ᠰᠢᠨ᠎ᠡ ᠡᠷᠢᠨ ᠤ ᠦᠨᠳᠦᠰᠦᠳᠡᠨ ᠤ ᠡᠷᠳᠡᠨ ᠤ ᠨᠤᠮ ᠰᠤᠳᠤᠷ ᠢ  ᠡᠮᠬᠢᠳᠭᠡᠵᠦ ᠰᠤᠳᠤᠯᠬᠤ ᠡᠷᠳᠡᠮ ᠰᠢᠨᠵᠢᠯᠡᠭᠡᠨ ᠤ ᠬᠤᠷᠠᠯ ᠠᠮᠵᠢᠯᠳᠠ ᠲᠠᠢ ᠬᠤᠷᠠᠯᠳᠤᠪᠠ
ᠨᠡᠶᠢᠲᠡᠯᠡᠭᠰᠡᠨ ᠴᠠᠭ᠄
2023/11/8
       ︽ᠳᠤᠮᠳᠠᠳᠤ ᠶᠢᠨ ᠦᠨᠳᠦᠰᠦᠳᠡᠨ ᠤ ᠬᠠᠮᠳᠤ ᠶᠢᠨ ᠴᠤᠭᠴᠠ ᠶᠢᠨ ᠤᠬᠠᠨᠮᠰᠠᠷ ᠢ  ᠪᠠᠬᠢᠵᠢᠬᠦᠯᠬᠦ ᠬᠠᠷᠠᠭᠠᠰᠤ ᠳᠤ ᠬᠢ ᠰᠢᠨ᠎ᠡ ᠡᠷᠢᠨ ᠤ ᠦᠨᠳᠦᠰᠦᠳᠡᠨ ᠤ ᠡᠷᠳᠡᠨ ᠤ ᠨᠤᠮ ᠰᠤᠳᠤᠷ ᠢ ᠡᠮᠬᠢᠳᠭᠡᠵᠦ ᠰᠤᠳᠤᠯᠬᠤ ᠡᠷᠳᠡᠮ ᠰᠢᠨᠵᠢᠯᠡᠭᠡᠨ ᠤ ᠬᠤᠷᠠᠯ︾  ᠤᠨ ᠨᠡᠭᠡᠭᠡᠯᠳᠡ ᠯᠢᠶᠤᠤᠨᠢᠩ ᠮᠤᠵᠢ ᠶᠢᠨ ᠹᠦᠰᠢᠨ ᠤ ᠮᠤᠩᠭᠤᠯ ᠦᠨᠳᠦᠰᠦᠳᠡᠨ ᠤ ᠦᠪᠡᠷᠳᠡᠭᠡᠨ ᠵᠠᠰᠠᠬᠤ ᠰᠢᠶᠠᠨ ᠳᠤ 2023 ᠤᠨ ᠤ 11 ᠰᠠᠷ᠎ᠠ ᠶᠢᠨ 4 ᠠᠴᠠ 5 ᠤ ᠡᠳᠦᠷ ᠬᠦᠷᠳᠡᠯ᠎ᠡ ᠠᠮᠵᠢᠯᠳᠠ ᠲᠠᠢ ᠬᠤᠷᠠᠯᠳᠤᠪᠠ᠃
e984cb58-7419-48e6-b431-52ce8f85f6fb.jpg
       ᠡᠷᠳᠡᠨ ᠤ ᠨᠤᠮ ᠰᠤᠳᠤᠷ ᠭᠡᠳᠡᠭ ᠪᠤᠯ ᠡᠪᠦᠭᠡ ᠳᠡᠭᠡᠳᠦᠰ ᠤᠨ ᠮᠠᠨᠢ ᠪᠢᠳᠡᠨ ᠤ ᠦᠶ᠎ᠡ ᠳᠤ ᠦᠪᠯᠡᠵᠦ ᠦᠯᠡᠳᠡᠭᠡᠭᠰᠡᠨ ᠬᠤᠪᠤᠷ ᠴᠤᠬᠠᠭ ᠰᠤᠶᠤᠯ ᠤᠨ ᠦᠪ ᠬᠦᠷᠦᠩᠭᠡ ᠪᠤᠯᠬᠤ ᠶᠤᠮ᠃ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢ᠂ ᠶᠡᠷᠦᠩᠭᠡᠢ ᠱᠦᠵᠢ ᠰᠢ ᠶᠢᠨ ᠫᠢᠩ ᠡᠷᠳᠡᠨ ᠤ ᠨᠤᠮ ᠰᠤᠳᠤᠷ ᠢ ᠠᠪᠤᠷᠠᠵᠦ ᠬᠠᠮᠠᠭᠠᠯᠠᠬᠤ᠂ ᠦᠪᠯᠡᠵᠦ ᠤᠯᠠᠮᠵᠢᠯᠠᠬᠤ ᠳᠤᠬᠠᠢ ᠤᠯᠠᠨ ᠴᠢᠬᠤᠯᠠ ᠵᠢᠭᠠᠪᠤᠷᠢ ᠶᠢ ᠳᠤᠷᠠᠳᠴᠦ᠂ ᠡᠨᠡ ᠳᠠᠯ᠎ᠠ ᠶᠢᠨ ᠠᠵᠢᠯ ᠢ ᠰᠠᠶᠢᠳᠤᠷ ᠬᠢᠬᠦ ᠶᠢ ᠴᠢᠬᠤᠯᠠᠴᠢᠯᠠᠭᠰᠠᠭᠠᠷ ᠢᠷᠡᠵᠡᠢ᠃  ᠶᠡᠷᠦᠩᠭᠡᠢ ᠱᠦᠵᠢ ᠰᠢ ᠶᠢᠨ ᠫᠢᠩ ᠤᠨ ᠡᠷᠳᠡᠨ ᠤ ᠨᠤᠮ ᠪᠢᠴᠢᠭ ᠤᠨ ᠠᠵᠢᠯ ᠤᠨ ᠳᠤᠬᠠᠢ ᠵᠢᠭᠠᠪᠤᠷᠢ  ᠶᠢ ᠰᠠᠶᠢᠳᠤᠷ ᠳᠤᠭᠤᠰᠢᠯᠠᠭᠤᠯᠬᠤ ᠵᠤᠷᠢᠯᠭ᠎ᠠ ᠪᠠᠷ ᠡᠨᠡᠬᠦ ᠬᠤᠷᠠᠯ ᠢ ᠹᠦᠰᠢᠨ ᠮᠤᠩᠭᠤᠯ ᠦᠨᠳᠦᠰᠦᠳᠡᠨ ᠤ ᠦᠪᠡᠷᠳᠡᠭᠡᠨ ᠵᠠᠰᠠᠬᠤ ᠰᠢᠶᠠᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠠᠴᠠ ᠭᠤᠤᠯᠯᠠᠨ ᠡᠷᠬᠢᠯᠡᠵᠦ᠂ ᠳᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ ᠤᠯᠤᠰ ᠤᠨ ᠰᠤᠩᠭᠤᠳᠠᠭ ᠰᠤᠳᠤᠯᠤᠯ ᠤᠨ ᠳᠡᠭᠡᠳᠦ ᠰᠤᠷᠭᠠᠭᠤᠯᠢ᠂ ᠳᠤᠮᠳᠠᠳᠤ ᠤᠯᠤᠰ ᠤᠨ ᠲᠦᠪᠡᠳ ᠰᠤᠳᠤᠯᠤᠯ ᠤᠨ ᠲᠦᠪ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠮᠤᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠠᠴᠠ ᠳᠠᠭᠠᠭᠠᠴᠢᠯᠠᠨ ᠬᠢᠭᠰᠡᠨ ᠶᠤᠮ᠃
46615b9f-7f83-4a66-9fd4-d558f77b5577.jpg
       ᠳᠤᠮᠳᠠᠳᠤ ᠤᠯᠤᠰ ᠤᠨ ᠶᠡᠭᠡ ᠳᠡᠭᠡᠳᠦ ᠰᠤᠷᠭᠠᠭᠤᠯᠢ᠂ ᠰᠤᠳᠤᠯᠭᠠᠨ ᠤ ᠪᠠᠶᠢᠭᠤᠯᠭ᠎ᠠ᠂ ᠨᠤᠮ ᠤᠨ ᠰᠠᠩ᠂ ᠠᠯᠪᠠᠨ ᠪᠠᠶᠢᠭᠤᠯᠭ᠎ᠠ᠂ ᠬᠡᠪᠯᠡᠯ ᠤᠨ ᠬᠤᠷᠢᠶ᠎ᠠ᠂ ᠮᠦᠽᠸᠢ ᠵᠡᠷᠭᠡ ᠶᠢ ᠪᠠᠭᠳᠠᠭᠠᠭᠰᠠᠨ 40 ᠭᠠᠷᠤᠢ ᠪᠠᠶᠢᠭᠤᠯᠭ᠎ᠠ ᠨᠢᠭᠡᠴᠡ ᠶᠢᠨ 200 ᠰᠢᠬᠠᠮ ᠡᠷᠳᠡᠮᠳᠡᠨ ᠰᠤᠳᠤᠯᠤᠭᠴᠢ ᠨᠠᠷ ᠬᠤᠷᠠᠯ ᠳᠤ ᠤᠷᠤᠯᠴᠠᠪᠠ᠃
674df86b-41a3-4ab2-907f-1dc43d23bce3.jpg
       ᠬᠤᠷᠠᠯ ᠳᠤ ᠮᠤᠩᠭᠤᠯ᠂ ᠲᠦᠪᠡᠳ᠂ ᠮᠠᠨᠵᠦ᠂ ᠮᠤᠩᠭᠤᠯ ᠳᠦᠪᠡᠳ ᠠᠨᠠᠭᠠᠬᠤ ᠤᠬᠠᠭᠠᠨ ᠤ ᠰᠤᠷᠪᠤᠯᠵᠢ ᠪᠢᠴᠢᠭ᠂ ᠢᠨᠵᠠᠨᠨᠠᠰᠢ ᠳᠤ ᠬᠤᠯᠪᠤᠭᠳᠠᠬᠤ ᠰᠤᠷᠪᠤᠯᠵᠢ ᠪᠢᠴᠢᠭ ᠵᠡᠷᠭᠡ ᠦᠨᠳᠦᠰᠦᠨ 7 ᠳᠤᠭᠤᠶᠢᠯᠠᠩ ᠬᠤᠪᠢᠶᠠᠨ 113 ᠡᠷᠳᠡᠮᠳᠡᠨ᠂ ᠰᠤᠳᠤᠯᠤᠭᠴᠢ ᠨᠠᠷ ᠢᠯᠡᠳᠭᠡᠯ ᠬᠢᠵᠦ᠂ ᠬᠤᠯᠪᠤᠭᠳᠠᠬᠤ ᠰᠤᠷᠪᠤᠯᠵᠢ ᠪᠢᠴᠢᠭ ᠤᠨ ᠬᠦᠷᠢᠶᠡᠨ ᠳᠤ᠂ ᠤᠷᠠᠨ ᠵᠤᠬᠢᠶᠠᠯ᠂ ᠱᠠᠰᠢᠨ ᠰᠢᠳᠦᠯᠭᠡ᠂ ᠠᠨᠠᠭᠠᠬᠤ ᠤᠬᠠᠭᠠᠨ᠂  ᠳᠡᠦᠭᠡ ᠰᠤᠶᠤᠯ᠂ ᠦᠭᠡ ᠬᠡᠯᠡ᠂ ᠬᠦᠰᠢᠶ᠎ᠡ ᠳᠤᠷᠠᠰᠬᠠᠯ᠂ ᠳᠡᠦᠭᠡᠳᠦ ᠬᠦᠮᠦᠨ ᠤ ᠨᠠᠮᠳᠠᠷ ᠳᠡᠦᠭᠡ ᠵᠡᠷᠭᠡ ᠰᠡᠳᠦᠪ ᠢᠶᠠᠷ  ᠦᠷᠭᠡᠨ ᠬᠡᠪᠴᠢᠶᠡᠨ ᠳᠤ ᠴᠢᠯᠦᠭᠡᠳᠡᠢ ᠶᠠᠷᠢᠯᠴᠠᠵᠦ᠂ ᠦᠵᠡᠯ ᠪᠤᠳᠤᠯ ᠢᠶᠠᠨ ᠰᠤᠯᠢᠯᠴᠠᠭᠰᠠᠨ ᠪᠠᠶᠢᠨ᠎ᠠ᠃
641f72c4-5a5a-4dae-928a-9b2e1c26cdf5.jpg
       ᠡᠨᠡᠬᠦ ᠤᠳᠠᠭᠠᠨ ᠤ ᠬᠤᠷᠠᠯ ᠪᠤᠯ ᠨᠡᠷᠡᠳᠦ ᠡᠷᠳᠡᠮᠳᠡᠨ᠂ ᠰᠤᠳᠤᠯᠤᠭᠴᠢ᠂ ᠫᠷᠤᠹᠧᠰᠰᠤᠷ ᠨᠠᠷ ᠤᠨ ᠡᠷᠳᠡᠨ ᠤ ᠨᠤᠮ  ᠰᠤᠳᠤᠷ ᠤᠨ ᠰᠤᠳᠤᠯᠭᠠᠨ ᠤ ᠬᠦᠷᠢᠶᠡᠨ  ᠳᠤ ᠦᠨᠢᠷᠬᠦᠯᠦᠭᠰᠡᠨ ᠡᠷᠳᠡᠮ ᠨᠤᠮ ᠤᠨ ᠦᠪᠡᠭᠳᠡᠭᠰᠢ ᠴᠤᠭᠯᠠᠭᠠᠨ ᠪᠦᠭᠡᠳ ᠡᠷᠳᠡᠨ ᠤ ᠨᠤᠮ ᠰᠤᠳᠤᠷ ᠢ ᠠᠪᠤᠷᠠᠵᠦ ᠬᠠᠮᠠᠭᠠᠯᠠᠬᠤ᠂ ᠦᠪᠯᠡᠵᠦ ᠤᠯᠠᠮᠵᠢᠯᠠᠬᠤ ᠶᠡᠭᠡ ᠦᠢᠯᠡᠰ ᠲᠤ ᠨᠡᠮᠡᠷᠢ ᠬᠠᠨᠳᠢᠪ ᠢᠶᠠᠨ ᠤᠷᠤᠭᠤᠯᠤᠭᠰᠠᠨ ᠬᠤᠷᠠᠯ ᠪᠤᠯᠬᠤ ᠶᠤᠮ᠃                                  ᠳᠤᠰ ᠰᠦᠯᠵᠢᠶᠡᠨ ᠤ ᠰᠤᠷᠪᠤᠯᠵᠢᠯᠠᠭᠴᠢ  ᠳᠡᠮᠦᠷᠭᠤᠤᠯᠳᠤ᠂ ᠢᠷᠭᠤᠢ ᠮᠡᠳᠡᠭᠡᠯᠡᠪᠡ     
ᠢᠷᠡᠯᠲᠡ᠄ ᠲᠦᠪ ᠲᠧᠯᠸᠢᠰ ᠤᠨ ᠮᠤᠩᠭᠤᠯ ᠰᠦᠯᠵᠢᠶ᠎ᠡ