠭᠡᠷ ᠳᠦᠭᠦᠷᠪᠡ᠃ ᠡᠨᠡ ᠦᠶ᠎ᠡ ᠳᠤ ᠠᠷᠢᠬᠢ ᠶᠢᠨ ᠬᠠᠯᠠᠭᠤᠨ ᠳᠤ ᠳᠡᠭᠡᠷᠡᠩᠭᠦᠢ ᠦᠵᠡᠯ ᠨᠢ ᠰᠢᠲᠠᠭᠰᠠᠨ ᠰᠦᠷᠲᠦ ᠳᠠᠷᠤᠭ᠎ᠠ ᠶᠢᠨ ᠪᠠᠷᠳᠠᠮ ᠣᠩᠭᠢᠷᠠᠭ᠎ᠠ ᠵᠠᠩ ᠨᠢ ᠬᠥᠳᠡᠯᠵᠦ᠄ ︽ᠲᠡᠷᠡ ᠨᠠᠭᠠᠴᠤ ᠮᠠᠨᠢ ᠣᠲᠣ ᠭᠡᠷ ᠲᠤ ᠦᠭᠡᠢ ᠪᠠᠶᠢᠨ᠎ᠠ᠂ ᠲᠡᠭᠡᠭᠡᠳ ᠶᠠᠭᠠᠬᠢᠵᠤ ᠬᠡᠯᠡᠯ᠎ᠡ ᠭᠡᠳ ᠨᠠᠰᠤ ᠪᠠᠷ ᠨᠠᠳᠠ ᠠᠴᠠ ᠳᠡᠭᠦᠦ ᠪᠣᠯᠬᠤᠷ ᠬᠠᠮᠢᠶ᠎ᠠ ᠦᠭᠡᠢ᠂ ᠨᠡᠮᠡᠵᠦ ᠬᠡᠯᠡᠬᠦ ᠳᠤ ᠪᠢ ᠲᠥᠷᠦ ᠶᠢᠨ ᠬᠥᠮᠥᠨ ᠶᠤᠮ ᠴᠢᠨᠢ ᠲᠡᠭᠦᠨ ᠠᠴᠠ ᠰᠠᠭᠤᠳᠠᠯ ᠥᠨᠳᠥᠷ︾ ᠭᠡᠳ ᠳᠠᠯᠤ ᠶᠢᠨ ᠰᠤᠳᠠᠯ ᠤᠨ ᠨᠥᠭᠡᠨ ᠠᠴᠠ ᠨᠢ ᠰᠢᠭᠦᠷᠡᠨ ᠠᠪᠴᠤ ᠵᠦᠰᠦᠬᠦ ᠭᠡᠲᠡᠯ᠎ᠡ ᠭᠠᠳᠠᠨ᠎ᠠ ᠠᠴᠠ ᠨᠢᠭᠡ ᠡᠪᠦᠭᠡᠨ ᠭᠠᠵᠠᠷ ᠳᠡᠭᠡᠷ᠎ᠡ ᠪᠠᠶᠢᠭᠰᠠᠨ ᠭᠠᠭᠴᠠ ᠨᠠᠭᠠᠴᠤ ᠶᠢ ᠨᠢ ᠳᠠᠭᠠᠭᠤᠯᠤᠨ ᠣᠷᠣᠵᠤ ᠢᠷᠡᠪᠡ᠃       ᠰᠦᠷᠲᠦ ᠳᠠᠷᠤᠭ᠎ᠠ ᠨᠠᠭᠠᠴᠤ ᠪᠠᠨ ᠨᠢᠳᠦᠨ ᠤ ᠪᠤᠯᠤᠩ ᠢᠶᠠᠷ ᠢᠶᠠᠨ ᠬᠠᠷᠠᠭ᠎ᠠ ᠪᠠᠨ ᠨᠠᠷᠢᠰᠬᠠᠨ ᠲᠣᠭᠤᠮᠰᠠᠷ ᠦᠭᠡᠶᠢᠬᠡᠨ ᠰᠢᠷᠪᠢᠨ ᠬᠠᠷᠠᠬᠤ ᠵᠠᠭᠤᠷ᠎ᠠ ᠪᠠᠷᠢᠵᠤ ᠪᠠᠶᠢᠭᠰᠠᠨ ᠲᠣᠰᠣᠲᠠᠢ ᠳᠠᠯᠤ ᠨᠢ ᠭᠡᠨᠡᠳᠲᠡ ᠭᠠᠷ ᠠᠴᠠ ᠨᠢ ᠬᠠᠯᠲᠤᠷᠢᠨ ᠭᠠᠵᠠᠷ ᠲᠤ ᠤᠨᠠᠬᠤ ᠬᠤᠭᠤᠷᠣᠨᠳᠤ ᠪᠠᠷᠠᠭᠤᠨ ᠭᠠᠷ ᠲᠠᠭᠠᠨ ᠠᠳᠬᠤᠭᠰᠠᠨ ᠬᠤᠷᠴᠠ ᠭᠢᠲᠤᠭ᠎ᠠ ᠳᠤ ᠵᠡᠭᠦᠨ ᠭᠠᠷ ᠤᠨ ᠬᠢᠨᠢ ᠰᠤᠳᠠᠰᠤ ᠨᠢ ᠳᠠᠭᠠᠷᠢᠨ ᠬᠡᠷᠴᠢᠭᠳᠡᠵᠦ ᠲᠡᠷᠡᠬᠡᠨ ᠭᠱᠠᠨ ᠤᠯᠠᠭᠠᠨ ᠴᠢᠰᠤ ᠭᠤᠷᠳ᠋ ᠬᠢᠨ ᠰᠠᠴᠤᠷᠠᠭᠠᠳ ᠤᠯᠠᠨ ᠤ  ᠪᠥᠭᠡᠮ ᠱᠤᠤᠭᠢᠶᠠᠨ ᠪᠣᠯᠪᠠ᠃ ᠰᠦᠷᠲᠦ ᠳᠠᠷᠤᠭ᠎ᠠ ᠶᠢᠨ ᠭᠡᠯᠮᠡᠭᠳᠡᠵᠦ ᠶᠣᠣᠯᠠᠬᠤ ᠳᠠᠭᠤ ᠶᠠᠭᠤ ᠶᠠᠭᠤᠨ ᠠᠴᠠ ᠬᠦᠴᠦᠲᠡᠢ ᠮᠥᠷᠲᠡᠭᠡᠨ ᠭᠤᠨᠢᠷᠬᠠᠯ ᠲᠠᠢ ᠰᠣᠨᠣᠰᠳᠠᠨ᠎ᠠ᠃       ᠠᠰᠢᠭᠦᠢ᠂ ᠠᠵᠠ ᠳᠠᠭᠠᠷᠠᠵᠤ ᠲᠡᠷᠡ ᠠᠶᠢᠯ ᠤᠨ ᠡᠵᠡᠨ ᠨᠢ ᠬᠥᠳᠡᠭᠡ ᠶᠢᠨ ᠬᠥᠯ ᠨᠢᠴᠦᠭᠦᠨ ᠡᠮᠴᠢ ᠶᠠᠪᠤᠭᠰᠠᠨ ᠢᠶᠠᠷ ᠳᠥᠭᠦᠮᠬᠡᠨ ᠢᠶᠠᠷ ᠡᠮ ᠵᠠᠰᠠᠯ ᠬᠢᠵᠦ ᠰᠢᠷᠬ᠎ᠠ ᠶᠢ ᠨᠢ ᠪᠣᠭᠤᠬᠤ ᠳᠤ ᠨᠥᠭᠦᠭᠡ ᠪᠣᠷᠣ ᠪᠣᠷᠣᠭᠵᠢᠭᠤᠬᠠᠨ ᠭᠠᠭᠴᠠ ᠨᠠᠭᠠᠴᠤ ᠨᠢ ᠭᠠᠪᠰᠢᠭᠠᠶᠢᠯᠠᠨ ᠡᠭᠦᠷᠴᠦ ᠡᠷᠭᠦᠨ ᠪᠠᠶᠢᠵᠤ ᠲᠡᠷᠭᠡᠨ ᠳᠤᠨᠢ ᠭᠠᠷᠭᠠᠯ᠎ᠠ᠃ ᠶᠠᠭᠤ ᠶᠠᠭᠠᠬᠢᠬᠤ ᠪᠠᠨ ᠦᠯᠦ ᠮᠡᠳᠡᠭᠰᠡᠨ ᠬᠠᠮᠲᠤ ᠢᠷᠡᠭᠰᠡᠳ ᠨᠢ ᠰᠡᠩᠳᠡ ᠮᠡᠩᠳᠡ ︽ᠬᠤᠲᠠ ᠶᠢᠨ ᠡᠮᠨᠡᠯᠭᠡ ᠵᠦᠭ ᠬᠤᠷᠳᠤᠨ︕︾ ᠭᠡᠳ ᠲᠠᠭᠠᠨ ᠶᠠᠪᠤᠵᠠᠭᠠᠪᠠ᠃ ᠬᠤᠶᠢᠨ᠎ᠠ ᠠᠴᠠ ᠨᠢ ᠠᠬᠢᠮᠠᠭ ᠨᠠᠰᠤᠨ ᠤ ᠲᠡᠷᠡ ᠪᠦᠰᠡᠭᠦᠢ᠄ ︽ᠢᠱᠢ ᠬᠥᠭᠡᠷᠦᠬᠦᠢ᠂ ᠪᠠᠷᠰ ᠰᠢᠩᠭᠢ ᠠᠪᠠᠭ᠎ᠠ ᠪᠠᠨ ᠳᠠᠭᠤᠷᠢᠶᠠᠬᠤ ᠪᠠᠷ ᠪᠠᠭᠠᠰᠤ ᠰᠢᠩᠭᠢ ᠨᠠᠭᠠᠴᠤ ᠪᠠᠨ ᠳᠠᠭᠤᠷᠢᠶᠠ ᠭᠡᠭᠴᠢ︾ ᠭᠡᠵᠦ ᠥᠷᠦᠪᠳᠦᠯᠲᠠᠢ ᠨᠠᠮᠤᠭᠤᠬᠠᠨ ᠢᠶᠠᠷ ᠶᠠᠷᠢᠬᠤ ᠳᠤ ᠬᠤᠴᠣᠷᠤᠭᠰᠠᠨ ᠬᠥᠮᠥᠰ ᠨᠢ ᠰᠣᠨᠣᠰᠤᠭᠰᠠᠨ ᠡᠰᠡᠬᠦ ᠶᠢ ᠮᠡᠳᠡᠭᠰᠡᠨ ᠦᠭᠡᠢ᠂ ᠲᠡᠷᠭᠡᠨ ᠤ ᠳᠦᠩᠭᠢᠨᠡᠭᠰᠡᠨ ᠳᠠᠭᠤ ᠪᠦᠦᠷ ᠲᠦᠦᠷᠬᠡᠨ ᠰᠣᠨᠣᠰᠳᠠᠵᠤ ᠬᠤᠯᠠᠳᠠᠨ᠎ᠠ᠃
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ