︽ᠪᠠᠷᠭᠤ ᠮᠠᠯᠵᠢᠯ ᠠᠮᠢᠳᠤᠷᠠᠯ ᠤᠨ ᠰᠤᠶᠤᠯ︾ ᠭᠡᠬᠦ ᠨᠤᠮ ᠢ ᠤᠡᠭᠰᠢᠬᠰᠠᠨ ᠤᠢᠢᠯᠠᠭᠠᠯᠳᠠ
ᠨᠡᠶᠢᠲᠡᠯᠡᠭᠰᠡᠨ ᠴᠠᠭ᠄
2023/11/7
       ᠯᠾ᠊ · ᠮᠡᠰᠢᠪᠢᠯᠢᠭ ᠤᠨ ᠨᠠᠶᠢᠷᠠᠭᠤᠯᠤᠭᠰᠠᠨ ︽ᠪᠠᠷᠭᠤ ᠮᠠᠯᠵᠢᠯ ᠠᠮᠢᠳᠤᠷᠠᠯ ᠤᠨ ᠰᠤᠶᠤᠯ︾ ︵ᠦᠪᠤᠷ ᠮᠤᠩᠭᠤᠯ ᠤᠨ ᠭᠡᠪᠯᠡᠯ ᠤᠨ ᠪᠥᠯᠦᠭᠯᠡᠯ ᠤᠨ ᠦᠪᠤᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 2014 ᠤᠨ︶ ᠭᠡᠬᠦ ᠨᠤᠮ ᠨᠢ ᠪᠢᠴᠢᠯᠭᠡ ᠶᠢᠨ ᠲᠠᠯ᠎ᠠ ᠪᠠᠷ ᠦᠪᠡᠷ ᠤᠨ ᠭᠡᠪ ᠨᠠᠮᠪᠡ ᠲᠠᠢ ᠪᠠᠶᠢᠵᠤ᠂ ᠠᠭᠤᠯᠭ᠎ᠠ ᠶᠢᠨ ᠲᠠᠯ᠎ᠠ ᠪᠠᠷ ᠪᠠᠷᠭᠤ ᠮᠤᠩᠭᠤᠯᠴᠤᠳ ᠤᠨ ‍ᠦᠪ ᠰᠤᠶᠤᠯ ᠢ ᠦᠨᠡᠨ ᠪᠤᠳᠠᠳᠠᠢ ᠲᠠᠨᠢᠯᠴᠠᠭᠤᠯᠵᠤ ᠲᠠᠮᠳᠡᠭᠯᠡᠭᠰᠡᠨ ᠢᠶᠠᠷ ᠢᠶᠠᠨ ᠤᠡᠭᠰᠢᠬᠴᠢᠳ ᠤᠨ ᠰᠤᠷᠴᠤ ᠰᠤᠳᠤᠯᠬᠤ ᠬᠤᠪᠤᠷᠬᠠᠨ ᠮᠠᠲ᠋ᠧᠷᠢᠶᠠᠯ ᠤᠨ ᠨᠢᠭᠡ ᠪᠤᠯᠵᠠᠢ᠃ ᠦᠭᠡᠷ᠎ᠠ ᠪᠠᠷ ᠭᠡᠯᠡᠪᠡᠯ᠂ ᠠᠭᠤᠯᠭ᠎ᠠ ᠶᠢᠨ ᠪᠥᠳᠥᠴᠡ ᠲᠤᠬᠢᠷᠠᠭᠤᠯᠤᠯᠳᠠ ᠨᠢ ᠦᠬᠦᠮᠡᠯ ᠵᠠᠭᠪᠤᠷ ᠲᠤ ᠪᠠᠷᠢᠭᠳᠠᠭᠰᠠᠨ ᠦᠭᠡᠢ ᠲᠤᠯᠠ ᠴᠢᠯᠦᠭᠡᠳᠤ ᠭᠡᠯᠪᠡᠷᠢ ᠪᠥᠬᠦᠢ ᠦᠪᠡᠷᠮᠢᠴᠡ ᠤᠡᠴᠠᠯᠢᠭ ᠲᠠᠢ ᠪᠤᠯᠵᠠᠢ᠃ ᠮᠤᠩᠭᠤᠯ ᠰᠤᠶᠤᠯ ᠤᠨ ᠴᠢᠬᠤᠯᠠ ᠨᠢᠭᠡᠨ ᠪᠥᠷᠢᠯᠳᠥᠬᠦᠨ ᠪᠤᠯᠬᠤ ᠪᠠᠷᠭᠤ ᠰᠤᠶᠤᠯ ᠤᠨ ᠲᠤᠳᠤᠷᠠᠬᠢ ᠰᠢᠨ᠎ᠡ ᠪᠠᠷᠭᠤ ᠵᠡᠬᠦᠨ ᠬᠤᠰᠢᠭᠤᠨ ᠤ ᠪᠠᠷᠭᠤᠴᠤᠳ ᠤᠨ ᠮᠠᠯᠵᠢᠯ ᠠᠮᠢᠳᠤᠷᠠᠯ ᠤᠨ ᠰᠤᠶᠤᠯ ᠢ ᠰᠢᠰᠲ᠋ᠧᠮ ᠲᠠᠢ ᠡᠮᠬᠢᠳᠭᠡᠭᠰᠡᠨ ᠢᠶᠠᠷ ᠠᠭᠤᠯᠭ᠎ᠠ ᠶᠢᠨ ᠬᠥᠷᠢᠶ᠎ᠠ ᠭᠡᠪᠴᠢᠶ᠎ᠠ ᠨᠢ ᠲᠤᠳᠤᠷᠬᠠᠢ ᠪᠤᠯᠵᠤ᠂ ᠠᠮᠤᠭᠤᠯᠠᠩ ᠨᠢᠭᠡᠳᠤᠭᠡᠷ ᠪᠠᠭ᠎ᠠ ᠰᠤᠷᠭᠠᠭᠤᠯᠢ ᠶᠢᠨ ᠵᠢᠭᠠᠬᠤ ᠮᠠᠲ᠋ᠧᠷᠢᠶᠠᠯ ᠪᠤᠯᠭᠠᠨ ᠨᠠᠶᠢᠷᠠᠭᠤᠯᠤᠭᠰᠠᠨ ᠲᠤᠯᠠ ᠴᠢᠭᠯᠡᠯᠳᠤ ᠴᠢᠨᠠᠷ ᠲᠠᠢ ᠮᠦᠷᠳᠡᠭᠡᠨ ᠵᠤᠷᠢᠯᠭᠠᠳᠤ ᠴᠢᠨᠠᠷ ᠲᠠᠢ ᠪᠤᠯᠵᠠᠢ᠃ ᠭᠠᠵᠠᠷ ᠤᠷᠤᠨ ᠤ ᠮᠦᠷᠳᠡᠭᠡᠨ ᠭᠤᠤᠯ ᠪᠤᠯᠬᠤ ᠵᠠᠩ ᠰᠤᠶᠤᠯ ᠢ ᠨᠠᠷᠢᠰᠬᠠᠨ ᠲᠠᠶᠢᠯᠪᠤᠷᠢᠯᠠᠭᠰᠠᠨ ᠪᠤᠯᠬᠤᠷ ᠤᠡᠴᠠᠭᠠᠢ ᠴᠢᠨᠠᠷ ᠪᠡ ᠮᠡᠳᠡᠯᠭᠡᠳᠤ ᠴᠢᠨᠠᠷ ᠲᠠᠢ ᠪᠤᠯᠵᠠᠢ᠃ ᠮᠠᠷᠳᠠᠭᠳᠠᠨ ᠤᠷᠬᠢᠭᠳᠠᠵᠤ ᠪᠥᠬᠦᠢ ᠥᠪ ᠤᠯᠠᠮᠵᠢᠯᠠᠯ ᠢ ᠲᠠᠮᠳᠡᠭᠯᠡᠵᠤ ᠬᠠᠳᠠᠭᠠᠯᠠᠭᠰᠠᠨ ᠤᠴᠢᠷ ᠠᠴᠠ ᠠᠬᠤᠢᠢᠴᠢ ᠪᠡ ᠠᠯᠤᠰ ᠭᠡᠳᠤ ᠶᠢᠨ ᠠᠴᠢ ᠬᠤᠯᠪᠤᠭᠳᠠᠯ ᠲᠠᠢ ᠪᠤᠯᠵᠠᠢ᠃ ᠦᠭᠡ ᠦᠬᠦᠯᠡᠪᠤᠷᠢ ᠨᠢ ᠲᠤᠪᠴᠢ ᠠᠪᠰᠠᠷ᠂ ᠤᠢᠢᠯᠠᠭᠠᠮᠵᠢ ᠲᠠᠢ᠂ ᠨᠠᠶᠢᠷᠠᠯᠭ᠎ᠠ ᠴᠢᠩᠭ᠎ᠠ ᠪᠠᠶᠢᠵᠤ᠂ ᠤᠡᠭᠰᠢᠪᠤᠷᠢᠳᠠᠢ ᠰᠤᠷᠤᠯᠴᠠᠭᠤᠰᠢᠳᠠᠢ ᠰᠤᠷᠬᠤ ᠪᠢᠴᠢᠭ ᠮᠦᠷᠳᠡᠭᠡᠨ ᠲᠤᠯᠢ ᠪᠤᠯᠤᠮᠠᠷ ᠭᠠᠷ ᠤᠨ ᠠᠪᠤᠯᠭ᠎ᠠ ᠪᠤᠯᠵᠤᠬᠤᠢ᠃       ᠨᠢᠭᠡ᠂ ᠠᠭᠤᠯᠭ᠎ᠠ ᠶᠢᠨ ᠪᠥᠳᠥᠴᠡ ᠲᠤᠬᠢᠷᠠᠭᠤᠯᠤᠯᠳᠠ 2. ᠲᠡᠭᠡᠷᠡᠬᠢ ᠬᠦᠰᠥᠨᠥᠭᠳᠤ ᠠᠴᠠ ᠦᠵᠡᠪᠡᠯ ᠠᠭᠤᠯᠭ᠎ᠠ ᠶᠢᠨ ᠪᠥᠳᠥᠴᠡ ᠲᠤᠬᠢᠷᠠᠭᠤᠯᠤᠯᠳᠠ ᠨᠢ ᠦᠬᠦᠮᠡᠯ ᠵᠠᠭᠪᠤᠷ ᠲᠤ ᠪᠠᠷᠢᠭᠳᠠᠭᠰᠠᠨ ᠦᠭᠡᠢ ᠨᠢ ᠢᠯᠡᠭᠡᠨ᠃ ᠨᠢᠭᠡᠴᠢ ᠪᠥᠷᠢ ᠶᠢᠨ ᠬᠢᠴᠢᠶᠡᠯ ᠤᠳ ᠤᠨ ᠲᠤᠭ᠎ᠠ ᠪᠡ ᠬᠢᠴᠢᠶᠡᠯ ᠪᠤᠯᠭᠠᠨ ᠤ ᠪᠥᠯᠦᠭ᠂ ᠭᠡᠰᠡᠭ᠂ ᠲᠠᠰᠬᠠᠯ ᠨᠢ ᠴᠥᠮ ᠲᠤᠭᠳᠠᠭᠰᠠᠨ ᠲᠤᠭ᠎ᠠ ᠭᠤᠷᠢᠮ ᠲᠠᠢ ᠪᠢᠰᠢ᠃ ᠲᠤᠬᠠᠢᠢᠯᠠᠪᠡᠯ ᠨᠠᠶᠢᠳᠠ 5 ᠨᠢᠭᠡᠴᠢ᠂ 36 ᠬᠢᠴᠢᠶᠡᠯ᠂ 52 ᠪᠦᠯᠦᠭ᠂ 21 ᠭᠡᠰᠡᠭ᠂ 163 ᠲᠠᠰᠬᠠᠯ ᠢ ᠲᠤᠬᠢᠷᠠᠭᠤᠯᠤᠭᠰᠠᠨ ᠪᠠᠶᠢᠨ᠎ᠠ᠃ ᠡᠬᠦᠨ ᠳᠤ ᠬᠢᠴᠢᠶᠡᠯ ᠨᠢ ᠴᠥᠬᠡᠨ ᠳᠡᠭᠡᠨ 4᠂ ᠤᠯᠠᠨ ᠳᠠᠭᠠᠨ 11᠂ ᠪᠥᠯᠥᠭ᠂ ᠭᠡᠰᠡᠭ᠂ ᠲᠠᠰᠬᠠᠯ ᠨᠢ ᠤᠯᠠᠨ ᠳᠠᠭᠠᠨ ᠲᠤᠰ ᠪᠥᠷᠢ 8᠂ 6᠂ 4 ᠪᠠᠶᠢᠵᠤ᠂ ᠴᠥᠭᠡᠨ ᠳᠡᠭᠡᠨ 1᠂ ᠵᠠᠷᠢᠮ ᠬᠢᠴᠢᠶᠡᠯ ᠳᠤᠨᠢ ᠪᠦᠯᠦᠭ᠂ ᠭᠡᠰᠡᠭ᠂ ᠲᠠᠰᠬᠠᠯ ᠪᠠᠶᠢᠬᠤ ᠴᠤ ᠦᠭᠡᠢ᠃     ᠬᠤᠶᠠᠷ᠂ ᠮᠠᠯᠵᠢᠯ ᠠᠮᠢᠳᠤᠷᠠᠯ ᠤᠨ ᠬᠠᠮᠤᠷᠤᠭᠰᠠᠨ ᠰᠤᠶᠤᠯ ᠤᠨ ᠬᠥᠷᠢᠶ᠎ᠠ ᠭᠡᠪᠴᠢᠶ᠎ᠠ       1. ᠰᠢᠨ᠎ᠡ ᠪᠠᠷᠭᠤ ᠵᠡᠬᠦᠨ ᠬᠤᠰᠢᠭᠤ ᠪᠡ ᠲᠠᠡᠳᠡᠬᠢ ᠪᠠᠷᠭᠤᠴᠤᠳ ᠤᠨ ᠬᠠᠯᠠ ᠤᠪᠤᠭᠨᠤᠮ ᠨᠢ ︽ᠪᠠᠷᠭᠤ ᠮᠠᠯᠵᠢᠯ ᠠᠮᠢᠳᠤᠷᠠᠯ ᠤᠨ ᠰᠤᠶᠤᠯ︾ ᠭᠡᠬᠦ ᠨᠠᠷ᠎ᠠ ᠲᠠᠢ ᠪᠥᠭᠡᠳ ᠠᠮᠤᠭᠤᠯᠠᠩ ᠨᠢᠭᠡᠳᠤᠭᠡᠷ ᠪᠠᠭ᠎ᠠ ᠰᠤᠷᠭᠠᠭᠤᠯᠢ ᠶᠢᠨ ᠵᠢᠭᠠᠬᠤ ᠮᠠᠲ᠋ᠧᠷᠢᠶᠠᠯ ᠭᠡᠬᠦ ᠲᠤᠳᠤᠳᠬᠠᠯ ᠲᠠᠢ ᠪᠠᠶᠢᠵᠤ᠂ ᠨᠢᠭᠡᠳᠤᠭᠡᠷ ᠨᠢᠭᠡᠴᠢ ᠶᠢᠨ ᠨᠢᠭᠡᠳᠤᠭᠡᠷ ᠬᠢᠴᠢᠶᠡᠯ ᠢᠶᠠᠨ ︽ᠰᠢᠨ᠎ᠠ ᠪᠠᠷᠭᠤ ᠵᠡᠬᠦᠨ ᠬᠤᠰᠢᠭᠤᠨ ᠤ ᠪᠠᠷᠭᠤᠴᠤᠳ︾ ᠭᠡᠬᠦ ᠰᠠᠳᠥᠪ ᠢᠶᠠᠷ ᠪᠢᠴᠢᠵᠤ᠂ ᠡᠬᠦᠨ ᠳᠤ ᠰᠢᠨ᠎ᠠ ᠪᠠᠷᠭᠤ ᠵᠡᠬᠦᠨ ᠬᠤᠰᠢᠭᠤ ᠪᠤᠯᠤᠨ ᠲᠡᠡᠳᠡ ᠠᠵᠤ ᠠᠮᠢᠳᠤᠷᠠᠵᠤ ᠪᠠᠶᠢᠭ᠎ᠠ ᠪᠠᠷᠭᠤ ᠶᠠᠰᠤᠳᠠᠨ ᠤ ᠬᠠᠯᠠ ︵ᠤᠪᠤᠭ︶ ᠶᠢ ᠲᠠᠨᠢᠯᠴᠠᠭᠤᠯᠵᠠᠢ᠃       2. ᠰᠢᠨ᠎ᠠ ᠪᠠᠷᠭᠤ ᠵᠡᠬᠦᠨ ᠬᠤᠰᠢᠭᠤᠨ ᠤ ᠪᠠᠷᠭᠤᠴᠤᠳ ᠤᠨ ᠶᠤᠰᠤ ᠵᠠᠩᠰᠢᠯ       ᠨᠢᠭᠡᠳᠤᠭᠡᠷ ᠨᠢᠭᠡᠴᠢ ᠶᠢᠨ ᠬᠤᠶᠠᠳᠤᠭᠠᠷ ᠬᠢᠴᠢᠶᠡᠯ ᠠᠴᠠ ᠡᠬᠢᠯᠡᠭᠡᠳ ᠲᠠᠪᠤᠳᠤᠭᠠᠷ ᠨᠢᠭᠡᠴᠢ ᠶᠢ ᠲᠠᠭᠤᠰᠳᠠᠯ᠎ᠠ ᠰᠢᠨ᠎ᠠ ᠪᠠᠷᠭᠤ ᠵᠡᠬᠦᠨ ᠬᠤᠰᠢᠭᠤᠨ ᠤ ᠪᠠᠷᠭᠤᠴᠤᠳ ᠤᠨ ᠮᠠᠯᠵᠢᠯ ᠠᠮᠢᠳᠤᠷᠠᠯ ᠤᠨ ᠶᠤᠰᠤ ᠵᠠᠩᠰᠢᠯ ᠢ ᠲᠠᠨᠢᠯᠴᠠᠭᠤᠯᠤᠨ ᠪᠢᠴᠢᠵᠠᠢ᠃ ᠠᠭᠤᠯᠭ᠎ᠠ ᠶᠢ ᠨᠢ ᠦᠡᠳᠤᠰᠥᠯᠡᠵᠤ ᠶᠠᠭᠡᠪᠴᠢᠯᠡᠨ ᠲᠦᠷᠥᠯᠵᠢᠬᠦᠯᠵᠤ ᠦᠵᠡᠪᠡᠯ ᠲᠤᠤᠷᠠᠬᠢ ᠮᠡᠳᠤ᠃       ︵1︶ ᠲᠠᠪᠤᠨ ᠬᠤᠰᠢᠭᠤ ᠮᠠᠯ ᠬᠢᠭᠡᠳ ᠲᠠᠬᠦᠨ ᠤ ᠠᠰᠢᠭ ᠰᠢᠮ᠎ᠠ ᠶᠢ ᠡᠳ᠋ᠯᠡᠬᠦ ᠶᠤᠰᠤᠨ       ︵2︶ ᠨᠡᠬᠦᠵᠤ ᠪᠠᠭᠤᠬᠤ ᠶᠤᠰᠤᠨ       ︵3︶ ᠴᠠᠢ ᠪᠠᠷᠢᠬᠤ ᠪᠡ ᠬᠠᠳᠠᠭ ᠪᠠᠷᠢᠬᠤ ᠶᠤᠰᠤᠨ       ︵4︶ ᠴᠡᠭᠡᠷ ᠶᠤᠰᠤᠨ       ︵5︶ ᠬᠦᠭᠡ ᠢᠳᠡᠭᠡᠨ ᠪᠤᠯᠤᠨ ᠪᠤᠷᠤ ᠢᠳᠡᠭᠡᠨ ᠢ ᠡᠳ᠋ᠯᠡᠬᠦ ᠵᠠᠩᠰᠢᠯ       ︵6︶ ᠬᠦᠡᠳᠥᠯᠡᠬᠦ᠂ ᠮᠡᠡᠳᠥᠴᠢᠯᠡᠬᠦ᠂ ᠪᠢᠳᠡᠬᠦᠯᠡᠬᠦ᠂ ᠰᠢᠨᠡᠯᠡᠬᠦ᠂ ᠵᠤᠯᠭᠠᠬᠤ᠂ ᠵᠤᠴᠢᠨ ᠤᠭᠳᠤᠬᠤ ᠪᠡ ᠮᠤᠷᠳᠠᠭᠤᠯᠬᠤ ᠶᠤᠰᠤᠨ       ︵7︶ ᠭᠡᠷ ᠤᠨ ᠰᠤᠷᠭᠠᠯ ᠤᠨ ᠶᠤᠰᠤᠨ       ︵8︶ ᠲᠥᠷᠤᠯ ᠰᠠᠳᠤᠨ ᠰᠥᠯᠪᠡᠭᠡ ᠬᠠᠷᠢᠴᠠᠭᠠᠨ ᠤ ᠨᠠᠷᠠᠶᠢᠳᠤᠯ ᠲᠠᠭᠤᠳᠠᠯᠭ᠎ᠠ ᠶᠢᠨ ᠶᠤᠰᠤᠨ       ︵9︶ ᠨᠠᠰᠤᠨ ᠪᠠᠶᠠᠷ ᠬᠢᠬᠦ ᠶᠤᠰᠤᠨ       ︵10︶ ᠰᠢᠳᠥᠯᠭᠡ ᠲᠠᠬᠢᠯᠭ᠎ᠠ ᠶᠢᠨ ᠶᠤᠰᠤᠨ       ︵11︶ ᠭᠡᠬᠦᠷ ᠤᠷᠤᠰᠢᠭᠤᠯᠭ᠎ᠠ ᠶᠢᠨ ᠶᠤᠰᠤᠨ ᠵᠠᠷᠭᠡ ᠲᠥᠷᠤᠯ ᠳᠤ ᠬᠤᠪᠢᠶᠠᠵᠤ ᠪᠤᠯᠤᠨ᠎ᠠ᠃       ᠡᠳᠡᠭᠡᠷ ᠨᠢ ᠭᠤᠤᠯᠳᠠᠭᠤ ᠶᠠᠭᠤ ᠶᠢ ᠲᠠᠨᠢᠯᠴᠠᠭᠤᠯᠤᠭᠰᠠᠨ ᠪᠤᠢ︖ ᠭᠡᠪᠡᠯ᠄       ᠲᠠᠪᠤᠨ ᠬᠤᠰᠢᠭᠤ ᠮᠠᠯ ᠬᠢᠭᠡᠳ ᠲᠠᠬᠦᠨ ᠤ ᠠᠰᠢᠭ ᠰᠢᠮ᠎ᠠ ᠶᠢ ᠡᠳ᠋ᠯᠡᠬᠦ ᠶᠤᠰᠤᠨ ᠳᠤ᠂ ᠭᠤᠤᠯᠳᠠᠭᠤ ᠲᠠᠪᠤᠨ ᠬᠤᠰᠢᠭᠤ ᠮᠠᠯ ᠤᠨ ᠨᠠᠷᠠᠶᠢᠳᠤᠯ᠂ ᠵᠢᠰᠤᠮ ᠪᠡ ᠵᠢᠰᠤᠯᠠᠨ ᠲᠠᠨᠢᠬᠤ᠂ ᠰᠢᠳᠤ ᠶᠢ ᠨᠢ ᠰᠢᠡᠵᠢᠯᠡᠵᠤ ᠨᠠᠰᠤ ᠶᠢ ᠨᠢ ᠲᠤᠭᠳᠠᠭᠠᠬᠤ᠂ ᠬᠤᠨᠢ ᠭᠠᠷᠭᠠᠬᠤ ᠠᠷᠭ᠎ᠠ᠂ ᠴᠠᠭᠠᠨ ᠢᠳᠡᠭᠡᠨ᠂ ᠤᠯᠠᠭᠠᠨ ᠢᠳᠡᠭᠡᠨ ᠵᠡᠷᠭᠡ ᠶᠢ ᠲᠠᠨᠢᠯᠴᠠᠭᠤᠯᠵᠠᠢ᠃       ᠨᠡᠬᠦᠵᠤ ᠪᠠᠭᠤᠬᠤ ᠶᠤᠰᠤᠨ ᠳᠤ᠂ ᠭᠤᠤᠯᠳᠠᠭᠤ ᠨᠡᠬᠦᠳᠡᠯ ᠪᠡ ᠨᠡᠬᠦᠳᠡᠯ ᠳᠤ ᠭᠡᠷᠡᠭᠯᠡᠬᠦ ᠲᠠᠷᠭᠡ ᠵᠢᠴᠢ ᠲᠡᠷᠭᠡ ᠨᠦᠭᠦᠳ ᠤᠨ ᠲᠠᠷᠠᠭᠠᠯᠠᠯ᠂ ᠨᠡᠬᠦᠳᠡᠯ ᠪᠠᠭᠤᠬᠤ ᠭᠠᠵᠠᠷ ᠢᠶᠠᠨ ᠲᠤᠭᠳᠠᠭᠠᠬᠤ᠂ ᠨᠡᠬᠦᠳᠡᠯ ᠤᠨ ᠲᠠᠷᠭᠡ ᠪᠠᠭᠤᠯᠭᠠᠨ ᠭᠡᠷ ᠬᠠᠰᠢᠶ᠎ᠠ ᠪᠠᠷᠢᠬᠤ᠂ ᠭᠡᠷ ᠲᠤᠳᠤᠷᠠᠬᠢ ᠲᠠᠪᠢᠯᠭ᠎ᠠ ᠶᠢᠨ ᠲᠤᠬᠢᠷᠠᠭᠤᠯᠤᠯᠳᠠ ᠵᠠᠷᠭᠡ ᠶᠢ ᠲᠠᠨᠢᠯᠴᠠᠭᠤᠯᠵᠠᠢ᠃       ᠴᠠᠢ ᠪᠠᠷᠢᠬᠤ ᠪᠡ ᠬᠠᠳᠠᠭ ᠪᠠᠷᠢᠬᠤ ᠶᠤᠰᠤᠨ ᠤ ᠲᠤᠬᠠᠢ ᠭᠡᠪᠡᠯ ᠴᠠᠢ ᠪᠠᠷᠢᠬᠤ ᠠᠭᠤᠯᠭ᠎ᠠ ᠳᠤ᠂ ᠭᠤᠤᠯᠳᠠᠭᠤ ᠭᠡᠷ ᠲᠤ ᠶᠠᠮᠠᠷᠪᠡ ᠨᠢᠭᠡᠨ ᠠᠶᠢᠯᠴᠢᠨ ᠢᠷᠡᠵᠤ ᠭᠡᠶᠢᠴᠢᠨ ᠤᠷᠤᠪᠡᠯ ︽ᠴᠠᠢ ᠴᠤ ᠦᠭᠡᠢ ᠴᠢᠷᠠᠢ ᠴᠤ ᠦᠭᠡᠢ︾ ᠭᠡᠵᠤ ᠮᠠᠭᠤᠯᠠᠭᠳᠠᠬᠤ ᠠᠴᠠ ᠬᠢᠴᠢᠶᠡᠬᠦ ᠪᠡ ᠴᠠᠢ ᠠᠶᠠᠭᠠᠯᠠᠵᠤ ᠪᠠᠷᠢᠳᠠᠭ ᠵᠠᠩᠰᠢᠯ ᠢ ᠲᠠᠨᠢᠯᠴᠠᠭᠤᠯᠵᠤ︔ ᠬᠠᠳᠠᠭ ᠪᠠᠷᠢᠬᠤ ᠠᠭᠤᠯᠭ᠎ᠠ ᠳᠤ᠂ ᠭᠤᠤᠯᠳᠠᠭᠤ ᠬᠠᠳᠠᠭ ᠢ ᠶᠠᠮᠠᠷ ᠦᠶ᠎ᠠ ᠳᠤ ᠭᠡᠷᠬᠢᠨ ᠭᠡᠷᠡᠭᠯᠡᠬᠦ ᠵᠠᠩᠰᠢᠯ ᠢ ᠲᠠᠨᠢᠯᠴᠠᠭᠤᠯᠵᠠᠢ᠃       ᠴᠡᠭᠡᠷ ᠶᠤᠰᠤᠨ ᠳᠤ᠂ ᠴᠠᠢ ᠤᠮᠳᠠᠭᠠᠨ ᠤ ᠴᠡᠭᠡᠷ᠂ ᠴᠠᠭᠠᠨ ᠢᠳᠡᠭᠡᠨ ᠤᠯᠠᠭᠠᠨ ᠢᠳᠡᠭᠡᠨ ᠤ ᠴᠡᠭᠡᠷ᠂ ᠬᠦᠡᠳᠥᠯᠡᠬᠦ ᠮᠡᠡᠳᠥᠴᠢᠯᠡᠬᠦ ᠪᠢᠳᠡᠬᠦᠯᠡᠬᠦ ᠶᠤᠰᠤᠨ ᠤ ᠴᠡᠭᠡᠷ᠂ ᠵᠤᠴᠢᠨ ᠤᠭᠳᠤᠬᠤ ᠪᠡ ᠮᠤᠷᠳᠠᠭᠤᠯᠬᠤ ᠶᠤᠰᠤᠨ ᠤ ᠴᠡᠭᠡᠷ᠂ ᠤᠪᠤᠭ᠎ᠠ ᠲᠠᠬᠢᠯᠭ᠎ᠠ ᠭᠠᠯ ᠰᠢᠳᠥᠯᠭᠡ ᠶᠢᠨ ᠴᠡᠭᠡᠷ᠂ ᠶᠠᠪᠤᠳᠠᠯ ᠮᠦᠷ ᠤᠨ ᠴᠡᠭᠡᠷ ᠁ ᠭᠡᠬᠦ ᠵᠠᠷᠭᠡ ᠨᠠᠯᠢᠶᠡᠳ ᠴᠡᠭᠡᠷ ᠶᠤᠰᠤ ᠶᠢ ᠲᠠᠨᠢᠯᠴᠠᠭᠤᠯᠵᠠᠢ᠃       ᠬᠦᠭᠡ ᠢᠳᠡᠭᠡᠨ ᠪᠤᠯᠤᠨ ᠪᠤᠷᠤ ᠢᠳᠡᠭᠡᠨ ᠢ ᠡᠳ᠋ᠯᠡᠬᠦ ᠵᠠᠩᠰᠢᠯ ᠳᠤ᠂ ᠭᠤᠤᠯᠳᠠᠭᠤ ᠭᠡᠭᠡᠷ᠎ᠠ ᠶᠢᠨ ᠵᠢᠮᠢᠰ ᠨᠤᠭᠤᠭ᠎ᠠ — ᠬᠦᠭᠡ ᠢᠳᠡᠭᠡᠨ ᠪᠤᠯᠤᠨ ᠠᠮᠤ ᠲᠠᠷᠢᠶ᠎ᠠ ᠪᠠᠷ ᠪᠤᠯᠪᠠᠰᠤᠷᠠᠭᠤᠯᠤᠭᠰᠠᠨ ᠪᠥᠳᠥᠭᠡᠭᠳᠡᠬᠦᠨ — ᠪᠤᠷᠤ ᠢᠳᠡᠭᠡᠨ ᠢ ᠴᠤ ᠢᠳᠡᠬᠦ ᠵᠠᠩᠰᠢᠯ ᠲᠠᠢ ᠶᠢ ᠲᠠᠨᠢᠯᠴᠠᠭᠤᠯᠵᠠᠢ᠃       ᠬᠦᠡᠳᠥᠯᠡᠬᠦ᠂ ᠮᠡᠡᠳᠥᠴᠢᠯᠡᠬᠦ᠂ ᠪᠢᠳᠡᠬᠦᠯᠡᠬᠦ᠂ ᠰᠢᠨᠡᠯᠡᠬᠦ᠂ ᠵᠤᠯᠭᠠᠬᠤ᠂ ᠵᠤᠴᠢᠨ ᠤᠭᠳᠤᠬᠤ ᠪᠡ ᠮᠤᠷᠳᠠᠭᠤᠯᠬᠤ ᠶᠤᠰᠤᠨ ᠳᠤ᠂ ᠭᠤᠤᠯᠳᠠᠭᠤ ᠬᠦᠡᠳᠥᠯᠡᠬᠦ᠂ ᠮᠠᠡᠳᠥᠴᠢᠯᠡᠬᠦ᠂ ᠪᠢᠳᠡᠬᠦᠯᠡᠬᠦ᠂ ᠰᠢᠨᠡᠯᠡᠬᠦ᠂ ᠵᠤᠯᠭᠠᠬᠤ᠂ ᠵᠤᠴᠢᠨ ᠤᠭᠳᠤᠬᠤ ᠪᠡ ᠮᠤᠷᠳᠠᠭᠤᠯᠬᠤ ᠶᠤᠰᠤ ᠵᠠᠩᠰᠢᠯ ᠢ ᠲᠤᠰ ᠲᠤᠰ ᠲᠤᠨᠢ ᠲᠠᠨᠢᠯᠴᠠᠭᠤᠯᠵᠠᠢ᠃       ᠭᠡᠷ ᠤᠨ ᠰᠤᠷᠭᠠᠯ ᠤᠨ ᠶᠤᠰᠤᠨ ᠳᠤ᠂ ᠭᠤᠤᠯᠳᠠᠭᠤ ᠪᠢᠳᠡᠭᠡᠢ ᠢᠡᠭᠬᠢ᠂ ᠪᠢᠳᠡᠭᠡᠢ ᠴᠢᠩᠬᠢ᠂ ᠢᠡᠭᠬᠢᠵᠤ ᠪᠤᠯᠬᠤ ᠦᠭᠡᠢ᠂ ᠲᠡᠭᠡᠵᠤ ᠪᠤᠯᠬᠤ ᠦᠭᠡᠢ᠂ ᠢᠡᠭᠬᠢᠪᠡᠯ ᠶᠠᠭᠠᠬᠢᠨ᠎ᠠ᠂ ᠲᠡᠭᠡᠪᠡᠯ ᠶᠠᠭᠠᠬᠢᠨ᠎ᠠ ᠭᠡᠬᠦ ᠮᠠᠶ᠋ᠢᠭ ᠤᠨ ᠴᠡᠭᠡᠷ ᠰᠤᠷᠭᠠᠯ ᠦᠭᠡᠰ ᠢ 36 ᠵᠤᠷᠪᠤᠰ ᠵᠢᠭᠰᠠᠭᠠᠨ ᠲᠠᠮᠳᠡᠭᠯᠡᠵᠠᠢ᠃       ᠲᠥᠷᠤᠯ ᠰᠠᠳᠤᠨ ᠰᠥᠯᠪᠡᠭᠡ ᠬᠠᠷᠢᠴᠠᠭᠠᠨ ᠤ ᠨᠠᠷᠠᠶᠢᠳᠤᠯ ᠲᠠᠭᠤᠳᠠᠯᠭ᠎ᠠ ᠶᠢᠨ ᠶᠤᠰᠤᠨ ᠳᠤ᠂ ᠦᠶ᠎ᠠ ᠵᠠᠯᠭᠠᠮᠵᠢ ᠶᠢᠨ ᠲᠠᠭᠤᠳᠠᠯᠭ᠎ᠠ ᠶᠢ ᠬᠤᠯᠤᠡᠴᠠ ᠡᠪᠦᠭᠡ ᠠᠴᠠ ᠵᠢᠴᠢ ᠳᠤ ᠬᠦᠷᠳᠡᠯᠡᠬᠢ 9 ᠦᠶ᠎ᠠ ᠶᠢᠨ ᠨᠠᠷᠠᠶᠢᠳᠤᠯ ᠢ ᠲᠠᠨᠢᠯᠴᠠᠭᠤᠯᠤᠨ᠂ ᠡᠳᠡᠭᠡᠷ ᠠᠴᠠ ᠲᠡᠭᠡᠭᠰᠢ ᠪᠤᠶᠤ ᠲᠤᠷᠤᠭᠰᠢ ᠦᠶ᠎ᠠ ᠶᠢᠨ ᠬᠦᠮᠤᠰ ᠢ ᠵᠦᠪᠭᠡᠨ ︽ᠲᠡᠭᠡᠳᠤᠰ︾ ᠪᠡ ︽ᠬᠤᠶᠢᠴᠢᠰ︾ ᠭᠡᠮᠡᠨ ᠲᠠᠭᠤᠳᠠᠬᠤ ᠶᠢ ᠲᠤᠳᠤᠷᠬᠠᠢᠢᠯᠠᠵᠤ︔ ᠲᠥᠷᠤᠯ ᠰᠥᠯᠪᠡᠭᠡᠨ ᠤ ᠲᠠᠭᠤᠳᠠᠯᠭ᠎ᠠ ᠶᠢ ᠰᠠᠳᠤᠨ ᠲᠥᠷᠤᠯ ᠤᠨ ᠬᠠᠷᠢᠴᠠᠭ᠎ᠠ ᠪᠠᠷ ᠨᠠᠷᠢᠨ ᠢᠯᠭᠠᠪᠤᠷᠢᠯᠠᠨ ᠲᠠᠨᠢᠯᠴᠠᠭᠤᠯᠵᠠᠢ᠃       ᠨᠠᠰᠤᠨ ᠪᠠᠶᠠᠷ ᠬᠢᠬᠦ ᠶᠤᠰᠤᠨ ᠳᠤ᠂ ᠭᠤᠤᠯᠳᠠᠭᠤ ᠵᠢᠯ ᠤᠷᠤᠭᠰᠠᠳ ᠢ ᠡᠪᠡᠳᠴᠢᠨ ᠥ ᠲᠤᠰᠬᠤ ᠠᠴᠠ ᠬᠢᠴᠢᠶᠡᠵᠤ᠂ ᠠᠷᠭᠠᠳᠠᠬᠤ ᠠᠷᠭ᠎ᠠ ᠵᠠᠰᠠᠯ ᠬᠢᠯᠭᠡᠬᠦ ᠠᠴᠠ ᠪᠢᠰᠢ ᠵᠢᠯ ᠤᠷᠤᠬᠤ ᠪᠠᠶᠠᠷ ᠬᠢᠬᠦ ᠵᠠᠩᠰᠢᠯ ᠦᠭᠡᠢ ᠶᠢ ᠲᠤᠳᠤᠷᠬᠠᠢᠢᠯᠠᠵᠤ᠂ ᠬᠠᠷᠢᠨ ᠨᠠᠰᠤᠳᠠᠨ ᠲᠤᠮᠤᠭᠠᠳᠠᠨ ᠢᠶᠠᠨ ᠡᠷᠬᠦᠵᠤ ᠬᠦᠡᠳᠥᠯᠡᠬᠦ ᠶᠢᠨ ᠲᠦᠯᠦᠭᠡ ᠨᠠᠰᠤᠨ ᠪᠠᠶᠠᠷ ᠬᠢᠬᠦ ᠵᠠᠩᠰᠢᠯ ᠲᠠᠢ ᠪᠥᠭᠡᠳ ᠭᠡᠵᠢᠶ᠎ᠠ ᠭᠡᠷᠬᠢᠨ ᠬᠢᠬᠦ ᠶᠤᠰᠤᠨ ᠢ ᠲᠠᠨᠢᠯᠴᠠᠭᠤᠯᠵᠠᠢ᠃ ᠡᠩ ᠤᠨ ᠪᠠᠶᠢᠳᠠᠯ ᠳᠤ ᠲᠠᠯᠠᠨ ᠨᠠᠰᠤ ᠠᠴᠠ ᠡᠬᠢᠯᠡᠨ ᠨᠠᠰᠤᠨ ᠪᠠᠶᠠᠷ ᠬᠢᠵᠤ᠂ 80᠂ 90 ᠁ ᠨᠠᠰᠤ ᠦᠡᠳᠤᠷ ᠪᠤᠯᠬᠤ ᠲᠤᠳᠤᠮ ᠨᠠᠰᠤᠨ ᠪᠠᠶᠠᠷ ᠬᠢᠬᠦ ᠨᠢ ᠤᠯᠠᠮ ᠦᠪᠡᠳᠡᠭᠰᠢ ᠪᠤᠯᠳᠠᠭ᠃       ᠰᠢᠳᠥᠯᠭᠡ ᠲᠠᠬᠢᠯᠭ᠎ᠠ ᠶᠢᠨ ᠶᠤᠰᠤᠨ ᠳᠤ᠂ ᠭᠤᠤᠯᠳᠠᠭᠤ ᠤᠪᠤᠭ᠎ᠠ ᠲᠠᠬᠢᠯᠭ᠎ᠠ ᠪᠡ ᠭᠠᠯ ᠲᠠᠬᠢᠯᠭ᠎ᠠ ᠵᠢᠴᠢ ᠭᠠᠯ ᠰᠢᠳᠥᠬᠦ ᠶᠢ ᠲᠠᠨᠢᠯᠴᠠᠭᠤᠯᠵᠠᠢ᠃       ᠭᠡᠬᠦᠷ ᠤᠷᠤᠰᠢᠭᠤᠯᠭ᠎ᠠ ᠶᠢᠨ ᠶᠤᠰᠤᠨ ᠳᠤ᠂ ᠨᠠᠰᠤᠳᠠᠨ ᠲᠤᠮᠤᠭᠠᠳᠠᠨ ᠤ ᠨᠠᠰᠤ ᠨᠦᠭᠴᠢᠬᠦ ᠶᠠᠪᠤᠳᠠᠯ ᠢᠶᠠᠷ ᠭᠤᠤᠯᠳᠠᠭᠤᠯᠵᠤ᠂ ᠭᠡᠷᠬᠢᠨ ᠬᠦᠳᠡᠭᠡᠯᠡᠬᠦᠯᠬᠦ ᠪᠤᠶᠤ ᠤᠷᠤᠰᠢᠭᠤᠯᠬᠤ ᠶᠤᠰᠤ ᠵᠠᠩᠰᠢᠯ ᠢ ᠲᠠᠨᠢᠯᠴᠠᠭᠤᠯᠵᠠᠢ᠃       ᠭᠤᠷᠪᠡ᠂ ᠤᠶᠤᠨ ᠤ ᠰᠠᠩ ᠤᠨ ᠨᠦᠭᠡᠴᠡ       ᠭᠡᠪᠰᠢᠮᠡᠯ ᠭᠡᠯᠡᠯᠭᠡ ᠪᠤᠶᠤ ᠵᠦᠢᠷ ᠰᠡᠴᠡᠨ ᠦᠭᠡᠰ ᠢ ᠲᠤᠬᠢᠷᠠᠮᠵᠢᠳᠠᠢ ᠠᠭᠤᠯᠭ᠎ᠠ ᠳᠤ ᠨᠢ ᠵᠤᠬᠢᠴᠠᠭᠤᠯᠤᠨ ᠵᠠᠩᠰᠢᠯ ᠶᠤᠰᠤ ᠪᠠᠷ ᠨᠢ ᠲᠡᠮᠳᠡᠭᠯᠡᠪᠡ᠃ ᠲᠤᠰ ᠨᠤᠮ ᠳᠤ ︽ᠬᠤᠨ ᠴᠡᠩᠭᠡᠷ ᠬᠤᠨᠢ ᠪᠠᠨ ᠬᠤᠷᠮᠤᠰᠳᠠ ᠲᠡᠭᠷᠢ ᠳᠤ ᠰᠡᠳᠡᠷᠯᠡᠳᠡᠭ᠂ ᠬᠦᠨ ᠤᠯᠠᠨ ᠢᠮᠠᠭ᠎ᠠ ᠪᠠᠨ ᠭᠠᠯ ᠳᠤ ᠪᠠᠨ ᠰᠡᠳᠡᠷᠯᠡᠳᠡᠭ︾᠂ ︽ᠶᠠᠭᠠᠷᠠᠪᠡᠯ ᠢᠮᠠᠭ᠎ᠠ ᠲᠡᠵᠢᠭᠡ︾᠂ ︽ᠦᠷᠤ ᠤᠭᠳᠤᠯᠤᠭ᠎ᠠ ᠦᠭᠡᠢ᠂ ᠡᠪᠡᠰᠤ ᠤᠭᠳᠤᠯᠵᠤ ᠪᠠᠶᠢᠨ᠎ᠠ︾᠂ ︽ᠠᠯᠠᠪᠡᠯ ᠠᠯᠠ᠂ ᠠᠯᠠᠭᠠᠨᠠᠭ ᠢ ᠨᠢ ᠶᠡᠭᠡ ᠦᠯᠡᠳᠡᠭᠡ︾᠂ ︽ᠴᠠᠭᠠᠨ ᠮᠢᠬ᠎ᠠ ᠶᠢ ᠭᠡᠳᠤᠢ ᠤᠷᠳᠤ ᠦᠯᠡᠳᠡᠭᠡᠪᠡᠯ ᠭᠡᠤᠭᠡᠨ ᠢᠶᠠᠨ ᠲᠠᠳᠤᠢ ᠬᠤᠯᠠ ᠮᠤᠷᠳᠠᠭᠤᠯᠤᠨ᠎ᠠ︾᠂ ︽ᠴᠠᠢ ᠴᠤ ᠦᠭᠡᠢ ᠴᠢᠷᠡᠢ ᠴᠤ ᠦᠭᠡᠢ︾᠂ ︽ᠠᠷᠪᠡᠨ ᠲᠤᠭᠤᠭᠠᠨ ᠤ ᠠᠷᠠᠵᠠ᠂ ᠬᠤᠷᠢᠨ ᠲᠤᠭᠤᠭᠠᠨ ᠤ ᠬᠤᠤᠷᠠᠵᠠ︾᠂ ︽ᠲᠠᠭ᠎ᠠ ᠲᠠᠯᠠᠩ ᠲᠠᠢ᠂ ᠪᠢᠷᠠᠭᠤ ᠪᠤᠯᠴᠢᠩ ᠲᠠᠢ︾᠂ ︽ᠠᠮᠠᠨ ᠤ ᠪᠡᠯᠭᠡ ᠬᠠᠮᠢᠭᠠᠰᠢ ᠪᠠᠨ ᠪᠤᠯ᠂ ᠠᠰᠢᠳᠠ ᠶᠢᠨ ᠪᠡᠯᠭᠡ ᠲᠠᠶᠢᠰᠢ ᠪᠠᠨ︾᠂ ︽ᠠᠬᠠᠮᠠᠳ ᠢᠶᠠᠨ ᠠᠯᠳᠠ ᠬᠦᠡᠳᠥᠯᠡ᠂ ᠲᠠᠬᠦᠤ ᠪᠠᠨ ᠲᠠᠯᠢᠮ ᠬᠦᠡᠳᠥᠯᠡ︾᠂ ︽ᠬᠦᠮᠤᠨ ᠠᠬ᠎ᠠ ᠲᠠᠢ᠂ ᠲᠠᠪᠡᠯ ᠵᠠᠬ᠎ᠠ ᠲᠠᠢ︾᠂ ︽ᠨᠠᠰᠤᠳᠠᠨ ᠤᠯᠠᠨ ᠭᠠᠵᠠᠷ ᠨᠠᠷᠠᠨ ᠤ ᠲᠤᠶᠠᠭ᠎ᠠ ᠲᠤᠰᠤᠨ᠎ᠠ︾᠂ ︽ᠠᠬᠠᠮᠠᠳ ᠤᠨ ᠰᠤᠷᠭᠠᠯ ᠠᠯᠳᠠ᠂ ᠪᠤᠭᠤᠷᠤᠯ ᠤᠨ ᠦᠭᠡ ᠪᠤᠶᠠᠨ︾᠂ ︽ᠪᠤᠯᠤᠭᠰᠠᠨ ᠠᠴᠠ ᠠᠮᠠ ᠬᠦᠷ᠂ ᠪᠤᠭᠤᠷᠤᠯ ᠠᠴᠠ ᠦᠭᠡ ᠰᠤᠨᠤᠰ︾᠂ ︽ᠠᠬ᠎ᠠ ᠨᠢ ᠭᠡᠯᠡᠵᠤ᠂ ᠲᠠᠬᠦᠤ ᠨᠢ ᠰᠤᠨᠤᠰᠳᠠᠭ︾᠂ ︽ᠦᠷ᠎ᠠ ᠶᠢᠨ ᠲᠦᠯᠦᠭᠡ ᠦᠬᠦᠨ᠎ᠠ᠂ ᠮᠠᠯ ᠤᠨ ᠲᠦᠯᠦᠭᠡ ᠮᠠᠬᠠᠷᠠᠨ᠎ᠠ︾᠂ ︽ᠶᠤᠰᠤ ᠲᠥᠷᠤ ᠦᠭᠡᠢ᠂ ᠡᠴᠢᠭᠡ ᠡᠭᠡ ᠶᠢᠨ ᠴᠠᠳᠢᠭ ᠦᠭᠡᠢ︾᠂ ︽ᠨᠠᠪᠳᠠᠭᠠᠷ ᠪᠤᠯᠤᠭᠰᠠᠨ ᠴᠤ ᠨᠠᠭᠠᠴᠤ︾᠂ ︽ᠡᠪᠤᠯ ᠤᠨ ᠬᠦᠢᠳᠡᠨ ᠬᠠᠪᠤᠷ ᠲᠠᠭᠠᠨ᠂ ᠡᠪᠤᠭᠡᠳ ᠤᠨ ᠮᠠᠳᠡᠯ ᠭᠡᠤᠭᠡᠳ ᠲᠡᠭᠡᠨ︾᠂ ︽ᠵᠠᠭᠤᠨ ᠨᠠᠰᠤ ᠶᠢ ᠨᠠᠰᠤᠯᠠᠭᠠᠷᠠᠢ᠂ ᠵᠢᠷᠭᠤᠭᠠᠳᠠᠢ ᠲᠠᠶ᠋ᠢᠭ ᠢᠶᠠᠨ ᠲᠤᠯᠤᠭᠠᠷᠠᠢ︾᠂ ︽ᠰᠢᠷᠠᠯᠵᠢ ᠪᠠᠷ ᠭᠠᠯ ᠢᠶᠠᠨ ᠪᠢᠳᠡᠭᠡᠢ ᠲᠠᠬᠢ᠂ ᠱᠠᠯᠵᠠ ᠪᠠᠷ ᠬᠤᠳᠠ ᠪᠠᠨ ᠪᠢᠳᠡᠭᠡᠢ ᠡᠵᠡᠯᠡᠬᠦᠯ︾ ᠭᠡᠬᠦ ᠵᠠᠷᠭᠡ ᠦᠪᠡᠷᠮᠢᠴᠡ ᠭᠡᠯᠡᠴᠡ ᠨᠦᠭᠦᠳ ᠢ ᠵᠤᠬᠢᠬᠤ ᠭᠠᠵᠠᠷ ᠲᠤᠨᠢ ᠲᠤᠬᠢᠳᠠᠢ ᠲᠡᠮᠳᠡᠭᠯᠡᠭᠰᠡᠨ ᠢᠶᠠᠷ ᠠᠭᠤᠯᠭ᠎ᠠ ᠨᠢ ᠠᠮᠢᠳᠤᠯᠢᠭ᠂ ᠭᠡᠯᠪᠡᠷᠢ ᠨᠢ ᠪᠠᠶᠠᠯᠢᠭ ᠪᠤᠯᠵᠤ᠂ ᠠᠷᠠᠳ ᠤᠨ ᠤᠶᠤᠨ ᠤ ᠰᠠᠩ ᠢ ᠨᠦᠭᠡᠴᠡᠯᠡᠨ ᠬᠠᠳᠠᠭᠠᠯᠠᠵᠠᠢ᠃       ᠲᠥᠷᠪᠡ᠂ ᠠᠬᠤᠢᠢᠴᠢ ᠪᠡ ᠠᠯᠤᠰ ᠭᠡᠳᠤ ᠶᠢᠨ ᠠᠴᠢ ᠬᠤᠯᠪᠤᠭᠳᠠᠯ       ᠪᠠᠭ᠎ᠠ ᠰᠤᠷᠭᠠᠭᠤᠯᠢ ᠶᠢᠨ ᠵᠢᠭᠠᠬᠤ ᠮᠠᠲ᠋ᠧᠷᠢᠶᠠᠯ ᠪᠤᠯᠤᠭᠰᠠᠨ ᠤ ᠬᠤᠪᠢ ᠳᠤ ᠠᠬᠤᠢᠢᠴᠢ ᠠᠴᠢ ᠬᠤᠯᠪᠤᠭᠳᠠᠯ ᠲᠠᠢ᠃ ︽ᠭᠡᠳᠤᠢ ᠭᠠᠵᠠᠷ ᠤᠷᠤᠨ ᠤ ᠬᠢ ᠪᠤᠯ ᠲᠠᠳᠤᠢ ᠲᠠᠯᠡᠭᠡᠢ ᠶᠢᠨ ᠪᠤᠯᠵᠤ ᠴᠢᠳᠠᠨ᠎ᠠ︾ ᠭᠡᠳᠡᠭ ᠢᠶᠠᠷ ᠤᠷᠬᠢᠭᠳᠠᠵᠤ ᠮᠠᠷᠳᠠᠭᠳᠠᠮᠠᠷ ᠪᠤᠯᠤᠭᠰᠠᠨ ᠮᠤᠩᠭᠤᠯ ᠦᠡᠳᠤᠰᠤᠳᠡᠨ ᠤ ᠵᠠᠩ ᠦᠢᠯᠡ ᠦᠪ ᠰᠤᠶᠤᠯ ᠤᠨ ᠴᠢᠬᠤᠯᠠ ᠪᠥᠷᠢᠯᠳᠥᠬᠦᠨ ᠭᠡᠰᠡᠭ ᠤᠨ ᠨᠢᠭᠡᠨ — ᠰᠢᠨ᠎ᠠ ᠪᠠᠷᠭᠤ ᠵᠡᠬᠦᠨ ᠬᠤᠰᠢᠭᠤᠨ ᠤ ︽ᠪᠠᠷᠭᠤ ᠮᠠᠯᠵᠢᠯ ᠠᠮᠢᠳᠤᠷᠠᠯ ᠤᠨ ᠰᠤᠶᠤᠯ︾ ᠢ ᠡᠮᠬᠢᠳᠭᠡᠨ ᠨᠠᠶᠢᠷᠠᠭᠤᠯᠵᠤ᠂ ᠲᠠᠮᠳᠡᠭᠯᠡᠵᠤ ᠦᠯᠡᠳᠡᠭᠡᠭᠰᠡᠨ ᠤᠴᠢᠷ ᠠᠴᠠ ᠭᠠᠳᠠᠭᠠᠳᠤ ᠲᠤᠳᠤᠭᠠᠳᠤ ᠶᠢᠨ ᠡᠷᠳᠡᠮᠳᠡᠨ ᠮᠠᠷᠭᠡᠳ ᠤᠨ ᠪᠠᠭ᠋ᠠᠷᠬᠠᠯ ᠰᠤᠨᠢᠷᠬᠠᠯ ᠢ ᠲᠠᠳᠠᠭᠰᠠᠨ ᠰᠤᠳᠤᠯᠭᠠᠨ ᠤ ᠦᠷᠳᠡᠭ ᠲᠠᠢ ᠬᠤᠪᠤᠷᠬᠠᠨ ᠮᠠᠲ᠋ᠧᠷᠢᠶᠠᠯ ᠪᠤᠯᠵᠠᠢ᠃ ᠲᠠᠶᠢᠮᠤ ᠠᠴᠠ ᠠᠯᠤᠰ ᠭᠡᠳᠤ ᠶᠢᠨ ᠠᠴᠢ ᠬᠤᠯᠪᠤᠭᠳᠠᠯ ᠲᠠᠢ ᠶᠤᠮ᠃       ᠲᠠᠪᠤ᠂ ᠤᠷᠤᠰᠢᠵᠤ ᠪᠠᠶᠢᠭ᠎ᠠ ᠠᠰᠠᠭᠤᠳᠠᠯ ᠪᠤᠶᠤ ᠦᠰᠥᠭ ᠤᠨ ᠵᠠᠯᠠᠷᠠᠭᠤᠯᠭ᠎ᠠ       ᠪᠤᠳᠤᠪᠠᠰᠤ ᠬᠢᠨᠠᠨ ᠨᠠᠶᠢᠷᠠᠭᠤᠯᠤᠭᠴᠢ ᠪᠤᠶᠤ ᠭᠡᠪᠯᠡᠯ ᠤᠨ ᠠᠯᠳᠠᠭ᠎ᠠ ᠪᠤᠯᠤᠯᠳᠠᠢ᠂ ᠪᠤᠷᠤᠭᠤ ᠦᠰᠥᠭ ᠨᠠᠯᠢᠶᠡᠳ ᠪᠤᠢ᠃ ᠵᠠᠯᠠᠷᠠᠭᠤᠯᠭ᠎ᠠ ᠶᠢᠨ ᠬᠠᠭᠤᠳᠠᠰᠤ ᠪᠠᠶᠢᠬᠤ ᠪᠤᠯᠪᠠᠴᠤ ᠵᠢᠭᠠᠭᠴᠢ ᠪᠡ ᠰᠤᠷᠤᠭᠴᠢ ᠵᠢᠴᠢ ᠤᠡᠭᠰᠢᠬᠴᠢᠳ ᠲᠤ ᠲᠦᠬᠦᠮ ᠪᠤᠰᠤ ᠶᠢ ᠠᠪᠴᠢᠷᠠᠵᠠᠢ᠃ ᠵᠠᠯᠠᠷᠠᠭᠤᠯᠭ᠎ᠠ ᠶᠢᠨ ᠬᠠᠭᠤᠳᠠᠰᠤ ᠪᠠᠶᠢᠬᠤ ᠶᠢ ᠪᠢ ᠡᠨᠡ ᠬᠦ ᠵᠤᠬᠢᠶᠠᠯ ᠢᠶᠠᠨ ᠪᠢᠴᠢᠵᠤ ᠲᠠᠭᠤᠰᠤᠭᠠᠳ ᠰᠠᠶ᠋ᠢ ᠮᠡᠳᠡᠪᠡ᠃ ᠤᠴᠢᠷ ᠨᠢ ᠪᠢ ᠲᠤᠰ ᠨᠤᠮ ᠢ ᠬᠦᠮᠤᠨ ᠤ ᠭᠠᠷ ᠠᠴᠠ ᠤᠯᠬᠤ ᠳᠤ ᠵᠠᠯᠠᠷᠠᠭᠤᠯᠭ᠎ᠠ ᠶᠢᠨ ᠬᠠᠭᠤᠳᠠᠰᠤ ᠪᠠᠶᠢᠭᠰᠠᠨ ᠦᠭᠡᠢ᠃ ᠲᠠᠶᠢᠮᠤ ᠠᠴᠠ ᠠᠯᠳᠠᠭ᠎ᠠ ᠲᠠᠢ ᠦᠰᠥᠭ ᠢ ᠠᠵᠢᠭᠯᠠᠭᠰᠠᠨ ᠤ ᠪᠠᠨ ᠬᠢᠷᠢ ᠪᠠᠷ ᠲᠠᠬᠦᠵᠤ᠂ ︽ᠤᠷᠤᠰᠢᠵᠤ ᠪᠠᠶᠢᠭ᠎ᠠ ᠠᠰᠠᠭᠤᠳᠠᠯ︾ ᠪᠤᠯᠭᠠᠨ ᠮᠡᠷᠭᠡᠯᠡᠵᠠᠢ᠃ ᠪᠤᠷᠤᠭᠤ ᠦᠰᠥᠭ ᠢ ᠨᠢ ᠵᠠᠯᠠᠷᠠᠭᠤᠯᠤᠭᠰᠠᠨ ᠢᠶᠠᠨ ᠪᠠᠳᠤ ᠲᠠᠢ ᠪᠤᠯᠭᠠᠬᠤ ᠶᠢᠨ ᠲᠦᠯᠦᠭᠡ ᠪᠠᠭᠰᠢ ᠨᠦᠬᠦᠳ ᠲᠠᠢ ᠪᠠᠨ ᠬᠠᠷᠢᠯᠴᠠᠪᠡ᠃ ᠲᠠᠭᠡᠭᠡᠳ ᠨᠢᠭᠡ ᠨᠠᠶᠢᠵᠠ ᠶᠢᠨ ᠲᠠᠡᠳᠡ ᠠᠴᠠ ᠵᠠᠯᠠᠷᠠᠭᠤᠯᠭ᠎ᠠ ᠶᠢᠨ ᠬᠠᠭᠤᠳᠠᠰᠤ ᠪᠠᠶᠢᠬᠤ ᠰᠤᠷᠠᠭ ᠲᠤᠭᠤᠯᠳᠠᠵᠠᠢ᠃ ᠠᠵᠠ ᠪᠠᠷ᠂ ᠡᠭᠡ ᠪᠢᠴᠢᠭ ᠢᠶᠠᠨ ᠶᠠᠪᠤᠭᠤᠯᠬᠤ ᠠᠴᠠ ᠡᠮᠤᠨ᠎ᠠ ᠮᠡᠳᠡᠭᠰᠡᠨ ᠶᠤᠮ ᠴᠢᠨᠢ ᠮᠠᠷᠭᠡᠯᠡᠭᠰᠡᠨ ᠢᠶᠠᠨ ᠲᠠᠷᠦ᠋ᠢᠬᠠᠨ ᠬᠠᠰᠤᠵᠤ ᠤᠷᠬᠢᠪᠡ᠃ ᠮᠢᠨᠤ ᠨᠢᠭᠡᠨ ᠬᠦᠮᠤᠨ ᠤ ᠴᠠᠭ ᠬᠦᠳᠡᠯᠮᠤᠷᠢ ᠭᠠᠷᠤᠵᠠᠳᠠᠭᠰᠠᠨ ᠭᠡᠷᠡᠭ ᠭᠠᠶᠢᠭᠤᠢ᠂ ᠤᠡᠭᠰᠢᠬᠴᠢᠳ ᠮᠠᠨᠢ ᠲᠤᠰ ᠨᠤᠮ ᠢ ︽ᠦᠰᠥᠭ ᠤᠨ ᠵᠠᠯᠠᠷᠠᠭᠤᠯᠭ᠎ᠠ︾ ᠲᠠᠢ ᠨᠢ ᠬᠠᠮᠳᠤ ᠤᠯᠵᠤ ᠠᠪᠤᠭᠰᠠᠨ ᠪᠤᠯ ᠪᠤᠯᠴᠢᠬᠠᠨ᠎ᠠ᠃       ᠵᠢᠷᠭᠤᠭ᠎ᠠ᠂ ᠬᠢᠴᠢᠶᠡᠯ ᠵᠢᠭᠠᠬᠤ ᠪᠠᠭᠰᠢ ᠳᠤ ᠦᠭᠬᠦ ᠰᠠᠨᠠᠭᠤᠯᠤᠮᠵᠢ       ᠨᠢᠭᠡ ᠳᠤ᠂ ᠰᠤᠷᠤᠭᠴᠢᠳ ᠲᠤ ᠪᠠᠷᠭᠤ ᠶᠢᠨ ᠨᠠᠷᠡᠳᠤ ᠬᠦᠮᠤᠰ ᠬᠢᠭᠡᠳ ᠲᠡᠳᠡᠨ ᠤ ᠪᠥᠳᠥᠭᠡᠯ ᠵᠢᠴᠢ ᠪᠠᠷᠭᠤ ᠵᠠᠩ ᠦᠢᠯᠡ ᠶᠢᠨ ᠲᠤᠬᠠᠢ ᠨᠤᠮ ᠮᠠᠲ᠋ᠧᠷᠢᠶᠠᠯ ᠢ ᠲᠠᠨᠢᠯᠴᠠᠭᠤᠯᠵᠤ ᠦᠭᠪᠡᠯ ᠰᠠᠶᠢᠨ᠃ ᠵᠢᠱᠢᠶᠡᠯᠡᠪᠡᠯ᠂ ᠤᠷᠤᠰᠢᠯ ᠪᠢᠴᠢᠭᠰᠡᠨ ᠪᠥᠭᠡᠴᠢᠯᠠᠭᠤ ᠰᠤᠳᠤᠯᠤᠭᠴᠢ ᠶᠢᠨ ᠲᠤᠷᠠᠳᠤᠭᠰᠠᠨ ᠬᠤᠸᠠᠰᠠᠢ᠂ ᠲᠤᠭᠠᠷᠵᠠᠪ᠂ ᠭᠠᠯᠵᠤᠳ ᠂ ᠲᠥᠪᠰᠢᠡᠨᠢᠮ᠎ᠠ᠂ ᠴᠤᠭᠳᠤ ᠶᠢᠨ ᠲᠤᠭᠠᠷᠵᠠᠪ᠂ ᠱᠠᠭᠳᠠᠷ ᠤᠨ ᠰᠤᠩᠳᠤᠢ ᠨᠠᠷ ᠢ ᠲᠠᠨᠢᠯᠴᠠᠭᠤᠯᠬᠤ ᠠᠴᠠ ᠭᠠᠳᠠᠨ᠎ᠠ ᠬᠠᠮᠢᠶ᠎ᠠ ᠪᠥᠬᠦᠢ ᠨᠤᠮ ᠮᠠᠲ᠋ᠧᠷᠢᠶᠠᠯ ᠢ ᠲᠠᠨᠢᠯᠴᠠᠭᠤᠯᠬᠤ᠃       ᠬᠤᠶᠠᠷ ᠲᠤ᠂ ᠰᠤᠷᠤᠭᠴᠢᠳ ᠲᠤ ᠤᠯᠠᠮᠵᠢᠯᠠᠯᠳᠤ ᠰᠤᠶᠤᠯ ᠢᠶᠠᠨ ᠡᠵᠡᠮᠰᠢᠬᠦ ᠨᠠᠩ ᠦᠷᠭᠡᠨ ᠪᠤᠯᠤᠮᠵᠢ ᠤᠯᠭᠤᠪᠡᠯ ᠵᠤᠬᠢᠨ᠎ᠠ᠃ ᠵᠢᠱᠢᠶᠡᠯᠡᠪᠡᠯ᠂ ᠲᠤᠰ ᠵᠢᠭᠠᠬᠤ ᠮᠠᠲ᠋ᠧᠷᠢᠶᠠᠯ ᠳᠤ ᠦᠭᠬᠦᠭᠳᠡᠭᠰᠡᠨ ᠲᠠᠰᠬᠠᠯ ᠠᠴᠠ ᠤᠯᠠᠷᠢᠯᠠᠭᠤᠯᠤᠨ ᠬᠠᠮᠢᠶ᠎ᠠ ᠲᠠᠢ ᠠᠰᠠᠭᠤᠯᠳᠠ ᠲᠤᠷᠠᠳᠤᠨ ᠰᠠᠩᠭᠡᠷᠡᠬᠦᠯᠦᠨ ᠵᠢᠯᠤᠭᠤᠳᠴᠤ ᠠᠮᠢᠳᠤᠯᠢᠭ ᠵᠢᠭᠠᠬᠤ᠃      ᠬᠤᠷᠢᠶᠠᠩᠭᠤᠶᠢᠯᠠᠪᠠᠯ᠂ ᠠᠮᠤᠭᠤᠯᠠᠩ ᠨᠢᠭᠡᠳᠤᠭᠡᠷ ᠪᠠᠭ᠎ᠠ ᠰᠤᠷᠭᠠᠭᠤᠯᠢ ᠶᠢᠨ ᠵᠢᠭᠠᠬᠤ ᠮᠠᠲ᠋ᠧᠷᠢᠶᠠᠯ — ︽ᠪᠠᠷᠭᠤ ᠮᠠᠯᠵᠢᠯ ᠠᠮᠢᠳᠤᠷᠠᠯ ᠤᠨ ᠰᠤᠶᠤᠯ︾ ᠭᠡᠬᠦ ᠨᠤᠮ ᠪᠤᠯ ᠰᠤᠷᠤᠭᠴᠢᠳ ᠤᠨ ᠰᠤᠷᠬᠤ ᠰᠠᠶᠢᠨ ᠪᠢᠴᠢᠭ᠂ ᠪᠠᠭᠰᠢ ᠨᠠᠷ ᠤᠨ ᠵᠢᠭᠠᠬᠤ ᠰᠠᠶᠢᠨ ᠮᠠᠲ᠋ᠧᠷᠢᠶᠠᠯ᠂ ᠤᠡᠭᠰᠢᠬᠴᠢᠳ ᠤᠨ ᠭᠡᠷᠡᠭᠯᠡᠬᠦ ᠰᠠᠶᠢᠨ ᠭᠠᠷ ᠤᠨ ᠠᠪᠤᠯᠭ᠎ᠠ ᠪᠤᠯᠤᠨ᠎ᠠ᠃ ᠵᠤᠬᠢᠶᠠᠭᠴᠢ ᠪᠤᠶᠤ ᠭᠡᠪᠯᠡᠯ ᠤᠨ ᠬᠢᠨ ᠭᠡᠷᠪᠡ ᠪᠤᠯᠤᠯᠴᠠᠭ᠎ᠠ ᠲᠠᠢ ᠪᠤᠯ ᠲᠤᠰ ᠨᠤᠮ ᠢ ᠦᠰᠥᠭ ᠤᠨ ᠠᠯᠳᠠᠭ᠎ᠠ ᠦᠭᠡᠢ ᠪᠠᠷ ᠲᠠᠬᠢᠵᠤ ᠰᠠᠶᠢᠬᠠᠨ ᠭᠡᠪᠯᠡᠨ ᠲᠠᠷᠬᠠᠭᠠᠪᠡᠯ ᠶᠠᠮᠠᠷ ᠰᠠᠶᠢᠨ ᠪᠤᠢ᠃                                                  ᠵᠣᠬᠢᠶᠠᠭᠴᠢ᠄  ᠰ᠊ · ᠬᠠᠰᠳᠤᠶᠠᠭ᠎ᠠ   
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ