ᠮᠦᠷᠦᠭᠡᠳᠦᠯ ᠳᠤ ᠮᠦᠩᠭᠡᠷᠡᠬᠦ ᠬᠠᠰᠠᠭ ᠲᠡᠷᠭᠡ
ᠨᠡᠶᠢᠲᠡᠯᠡᠭᠰᠡᠨ ᠴᠠᠭ᠄
2023/12/6
       ᠲᠦᠷᠪᠡᠨ ᠴᠠᠭ ᠢ ᠰᠤᠳᠤᠷ ᠪᠤᠯᠳᠠᠯ᠎ᠠ᠂ ᠲᠠᠯ᠎ᠠ ᠬᠠᠩᠭᠠᠢ ᠪᠠᠨ ᠲᠡᠦᠬᠡ ᠪᠤᠯᠳᠠᠯ᠎ᠠ ᠵᠢᠳᠬᠦᠨ ᠲᠡᠮᠡᠦᠯᠵᠦ ᠢᠷᠡᠭᠰᠡᠨ ᠬᠠᠰᠠᠭ ᠲᠡᠷᠭᠡ ᠮᠢᠨᠤ᠃ ᠨᠢᠭᠡ ᠬᠦᠷᠳᠦ ᠨᠢ ᠨᠠᠷᠠᠨ ᠤ ᠭᠡᠷᠡᠯ᠂ ᠨᠦᠭᠦᠭᠡ ᠬᠦᠷᠳᠦ ᠨᠢ ᠰᠠᠷᠠᠨ ᠤ ᠲᠤᠶᠠᠭ᠎ᠠ ᠭᠡᠵᠦ ᠲᠥᠰᠥᠭᠡᠯᠡᠨ ᠪᠤᠳᠤᠬᠤ ᠳᠤ ᠣᠨ ᠵᠠᠭᠤᠨ ᠤ ᠲᠡᠷᠲᠡᠭᠡ ᠠᠴᠠ ︽ᠣᠷᠣᠰᠢᠬᠤᠢ︾ ᠬᠡᠮᠡᠬᠦ ᠨᠢᠭᠡᠨ ᠠᠮᠢᠳᠤᠷᠠᠯ ᠤᠨ ᠲᠣᠮᠢᠶ᠎ᠠ ᠶᠢ ᠡᠬᠡ ᠭᠠᠵᠠᠷ ᠤᠨ ᠬᠥᠷᠥᠰᠥᠨ ᠳᠡᠭᠡᠷ᠎ᠡ ᠪᠦᠲᠦᠨ ᠲᠡᠷᠭᠡᠯ ᠠᠮᠢᠯᠠᠲᠠᠯ᠎ᠠ  ᠵᠢᠷᠤᠵᠤ᠂ ᠬᠥᠮᠥᠨ ᠵᠤᠨ ᠤ ᠥᠭᠰᠥᠵᠦ ᠥᠭᠡᠳᠡᠯᠡᠬᠦ ᠶᠢᠨ ᠭᠡᠭᠡᠨ ᠰᠠᠷᠠᠭᠤᠯ ᠵᠠᠮ ᠢ ᠨᠡᠭᠡᠭᠡᠭᠰᠡᠨ ᠪᠠᠶᠢᠵᠤ ᠳ᠋ᠠ︕       ᠬᠤᠯᠠ ᠳᠠᠭᠠᠨ ᠮᠥᠭᠡᠷᠡᠯᠳᠦᠬᠦ ᠦᠬᠡᠷ ᠤᠨ ᠰᠦᠷᠦᠭ ᠢ ᠬᠠᠷᠠᠬᠤ ᠳᠤ ᠬᠠᠰᠠᠭ ᠢᠶᠠᠨ ᠴᠢᠷᠦᠭᠰᠡᠨ ᠠᠷᠠᠯ ᠤᠨ ᠱᠠᠷ ᠤᠨ ᠴᠢᠨᠢ ᠰᠡᠷᠡᠶᠢᠭᠰᠡᠨ ᠬᠤᠶᠠᠷ ᠡᠪᠡᠷ ᠢᠶᠠᠷ ᠢᠶᠠᠨ ᠲᠡᠭᠷᠢ ᠳᠡᠭᠡᠷ᠎ᠡ ᠲᠠᠲᠠᠯᠠᠭᠰᠠᠨ ᠦᠰᠦᠭ ᠤᠳ ᠨᠢ ᠰᠥᠨᠢ ᠶᠢᠨ ᠬᠠᠷᠠᠩᠭᠤᠢ ᠳᠤ ᠣᠴᠢᠯᠠᠨ ᠲᠦᠭᠡᠭᠰᠡᠨ ᠤᠳᠤᠨ ᠮᠡᠴᠢᠳ ᠪᠣᠯᠵᠤ ᠬᠠᠷᠠᠭᠠᠨ ᠳᠤ ᠡᠷᠬᠡᠯᠡᠨ ᠲᠣᠷᠮᠣᠯᠵᠠᠨ᠎ᠠ᠃       ᠪᠥᠮᠪᠥᠷᠴᠡᠭ ᠢᠶᠠᠨ ᠭᠡᠰᠡᠨ ᠪᠦᠯᠢᠶᠡᠨ ᠳᠤᠯᠠᠭᠠᠨ ᠬᠠᠶᠢᠷ᠎ᠠ ᠴᠢ ᠪᠠᠶᠢᠵᠠᠢ᠃ ᠪᠦᠭᠦᠳᠡᠭᠡᠷ ᠢᠶᠠᠨ ᠡᠷᠬᠡ ᠲᠡᠭᠰᠢ ᠣᠷᠣᠰᠢᠬᠤ ᠶᠢ ᠬᠦᠰᠡᠨ ᠡᠷᠡᠮᠡᠯᠵᠡᠯᠡᠭᠰᠡᠨ ᠪᠣᠰᠤᠭ᠎ᠠ ᠢᠲᠡᠭᠡᠯ ᠴᠦ ᠴᠢ ᠪᠠᠶᠢᠵᠠᠢ᠃  ᠡᠩᠬᠡ ᠲᠠᠶᠢᠪᠤᠩ᠂ ᠡᠶ᠎ᠡ ᠨᠠᠶᠢᠷᠰᠠᠭ ᠢ ᠮᠥᠩᠬᠡᠯᠡᠬᠦ ᠭᠡᠵᠦ ᠳᠣᠷᠣᠨᠠᠲᠤ ᠥᠨᠳᠦᠷᠯᠢᠭ ᠤᠨ ᠰᠡᠭᠡᠷ ᠨᠢᠷᠤᠭᠤᠨ ᠠᠴᠠ ᠬᠠᠩᠭᠢᠷ  ᠴᠢᠩᠭᠢᠷ ᠰᠠᠵᠢᠯᠠᠭᠰᠠᠭᠠᠷ ᠳᠡᠯᠡᠬᠡᠢ ᠵᠦᠭ ᠭᠡᠷᠡᠯ ᠪᠣᠯᠵᠤ ᠤᠷᠤᠰᠤᠭᠰᠠᠨ ᠠ᠋ ᠴᠢ᠃ ᠲᠠᠯ᠎ᠠ ᠶᠢᠨ ᠲᠡᠨᠵᠢᠨ ᠠᠴᠠ  ᠨᠤᠮᠤᠯᠵᠠᠨ ᠲᠠᠲᠠᠭᠰᠠᠨ ᠲᠤᠯᠤᠭᠠᠨ ᠥᠩᠭᠡ ᠶᠢᠨ ᠰᠣᠯᠣᠩᠭ᠎ᠠ ᠪᠣᠯᠵᠤ ᠰᠠᠴᠤᠷᠠᠭᠰᠠᠨ ᠠ᠋ ᠴᠢ︕ᠲᠠᠮ ᠶᠠᠰᠢᠩ᠂ ᠲᠦᠷᠪᠡᠨ ᠭᠤᠳᠣᠢ᠂ ᠢᠯᠠᠤ ᠁ ᠲᠡᠷᠡ ᠪᠦᠭᠦᠨ ᠲᠡᠭᠷᠢ ᠶᠢᠨ ᠵᠦᠢ᠂ ᠭᠠᠵᠠᠷ ᠤᠨ ᠵᠢᠷᠤᠬᠠᠢ ᠳᠤ ᠵᠣᠬᠢᠴᠠᠭᠤᠯᠵᠤ ᠡᠭᠦᠳᠦᠨ ᠪᠦᠲᠦᠭᠡᠭᠰᠡᠨ ᠡᠪᠦᠭᠡ ᠳᠡᠭᠡᠳᠦᠰ ᠤᠨ ᠮᠠᠨᠢ ᠰᠡᠳᠬᠢᠬᠦᠢ ᠶᠢᠨ ᠠᠭᠤᠳᠠᠮ ᠵᠠᠢ᠂ ᠰᠡᠳᠬᠢᠯ ᠤᠨ ᠭᠦᠨ ᠪᠠᠭᠲᠠᠭᠠᠮᠵᠢ᠂ ᠠᠮᠢᠳᠤᠷᠠᠯ ᠤᠨ ᠯᠣᠭᠢᠭ᠂ ᠠᠯᠤᠰ ᠤᠨ ᠪᠤᠳᠤᠯ ᠢ ᠪᠢᠰᠢᠷᠡᠬᠦ ᠦᠭᠡᠢ ᠪᠠᠶᠢᠬᠤ ᠶᠢᠨ ᠠᠷᠭ᠎ᠠ ᠦᠭᠡᠢ᠃       ᠨᠠᠷᠠᠨ ᠨᠡᠭᠦᠳᠡᠯ ᠲᠠᠢ ᠮᠠᠯᠴᠢᠨ ᠠᠷᠠᠳ ᠢ ᠮᠢᠨᠢ᠂ ᠭᠡᠷ ᠡᠷᠦᠭᠡ ᠲᠠᠢ ᠨᠢ ᠲᠡᠭᠡᠭᠡᠵᠦ ᠠᠯᠤᠰ ᠤᠨ ᠠᠶᠠᠨ ᠢ ᠲᠤᠭᠤᠯᠵᠦ ᠢᠷᠡᠭᠰᠡᠨ ᠤᠵᠠᠭᠤᠷ ᠴᠠᠭ ᠤᠨ︽ᠨᠢᠰᠬᠡᠯ︾᠃ ᠬᠠᠩᠭᠢᠷ ᠲᠠᠩᠭᠢᠷ ᠲᠠᠭᠤᠨ ᠢᠶᠠᠷ ᠢᠶᠠᠨ ᠬᠠᠩᠭᠠᠢ ᠭᠤᠪᠢ ᠶᠢ ᠰᠡᠷᠡᠭᠡᠵᠦ᠂ ᠬᠡᠭᠡᠷ᠎ᠡ ᠶᠢᠨ ᠰᠠᠯᠬᠢᠨ ᠲᠠᠢ ᠲᠣᠭᠯᠠᠵᠤ ᠶᠠᠪᠤᠭᠰᠠᠨ ︽ᠲᠤᠤᠯᠢ︾᠃  ᠬᠡᠦᠬᠡᠳ ᠤᠨ ᠬᠠᠷᠠᠭ᠎ᠠ ᠲᠡᠯᠡᠵᠦ᠂ ᠤᠬᠠᠭᠠᠨ ᠢ ᠰᠣᠷᠢᠭᠠᠳ ᠨᠤᠲᠤᠭ ᠲᠠᠨᠢᠭᠤᠯᠤᠭᠰᠠᠨ︽ᠲᠤᠮᠤᠭ︾ ᠠ᠋︕       ᠮᠥᠷᠥᠭᠡᠳᠦᠯ ᠳᠤ ᠴᠢ ᠮᠢᠨᠢ ᠮᠥᠩᠬᠡᠷᠡᠨ᠎ᠡ᠃ ᠮᠥᠭᠡᠷᠡᠵᠦ ᠵᠢᠳᠬᠦᠭᠰᠡᠨ ᠦᠬᠡᠷ ᠤᠨ ᠴᠢᠨᠢ ᠮᠥᠷ ᠨᠢ ᠭᠦᠷᠳᠡᠯ᠎ᠠ ᠲᠠᠮᠠᠭ᠎ᠠ ᠰᠢᠭ᠋ ᠳᠤᠷᠠᠶᠢᠭᠠᠳ ᠭᠡᠷᠡᠯ ᠲᠤᠰᠬᠤ ᠪᠠᠷ ᠰᠢᠵᠢᠷᠲᠦᠨ ᠲᠤᠶᠠᠭᠠᠷᠠᠨ᠎ᠠ᠃ ᠣᠨ ᠵᠢᠯ ᠤᠨ ᠰᠠᠯᠬᠢ ᠪᠣᠷᠣᠭᠠᠨ᠂ ᠬᠠᠯᠠᠭᠤᠨ ᠬᠦᠢᠲᠡᠨ ᠢ ᠠᠵᠢᠭ ᠦᠭᠡᠢ ᠲᠤᠭᠤᠯᠤᠬᠰᠠᠨ ᠴᠢᠨᠦ ᠦᠯᠢᠭᠡᠷ ᠢ ᠪᠢ ᠬᠡᠵᠢᠶᠡᠳᠡ ᠶᠠᠷᠢᠭᠠᠳ ᠪᠠᠷᠠᠬᠤ ᠦᠭᠡᠢ᠃ ᠰᠡᠭᠦᠳᠡᠷ ᠳᠣᠣᠷ᠎ᠠ ᠴᠢᠨᠢ ᠰᠡᠷᠢᠭᠦᠴᠡᠵᠦ ᠬᠡᠪᠲᠡᠭᠰᠡᠨ︽ᠭᠤᠷᠪᠠᠨ ᠮᠠᠷᠠᠯ︾ ᠤᠨ ᠭᠡᠷᠡᠯ ᠲᠠᠢ ᠨᠢᠳᠦ ᠴᠢᠮ᠎ᠠ ᠠᠴᠠ ᠰᠠᠯᠬᠤ ᠦᠭᠡᠢ᠃ ᠰᠡᠷᠢᠭᠦᠨ ᠭᠤᠪᠢ ᠶᠢᠨ ᠰᠡᠪᠡᠯᠵᠡᠭᠦᠷ ᠰᠠᠯᠬᠢ ᠴᠦ ᠴᠢᠮᠠᠶᠢ ᠮᠠᠷᠲᠠᠬᠤ ᠦᠭᠡᠢ᠃ ᠬᠠᠰᠠᠭ ᠲᠡᠷᠭᠡ ᠮᠢᠨᠢ ᠠ᠋︕       ᠬᠤᠯᠠ ᠶᠢᠨ ᠬᠦᠰᠡᠯ ᠴᠢᠨᠢ ᠬᠠᠪᠤᠷ ᠢ ᠤᠭᠲᠤᠨ ᠴᠡᠴᠡᠭ ᠪᠣᠯᠵᠤ ᠬᠠᠩᠬᠤᠯᠲᠠᠯ᠎ᠠ ᠳᠡᠯᠭᠡᠷᠡᠭᠡ ᠴᠦ ᠶᠤᠮ ᠤᠤ︖ ᠬᠤᠶᠠᠷ ᠬᠦᠷᠳᠦᠨ ᠤ ᠴᠢᠨᠢ ᠳᠠᠷᠤᠭᠰᠠᠨ ᠤᠷᠤᠮ ᠠᠴᠠ ᠴᠠᠬᠢᠯᠳᠠᠭ ᠳᠡᠯᠭᠡᠷᠡᠨ᠎ᠡ᠃ ᠰᠣᠷᠭᠤᠭ ᠦᠨᠦᠷ ᠢ ᠨᠢ ᠠᠮᠲᠠᠯᠠᠬᠤ ᠳᠤ ᠢᠷᠠᠭᠤ ᠨᠠᠶᠢᠷᠠᠭ ᠰᠢᠭ᠋ ᠠᠮᠲᠠᠲᠠᠢ᠃ ᠰᠢᠳᠤᠷᠭᠤ ᠶᠣᠰᠣᠨ ᠢ ᠬᠠᠶᠢᠭᠰᠠᠨ ᠰᠠᠨᠠᠭ᠎ᠠ ᠪᠤᠳᠤᠯ ᠴᠢᠨᠢ ᠡᠷᠬᠢᠮ ᠬᠡᠭᠡᠮᠰᠦᠭ ᠤᠨ ᠲᠤᠶᠢᠯ ᠠ᠋᠃ ᠴᠢᠮᠠᠶᠢ ᠰᠠᠨᠠᠵᠤ ᠦᠭᠡᠶᠢᠯᠡᠬᠦ ᠲᠤᠳᠤᠮ ᠤᠳᠤ ᠴᠠᠭ ᠤᠨ ᠭᠠᠯᠲᠤ ᠲᠡᠷᠭᠡ᠂ ᠮᠠᠰᠢᠨ ᠲᠡᠷᠭᠡ᠂ ᠨᠢᠰᠬᠡᠯ ᠁ ᠴᠢᠨᠦ ᠠᠯᠳᠠᠨ ᠬᠡᠪᠡᠯᠢ ᠠᠴᠠ ᠲᠠᠰᠤᠷᠠᠬᠰᠠᠨ ᠦᠷ᠎ᠡ ᠰᠠᠳᠤᠨ ᠭᠡᠮᠡᠷ ᠪᠤᠳᠤᠬᠳᠠᠬᠤ ᠶᠢ ᠴᠣᠬᠤᠮ ᠶᠠᠭᠤ ᠭᠡᠬᠦ ᠪᠤᠢ︖ ᠲᠡᠷᠡ ᠪᠦᠭᠦᠨ ᠴᠢᠮ᠎ᠠ ᠠᠴᠠ ᠰᠡᠳᠡᠯᠲᠡ ᠣᠯᠣᠭᠰᠠᠨ ᠦᠭᠡᠢ ᠭᠡᠵᠦ ᠤᠤ⁈       ᠠᠷᠤ ᠭᠤᠣᠯ ᠤᠨ ᠤᠰᠤ ᠪᠠᠨ ᠲᠡᠭᠡᠭᠡᠵᠦ ᠠᠮᠢᠳᠤᠷᠠᠵᠤ ᠢᠷᠡᠭᠰᠡᠨ ᠡᠮᠡᠭᠡ ᠮᠢᠨᠢ᠂ ᠬᠠᠰᠠᠭ ᠲᠡᠷᠭᠡ᠂ ᠬᠠᠷ᠎ᠠ ᠦᠬᠡᠷ ᠬᠤᠶᠠᠷ ᠲᠠᠭᠠᠨ ᠡᠭᠡᠯᠢᠲᠡᠢ ᠭᠡᠳᠡᠭ ᠨᠢ ᠠᠷᠭ᠎ᠠ ᠦᠭᠡᠢ᠃ ᠶᠡᠷᠡᠨ ᠨᠠᠢᠮᠠᠨ ᠨᠠᠰᠤᠯᠠᠲᠠᠯ᠎ᠠ ᠬᠠᠮᠲᠤ ᠥᠭᠰᠥᠵᠦ ᠤᠷᠤᠭᠤᠳᠠᠵᠤ ᠶᠠᠪᠤᠬᠤ ᠳᠠᠭᠠᠨ ᠳᠠᠩᠳᠠ ᠭᠦᠨ ᠵᠤᠵᠠᠭᠠᠨ ᠬᠠᠶᠢᠷ᠎ᠠ ᠰᠡᠳᠬᠢᠯᠭᠡ ᠲᠠᠢ ᠪᠣᠯᠴᠢᠬᠠᠭᠰᠠᠨ ᠪᠢᠵᠡ︖ ᠥᠭᠡᠳᠡ ᠪᠤᠯᠬᠤ ᠠᠴᠠ ᠪᠠᠨ ᠡᠮᠦᠨ᠎ᠡ ᠠᠪᠤ ᠶᠢ ᠳᠡᠷᠭᠡᠳᠡ ᠪᠠᠨ ᠳᠠᠭᠤᠳᠠᠵᠤ ︽ᠡᠷᠯᠢᠭ ᠲᠠᠮᠤ ᠶᠢᠨ ᠣᠷᠳᠣᠨ ᠢ ᠦᠨᠡᠨ ᠤ ᠭᠠᠵᠠᠷ ᠭᠡᠳᠡᠭ᠃ ᠬᠠᠷ᠎ᠠ ᠦᠬᠡᠷ ᠬᠢᠭᠡᠳ ᠬᠠᠰᠠᠭ ᠲᠡᠷᠭᠡ ᠪᠠᠨ ᠠᠪᠴᠤ ᠭᠦᠷᠦᠭᠡᠳ ᠭᠠᠪᠢᠶ᠎ᠠ ᠵᠢᠳᠬᠦᠯ ᠢ ᠨᠢ ᠲᠡᠮᠳᠡᠭᠯᠡᠭᠦᠯᠦᠶ᠎ᠡ︾ ᠭᠡᠪᠡ᠃ ᠠᠪᠤ ᠠᠷᠭ᠎ᠠ ᠪᠠᠨ ᠪᠠᠷᠠᠬᠤ ᠳᠠᠭᠠᠨ ᠲᠤᠬᠤ ᠪᠠᠨ ᠮᠠᠭᠠᠵᠢᠭᠰᠠᠨ ᠭᠡᠳᠡᠭ᠃ ᠭᠡᠲᠡᠯ᠎ᠡ ᠤᠨᠲᠠᠨ ᠬᠡᠪᠲᠡᠨ ᠪᠤᠳᠤᠬᠰᠠᠭᠠᠷ ᠪᠠᠶᠢᠵᠤ ᠪᠠᠷᠠᠭᠤᠨ ᠠᠶᠢᠯ ᠤᠨ ᠨᠡᠷᠡᠳᠦ ᠮᠣᠳᠣᠨ ᠲᠠᠷᠬᠠᠨ ᠨᠠᠮᠵᠢᠯ ᠡᠪᠦᠭᠡ ᠶᠢ ᠰᠠᠨᠠᠵᠤ ᠣᠯᠣᠭᠠᠳ ᠲᠡᠭᠦᠨ ᠢᠶᠠᠷ   ᠬᠠᠷᠮᠠᠯᠠᠵᠤ ᠪᠠᠭᠲᠠᠮᠠᠷ ᠬᠠᠰᠠᠭ ᠲᠡᠷᠭᠡ ᠶᠢᠨ ᠵᠠᠭᠪᠤᠷ ᠬᠢᠭᠡᠳ ᠬᠠᠷ᠎ᠠ ᠦᠬᠡᠷ ᠲᠠᠢ ᠨᠢ ᠵᠣᠬᠢᠶᠠᠯᠭᠠᠵᠤ  ᠰᠢᠷᠳᠡᠵᠦ ᠪᠤᠳᠤᠭᠠᠳ ᠬᠠᠨᠴᠤᠢ  ᠳᠤᠨᠢ ᠬᠢᠵᠦ ᠶᠠᠪᠤᠭᠤᠯᠤᠭᠰᠠᠨ ᠲᠤᠬᠠᠢ ᠡᠵᠢ ᠦᠷᠭᠦᠯᠵᠢ ᠶᠠᠷᠢᠳᠠᠭ ᠪᠠᠶᠢᠵᠠᠢ᠃       ᠣᠶᠢᠷ᠎ᠠ ᠳᠤ ᠪᠢ ᠬᠠᠰᠢᠶᠠᠨ ᠳᠤ ᠪᠠᠶᠢᠭ᠎ᠠ ᠬᠠᠰᠠᠭ ᠲᠡᠷᠭᠡ ᠪᠠᠨ ᠬᠠᠷᠠᠬᠤ ᠪᠦᠷᠢ ᠡᠮᠡᠭᠡ ᠮᠢᠨᠢ᠂ ᠬᠠᠷ᠎ᠠ ᠦᠬᠡᠷ ᠢᠶᠠᠨ ᠬᠥᠯᠥᠭᠡᠳ ᠠᠷᠤ ᠭᠤᠣᠯ ᠤᠨ ᠤᠰᠤᠨ ᠳᠠᠭᠠᠨ ᠶᠠᠪᠤᠬᠤ ᠰᠢᠭ᠋ ᠬᠠᠷᠠᠭᠠᠨ ᠳᠤ ᠮᠢᠨᠢ ᠪᠥᠷᠲᠥᠯᠵᠡᠨ᠎ᠡ᠃ ︽ᠬᠠᠶᠠ ᠨᠢᠭᠡ ᠰᠥᠨᠢ ᠠᠷᠤ ᠭᠤᠣᠯ ᠠᠴᠠ ᠤᠰᠤ ᠪᠠᠨ ᠲᠡᠭᠡᠭᠡᠴᠢᠭᠡᠳ ᠡᠮᠡᠭᠡ ᠮᠢᠨᠢ  ᠬᠠᠷ᠎ᠠ ᠦᠬᠡᠷ ᠢᠶᠠᠨ ᠬᠥᠲᠥᠯᠵᠦ ︿ᠨᠤᠭᠤᠨᠵᠠᠶᠠᠭ᠎ᠠ﹀ ᠶᠢ ᠬᠠᠩᠭᠢᠨᠠᠲᠠᠯ᠎ᠠ ᠳᠠᠭᠤᠯᠠᠭᠰᠠᠭᠠᠷ ᠭᠡᠷ ᠵᠦᠭ ᠢᠶᠠᠨ ᠢᠷᠡᠨ᠎ᠡ︾ ᠬᠡᠮᠡᠨ ᠵᠡᠭᠦᠳᠦᠯᠡᠭᠡᠳ ᠰᠡᠷᠡᠬᠦ ᠳᠤ ᠦᠷ ᠬᠠᠶᠠᠭᠠᠷᠠᠳᠠᠭ ᠪᠠᠶᠢᠯ᠎ᠠ ᠁       ᠡᠪᠦᠭᠡ ᠳᠡᠭᠡᠳᠦᠰ ᠤᠨ ᠦᠶ᠎ᠡ ᠠᠴᠠ ᠠᠶᠠᠨ ᠤ ᠬᠠᠨᠢ᠂ ᠠᠮᠢᠳᠤᠷᠠᠯ ᠤᠨ ᠬᠢᠨᠢ ᠲᠦᠰᠢᠭ ᠪᠣᠯᠵᠤ ᠥᠪᠡᠷ ᠤᠨ ᠭᠡᠬᠦ ᠬᠡᠷᠡᠯᠳᠦ ᠲᠡᠦᠬᠡ ᠪᠠᠨ ᠪᠦᠲᠦᠭᠡᠵᠦ ᠢᠷᠡᠭᠰᠡᠨ ᠢᠶᠠᠷ ᠪᠠᠷᠠᠬᠤ ᠦᠭᠡᠢ᠂ ᠳᠡᠯᠡᠬᠡᠢ ᠪᠠᠨ ᠬᠡᠮᠡᠬᠦ ᠥᠭᠭᠢᠶᠡᠮᠦᠷ ᠬᠠᠶᠢᠷ᠎ᠠ ᠳᠠᠭᠠᠨ ᠳᠦᠷᠡᠯᠵᠡᠵᠦ᠂ ᠡᠩᠬᠡ ᠲᠠᠶᠢᠪᠤᠩ ᠢ ᠰᠢᠳᠦᠨ ᠡᠷᠬᠡ ᠴᠢᠯᠦᠭᠡᠨ ᠤ ᠲᠥᠯᠥᠭᠡ ᠰᠦᠷᠳᠡᠭᠦᠯᠦᠯ ᠪᠤᠶᠤ ᠳᠣᠷᠣᠮᠵᠢᠯᠠᠯ᠂ ᠬᠠᠭᠠᠴᠠᠯ ᠬᠢᠭᠡᠳ ᠳᠣᠷᠣᠶᠢᠲᠠᠯ᠂ ᠤᠯᠠᠩᠭᠠᠰᠤᠭᠰᠠᠨ ᠲᠠᠶᠢᠨ ᠤ ᠥᠭᠡᠳᠡ ᠠᠴᠠ ᠲᠠᠭᠠᠷᠢᠵᠦ ᠶᠠᠪᠤᠭᠰᠠᠨ ᠢᠯᠠᠯᠲᠠ ᠶᠢᠨ ︽ᠲᠠᠩᠺ︾ ᠴᠦ ᠴᠢ ᠶᠤᠮ ᠳ᠋ᠠ ᠬᠠᠰᠠᠭ ᠮᠢᠨᠢ ᠠ᠋︕ ᠳᠦᠩᠭᠡᠷ᠂ ᠲᠠᠩᠭᠠᠷ ᠴᠢᠨᠦ ᠲᠠᠭᠤᠨ ᠡᠸᠦ᠋ᠷᠦᠫᠡ ᠶᠢᠨ ᠲᠡᠭᠷᠢ ᠳᠤ ᠬᠦᠩᠭᠢᠨᠡᠨ ᠳᠠᠭᠤᠷᠢᠰᠴᠤ᠂  ᠬᠥᠷᠥᠰᠥᠨ ᠳᠤ ᠳᠤᠷᠠᠶᠢᠭᠰᠠᠨ ᠮᠥᠷ ᠴᠢᠨᠢ ᠪᠠᠯᠠᠷᠠᠰᠢ ᠦᠭᠡᠢ ᠭᠡᠷᠡᠯᠳᠦᠭᠰᠡᠭᠡᠷ ᠠ᠋︕       ᠡᠳᠦᠷ ᠰᠥᠨᠢ ᠡᠭᠡᠯᠵᠢᠯᠡᠨ᠂ ᠣᠨ ᠵᠢᠯ ᠥᠭᠰᠥᠨ ᠪᠤᠭᠤᠷᠤᠯᠲᠤᠭᠰᠠᠨ ᠴᠦ ᠬᠤᠶᠠᠷ ᠬᠦᠷᠳᠦ ᠪᠠᠷ ᠢᠶᠠᠨ ᠳᠡᠯᠡᠬᠡᠢ ᠶᠢ ᠨᠢᠭᠡ ᠳᠣᠮᠨᠣᠵᠤ᠂ ᠳᠣᠷᠣᠨᠠᠲᠤ ᠠᠽᠢᠶ᠎ᠠ ᠶᠢᠨ ᠠᠯᠳᠠᠷ ᠢ ᠡᠷᠭᠦᠭᠰᠡᠨ ᠴᠢᠨᠦ ᠭᠠᠪᠢᠶ᠎ᠠ ᠵᠢᠳᠬᠦᠯ᠂ ᠬᠥᠮᠥᠨ ᠲᠥᠷᠥᠯᠬᠢᠲᠡᠨ ᠤ ᠵᠢᠷᠦᠬᠡᠨ ᠲᠣᠯᠲᠣ ᠳᠤ ᠬᠠᠳᠠᠩᠰᠢᠵᠤ᠂ ᠴᠠᠭ ᠡᠷᠢᠨ ᠤ ᠬᠥᠭᠵᠢᠯᠲᠡ ᠳᠤ ᠠᠬᠢᠭᠤᠯᠬᠤ ᠦᠢᠯᠡᠳᠦᠯ ᠦᠵᠡᠭᠦᠯᠦᠭᠰᠡᠭᠡᠷ᠃       ᠬᠠᠰᠠᠭ ᠮᠢᠨᠤ᠂ ᠬᠥᠭᠵᠢᠯ ᠮᠠᠨᠳᠤᠯ ᠤᠨ ᠬᠤᠷᠤᠢ ᠮᠢᠨᠤ᠃ ᠪᠠᠯᠠᠷ ᠬᠤᠴᠤᠷᠤᠩᠭᠤᠢ ᠴᠠᠭ ᠦᠶ᠎ᠡ ᠶᠢ ᠭᠡᠶᠢᠭᠦᠯᠵᠦ ᠰᠢᠨ᠎ᠡ ᠡᠷᠢᠨ ᠢ ᠤᠭᠲᠤᠭᠰᠠᠨ ᠤᠶᠤᠨ ᠪᠢᠯᠢᠭ ᠤᠨ ᠭᠡᠭᠡ ᠮᠢᠨᠤ᠃ ᠤᠳᠤ ᠴᠢ ᠮᠢᠨᠢ ᠲᠡᠦᠬᠡ ᠪᠣᠯᠵᠤ ᠮᠦᠽᠧᠢ ᠠᠴᠠ ᠰᠠᠴᠤᠷᠠᠨ ᠲᠤᠶᠠᠭᠠᠷᠠᠬᠤ ᠳᠠᠭᠠᠨ ᠲᠦᠮᠡᠨ ᠤ ᠰᠡᠳᠬᠢᠯ ᠢ ᠭᠡᠶᠢᠭᠦᠯᠦᠭᠰᠡᠭᠡᠷ ᠠ᠋︕       ᠮᠥᠷᠥᠭᠡᠳᠦᠯ ᠳᠤ ᠮᠥᠩᠬᠡᠷᠡᠬᠦ ᠬᠠᠰᠠᠭ ᠮᠢᠨᠢ︕ ᠮᠥᠩᠬᠡ ᠲᠡᠭᠷᠢ ᠶᠢᠨ ᠢᠪᠡᠭᠡᠯ ᠰᠣᠶᠣᠷᠬᠠᠭᠰᠠᠨ ᠲᠡᠷᠭᠡ ᠮᠢᠨᠢ ᠠ᠋⁈
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ