ᠨᠠᠮᠤᠷ ᠨᠠᠮᠤᠷ ᠤᠨ ᠳᠤᠷᠠᠰᠤᠮᠵᠢ
ᠨᠡᠶᠢᠲᠡᠯᠡᠭᠰᠡᠨ ᠴᠠᠭ᠄
2023/11/24
       ︽ᠬᠤᠩᠭᠤᠷ ᠰᠠᠯᠬᠢᠨ ᠬᠠᠤᠭᠢᠷᠤᠨ ᠮᠢᠨᠤ ᠬᠠᠷᠢᠬᠤ ᠦᠶ᠎ᠡ       ᠬᠤᠪᠠᠭ᠋ᠠᠢ ᠨᠠᠪᠴᠢ ᠬᠡᠶᠢᠰᠦᠷᠦᠨ ᠴᠢᠨᠦ ᠤᠶᠠᠷᠠᠬᠤ ᠴᠠᠭ︾ ᠨᠠᠮᠤᠷ ᠢᠷᠡᠵᠦ ᠨᠠᠮᠠᠶᠢ ᠤᠶᠠᠷᠠᠭᠤᠯᠪᠠ᠃       ᠨᠠᠮᠤᠷ ᠤᠨ ᠲᠤᠬᠠᠢ ᠨᠠᠷᠠᠳᠤ ᠰᠢᠯᠦᠭ ᠢᠷᠠᠭᠤ ᠪᠠᠳᠠᠭ ᠢ ᠥᠩᠭᠡᠷᠡᠭᠰᠡᠨ ᠤ ᠬᠥᠮᠥᠰ ᠬᠡᠴᠢᠨᠡᠨ ᠦᠯᠡᠳᠡᠭᠡᠪᠡ︖ ᠨᠢᠯᠪᠤᠰᠤᠲᠤ ᠠᠶᠠᠯᠭᠤ‌‍ᠶᠢ ᠰᠡᠳᠬᠢᠯ ᠤᠨ ᠲᠡᠭᠷᠢ ᠥᠭᠡᠳᠡ ᠴᠢᠪᠬᠠᠳᠠᠬᠤᠶ᠎ᠠ ᠤᠶᠠᠷᠠᠭᠤᠨ ᠡᠭᠡᠰᠢᠭ ᠭᠡᠭᠴᠢ ᠰᠠᠨᠠᠭ᠎ᠠ ᠶᠢ ᠣᠶᠢᠯᠠᠭᠠᠭᠴᠢ ᠳᠤ ᠤᠬᠠᠮᠵᠢᠲᠠᠢ᠃ᠲᠦᠮᠡᠳ ᠤᠨ ᠲᠠᠯ᠎ᠠ ᠳᠤ ᠥᠷᠥᠭᠡᠰᠦᠨ ᠬᠤᠨ ᠭᠠᠭᠴᠠᠭᠠᠷ ᠳᠡᠪᠳᠡᠷᠢᠨ᠎ᠡ ᠁ ᠪᠢ ᠭᠠᠭᠴᠠᠭᠠᠷ᠃ ᠭᠡᠶᠦᠷᠡᠯ ᠤᠨ ᠳᠤᠮᠳᠠᠬᠢ ᠭᠠᠭᠴᠠᠭᠠᠷᠳᠠᠯ ᠨᠠᠮ ᠵᠢᠮ ᠤᠷᠤᠰᠤᠨ᠎ᠠ᠃       ᠨᠠᠮᠤᠷ ᠴᠠᠭ ᠤᠨ ᠭᠠᠭᠴᠠᠭᠠᠷᠳᠠᠯ ᠨᠠᠳᠠ ᠳᠠᠭᠠᠨ ᠶᠡᠷᠦ ᠨᠢ ᠥᠨᠢᠷ ᠪᠠᠶᠠᠨ ᠰᠠᠶᠢᠨ ᠰᠠᠶᠢᠬᠠᠨ ᠭᠤᠨᠢᠭ ᠠᠪᠴᠢᠷᠠᠳᠠᠭ ᠶᠤᠮ ᠠ᠋᠃       ᠠᠷᠭᠠᠴᠠᠭᠠᠳ ᠪᠢ ᠥᠪᠡᠷ ᠢ ᠪᠠᠨ ᠪᠤᠴᠠᠬᠤ ᠭᠠᠯᠠᠭᠤᠳ ᠲᠠᠢ ᠪᠢᠲᠡᠭᠡᠢ ᠠᠲᠠᠭᠠᠷᠬ᠎ᠠ ᠭᠡᠵᠦ ᠪᠤᠮᠠᠨ ᠮᠥᠷᠥᠭᠡᠳᠦᠯ ᠢᠶᠠᠨ ᠲᠠᠰᠤᠳᠠᠵᠤ᠂ ᠪᠣᠷᠣ ᠳᠡᠭᠲᠡᠷ ᠠᠴᠠ ᠵᠤᠤ ᠵᠢᠶᠦ᠋ᠨ ᠤ ᠬᠠᠭᠤᠴᠢᠨ ᠮᠥᠷ ᠢ  ᠮᠥᠷᠳᠡᠵᠦ᠂  ᠡᠪ  ᠵᠣᠬᠢᠴᠠᠯ ᠤᠨ ᠢᠷᠠᠭᠤ ᠠᠶᠠᠯᠭᠤ ᠶᠢ ᠢᠯᠠᠭᠤᠭᠰᠠᠨ ᠬᠤᠭᠤᠯᠠᠢ ᠪᠠᠷ ᠤᠩᠰᠢᠵᠤ  ᠳᠠᠭᠤᠯᠠᠳᠠᠭ ᠪᠢᠯᠡ᠃       ᠨᠢᠭᠡᠨ ᠲᠡᠷᠭᠡᠯ ᠨᠠᠮᠤᠷ ᠤᠨ ᠴᠣᠩᠬᠢᠶᠠᠯ ᠴᠡᠩᠬᠡᠷ ᠥᠩᠭᠡ ᠪᠠᠷ ᠮᠡᠯᠮᠡᠷᠡᠨ᠂ ᠲᠡᠷᠲᠡᠭᠡ ᠵᠠᠭᠤᠨ ᠢ ᠲᠠᠮᠠᠭᠠᠯᠠᠵᠤ ᠦᠯᠡᠳᠡᠭᠡᠭᠰᠡᠨ ᠲᠡᠷᠡ ᠬᠤᠯᠠ ᠶᠢᠨ ᠱᠠᠰᠲᠢᠷ᠂ ᠲᠦᠮᠡᠳ ᠤᠨ ᠲᠠᠯ᠎ᠠ ᠪᠠᠷ ᠴᠤᠭᠤᠷᠬᠠᠢ ᠲᠡᠭᠷᠢ ᠶᠢᠨ ᠳᠠᠭᠤᠲᠤ ᠪᠣᠷᠣᠭᠠᠨ ᠰᠢᠭ᠋ ᠥᠩᠭᠡᠷᠡᠨ ᠣᠳᠴᠤ᠂ ᠳᠡᠷᠭᠡᠳᠡ ᠬᠤᠴᠣᠷᠤᠭᠰᠠᠨ ᠨᠠᠮᠤᠷ ᠤᠨ ᠨᠠᠪᠴᠢᠰ ᠲᠤ ᠮᠢᠨᠤ ᠦᠢᠯᠡᠰ ᠢ ᠵᠠᠯᠭᠠᠵᠤ ᠲᠡᠮᠳᠡᠭᠯᠡᠪᠡ᠃       ᠡᠨᠡ ᠦᠢᠯᠡᠰ ᠤᠨ ᠵᠠᠮ ᠢᠶᠠᠷ ᠲᠦᠮᠡᠳ ᠤᠨ ᠬᠡᠦᠬᠡᠳ ᠲᠤ ᠦᠰᠦᠭ ᠪᠢᠴᠢᠭ ᠲᠠᠨᠢᠭᠤᠯᠤᠶ᠎ᠠ ᠭᠡᠵᠦ ᠯᠠ ᠥᠷᠥ ᠵᠢᠷᠦᠬᠡᠨ ᠠᠴᠠ ᠪᠠᠨ ᠴᠢᠰᠤ ᠲᠠᠭᠠᠪᠤᠷᠢᠯᠠᠭᠤᠯᠵᠤ᠂ ᠪᠦᠳᠦᠷᠢᠵᠦ ᠪᠣᠰᠴᠤ ᠦᠰᠦ ᠰᠥᠰᠥ ᠠᠴᠠ ᠪᠠᠨ ᠰᠦᠭ ᠰᠦᠯᠳᠡ ᠪᠠᠳᠠᠷᠠᠭᠤᠯᠤᠨ᠂ ᠣᠮᠣᠭᠯᠠᠩ ᠥᠨᠳᠡᠶᠢᠵᠦ ᠢᠲᠡᠭᠡᠯ ᠤᠷᠭᠤᠭᠤᠯᠵᠤ᠂ ᠵᠦᠳᠡᠭᠦᠷᠢ ᠪᠠᠷ ᠵᠢᠷᠭᠠᠯ ᠪᠤᠯᠭᠠᠵᠤ ᠶᠠᠪᠤᠭᠰᠠᠨ ᠶᠤᠮ ᠁       ᠡᠨᠡ ᠦᠢᠯᠡᠰ ᠤᠨ ᠵᠠᠮ ᠢᠶᠠᠷ ᠨᠠᠮᠤᠷ ᠤᠨ ᠮᠥᠷᠥᠭᠡᠳᠦᠯ ᠢ ᠨᠢᠯᠪᠤᠰᠤ ᠪᠠᠷ ᠮᠣᠬᠤᠭᠠᠨ᠂ ᠢᠷᠡᠭᠡᠳᠦᠢ ᠬᠠᠮᠢᠭ᠎ᠠ ᠪᠠᠶᠢᠬᠤ ᠶᠢ ᠡᠯᠡᠷ ᠪᠠᠯᠠᠷ ᠲᠡᠮᠲᠡᠷᠬᠢᠯᠡᠨ ᠮᠥᠷᠥᠭᠡᠳᠴᠦ᠂ ᠳᠤᠷᠠᠯᠠᠯ ᠳᠤ ᠶᠠᠭᠤ ᠣᠯᠳᠠᠬᠤ ᠶᠢ ᠠᠯᠳᠠᠭ ᠤᠨᠤᠭ ᠡᠷᠢᠨ᠂ ᠠᠮᠵᠢᠯᠲᠠ ᠪᠠᠶᠢᠬᠤ ᠡᠰᠡᠬᠦ ᠶᠢ ᠠᠯᠵᠢᠶᠠᠲᠠᠯ᠎ᠠ ᠮᠥᠷᠥᠭᠡᠳᠴᠦ᠂ ᠴᠥᠬᠦᠷᠡᠯ ᠦᠭᠡᠢ ᠵᠢᠳᠬᠦᠵᠦ ᠶᠠᠪᠤᠭᠰᠠᠨ ᠶᠤᠮ ᠁       ᠡᠨᠡ ᠦᠢᠯᠡᠰ ᠤᠨ ᠵᠠᠮ ᠢᠶᠠᠷ ᠨᠠᠮᠤᠷ ᠤᠨ ᠮᠥᠷᠥᠭᠡᠳᠦᠯ ᠳᠤ ᠨᠤᠲᠤᠭ ᠤᠰᠤ᠂ ᠡᠴᠢᠭᠡ ᠡᠬᠡ ᠪᠠᠨ ᠡᠩᠰᠡᠷᠡᠲᠡᠯ᠎ᠡ ᠰᠠᠨᠠᠵᠤ᠂ ᠡᠭᠡᠴᠢ ᠳᠡᠭᠦᠦ᠂ ᠪᠠᠭᠰᠢ ᠨᠥᠬᠦᠳ ᠢᠶᠠᠨ ᠦᠭᠡᠶᠢᠯᠡᠨ ᠳᠤᠷᠠᠰᠴᠤ᠂᠂ ᠰᠢᠯᠦᠭ ᠵᠣᠬᠢᠶᠠᠯ ᠡᠷᠢᠶᠡᠴᠢᠵᠦ᠂ ᠬᠢᠵᠠᠭᠠᠷ ᠦᠭᠡᠢ ᠰᠠᠨᠠᠯ ᠳᠤ ᠡᠮᠵᠡᠭᠬᠡᠨ ᠶᠠᠪᠤᠭᠰᠠᠨ ᠶᠤᠮ ᠁       ᠡᠨᠡ ᠦᠢᠯᠡᠰ ᠤᠨ ᠵᠠᠮ ᠢᠶᠠᠷ ᠨᠠᠮᠤᠷ ᠤᠨ  ᠭᠡᠶᠦᠷᠡᠯ ᠳᠤ ᠪᠡᠶ᠎ᠡ ᠰᠡᠳᠬᠢᠯ ᠢᠶᠠᠨ ᠴᠢᠯᠡᠭᠡᠵᠦ᠂ ᠵᠠᠶᠠᠭ᠎ᠠ ᠲᠠᠪᠢᠯᠠᠩ ᠳᠠᠭᠠᠨ ᠤᠶᠢᠳᠤᠨ᠂ ᠨᠤᠭᠤᠷᠠᠯ ᠪᠦᠳᠦᠷᠢᠯ᠂ ᠵᠣᠪᠠᠯ ᠵᠢᠷᠭᠠᠯ ᠢ ᠠᠯᠠᠭ ᠦᠭᠡᠢ ᠠᠮᠰᠠᠵᠤ᠂ ᠦᠭᠡ ᠦᠭᠡᠢ ᠬᠤᠭᠤᠰᠤᠨ ᠥᠭᠦᠯᠡᠪᠦᠷᠢ᠂ ᠠᠶ᠎ᠠ ᠣᠯᠳᠠᠬᠤ ᠦᠭᠡᠢ  ᠤᠯᠠᠨ ᠨᠣᠲ ᠢ ᠵᠡᠭᠦᠳᠦᠨ ᠳᠡᠭᠡᠨ ᠬᠥᠭᠵᠢᠮ ᠪᠣᠯᠭᠠᠨ ᠰᠡᠭᠦᠳᠡᠷ ᠥᠭᠡᠳᠡ ᠴᠢᠪᠬᠠᠳᠠᠵᠤ ᠶᠠᠪᠤᠭᠰᠠᠨ ᠶᠤᠮ ᠁       ︽ᠤᠶᠢᠳᠪᠠᠰᠤ ᠰᠢᠯᠦᠭ ᠲᠤᠷ ᠤᠷᠮ᠎ᠠ ᠲᠠᠢ ᠪᠣᠯᠣᠮᠤᠢ︾ ᠭᠡᠳᠡᠭ ᠨᠡᠬᠡᠷᠡᠨ ᠤᠤ ᠳ᠋ᠠ︖ ᠴᠡᠴᠡᠭ ᠤᠨ ᠬᠡᠷᠡᠰᠬᠡ ᠶᠢ ᠲᠦᠰᠢᠨ ᠵᠤᠯᠭᠠᠷᠠᠬᠤ ᠨᠠᠪᠴᠢᠰ ᠢ ᠬᠠᠷᠠᠨ ᠱᠣᠭᠰᠢᠲᠠᠯ᠎ᠠ ᠤᠬᠢᠯᠠᠵᠤ᠂ ᠡᠷᠲᠡᠨ ᠤ  ᠬᠥᠮᠥᠰ ᠢ ᠳᠠᠭᠤᠷᠢᠶᠠᠨ᠂ ᠴᠢᠩ ᠦᠨᠡᠨᠴᠢ ᠬᠠᠶᠢᠷ᠎ᠠ ᠪᠠᠨ ᠠᠭᠤᠳᠠᠯᠤᠨ ᠪᠠᠷᠢᠬᠤ ᠳᠤ ᠤᠷᠪᠠᠭᠤᠯᠵᠤ ᠦᠵᠡᠬᠦ ᠬᠥᠮᠥᠨ ᠦᠭᠡᠢ ᠶᠢᠨ ᠤᠴᠢᠷ ᠤᠷᠳᠤ ᠶᠢᠨ ᠤᠷᠳᠤ ᠰᠡᠭᠦᠷᠡᠰᠦᠯᠡᠯ ᠮᠢᠨᠢ ᠠᠯᠠᠭ ᠬᠤᠷᠸ᠎ᠠ ᠶᠢ ᠮᠡᠭᠰᠢᠷᠡᠲᠡᠯ᠎ᠡ ᠤᠶᠠᠷᠠᠭᠤᠯᠵᠤ᠂ ᠡᠷᠬᠡᠯᠡᠵᠦ ᠲᠤᠨᠢᠶᠠᠷᠬᠠᠬᠰᠠᠨ ᠬᠡᠦᠬᠡᠨ ᠠᠭᠠᠯᠢ ᠪᠠᠨ ᠵᠦᠪᠭᠡᠨ ᠨᠠᠮᠤᠷ ᠵᠦᠭ ᠠᠰᠬᠠᠷᠠᠭᠤᠯᠤᠭᠰᠠᠨ  ᠪᠢᠯᠡ ᠁       ᠤᠬᠠᠭ᠎ᠠ ᠰᠦᠯᠡᠭᠰᠡᠨ ᠠᠮᠢᠳᠤᠷᠠᠯ ᠤᠨ ᠨᠠᠮᠤᠷ ᠤᠴᠠᠷᠠᠯ ᠪᠦᠭᠦᠨ ᠥᠪᠡᠷ ᠤᠨ ᠳᠤᠷᠠᠰᠤᠮᠵᠢ ᠲᠠᠢ ᠠᠵᠢ᠃       ᠨᠠᠮᠤᠷ ᠤᠨ ᠲᠡᠭᠷᠢ ᠥᠨᠳᠥᠷᠬᠡᠨ᠂ ᠨᠠᠮᠤᠷ ᠤᠨ ᠨᠠᠷᠠᠨ ᠬᠤᠷᠴᠠᠬᠠᠨ᠂ ᠨᠠᠮᠤᠷ ᠤᠨ ᠳᠡᠯᠡᠬᠡᠢ ᠠᠭᠤᠳᠠᠮᠬᠠᠨ᠂ ᠠᠭᠤᠳᠠᠮᠬᠠᠨ ᠵᠠᠢ ᠪᠠᠷ ᠨᠢ ᠪᠣᠯᠪᠠᠰᠤᠷᠠᠭᠰᠠᠨ ᠨᠠᠮᠤᠷ ᠪᠠᠭ᠋ᠠᠳᠤᠯᠲᠤ ᠬᠤᠷᠢᠶᠠᠯᠲᠠ ᠪᠠᠷ ᠢᠶᠠᠨ ᠪᠠᠶᠠᠨ ᠰᠠᠩ ᠢ ᠳᠦᠭᠦᠷᠭᠡᠨ᠂ ᠪᠤᠶᠠᠨᠲᠤ ᠬᠥᠮᠥᠷᠭᠡ ᠶᠢ ᠪᠢᠯᠬᠠᠭᠤᠯᠤᠨ᠎ᠠ᠃ᠶᠠᠭ ᠡᠨᠡ ᠦᠶ᠎ᠡ ᠪᠠᠷ ᠰᠤᠷᠤᠬᠰᠠᠨ ᠮᠡᠳᠡᠯᠭᠡ ᠶᠢᠨ ᠰᠣᠳᠣᠨ ᠪᠦᠭᠦᠨ ᠢ ᠱᠦᠭᠦᠵᠦ ᠪᠢᠲᠡᠭᠦᠮᠵᠢᠯᠡᠭᠰᠡᠨ ᠳᠤᠭᠲᠤᠶᠢᠲᠤ ᠵᠠᠬᠢᠶ᠎ᠠ ᠶᠢ ᠠᠯᠠᠭᠠᠨ ᠳᠠᠭᠠᠨ ᠲᠤᠰᠴᠣ᠂ ᠲᠤᠬᠤ ᠦᠭᠡᠢ ᠳᠡᠷᠪᠡᠵᠦ ᠳᠡᠪᠬᠡᠷᠦᠭᠰᠡᠨ ᠲᠡᠷᠡ ᠮᠥᠴᠡ ᠳᠤ ᠵᠠᠯᠠᠭᠤ ᠨᠠᠰᠤ ᠮᠢᠨᠢ ᠦᠳᠦ ᠪᠠᠨ ᠰᠣᠯᠢᠭᠰᠠᠨ ᠪᠦᠷᠭᠦᠳ ᠮᠡᠲᠦ ᠬᠦᠰᠡᠯ ᠤᠨ ᠵᠢᠭᠦᠷ ᠢᠶᠠᠨ ᠬᠦᠴᠦᠲᠡᠢ ᠳᠡᠯᠭᠡᠵᠦ᠂  ᠬᠦᠵᠦᠭᠦᠦ ᠤᠷᠳᠦ  ᠵᠠᠮ ᠢ ᠵᠣᠷᠢᠭᠲᠠᠢ ᠲᠤᠭᠤᠯᠬᠤ ᠳᠤ ᠮᠥᠩᠬᠡ ᠲᠡᠭᠷᠢ  ᠨᠠᠮᠠᠶᠢ  ᠢᠪᠡᠭᠡᠨ ᠲᠡᠳᠬᠦᠵᠦ ᠪᠠᠶᠢᠭᠰᠠᠨ ᠁       ᠶᠠᠭ ᠡᠨᠡ ᠦᠶ᠎ᠡ ᠪᠠᠷ ᠶᠢᠰᠦᠨ ᠰᠠᠷ᠎ᠠ ᠶᠢᠨ ᠠᠷᠪᠠᠨ ᠤ ᠪᠠᠭᠰᠢ ᠶᠢᠨ ᠪᠠᠶᠠᠷ ᠲᠣᠬᠢᠶᠠᠯᠳᠤᠵᠤ᠂ ᠰᠥᠨᠢ ᠡᠳᠦᠷ ᠤᠨ ᠴᠢᠯᠡᠭᠡ ᠮᠢᠨᠢ ᠰᠢᠯᠢᠳᠡᠭ ᠪᠠᠭᠰᠢ ᠪᠠᠷ ᠰᠣᠯᠢᠭᠳᠠᠵᠤ᠂ ᠱᠠᠩᠨᠠᠯ ᠬᠥᠬᠢᠭᠦᠯᠦᠯ ᠤᠨ ᠲᠠᠶᠢᠰᠠᠨ ᠳᠤ ᠤᠯᠠᠭᠠᠨ ᠴᠡᠴᠡᠭ ᠥᠷᠥ ᠵᠢᠷᠦᠬᠡ ᠶᠢ ᠭᠡᠶᠢᠭᠦᠯᠵᠦ᠂ ᠣᠷᠭᠢᠯᠤᠮ᠎ᠠ ᠵᠣᠷᠢᠭ ᠪᠦᠭᠦ ᠪᠡᠶ᠎ᠡ ᠠᠴᠠ ᠤᠨᠳᠤᠷᠤᠨ᠂ ᠡᠭᠡᠯ ᠨᠢᠭᠡᠨ ᠪᠠᠭᠰᠢ ᠨᠡᠷ᠎ᠡ ᠶᠢ ᠬᠠᠲᠠᠭᠤᠵᠢᠯᠲᠠᠢ ᠭᠦᠳᠡᠯᠮᠦᠷᠢ ᠪᠠᠷ ᠢᠶᠠᠨ ᠡᠷᠭᠦᠨ ᠶᠠᠪᠤᠬᠤ ᠳᠤ ︽ᠬᠥᠮᠥᠨ ᠲᠥᠷᠥᠯᠬᠢᠲᠡᠨ ᠤ ᠤᠶᠤᠨ ᠤ ᠢᠨᠵᠧᠨᠧᠷ︾ ᠭᠡᠬᠦ ᠢᠷᠠᠭᠤ ᠠᠯᠳᠠᠷ ᠠᠴᠠ ᠥᠩᠭᠡ ᠭᠡᠷᠡᠯ ᠰᠠᠴᠤᠷᠠᠵᠤ ᠪᠠᠶᠢᠭᠰᠠᠨ ᠁       ᠶᠠᠭ ᠡᠨᠡ ᠦᠶ᠎ᠡ ᠪᠠᠷ ᠬᠥᠮᠥᠨ ᠤ ᠡᠭᠦᠳᠡᠨ ᠳᠤ ᠪᠡᠷᠢ ᠶᠢᠨ ᠶᠣᠰᠣ ᠶᠢ ᠬᠢᠴᠢᠶᠡᠵᠦ ᠠᠩᠬ᠎ᠠ ᠤᠳᠠᠭ᠎ᠠ ᠠᠬ᠎ᠠ ᠪᠡᠷᠭᠡᠨ ᠲᠠᠢ ᠪᠠᠨ ᠭᠤᠷᠪᠠᠭᠤᠯᠠ ᠬᠠᠳᠠᠮᠴᠢᠯᠠᠵᠤ ᠭᠦᠷᠦᠭᠰᠡᠨ ᠲᠡᠦᠬᠡ ᠲᠠᠢ ᠰᠠᠨ᠃ ᠲᠣᠷᠭᠠᠨ ᠬᠠᠶᠢᠷ᠎ᠠ ᠶᠢᠨ ᠲᠠᠩᠰᠤᠭ ᠨᠠᠮᠤᠷ ᠬᠤᠩᠭᠤᠷᠬᠠᠨ ᠪᠠᠶᠢᠭᠰᠠᠨ᠃ ᠨᠡᠷᠡᠨ ᠤ  ᠪᠤᠴᠠᠯᠤᠮ᠎ᠠ ᠢᠯᠴᠢ ᠵᠣᠯ ᠵᠢᠷᠭᠠᠯ ᠢ ᠰᠡᠷᠡᠯ ᠮᠡᠳᠡᠷᠡᠯ ᠪᠦᠭᠦᠨ ᠢᠶᠠᠷ ᠲᠥᠭᠡᠨᠡᠵᠦ᠂ ᠡᠷᠭᠢ ᠦᠭᠡᠢ ᠢᠨᠠᠭ ᠤᠨ ᠲᠠᠯᠠᠢ ᠳᠤ ᠡᠷᠬᠡ ᠳᠤᠷ᠎ᠠ ᠪᠠᠷ ᠨᠣᠶᠠᠷᠬᠠᠭᠳᠠᠨ ᠱᠤᠩᠪᠠᠵᠤ ᠪᠠᠶᠢᠭᠰᠠᠨ ᠁       ᠶᠠᠭ ᠡᠨᠡ ᠦᠶ᠎ᠡ ᠪᠠᠷ ᠡᠩᠬᠦᠷᠡᠢ ᠬᠥᠭᠡᠷᠦᠬᠦᠨ ᠬᠦᠦ ᠶᠢᠨ ᠢᠶᠠᠨ ᠬᠤᠶᠠᠷ ᠨᠠᠰᠤᠨ ᠳᠤᠨᠢ ᠪᠤᠯᠪᠠᠷᠠᠢ ᠲᠤᠶᠠᠭᠠᠨ ᠬᠡᠦᠬᠡᠨ ᠢᠶᠠᠨ ᠬᠥᠩᠭᠡᠵᠢᠭᠡᠳ ᠬᠠᠷ᠎ᠠ ᠴᠠᠭᠠᠨ ᠦᠷ᠎ᠡ ᠲᠠᠢ ᠬᠠᠯᠠᠭᠤᠨ ᠪᠦᠯᠢᠶᠡᠨ ᠭᠡᠷ ᠪᠦᠯᠢ ᠲᠠᠢ᠂ ᠬᠠᠩᠬᠤᠯᠵᠤ ᠬᠠᠩᠭᠢᠨᠠᠭᠰᠠᠨ ᠬᠠᠶᠢᠷ᠎ᠠ ᠶᠢᠨ ᠪᠦᠪᠡᠢ ᠲᠠᠢ ᠡᠵᠢ ᠬᠥᠮᠥᠨ ᠤ ᠤᠭᠤᠷᠠᠭ ᠴᠠᠭᠠᠨ ᠰᠦ ᠪᠠᠨ ᠴᠠᠯᠭᠢᠯᠠᠭᠤᠯᠵᠤ᠂ ᠡᠷ᠎ᠡ ᠬᠤᠩᠭᠤᠷ ᠬᠠᠨᠢ ᠶᠢᠨ ᠬᠤᠶᠢᠮᠤᠷ ᠲᠤ ᠮᠥᠩᠬᠡ ᠭᠠᠯ ᠤᠨ ᠭᠤᠯᠣᠮᠲᠠ ᠵᠠᠯᠭᠠᠵᠤ᠂ ᠬᠥᠮᠥᠨ ᠤᠳᠤᠮ ᠤᠨ ᠴᠤᠭ ᠠᠰᠠᠭᠠᠵᠤ ᠶᠠᠪᠤᠭᠰᠠᠨ ᠁       ᠨᠠᠮᠤᠷᠵᠢᠶ᠎ᠠ ᠠᠴᠠ ᠨᠠᠭᠠᠰᠢᠯᠠᠬᠤ ᠨᠡᠭᠦᠳᠡᠯ ᠤᠨ ᠴᠤᠪᠤᠭ᠎ᠠ ᠤᠷᠳᠦ ᠶᠢᠨ ᠲᠠᠭᠤᠨ ᠤ ᠴᠤᠤᠷᠢᠶ᠎ᠠ ᠲᠠᠢ ᠠᠶᠠᠷ ᠠᠶᠠᠷ ᠰᠠᠵᠢᠯᠠᠨ᠎ᠠ᠃       ᠤᠷᠠᠨ ᠲᠥᠷᠬᠦ ᠠᠬᠤᠢ ᠶᠢᠷᠲᠢᠨᠴᠦ ᠶᠢᠨ ᠤᠯᠠᠷᠢᠯ ᠬᠤᠪᠢᠰᠤᠯ ᠪᠦᠭᠦᠨ ᠥᠪᠡᠷ ᠤᠨ ᠥᠩᠭᠡ ᠪᠠᠷ ᠢᠶᠠᠨ ᠭᠠᠩᠬᠤᠬᠤ ᠪᠥᠭᠡᠳ ᠬᠥᠮᠥᠨ ᠪᠦᠭᠦᠨ ᠳᠤ ᠬᠦᠷᠲᠡᠭᠡᠬᠦ ᠤᠨᠤᠭ ᠠᠯᠳᠠᠭ ᠴᠣ᠋ ᠠᠳᠠᠯᠢ ᠦᠭᠡᠢ᠃       ᠵᠢᠷᠭᠠᠯ ᠢ ᠵᠢᠷᠭᠠᠯᠲᠠᠢ ᠡᠳ᠋ᠯᠡᠵᠦ ᠵᠣᠪᠠᠯ ᠭᠠᠭᠴᠠᠭᠠᠷᠳᠠᠯ ᠢ ᠴᠣ᠋ ᠭᠦᠷ ᠬᠥᠭᠵᠢᠯ ᠢᠶᠠᠷ ᠨᠣᠮᠣᠬᠠᠳᠬᠠᠨ ᠨᠠᠮᠤᠷᠵᠢᠬᠤ ᠬᠥᠮᠥᠨ ᠤᠬᠠᠭᠠᠨ ᠤ ᠰᠡᠳᠬᠢᠯ ᠤᠨ ᠲᠠᠮᠢᠷ ᠲᠡᠷᠡ ᠪᠢᠯᠡ᠂ ᠬᠥᠬᠡ ᠮᠥᠩᠬᠡ ᠲᠡᠭᠷᠢ ᠠᠴᠠ ᠰᠣᠶᠣᠷᠬᠠᠭᠰᠠᠨ ᠢᠪᠡᠭᠡᠯ  ᠴᠤ ᠲᠡᠷᠡ ᠶᠤᠮ  ᠳ᠋ᠠ᠃       ᠨᠠᠮᠤᠷ ᠭᠡᠭᠴᠢ ᠰᠢᠯᠦᠭᠴᠢ ᠬᠥᠮᠥᠨ ᠤ ᠰᠡᠳᠬᠢᠯ ᠤᠨ ᠠᠨᠢᠷ ᠢᠶᠠᠷ ᠱᠤᠤᠭᠢᠳᠠᠭ ᠤᠯᠠᠷᠢᠯ ᠰᠡᠨᠵᠢ᠃ ᠠᠮᠢᠳᠤᠷᠠᠯ ᠬᠠᠶᠢᠷ᠎ᠠ ᠶᠢᠨ ᠤᠶᠠᠩᠭ᠎ᠠ ᠶᠢ ᠰᠠᠨᠠᠯ ᠮᠥᠷᠥᠭᠡᠳᠦᠯ ᠢᠶᠠᠷ ᠬᠡᠮᠨᠡᠵᠦ᠂ ᠨᠠᠮᠤᠷ ᠨᠠᠮᠤᠷ ᠤᠨ ᠳᠤᠷᠠᠰᠤᠮᠵᠢ ᠪᠠᠷ ᠢᠷᠠᠭᠤ ᠨᠠᠶᠢᠷᠠᠭ  ᠢᠳᠡᠭᠡᠰᠢᠭᠦᠯᠦᠨ ᠰᠡᠳᠬᠢᠯ ᠤᠨ ᠤᠶᠠᠩᠭ᠎ᠠ ᠬᠠᠩᠭᠢᠨᠠᠭᠤᠯᠵᠤ᠂ ᠭᠦᠨ ᠨᠠᠮᠤᠷ ᠲᠤ ᠬᠦᠨᠳᠦ ᠪᠠᠷ ᠰᠣᠭᠲᠣᠬᠤ ᠭᠡᠭᠴᠢ ᠪᠠᠰᠠ  ᠨᠢᠭᠡᠨ ᠵᠢᠷᠭᠠᠯ  ᠶᠤᠮᠰᠠᠨ᠃
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ