ᠲᠤᠭᠤᠯᠵᠢ ᠶᠢᠨ ᠠᠭᠤᠯᠠ ᠶᠢᠨ ᠤᠡᠭᠭᠤᠨ ᠤ ᠪᠠᠭᠤᠷᠢ
ᠨᠡᠶᠢᠲᠡᠯᠡᠭᠰᠡᠨ ᠴᠠᠭ᠄
2023/12/11
       ᠲᠤᠭᠤᠯᠵᠢ ᠶᠢᠨ ᠠᠭᠤᠯᠠ ᠶᠢᠨ ᠤᠡᠭᠭᠤᠨ ᠤ ᠪᠠᠭᠤᠷᠢ ᠪᠣᠯ ᠯᠢᠶᠤᠤ ᠤᠯᠤᠰ ᠤᠨ ᠦᠶ᠎ᠡ ᠶᠢᠨ ᠤᠡᠭᠭᠤᠨ ᠪᠣᠯᠣᠨ᠎ᠠ᠃ ᠲᠡᠷᠡ ᠨᠢ ᠲᠦᠩᠯᠢᠶᠣᠣ ᠬᠤᠲᠠ ᠶᠢᠨ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠤᠯᠠᠭᠠᠨᠮᠣᠳᠤ ᠰᠤᠮᠤ ᠶᠢᠨ ᠴᠢᠯᠠᠭᠤᠲᠤ ᠭᠠᠴᠠᠭᠠᠨ ᠳᠤ ᠪᠠᠶᠢᠳᠠᠭ᠃  ᠲᠤᠭᠤᠯᠵᠢ ᠶᠢᠨ ᠠᠭᠤᠯᠠ ᠶᠢᠨ ᠤᠡᠭᠭᠤᠨ  ᠠᠴᠠ ᠮᠠᠰᠢ ᠤᠯᠠᠨ ᠠᠯᠲᠠ ᠡᠷᠳᠡᠨᠢ᠂ ᠮᠥᠩᠭᠦ ᠵᠡᠰ᠂ ᠮᠣᠷᠢᠨ ᠤ ᠡᠳ᠋ᠯᠡᠯ ᠬᠡᠷᠡᠭᠰᠡᠯ᠂ ᠪᠣᠯᠣᠷ ᠰᠢᠯ ᠬᠡᠷᠡᠭᠰᠡᠯ᠂ ᠲᠣᠷᠭ᠎ᠠ ᠳᠤᠷᠳᠤᠩ ᠣᠯᠳᠠᠵᠤ᠂ ᠰᠤᠳᠤᠯᠭᠠᠲᠠᠳ ᠣᠷᠣᠰᠢᠭᠤᠯᠭ᠎ᠠ ᠶᠢᠨ ᠬᠡᠪ ᠨᠠᠮᠪᠠ ᠶᠢ ᠦᠨᠳᠦᠰᠦᠯᠡᠨ ᠯᠢᠶᠤᠤ ᠤᠯᠤᠰ ᠤᠨ ᠡᠬᠢᠨ ᠤ ᠦᠶ᠎ᠡ ᠶᠢᠨ ᠬᠢᠳᠠᠨ ᠤ ᠡᠷᠬᠢᠮ ᠢᠵᠠᠭᠤᠷᠲᠠᠨ ᠤ ᠤᠡᠭᠭᠤᠨ ᠬᠡᠮᠡᠨ ᠲᠣᠳᠣᠯᠠᠪᠠ᠃       ᠪᠠᠭᠤᠷᠢ ᠶᠢᠨ ᠦᠯᠡᠳᠡᠭᠳᠡᠯ᠄  ᠤᠡᠭᠭᠤᠨ ᠨᠢ ᠤᠡᠭᠭᠤᠨ ᠤ ᠵᠠᠮ᠂ ᠡᠭᠦᠳᠡ᠂ ᠭᠤᠣᠯ ᠵᠠᠮ᠂ ᠦᠷᠦᠭᠡ ᠪᠣᠯᠣᠨ ᠵᠡᠭᠦᠨ ᠪᠠᠷᠠᠭᠤᠨ ᠴᠢᠬᠢᠨ ᠭᠡᠷ ᠵᠡᠷᠭᠡ ᠪᠠᠷ ᠪᠦᠷᠢᠯᠳᠦᠪᠡ᠃ ᠤᠡᠭᠭᠤᠨ ᠤ ᠡᠭᠦᠳᠡ ᠶᠢ ᠲᠤᠰᠬᠠᠢ ᠴᠢᠯᠠᠭᠤ ᠪᠠᠷ ᠪᠥᠭᠯᠡᠵᠦ᠂ ᠭᠤᠣᠯ ᠳᠤᠮᠳᠠ ᠨᠢ ᠬᠤᠶᠠᠷ ᠳᠠᠯᠠᠪᠴᠢᠨ ᠡᠭᠦᠳᠡ ᠲᠠᠢ᠃ ᠤᠡᠭᠭᠤᠨ ᠤ ᠦᠷᠦᠭᠡ ᠨᠢ ᠲᠡᠭᠰᠢ ᠳᠥᠷᠪᠡᠯᠵᠢᠨ ᠬᠡᠯᠪᠡᠷᠢᠲᠡᠢ᠃ ᠬᠤᠶᠠᠷ ᠴᠢᠬᠢᠨ ᠭᠡᠷ ᠨᠢ ᠤᠡᠭᠭᠤᠨ ᠤ ᠦᠷᠦᠭᠡ ᠶᠢᠨ ᠡᠮᠦᠨ᠎ᠡ ᠬᠠᠭᠠᠰ ᠲᠤ ᠪᠠᠶᠢᠵᠤ᠂ ᠤᠷᠲᠤ ᠳᠥᠷᠪᠡᠯᠵᠢᠨ ᠬᠡᠯᠪᠡᠷᠢᠲᠡᠢ᠂ ᠮᠣᠳᠣᠨ ᠡᠭᠦᠳᠡ ᠲᠠᠢ᠃ ᠴᠢᠨᠳᠠᠷ ᠢ ᠤᠯᠠᠭᠠᠨ ᠬᠠᠷ᠎ᠠ ᠥᠩᠭᠡ ᠪᠠᠷ ᠭᠤᠣᠯᠯᠠᠭᠰᠠᠨ ᠪᠤᠳᠤᠭᠲᠤ ᠠᠪᠰᠠᠨ ᠳᠤ ᠬᠢᠵᠡᠢ᠃ ᠳᠡᠭᠡᠷ᠎ᠡ ᠨᠢ ᠲᠣᠭᠤᠷᠤᠤ᠂ ᠭᠠᠷᠤᠳᠢ᠂ ᠮᠠᠨᠳᠠᠷᠸ᠎ᠠ ᠴᠡᠴᠡᠭ᠂ ᠥᠩᠭᠡᠲᠦ ᠡᠭᠦᠯᠡᠨ ᠤ ᠬᠡ ᠤᠭᠠᠯᠵᠠ ᠲᠠᠢ᠃ ᠡᠭᠦᠨ ᠤ ᠳᠣᠲᠣᠷ᠎ᠠ ᠲᠣᠭᠤᠷᠤᠤ᠂ ᠭᠠᠷᠤᠳᠢ ᠪᠣᠯᠣᠨ ᠮᠠᠨᠳᠠᠷᠸ᠎ᠠ ᠴᠡᠴᠡᠭ ᠤᠨ ᠨᠠᠪᠴᠢ ᠶᠢ ᠠᠯᠲᠠ ᠪᠠᠷ ᠥᠩᠭᠡᠯᠡᠵᠦ᠂ ᠳᠦᠷᠪᠡᠨ ᠲᠠᠯ᠎ᠠ ᠳᠤ ᠨᠢ ᠬᠤᠨᠭ᠍ᠬᠤ ᠡᠯᠭᠦᠵᠡᠢ᠃ ᠠᠪᠰᠠᠨ ᠤ ᠠᠮᠠᠰᠠᠷ ᠳᠡᠭᠡᠷ᠎ᠡ ᠨᠢ ᠭᠤᠷᠪᠠᠨ ᠠᠯᠳᠠᠨ ᠬᠤᠯᠤ  ᠶᠢᠨ ᠵᠢᠷᠤᠭ ᠲᠠᠢ᠂ ᠡᠭᠦᠨ ᠤ ᠬᠤᠶᠠᠷ ᠲᠠᠯ᠎ᠠ ᠳᠤᠨᠢ ᠲᠤᠰ ᠪᠦᠷᠢ ᠠᠯᠲᠠᠨ ᠭᠠᠷᠤᠳᠢ ᠵᠢᠭᠦᠷ ᠢᠶᠠᠨ ᠳᠡᠯᠭᠡᠨ ᠨᠢᠰᠴᠦ ᠪᠠᠶᠢᠭ᠎ᠠ ᠵᠢᠷᠤᠭ ᠲᠠᠢ᠃ ᠠᠪᠰᠠᠨ ᠤ ᠬᠠᠨ᠎ᠠ ᠨᠢ ᠳᠠᠪᠬᠤᠷ ᠪᠠᠶᠢᠵᠤ᠂ ᠵᠠᠪᠰᠠᠷ ᠲᠤᠨᠢ ᠲᠣᠷᠭ᠎ᠠ ᠳᠤᠷᠳᠤᠩ ᠬᠠᠪᠴᠢᠭᠤᠯᠵᠠᠢ᠃ ᠠᠪᠰᠠᠨ ᠳᠣᠲᠣᠷ᠎ᠠ ᠨᠢ ᠮᠣᠳᠣᠨ ᠣᠷᠣ ᠲᠠᠢ᠂ ᠴᠢᠨᠳᠠᠷ ᠪᠡᠶ᠎ᠡ ᠳᠤ 11 ᠳᠠᠪᠬᠤᠷ ᠬᠤᠪᠴᠠᠰᠤ ᠡᠮᠦᠰᠬᠡᠵᠡᠢ᠃       ᠨᠡᠷ᠎ᠡ ᠶᠢᠨ ᠬᠠᠭᠤᠳᠠᠰᠤ᠄ ᠪᠦᠭᠦ ᠤᠯᠤᠰ ᠤᠨ ᠵᠢᠷᠭᠤᠳᠤᠭᠠᠷ ᠪᠦᠯᠦᠭ ᠤᠨ ᠭᠤᠣᠯᠳᠠᠯᠭᠠᠲᠤ ᠲᠡᠦᠬᠡᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠨᠢᠭᠡᠴᠢ᠃       ᠦᠵᠡᠮᠵᠢ ᠶᠢᠨ ᠣᠷᠣᠨ᠄  ᠶᠡᠭᠡ ᠪᠠᠭ᠎ᠠ ᠴᠦᠩᠬᠦᠯ᠂  ᠤᠳᠠᠨᠲᠠᠯ᠎ᠠ ᠶᠢᠨ ᠪᠠᠲᠤᠴᠠᠭᠠᠨ ᠤ ᠵᠢᠭᠤᠯᠴᠢᠯᠠᠯ ᠤᠨ ᠣᠷᠣᠨ᠂ ᠶᠡᠭᠡ ᠴᠦᠩᠬᠦᠯ ᠤᠨ ᠭᠤᠤ ᠶᠢᠨ ᠭᠠᠵᠠᠷ ᠰᠢᠨᠵᠢᠯᠡᠭᠡᠨ ᠤ ᠴᠡᠴᠡᠷᠯᠢᠭ ᠤᠨ ᠮᠦᠽᠧᠢ᠂ ᠬᠤᠷᠴᠢᠨ ᠤ ᠲᠠᠯ᠎ᠠ ᠨᠤᠲᠤᠭ᠃ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ