ᠬᠥᠯᠥᠨ ᠪᠤᠶᠢᠷ ᠬᠤᠲᠠ ᠶᠢᠨ ᠡᠷᠭᠦᠨ᠎ᠡ ᠬᠤᠲᠠ ᠶᠢᠨ ᠮᠣᠩᠭᠤᠯ ᠰᠢᠭᠤᠢ ᠰᠤᠮᠤ ᠳᠤ ᠦᠨᠳᠦᠰᠦᠲᠡᠨ ᠤ ᠵᠠᠩ ᠦᠢᠯᠡ ᠪᠠᠷ ᠪᠢᠯᠬᠠᠭᠰᠠᠨ ᠤᠯᠠᠮᠵᠢᠯᠠᠯᠲᠤ ᠠᠶᠢᠯ | ᠲᠣᠰᠬᠤᠨ — ᠱᠢᠸᠧᠢ ᠲᠣᠰᠬᠤᠨ ᠪᠠᠶᠢᠳᠠᠭ᠂ ᠲᠡᠷᠡ ᠨᠢ ᠠᠭᠤᠯᠠ ᠶᠢ ᠲᠦᠰᠢᠨ ᠤᠰᠤ ᠶᠢ ᠬᠠᠪᠢᠳᠠᠵᠤ᠂ ᠶᠠᠭ ᠯᠠ ᠨᠢᠭᠡᠨ ᠬᠡᠷᠡᠯᠳᠦ ᠰᠤᠪᠤᠳ ᠢ ᠶᠡᠭᠡ ᠬᠢᠩᠭᠠᠨ | ᠳᠠᠪᠠᠭᠠᠨ ᠤ ᠠᠷᠤ ᠬᠤᠷᠮᠣᠢ᠂ ᠡᠷᠭᠦᠨ᠎ᠡ ᠭᠤᠣᠯ ᠤᠨ ᠪᠠᠷᠠᠭᠤᠨ ᠡᠷᠭᠢ ᠳᠤ ᠰᠢᠭᠢᠳᠬᠡᠭᠰᠡᠨ ᠰᠢᠭ ᠪᠠᠶᠢᠳᠠᠭ᠃ ᠡᠨᠡᠬᠦ ᠤᠮᠠᠷᠠᠲᠤ ᠬᠢᠯᠢ ᠶᠢᠨ ᠬᠡᠷᠡᠯᠳᠦ ᠰᠤᠪᠤᠳ ᠨᠢ | ᠵᠡᠭᠦᠨ᠂ ᠡᠮᠦᠨ᠎ᠡ ᠬᠤᠶᠠᠷ ᠲᠠᠯ᠎ᠠ ᠪᠠᠷ ᠢᠶᠠᠨ ᠦᠷᠭᠦᠯᠵᠢᠯᠡᠭᠰᠡᠨ ᠠᠭᠤᠯᠠ ᠨᠢᠷᠤᠭᠤ ᠪᠠᠷ ᠬᠦᠷᠢᠶᠡᠯᠡᠭᠳᠡᠵᠦ᠂ ᠴᠠᠭᠠᠨ ᠬᠤᠰᠤ᠂ ᠬᠠᠶᠢᠯᠠᠷ ᠨᠠᠷᠠᠰᠤ᠂ ᠬᠠᠷᠭᠠᠢ ᠵᠡᠷᠭᠡ ᠨᠢ | ᠨᠡᠶᠢᠳᠡᠮ ᠲᠠᠷᠬᠠᠵᠤ ᠪᠠᠶᠢᠨ᠎ᠠ᠃ ᠬᠠᠪᠤᠷ ᠵᠤᠨ ᠨᠣᠭᠤᠭᠠᠨ᠂ ᠨᠠᠮᠤᠷ ᠤᠨ ᠡᠳᠦᠷ ᠠᠯᠲᠠᠨ ᠰᠢᠷᠭᠠᠯ᠂ ᠡᠪᠦᠯ ᠤᠨ ᠤᠯᠠᠷᠢᠯ ᠮᠥᠩᠭᠦᠨ ᠴᠠᠭᠠᠨ ᠪᠣᠯᠵᠤ᠂ ᠦᠵᠡᠰᠬᠦᠯᠡᠩᠲᠦ | ᠰᠠᠶᠢᠬᠠᠨ ᠠᠭᠤᠯᠠᠨ ᠣᠢ ᠳᠤ ᠬᠠᠨᠳᠠᠭᠠᠢ᠂ ᠪᠤᠯᠠᠭ᠎ᠠ᠂ ᠨᠠᠷᠠᠰᠤᠨ ᠢᠲᠠᠭᠤ ᠵᠡᠷᠭᠡ 100 ᠭᠠᠷᠤᠢ ᠵᠦᠢᠯ ᠤᠨ ᠬᠡᠭᠡᠷ᠎ᠡ ᠶᠢᠨ ᠠᠮᠢᠲᠠᠨ ᠠᠮᠢᠳᠤᠷᠠᠵᠤ ᠪᠠᠶᠢᠨ᠎ᠠ᠃ | | | ᠡᠷᠭᠦᠨ᠎ᠡ ᠭᠤᠣᠯ ᠲᠣᠰᠬᠤᠨ ᠢ ᠲᠣᠭᠤᠷᠢᠨ ᠮᠤᠷᠤᠯᠵᠠᠨ ᠲᠠᠬᠢᠷᠯᠠᠵᠤ᠂ ᠲᠣᠰᠬᠤᠨ ᠳᠤ ᠪᠠᠶᠠᠷ ᠪᠠᠶᠠᠰᠬᠤᠯᠠᠩᠲᠠᠢ ᠠᠮᠢᠵᠢᠷᠠᠯ ᠤᠨ ᠬᠦᠴᠦᠨ ᠣᠯᠭᠤᠵᠤ᠂ ᠡᠴᠢᠨ᠎ᠡ | ᠭᠦᠨ ᠠᠮᠢᠵᠢᠷᠠᠯ ᠤᠨ ᠠᠭᠤᠷ ᠠᠮᠢᠰᠬᠤᠯ ᠢ ᠠᠪᠴᠢᠷᠠᠵᠠᠢ᠃ ᠠᠳᠡ ᠲᠦᠷᠪᠡᠨ ᠤᠯᠠᠷᠢᠯ ᠵᠢᠷᠤᠭ ᠮᠡᠲᠦ᠂ ᠭᠤᠣᠯ ᠮᠥᠷᠡᠨ ᠢᠶᠠᠷ ᠬᠦᠷᠢᠶᠡᠯᠡᠭᠳᠡᠭᠰᠡᠨ ᠪᠠᠶᠢᠭᠠᠯᠢ ᠶᠢᠨ | ᠦᠵᠡᠮᠵᠢ ᠶᠢᠨ ᠭᠤᠸ᠎ᠠ ᠰᠠᠶᠢᠬᠠᠨ ᠢ ᠮᠡᠳᠡᠷᠡᠵᠦ ᠴᠢᠳᠠᠬᠤ ᠪᠠᠷ ᠪᠠᠷᠠᠬᠤ ᠦᠭᠡᠢ᠂ ᠪᠠᠰᠠ ᠵᠠᠭᠤᠨ ᠮᠢᠩᠭᠠᠨ ᠵᠢᠯ ᠤᠨ ᠤᠯᠠᠮᠵᠢᠯᠠᠯ᠂ ᠰᠣᠶᠣᠯ ᠢᠷᠭᠡᠨᠰᠢᠯ ᠠᠭᠤᠰᠤᠯᠴᠠᠭᠰᠠᠨ | ᠭᠦᠨ ᠵᠤᠵᠠᠭᠠᠨ ᠬᠥᠮᠥᠡᠯᠢᠭ ᠲᠡᠦᠬᠡ ᠶᠢ ᠮᠡᠳᠡᠷᠡᠵᠦ᠂ ᠵᠢᠭᠤᠯᠴᠢᠯᠠᠨ ᠲᠣᠭᠤᠷᠢᠬᠤ ᠬᠠᠮᠤᠭ ᠤᠨ ᠰᠠᠶᠢᠬᠠᠨ ᠭᠠᠵᠠᠷ ᠪᠣᠯᠵᠤ ᠲᠠᠨ ᠳᠤ ᠲᠠᠭᠠᠯᠠᠭᠳᠠᠬᠤ ᠨᠢ ᠯᠠᠪᠲᠠᠢ᠃ | 2013 ᠣᠨ ᠳᠤ ᠱᠢᠸᠧᠢ ᠲᠣᠰᠬᠤᠨ ᠬᠤᠶᠠᠳᠤᠭᠠᠷ ᠪᠦᠯᠦᠭ ᠤᠨ ᠳᠤᠮᠳᠠᠳᠤ ᠤᠯᠤᠰ ᠤᠨ ᠤᠯᠠᠮᠵᠢᠯᠠᠯᠲᠤ ᠲᠣᠰᠬᠤᠨ ᠤ ᠬᠠᠮᠠᠭᠠᠯᠠᠯᠲᠠ ᠶᠢᠨ ᠨᠡᠷᠡᠰ ᠲᠤ ᠣᠷᠣᠪᠠ᠃ | ᠲᠠᠪᠠᠲᠠᠢ ᠰᠠᠶᠢᠬᠠᠨ ᠵᠢᠵᠢᠭ ᠪᠠᠯᠭᠠᠰᠤᠨ ᠤ ᠠᠮᠢᠳᠤᠷᠠᠯ | ᠥᠷᠯᠥᠭᠡ ᠡᠷᠲᠡ ᠱᠢᠸᠧᠢ ᠲᠣᠰᠬᠤᠨ᠂ ᠡᠷᠭᠦᠨ᠎ᠡ ᠭᠤᠣᠯ ᠳᠤ ᠮᠠᠨᠠᠨ ᠪᠤᠳᠠᠩ ᠲᠠᠲᠠᠵᠤ᠂ ᠤᠢ ᠶᠢᠨ ᠳᠤᠮᠳᠠ ᠵᠦᠰᠡᠷ ᠪᠣᠷᠣᠭᠠᠨ ᠰᠢᠪᠡᠷᠡᠨ᠂ ᠰᠡᠯᠡᠭᠦᠴᠡᠨ | ᠠᠯᠬᠤᠬᠤ ᠳᠤ ᠵᠦᠰᠡᠷ ᠪᠣᠷᠣᠭᠠᠨ ᠪᠣᠯᠣᠨ ᠵᠥᠭᠡᠯᠡᠨ ᠰᠠᠯᠬᠢᠨ ᠤ ᠢᠯᠪᠢᠯᠲᠡ ᠠᠴᠠ ᠠᠭᠤᠯᠠᠨ ᠳᠤᠮᠳᠠᠬᠢ ᠰᠣᠷᠭᠤᠭ ᠴᠡᠴᠡᠭ ᠪᠣᠯᠣᠨ ᠬᠥᠬᠡ ᠨᠣᠭᠤᠭᠠᠨ ᠤ ᠦᠨᠦᠷ ᠢ | ᠦᠨᠦᠷᠲᠦᠬᠦ ᠮᠡᠲᠦ᠂ ᠲᠠᠶᠢᠪᠤᠩ ᠠᠮᠤᠭᠤᠯᠠᠩ ᠰᠡᠳᠬᠢᠯ ᠤᠨ ᠠᠨᠢᠷ ᠢ ᠴᠢᠪᠬᠠᠳᠠᠬᠤ ᠠᠵᠢ᠃ ᠦᠷ ᠤᠨ ᠭᠡᠭᠡ ᠮᠠᠨᠠᠨ ᠳᠤᠮᠳᠠ ᠠᠴᠠ ᠭᠡᠶᠢᠬᠦ ᠳᠤ᠂ ᠮᠥᠷ ᠮᠥᠷ ᠮᠣᠳᠣ | ᠪᠠᠷ ᠰᠡᠶᠢᠯᠦᠭᠰᠡᠨ ᠭᠦᠳᠦᠭᠦᠷ ᠰᠡᠶᠢᠯᠦᠮᠡᠯ ᠭᠡᠮᠡᠷ ᠪᠠᠶᠢᠰᠢᠩ ᠤᠳ ᠡᠷᠲᠡ ᠶᠢᠨ ᠨᠠᠷᠠᠨ ᠤ ᠤᠯᠠᠪᠤᠷ ᠥᠩᠭᠡ ᠪᠠᠷ ᠪᠤᠳᠤᠬᠳᠠᠵᠤ᠂ ᠶᠠᠭ ᠯᠠ ᠠᠯᠲᠠᠨ ᠰᠢᠷᠭᠠᠯ ᠡᠭᠦᠯᠡ | ᠨᠡᠭᠦᠵᠦ ᠪᠠᠶᠢᠭ᠎ᠠ ᠮᠡᠲᠦ᠃ ᠡᠨᠡ ᠷᠠᠰᠢ ᠶᠢᠨ ᠣᠷᠣᠨ ᠮᠡᠲᠦ ᠦᠵᠡᠮᠵᠢ ᠶᠢᠨ ᠳᠤᠮᠳᠠ ᠬᠥᠮᠥᠰ ᠡᠭᠦᠳᠡ ᠪᠠᠨ ᠨᠡᠭᠡᠭᠡᠨ ᠭᠠᠳᠠᠭᠰᠢ ᠭᠠᠷᠴᠤ᠂ ᠨᠢᠭᠡ ᠡᠳᠦᠷ ᠤᠨ | ᠠᠶᠠᠨ ᠢᠶᠠᠨ ᠡᠬᠢᠯᠡᠭᠦᠯᠬᠦ ᠪᠠᠷ ᠪᠡᠯᠡᠳᠬᠡᠨ᠎ᠡ | ᠁ ᠠᠳᠡ᠂ ᠴᠠᠭ ᠤᠨ ᠠᠯᠬᠤᠮ ᠤᠳᠠᠭᠠᠰᠢᠷᠠᠭᠰᠠᠨ ᠮᠡᠲᠦ᠃ | | | ︽ᠱᠢᠸᠧᠶ︾ ᠭᠡᠳᠡᠭ ᠨᠢ ᠮᠣᠩᠭᠤᠯ ᠬᠡᠯᠡᠨ ᠳᠤ ︽ᠣᠶ ᠰᠢᠭᠤᠢ︾ ᠭᠡᠰᠡᠨ ᠤᠳᠬ᠎ᠠ ᠲᠠᠢ᠂ ᠠᠯᠢ ᠡᠷᠲᠡ ᠰᠦᠢ ᠤᠯᠤᠰ᠂ ᠲᠠᠩ ᠤᠯᠤᠰ ᠤᠨ ᠦᠶ᠎ᠡ ᠳᠤ ᠱᠢᠸᠧᠶ | ᠠᠶᠢᠮᠠᠭ ᠠᠳᠡ ᠨᠡᠭᠦᠳᠡᠯᠯᠡᠨ ᠮᠠᠯᠵᠢᠵᠤ᠂ ᠵᠢᠭᠠᠰᠤ ᠠᠩᠨᠠᠵᠤ ᠠᠮᠢᠳᠤᠷᠠᠵᠤ ᠪᠠᠶᠢᠵᠠᠢ᠃ ᠴᠢᠩ ᠤᠯᠤᠰ ᠤᠨ ᠰᠡᠭᠦᠯᠴᠢ ᠶᠢᠨ ᠦᠶ᠎ᠡ ᠳᠤ᠂ ᠱᠢᠸᠧᠶ ᠲᠣᠰᠬᠤᠨ ᠤ ᠨᠡᠷ᠎ᠡ ᠨᠢ | ︽ᠭᠢᠯᠠᠷᠢᠨ︾ ᠭᠡᠳᠡᠭ ᠪᠠᠶᠢᠵᠤ᠂ ᠡᠷᠭᠦᠨ᠎ᠡ ᠶᠢᠨ ᠤᠰᠤᠨ ᠰᠢᠰᠲ᠋ᠧᠮ ᠤᠨ ᠳᠤᠮᠳᠠ ᠤᠷᠤᠰᠬᠠᠯ ᠤᠨ ᠴᠢᠬᠤᠯᠠ ᠤᠰᠤ ᠬᠠᠭᠤᠷᠠᠢ ᠶᠢᠨ ᠳᠠᠮᠵᠢᠭᠤᠯᠬᠤ ᠥᠷᠲᠡᠭᠡ ᠪᠣᠯᠣᠨ᠎ᠠ᠃ | ᠬᠢᠯᠢ ᠬᠢᠵᠠᠭᠠᠷ ᠲᠤ ᠣᠷᠣᠰᠢᠵᠤ ᠪᠠᠶᠢᠳᠠᠭ ᠢᠶᠠᠷ ᠢᠶᠠᠨ ᠠᠳᠠ ᠬᠢᠲᠠᠳ᠂ ᠣᠷᠣᠰ᠂ ᠮᠣᠩᠭᠤᠯ ᠵᠡᠷᠭᠡ ᠦᠨᠳᠦᠰᠦᠲᠡᠨ ᠨᠦᠭᠦᠳ ᠤᠨ ᠠᠷᠠᠳ ᠲᠦᠮᠡᠨ ᠣᠷᠣᠰᠢᠨ | ᠠᠮᠢᠳᠤᠷᠠᠵᠤ᠂ ᠵᠠᠭᠤᠨ ᠵᠢᠯ ᠤᠨ ᠠᠭᠤᠰᠤᠯᠴᠠᠨ ᠬᠥᠭᠵᠢᠬᠦ ᠪᠠᠷ ᠳᠠᠮᠵᠢᠨ᠂ ᠥᠨᠥᠳᠥᠷ ᠤᠨ ᠱᠢᠸᠧᠶ ᠲᠣᠰᠬᠤᠨ ᠨᠢ ᠦᠨᠳᠦᠰᠦᠲᠡᠨ ᠨᠦᠭᠦᠳ ᠤᠨ ᠬᠠᠮᠲᠤ ᠪᠠᠷ ᠵᠣᠯ | ᠵᠢᠷᠭᠠᠯ ᠲᠠᠢ ᠠᠮᠢᠳᠤᠷᠠᠬᠤ ᠰᠠᠶᠢᠨ ᠰᠠᠶᠢᠬᠠᠨ ᠭᠡᠷ ᠣᠷᠣᠨ ᠪᠣᠯᠤᠭᠰᠠᠨ ᠪᠠᠶᠢᠨ᠎ᠠ᠃ | ᠲᠦᠷᠦᠭᠦᠦ ᠬᠡᠳᠦᠨ ᠵᠢᠯ ᠵᠢᠭᠤᠯᠴᠢᠯᠠᠯ ᠢ ᠬᠥᠭᠵᠢᠭᠦᠯᠬᠦ ᠶᠢᠨ ᠲᠥᠯᠥᠭᠡ᠂ ᠲᠣᠰᠬᠤᠨ ᠤ ᠠᠷᠠᠳ ᠮᠣᠳᠣ ᠪᠠᠷ ᠶᠠᠩᠵᠤᠯᠠᠭᠰᠠᠨ ᠭᠡᠷ ᠪᠠᠶᠢᠰᠢᠩ ᠢ ᠲᠠᠰᠤᠷᠠᠯᠲᠠ | ᠦᠭᠡᠢ ᠰᠢᠨ᠎ᠡ ᠪᠠᠷ ᠪᠠᠶᠢᠭᠤᠯᠵᠤ᠂ ᠥᠭᠡᠷᠡᠴᠢᠯᠡᠨ ᠪᠠᠶᠢᠭᠤᠯᠤᠭᠰᠠᠨ ᠠᠴᠠ ᠤᠯᠠᠮᠵᠢᠯᠠᠯᠲᠤ ᠪᠠᠷᠢᠯᠭ᠎ᠠ ᠲᠥᠪᠯᠡᠷᠡᠵᠦ ᠳᠡᠶᠢᠯᠭᠦ ᠦᠭᠡᠢ ᠪᠣᠯᠵᠤ᠂ ᠪᠦᠬᠦᠯᠢ ᠴᠣᠭᠴᠠ ᠶᠢᠨ | ᠦᠵᠡᠮᠦᠷᠢ ᠶᠢ ᠨᠢ ᠨᠥᠯᠥᠭᠡᠯᠡᠪᠡ᠃ ︽ᠪᠢᠳᠡ ᠤᠯᠠᠮᠵᠢᠯᠠᠯᠲᠤ ᠪᠠᠷᠢᠯᠭ᠎ᠠ᠂ ᠤᠯᠠᠮᠵᠢᠯᠠᠯᠲᠤ ᠳᠦᠷᠰᠦ ᠪᠠᠶᠢᠳᠠᠯ ᠢ ᠬᠠᠮᠠᠭᠠᠯᠠᠬᠤ ᠪᠠ ᠵᠠᠰᠠᠨ ᠰᠡᠷᠭᠦᠭᠡᠬᠦ ᠶᠢ ᠴᠢᠬᠤᠯᠠᠴᠢᠯᠠᠵᠤ᠂ | ᠲᠡᠦᠬᠡ ᠰᠣᠶᠣᠯ ᠤᠨ ᠦᠨ᠎ᠡ ᠥᠷᠲᠡᠭ ᠢ ᠳᠣᠪᠤᠶᠢᠯᠭᠠᠬᠤ ᠪᠠᠷ ᠪᠠᠷᠠᠬᠤ ᠦᠭᠡᠢ ᠪᠠᠰᠠ ᠲᠣᠰᠬᠤᠨ ᠤ ᠠᠷᠠᠳ ᠤᠨ ᠣᠲᠣ ᠦᠶ᠎ᠡ ᠶᠢᠨ ᠦᠢᠯᠡᠳᠪᠦᠷᠢᠯᠡᠯ ᠠᠮᠢᠳᠤᠷᠠᠯ ᠤᠨ | ᠬᠡᠷᠡᠭᠴᠡᠭᠡ ᠶᠢ ᠬᠠᠩᠭᠠᠬᠤ ᠶᠢ ᠵᠣᠷᠢᠵᠠᠢ︾ ᠭᠡᠵᠦ ᠮᠣᠩᠭᠤᠯ ᠰᠢᠭᠤᠢ ᠰᠤᠮᠤ ᠶᠢᠨ ᠰᠤᠮᠤᠨ ᠳᠠᠷᠤᠭ᠎ᠠ ᠳ᠋ᠠ ᠹᠦ᠋ ᠯᠡ ᠬᠡᠯᠡᠬᠦ ᠪᠥᠭᠡᠳ᠄︽ᠡᠭᠦᠨ ᠤ ᠲᠤᠯᠠᠳᠠ᠂ ᠣᠶᠢᠷ᠎ᠠ ᠶᠢᠨ | ᠵᠢᠯ ᠠᠴᠠ ᠪᠢᠳᠡ ᠤᠯᠠᠮᠵᠢᠯᠠᠯᠲᠤ ᠪᠠᠷᠢᠯᠭ᠎ᠠ ᠶᠢᠨ ᠲᠥᠪᠯᠡᠷᠡᠨ ᠵᠠᠯᠭᠠᠯᠳᠤᠭᠰᠠᠨ ᠣᠷᠣᠨ ᠢ ᠭᠤᠣᠯᠳᠠᠯᠭ᠎ᠠ ᠲᠠᠢ ᠰᠡᠷᠭᠦᠭᠡᠵᠦ᠂ ᠡᠷᠲᠡᠨ ᠤ ᠭᠡᠷ ᠪᠠᠶᠢᠰᠢᠩ ᠢ ᠰᠡᠯᠪᠢᠨ | ᠵᠠᠰᠠᠬᠤ ᠬᠠᠮᠢᠶᠠᠷᠤᠯᠲᠠ ᠶᠢ ᠴᠢᠩᠭᠠᠳᠬᠠᠵᠤ᠂ ᠰᠣᠶᠣᠯ ᠤᠨ ᠥᠪ ᠤᠨ ᠡᠷᠭᠢᠨ ᠲᠣᠭᠤᠷᠢᠨ ᠤ ᠣᠷᠴᠢᠨ ᠲᠣᠭᠤᠷᠢᠨ ᠢ ᠴᠡᠭᠴᠡᠯᠡᠨ ᠵᠠᠰᠠᠵᠤ᠂ ᠤᠯᠠᠮᠵᠢᠯᠠᠯᠲᠤ | ᠲᠣᠰᠬᠤᠨ ᠤ ᠪᠠᠶᠢᠷᠢᠰᠢᠯ᠂ ᠳᠦᠷᠰᠦ ᠪᠠᠶᠢᠳᠠᠯ ᠵᠢᠴᠢ ᠡᠷᠭᠢᠨ ᠲᠣᠭᠤᠷᠢᠨ ᠤ ᠪᠠᠶᠢᠭᠠᠯᠢ ᠶᠢᠨ ᠦᠵᠡᠮᠵᠢ᠂ ᠠᠮᠢ ᠠᠬᠤᠢ ᠣᠷᠴᠢᠨ ᠲᠣᠭᠤᠷᠢᠨ ᠢ ᠦᠨᠳᠦᠰᠦᠨ ᠳᠡᠭᠡᠨ | ᠬᠠᠮᠠᠭᠠᠯᠠᠪᠠ︾ ᠭᠡᠯᠡ᠃ | | | ᠡᠭᠦᠨ ᠤ ᠬᠠᠮᠲᠤ᠂ ᠡᠷᠭᠦᠨ᠎ᠡ ᠬᠤᠲᠠ ᠪᠠᠰᠠ︽ᠡᠷᠭᠦᠨ᠎ᠡ ᠬᠤᠲᠠ ᠶᠢᠨ ᠤᠯᠠᠮᠵᠢᠯᠠᠯᠲᠤ ᠠᠶᠢᠯ ᠲᠣᠰᠬᠤᠨ ᠢ ᠬᠠᠮᠠᠭᠠᠯᠠᠵᠤ ᠬᠥᠭᠵᠢᠭᠦᠯᠬᠦ ᠲᠥᠯᠦᠪᠵᠢᠭᠦᠯᠭᠡ︾ ᠶᠢ | ᠨᠠᠶᠢᠷᠠᠭᠤᠯᠤᠨ ᠵᠣᠬᠢᠶᠠᠵᠤ᠂ ᠤᠯᠠᠮᠵᠢᠯᠠᠯᠲᠤ ᠠᠶᠢᠯ ᠲᠣᠰᠬᠤᠨ ᠤ ᠰᠣᠶᠣᠯ ᠢᠷᠭᠡᠨᠰᠢᠯ ᠤᠨ ᠲᠡᠦᠬᠡ᠂ ᠪᠠᠶᠢᠭᠠᠯᠢ ᠶᠢᠨ ᠥᠩᠭᠡ ᠳᠦᠷᠰᠦ ᠪᠣᠯᠣᠨ ᠡᠯ᠎ᠡ ᠵᠦᠢᠯ ᠤᠨ | ᠤᠤᠭᠠᠯ ᠠᠮᠢ ᠠᠬᠤᠢ ᠶᠢᠨ ᠮᠡᠳᠡᠭᠡ ᠵᠠᠩᠭᠢ ᠳᠤ ᠰᠢᠰᠲ᠋ᠧᠮ ᠲᠠᠢ ᠨᠡᠶᠢᠳᠡᠮ ᠪᠠᠶᠢᠴᠠᠭᠠᠯᠲᠠ ᠪᠠ ᠰᠢᠨᠵᠢᠯᠡᠬᠦ ᠤᠬᠠᠭᠠᠨᠴᠢ ᠲᠡᠮᠳᠡᠭᠯᠡᠯ ᠬᠢᠵᠦ᠂ ᠰᠣᠶᠣᠯ ᠤᠨ ᠲᠠᠩᠰᠠ | ᠡᠪᠬᠡᠮᠡᠯ ᠢ ᠨᠢᠭᠡᠳ ᠨᠢᠭᠡ ᠪᠠᠷ ᠪᠠᠶᠢᠭᠤᠯᠤᠨ᠂ ᠰᠠᠭᠤᠷᠢ ᠲᠥᠬᠦᠭᠡᠷᠦᠮᠵᠢ ᠶᠢ ᠲᠠᠰᠤᠷᠠᠯᠲᠠ ᠦᠭᠡᠢ ᠲᠡᠭᠦᠯᠳᠡᠷᠵᠢᠭᠦᠯᠵᠦ᠂ ᠠᠶᠢᠯ ᠲᠣᠰᠬᠤᠨ ᠤ ᠰᠠᠶᠢᠨ ᠰᠠᠶᠢᠬᠠᠨ ᠣᠷᠴᠢᠨ | ᠲᠣᠭᠤᠷᠢᠨ ᠢ ᠪᠤᠶ ᠪᠣᠯᠭᠠᠬᠤ ᠶᠢᠨ ᠬᠠᠮᠲᠤ᠂ ᠲᠤᠬᠠᠢ ᠶᠢᠨ ᠭᠠᠵᠠᠷ ᠤᠨ ᠪᠠᠶᠢᠭᠠᠯᠢ ᠶᠢᠨ ᠣᠷᠴᠢᠨ ᠲᠣᠭᠤᠷᠢᠨ ᠵᠢᠴᠢ ᠭᠠᠵᠠᠷ ᠣᠷᠣᠨ ᠤ ᠣᠷᠴᠢᠨ ᠲᠣᠭᠤᠷᠢᠨ ᠤ | ᠣᠨᠴᠠᠯᠢᠭ ᠲᠠᠢ ᠤᠶᠠᠯᠳᠤᠭᠤᠯᠤᠨ᠂ ᠠᠵᠤ ᠠᠬᠤᠢ ᠬᠢᠭᠡᠳ ᠣᠷᠴᠢᠨ ᠲᠣᠭᠤᠷᠢᠨ ᠢ ᠵᠣᠬᠢᠴᠠᠩᠭᠤᠢ ᠬᠥᠭᠵᠢᠭᠦᠯᠬᠦ ᠪᠠᠷ ᠴᠢᠷᠮᠠᠶᠢᠵᠤ᠂ ᠤᠯᠠᠮᠵᠢᠯᠠᠯᠲᠤ ᠠᠶᠢᠯ ᠲᠣᠰᠬᠤᠨ ᠢ | ᠰᠢᠨ᠎ᠡ ᠠᠮᠢᠵᠢᠷᠠᠯ ᠤᠨ ᠬᠦᠴᠦᠨ ᠲᠠᠢ ᠪᠣᠯᠭᠠᠬᠤ ᠪᠠᠷ ᠪᠠᠶᠢᠨ᠎ᠠ᠃ | ᠵᠢᠭᠤᠯᠴᠢᠯᠠᠯ ᠰᠡᠯᠡᠭᠦᠴᠡᠯ ᠡᠳᠦᠷ ᠢᠷᠡᠬᠦᠶ᠎ᠡ ᠬᠥᠭᠵᠢᠵᠦ ᠪᠠᠶᠢᠨ᠎ᠠ | ᠦᠳᠡᠰᠢ ᠶᠢᠨ ᠨᠠᠷᠠ ᠠᠭᠤᠯᠠᠨ ᠴᠠᠭᠠᠨ᠎ᠠ ᠨᠢᠭᠤᠭᠳᠠᠨ᠂ ᠨᠠᠭᠤᠷ ᠤᠨ ᠤᠰᠤᠨ ᠳᠤ ᠰᠠᠷ᠎ᠠ ᠪᠥᠵᠢᠨ᠎ᠡ᠃ ᠦᠳᠡᠰᠢ ᠪᠣᠯ ᠱᠢᠸᠧᠢ ᠲᠣᠰᠬᠤᠨ ᠤ ᠬᠠᠮᠤᠭ ᠤᠨ | ᠨᠠᠷᠭᠢᠶᠠᠨ ᠱᠤᠤᠭᠢᠶᠠᠨ ᠲᠠᠢ ᠴᠠᠭ ᠮᠥᠴᠡ ᠪᠣᠯᠣᠨ᠎ᠠ᠂ ᠳᠥᠷᠪᠡᠨ ᠵᠦᠭ ᠨᠠᠢᠮᠠᠨ ᠵᠣᠪᠬᠢᠰ ᠤᠨ ᠵᠢᠭᠤᠯᠴᠢᠯᠠᠬᠰᠠᠳ ᠠᠳᠡ ᠴᠤᠭᠯᠠᠷᠠᠨ᠂ ᠵᠡᠭᠡᠯᠢ ᠭᠤᠳᠤᠮᠵᠢ ᠭᠦᠷ | ᠨᠠᠷᠭᠢᠶᠠᠨ ᠲᠠᠢ᠂ ᠬᠥᠮᠥᠨ ᠬᠠᠷ᠎ᠠ ᠰᠦᠯᠵᠢᠯᠳᠦᠨ᠂ ᠵᠣᠴᠢᠳ ᠢ ᠳᠠᠭᠤᠳᠠᠨ ᠤᠷᠢᠬᠤ ᠳᠠᠭᠤᠨ᠂ ᠳᠠᠭᠤᠯᠠᠨ ᠪᠥᠵᠢᠭᠯᠡᠬᠦ ᠳᠠᠭᠤᠨ᠂ ᠠᠮᠲᠠᠲᠤ ᠢᠳᠡᠭᠡᠨ ᠢ ᠠᠮᠲᠠᠯᠠᠨ | ᠪᠠᠶᠠᠷᠯᠠᠨ ᠢᠨᠢᠶᠡᠬᠦ ᠳᠠᠭᠤᠨ ᠠᠳᠡ ᠲᠡᠨᠳᠡ ᠠᠴᠠ ᠬᠠᠩᠭᠢᠨᠠᠨ ᠴᠤᠤᠷᠢᠶᠠᠲᠤᠨ᠎ᠠ᠃ ᠣᠷᠣᠢ ᠶᠢᠨ ᠬᠤᠭᠤᠯᠠᠨ ᠤ ᠦᠶ᠎ᠡ ᠳᠤ ᠲᠣᠮᠣ ᠱᠣᠷᠣᠯᠠᠭ᠂ ᠮᠢᠬ᠎ᠠ ᠲᠠᠢ ᠬᠢᠮ᠎ᠠ᠂ | ᠴᠢᠨᠠᠭᠰᠠᠨ ᠦᠬᠡᠷ ᠤᠨ ᠮᠢᠬ᠎ᠠ᠂ ᠬᠦᠢᠲᠡᠨ ᠤᠰᠤᠨ ᠤ ᠵᠢᠭᠠᠰᠤ᠂ ᠤᠯᠠᠭᠠᠨ ᠱᠥᠯᠥ᠂ ᠭᠸᠧᠠᠰ᠂ ᠸᠸᠲᠺᠠ ᠵᠡᠷᠭᠡ ᠪᠦᠭᠦ ᠲᠥᠷᠥᠯ ᠤᠨ ᠠᠮᠲᠠᠲᠤ ᠬᠤᠭᠤᠯᠠ ᠬᠦᠨᠡᠰᠦ ᠵᠠᠢ | ᠵᠠᠪᠰᠠᠷ ᠦᠭᠡᠢ ᠰᠣᠯᠢᠭᠳᠠᠨ᠂ ᠬᠥᠮᠥᠰ ᠬᠤᠭᠤᠯᠠ ᠢᠳᠡᠨ ᠬᠤᠨᠳᠠᠭ᠎ᠠ ᠵᠥᠷᠢᠭᠦᠯᠵᠦ᠂ ᠬᠥᠮᠥᠨ ᠤ ᠣᠷᠴᠢᠯᠠᠩ ᠤᠨ ᠠᠮᠢᠳᠤᠷᠠᠯ ᠤᠨ ᠦᠨᠦᠷ ᠬᠠᠩᠬᠤᠯᠵᠤ᠂ | ᠵᠢᠭᠤᠯᠴᠢᠳ ᠤᠨ ᠰᠡᠳᠬᠢᠯ ᠢ ᠬᠠᠮᠤᠭ ᠠᠴᠠ ᠢᠯᠡᠭᠦᠦ ᠲᠠᠲᠠᠨ᠎ᠠ᠃ ᠰᠥᠨᠢ ᠪᠣᠯᠤᠭᠰᠠᠨ ᠤ ᠳᠠᠷᠠᠭ᠎ᠠ᠂ ᠨᠢᠭᠡ ᠡᠳᠦᠷ ᠨᠠᠭᠠᠳᠤᠨ ᠨᠠᠷᠭᠢᠭᠰᠠᠨ ᠬᠤᠯᠠ ᠶᠢᠨ ᠵᠣᠴᠢᠳ | ᠮᠣᠳᠣᠨ ᠪᠠᠶᠢᠰᠢᠩ ᠳᠤ ᠣᠷᠣᠵᠤ ᠰᠠᠭᠤᠵᠠᠭᠠᠨ᠂ ᠶᠠᠳᠠᠷᠠᠭ᠎ᠠ ᠪᠠᠨ ᠲᠠᠶᠢᠯᠵᠤ ᠨᠠᠮ ᠵᠢᠮ ᠠᠮᠠᠷᠠᠵᠠᠭᠠᠨᠠ᠃ | | | ᠡᠨᠡ ᠬᠦ ᠭᠦᠷ ᠬᠥᠭᠵᠢᠶᠡᠨ ᠲᠠᠢ ᠮᠣᠳᠣᠨ ᠭᠡᠷ ᠳᠣᠲᠣᠷ᠎ᠠ᠂ ᠲᠣᠰᠬᠤᠨ ᠤ ᠠᠷᠠᠳ ᠬᠠᠨ ᠭᠦᠢ ᠴᠢᠨ ᠤ ᠭᠡᠷ ᠪᠦᠯᠢ ᠶᠢᠨ ᠵᠢᠭᠤᠯᠴᠢᠯᠠᠯ ᠤᠨ ᠬᠦᠷᠢᠶᠡᠯᠡᠩ | ᠪᠠᠶᠢᠨ᠎ᠠ᠃ ᠪᠠᠭ᠎ᠠ ᠬᠦᠷᠢᠶᠡᠨ ᠳᠤ ᠵᠥᠩᠳᠡᠭᠡᠨ ᠤᠯᠠᠨ ᠬᠥᠮᠥᠨ ᠶᠠᠪᠤᠵᠤ ᠰᠠᠭᠤᠨ᠂ ᠠᠮᠲᠠᠲᠤ ᠢᠳᠡᠭᠡᠨ ᠤ ᠠᠩᠬᠢᠯᠤᠮ᠎ᠠ ᠦᠨᠦᠷ ᠪᠠ ᠪᠠᠶᠠᠷ ᠭᠦᠷ ᠢᠶᠠᠷ ᠪᠢᠯᠬᠠᠨ᠎ᠠ᠃ | 2004 ᠣᠨ ᠳᠤ ᠬᠠᠨ ᠭᠦᠢ ᠴᠢᠨ ᠤ ᠬᠢᠨ ᠱᠢᠸᠧᠶ ᠲᠣᠰᠬᠤᠨ ᠤ ᠬᠠᠮᠤᠭ ᠤᠨ ᠠᠩᠬᠠᠨ ᠤ ᠨᠢᠭᠡ ᠪᠦᠯᠦᠭ ᠣᠨᠴᠠᠯᠢᠭᠲᠤ ᠵᠢᠭᠤᠯᠴᠢᠯᠠᠯ ᠬᠥᠭᠵᠢᠭᠦᠯᠬᠦ ᠡᠷᠦᠭᠡ | ᠪᠣᠯᠵᠤ᠂ ᠵᠠᠰᠠᠭ ᠤᠨ ᠣᠷᠳᠣᠨ ᠤ ᠪᠡᠯᠡ ᠮᠥᠩᠭᠦᠨ ᠤ ᠳᠡᠮᠵᠢᠯᠭᠡ ᠳᠣᠣᠷ᠎ᠠ ᠬᠤᠨᠤᠭ ᠪᠠᠭᠤᠳᠠᠯ᠂ ᠬᠤᠭᠤᠯᠠᠨ ᠭᠡᠷ ᠢ ᠥᠭᠡᠷᠡᠴᠢᠯᠡᠨ ᠪᠠᠶᠢᠭᠤᠯᠪᠠ᠃︽ᠲᠡᠷᠡ ᠦᠶ᠎ᠡ ᠳᠤ | ᠪᠦᠭᠦ ᠲᠣᠰᠬᠤᠨ ᠤ ᠵᠢᠭᠤᠯᠴᠢᠯᠠᠯ ᠰᠠᠶ᠋ᠢᠬᠠᠨ ᠡᠬᠢᠯᠡᠵᠦ᠂ ᠮᠠᠨ ᠤ ᠭᠡᠷ ᠨᠢᠭᠡ ᠵᠢᠯ ᠳᠤ ᠨᠢᠭᠡ ᠬᠤᠶᠠᠷ ᠵᠠᠭᠤᠨ ᠬᠥᠮᠥᠨ ᠵᠣᠴᠢᠯᠠᠳᠠᠭ ᠪᠠᠶᠢᠭᠰᠠᠨ ᠠ᠋︾ ᠭᠡᠵᠦ ᠬᠠᠨ ᠭᠦᠢ | ᠴᠢᠨ ᠡᠷᠭᠢᠴᠡᠭᠦᠯᠦᠨ᠎ᠡ᠃ | ᠲᠡᠭᠦᠨ ᠠᠴᠠ ᠬᠤᠶᠢᠰᠢᠬᠢ ᠬᠡᠳᠦᠨ ᠵᠢᠯ ᠳᠤ ᠵᠢᠭᠤᠯᠴᠢᠳ ᠣᠯᠠᠰᠢᠷᠠᠵᠤ᠂ ᠲᠤᠬᠠᠢ ᠶᠢᠨ ᠭᠠᠵᠠᠷ ᠤᠨ ᠵᠠᠩ ᠦᠢᠯᠡ ᠶᠢ ᠣᠶᠢᠯᠠᠭᠠᠬᠤ ᠭᠡᠷ ᠪᠦᠯᠢ ᠶᠢᠨ | ᠮᠠᠶ᠋ᠢᠭ ᠤᠨ ᠵᠢᠭᠤᠯᠴᠢᠯᠠᠯ ᠨᠢ ᠮᠠᠰᠢ ᠣᠯᠠᠨ ᠵᠢᠭᠤᠯᠴᠢᠳ ᠤᠨ ᠱᠢᠸᠧᠢ ᠲᠣᠰᠬᠤᠨ ᠳᠤ ᠬᠦᠷᠦᠯᠴᠡᠨ ᠢᠷᠡᠬᠦ ᠳᠤ ᠵᠠᠪᠠᠯ ᠰᠣᠩᠭᠤᠬᠤ ᠵᠦᠢᠯ ᠪᠣᠯᠪᠠ᠄ ᠮᠣᠳᠣᠨ | ᠰᠠᠷᠠᠪᠴᠢᠨ ᠳᠤ ᠵᠤᠨ ᠤ ᠰᠡᠷᠢᠭᠦᠴᠡᠯ ᠢ ᠰᠣᠨᠢᠷᠬᠠᠵᠤ᠂ ᠭᠡᠷ ᠤᠨ ᠡᠵᠡᠨ ᠤ ᠨᠣᠭᠤᠭ᠎ᠠ ᠶᠢᠨ ᠬᠠᠰᠢᠶᠠᠨ ᠠᠴᠠ ᠰᠢᠨ᠎ᠡ ᠰᠣᠷᠭᠤᠭ ᠨᠣᠭᠤᠭ᠎ᠠ ᠲᠡᠭᠦᠵᠦ᠂ ᠲᠤᠬᠠᠢ ᠶᠢᠨ | ᠨᠤᠲᠤᠭ ᠤᠨ ᠬᠥᠮᠥᠰ ᠤᠨ ᠥᠪᠡᠷ ᠢᠶᠠᠨ ᠬᠢᠭᠰᠡᠨ ᠵᠢᠮᠢᠰᠦᠨ ᠤ ᠡᠭᠡᠳᠡᠩ᠂ ᠰᠢᠮᠢᠳᠠᠨ︵ᠥᠷᠥᠮ᠎ᠡ︶ ᠢ ᠠᠮᠲᠠᠯᠠᠨ᠎ᠠ ᠁ ᠬᠠᠨ ᠭᠦᠢ ᠴᠢᠨ ᠤ ᠬᠢᠨ ᠴᠦ ᠭᠡᠷ | ᠪᠠᠶᠢᠰᠢᠩ ᠢᠶᠠᠨ ᠠᠭᠠᠵᠢᠮ ᠢᠶᠠᠷ ᠥᠷᠭᠡᠳᠬᠡᠵᠦ᠂ ᠬᠥᠮᠥᠨ ᠤ ᠬᠦᠴᠦᠨ ᠢᠶᠠᠨ ᠨᠡᠮᠡᠭᠳᠡᠭᠦᠯᠦᠭᠰᠡᠨ ᠪᠠᠶᠢᠨ᠎ᠠ᠃︽ᠤᠳᠤ ᠪᠢᠳᠡᠨ ᠳᠤ 24 ᠲᠠᠰᠤᠯᠭ᠎ᠠ ᠭᠡᠷ ᠲᠠᠢ᠂ ᠬᠥᠭᠵᠢᠶᠡᠨ | ᠲᠠᠢ ᠦᠶ᠎ᠡ ᠳᠤ ᠨᠢᠭᠡ ᠵᠢᠯ ᠳᠤ 4000 ᠵᠢᠷᠤᠭ ᠰᠢᠭ᠋ ᠦᠵᠡᠰᠬᠦᠯᠡᠩᠲᠡᠢ ᠤᠮᠠᠷᠠᠲᠤ ᠬᠢᠯᠢ ᠶᠢᠨ ᠬᠡᠷᠡᠯᠳᠦ ᠰᠤᠪᠤᠳ — ᠱᠢᠸᠧᠢ ᠳᠤᠰᠬᠤᠨ5000 ᠵᠢᠭᠤᠯᠴᠢᠨ ᠢ | ᠭᠥᠯᠢᠶᠡᠨ ᠠᠪᠴᠤ ᠪᠠᠶᠢᠪᠠ︾ ᠭᠡᠵᠦ ᠶᠠᠷᠢᠭᠰᠠᠨ ᠬᠠᠨ ᠭᠦᠶ ᠴᠢᠨ ᠤ ᠴᠢᠷᠠᠢ ᠳᠤ ᠪᠠᠶᠠᠷ ᠤᠨ ᠮᠦᠰᠢᠶᠡᠳᠦ ᠳᠦᠭᠦᠷᠡᠩ ᠪᠠᠶᠢᠯ᠎ᠠ᠃ | | | ᠤᠤᠭᠠᠯ ᠦᠨᠦᠷ ᠠᠮᠲᠠ ᠪᠦᠬᠦᠢ ᠤᠯᠠᠮᠵᠢᠯᠠᠯᠲᠤ ᠵᠠᠩ ᠳᠠᠳᠬᠠᠯ᠂ ᠠᠮᠢ ᠠᠬᠤᠢ ᠶᠢᠨ ᠡᠯᠪᠡᠭ ᠪᠠᠶᠠᠯᠢᠭ ᠪᠠᠶᠢᠭᠠᠯᠢ ᠶᠢᠨ ᠥᠩᠭᠡ ᠦᠵᠡᠮᠵᠢ ᠨᠢ ᠱᠢᠸᠧᠶ | ᠲᠣᠰᠬᠤᠨ ᠢ ᠡᠯ᠎ᠡ ᠭᠠᠵᠠᠷ ᠤᠨ ᠵᠢᠭᠤᠯᠴᠢᠯᠠᠬᠰᠠᠳ ᠤᠨ ᠡᠬᠡ ᠤᠯᠤᠰ ᠤᠨ ᠤᠮᠠᠷᠠᠲᠤ ᠬᠢᠯᠢ ᠳᠤ ᠵᠢᠭᠤᠯᠴᠢᠯᠠᠬᠤ ᠳᠤ ᠵᠠᠪᠠᠯ ᠣᠴᠢᠬᠤ ᠭᠠᠵᠠᠷ ᠪᠣᠯᠭᠠᠵᠠᠢ᠃ | ᠵᠢᠭᠤᠯᠴᠢᠯᠠᠬᠰᠠᠳ ᠪᠦᠯᠬᠦᠮᠳᠡᠯ ᠠᠭᠤᠳᠠᠮ ᠲᠠᠯᠠᠪᠠᠢ ᠳᠤ ᠲᠣᠮᠣ ᠯᠢᠶᠧᠪᠠ᠂ ᠪᠤᠷᠴᠠ᠂ ᠴᠣᠺᠤᠯᠠᠳ᠋ ᠵᠡᠷᠭᠡ ᠣᠨᠴᠠᠯᠢᠭᠲᠤ ᠠᠮᠲᠠᠲᠤ ᠢᠳᠡᠭᠡᠨ ᠢ ᠠᠮᠲᠠᠯᠠᠵᠤ᠂ ᠦᠢᠰᠦᠨ | ᠵᠢᠷᠤᠭ᠂ ᠲᠡᠮᠦᠷᠯᠢᠭ ᠡᠳ᠋ᠯᠡᠯ ᠵᠡᠷᠭᠡ ᠠᠷᠠᠳ ᠤᠨ ᠵᠠᠩ ᠦᠢᠯᠠ ᠶᠢᠨ ᠪᠦᠲᠦᠭᠡᠭᠳᠡᠬᠦᠨ ᠢ ᠰᠣᠩᠭᠤᠨ ᠠᠪᠬᠤ; ᠡᠰᠡᠬᠦᠯ᠎ᠡ ᠵᠢᠭᠤᠯᠴᠢᠯᠠᠯ ᠤᠨ ᠣᠩᠭᠤᠴᠠᠨ ᠵᠣᠭᠰᠣᠭᠠᠯ | ᠳᠡᠭᠡᠷ᠎ᠡ ᠭᠠᠷᠴᠤ᠂ ᠡᠷᠭᠦᠨ᠎ᠡ ᠭᠤᠣᠯ ᠳᠡᠭᠡᠷᠡᠬᠢ ᠰᠡᠷᠢᠭᠦᠨ ᠰᠠᠯᠬᠢ ᠶᠢ ᠮᠡᠳᠡᠷᠡᠵᠦ᠂ ᠬᠥᠬᠡ ᠣᠭᠲᠠᠷᠭᠤᠢ᠂ ᠴᠡᠯᠡᠭᠡᠷ ᠲᠠᠯ᠎ᠠ᠂ ᠬᠥᠬᠡᠮᠳᠦᠭ ᠨᠠᠭᠤᠷ᠂ ᠴᠠᠭᠠᠨ ᠡᠭᠦᠯᠡ ᠶᠢ | ᠰᠣᠨᠢᠷᠬᠠᠨ᠎ᠠ; ᠡᠰᠡᠬᠦᠯ᠎ᠡ ᠮᠣᠷᠢᠨ ᠲᠠᠯᠠᠪᠠᠢ ᠳᠤ ᠬᠦᠷᠴᠦ ᠮᠣᠷᠢ ᠤᠨᠤᠨ ᠳᠠᠪᠬᠢᠭᠤᠯᠵᠤ᠂ ᠮᠣᠷᠢᠨ ᠨᠢᠷᠤᠭᠤᠨ ᠳᠡᠭᠡᠷ᠎ᠡ ᠳᠤᠷ᠎ᠠ ᠪᠠᠷ ᠢᠶᠠᠨ ᠳᠠᠭᠤᠯᠠᠵᠤ᠂ ᠲᠠᠯ᠎ᠠ | ᠨᠤᠲᠤᠭ ᠤᠨ ᠣᠷᠭᠢᠯᠤᠮ᠎ᠠ ᠰᠡᠳᠬᠢᠯᠭᠡ ᠶᠢ ᠪᠡᠶᠡᠴᠢᠯᠡᠨ ᠣᠶᠢᠯᠠᠭᠠᠨ᠎ᠠ; ᠡᠰᠡᠬᠦᠯ᠎ᠡ ᠲᠣᠰᠬᠤᠨ ᠤ ᠭᠠᠳᠠᠨᠠᠬᠢ ᠤᠯᠸᠧᠴᠢ ᠡᠳ᠋ᠯᠡᠩ ᠳᠤ ᠬᠦᠷᠴᠦ᠂ ᠣᠶ ᠶᠢᠨ | ᠳᠠᠪᠠᠯᠭᠠᠨ ᠢ ᠪᠠᠷᠠᠯᠠᠨ᠂ ᠬᠥᠮᠥᠨ ᠢ ᠰᠣᠬᠲᠣᠷᠠᠭᠤᠯᠤᠮᠠ ᠴᠡᠴᠡᠭ ᠤᠨ ᠲᠡᠯᠡᠶ ᠪᠠᠷ ᠳᠤᠭᠤᠯᠵᠤ᠂ ᠰᠢᠪᠠᠭᠤᠨ ᠤ ᠬᠡᠯᠡ ᠴᠡᠴᠡᠭ ᠤᠨ ᠠᠩᠬᠢᠯᠤᠮ᠎ᠠ ᠦᠨᠦᠷ ᠪᠠ ᠭᠤᠸ᠎ᠠ | ᠵᠢᠮᠢᠰ ᠲᠡᠭᠦᠬᠦ ᠬᠠᠪᠤ ᠴᠡᠩᠭᠡᠯ ᠢ ᠡᠳ᠋ᠯᠡᠨ᠎ᠡ᠃ | ᠵᠢᠭᠤᠯᠴᠢᠯᠠᠯ ᠤᠨ ᠬᠠᠯᠠᠮᠰᠢᠯ ᠨᠢ ᠱᠢᠸᠧᠶ ᠲᠣᠰᠬᠤᠨ ᠳᠤ ᠣᠶᠢᠷ᠎ᠠ ᠶᠢᠨ 20 ᠵᠢᠯ ᠤᠨ ᠲᠤᠷᠰᠢ ᠲᠡᠭᠷᠢ ᠭᠠᠵᠠᠷ ᠢ ᠳᠣᠩᠰᠣᠯᠭᠠᠮ᠎ᠠ ᠬᠤᠪᠢᠷᠠᠯᠲᠠ ᠭᠠᠷᠭᠠᠵᠠᠢ᠃ | ︽ᠪᠢᠳᠡ ᠲᠠᠷᠢᠶᠠᠯᠠᠩ ᠪᠠ ᠵᠢᠭᠤᠯᠴᠢᠯᠠᠯ ᠤᠨ ᠠᠭᠤᠰᠤᠯᠴᠠᠯ ᠢ ᠬᠥᠭᠵᠢᠭᠦᠯᠬᠦ ᠪᠠᠷ ᠳᠠᠮᠵᠢᠭᠤᠯᠤᠨ᠂ ᠠᠵᠤ ᠦᠢᠯᠡᠰ ᠤᠨ ᠬᠡᠯᠬᠢᠶ᠎ᠡ ᠶᠢ ᠤᠷᠲᠤᠳᠬᠠᠵᠤ᠂ ᠲᠤᠬᠠᠢ ᠶᠢᠨ | ᠭᠠᠵᠠᠷ ᠤᠨ ᠣᠯᠠᠨ ᠲᠦᠮᠡᠨ ᠤ ᠠᠵᠢᠯ ᠣᠯᠭᠤᠯᠲᠠ ᠶᠢ ᠳᠠᠶᠢᠴᠢᠯᠠᠵᠤ᠂ ᠣᠷᠣᠯᠭ᠎ᠠ ᠶᠢ ᠨᠢ ᠲᠣᠭᠲᠠᠭᠤᠨ ᠢᠶᠠᠷ ᠨᠡᠮᠡᠭᠳᠡᠭᠦᠯᠪᠡ︾ ᠭᠡᠵᠦ ᠤᠯᠸᠧᠴᠢ ᠡᠳ᠋ᠯᠡᠩ ᠤᠨ | ᠬᠠᠷᠢᠭᠤᠴᠠᠯᠭᠠᠲᠠᠨ᠂ ᠱᠢᠸᠧᠢ ᠲᠠᠷᠢᠶᠠᠯᠠᠩ ᠮᠠᠯ ᠠᠵᠤ ᠠᠬᠤᠢ ᠶᠢᠨ ᠬᠢᠵᠠᠭᠠᠷᠲᠤ ᠺᠣᠮᠫᠠᠨᠢ ᠶᠢᠨ ᠶᠡᠷᠦᠩᠬᠡᠢ ᠳᠠᠭᠠᠭᠠᠮᠠᠯ ᠲᠢᠶᠠᠨ ᠢ ᠮᠢᠨ ᠶᠠᠷᠢᠨ᠎ᠠ᠃ | | | ︽ᠪᠢᠳᠡ ᠤᠯᠠᠮᠵᠢᠯᠠᠯᠲᠤ ᠠᠶᠢᠯ ᠲᠣᠰᠬᠤᠨ ᠢ ᠬᠠᠮᠠᠭᠠᠯᠠᠨ ᠠᠰᠢᠭᠯᠠᠬᠤ ᠶᠢ ᠠᠵᠤ ᠦᠢᠯᠡᠰ ᠢᠶᠠᠷ ᠠᠷᠠᠳ ᠢ ᠪᠠᠶᠠᠵᠢᠭᠤᠯᠬᠤ᠂ ᠬᠥᠳᠡᠭᠡ ᠲᠣᠰᠬᠤᠨ ᠢ | ᠬᠥᠭᠵᠢᠭᠦᠯᠦᠨ ᠮᠠᠨᠳᠤᠭᠤᠯᠬᠤ᠂ ᠵᠠᠩ ᠳᠠᠳᠬᠠᠯ ᠢ ᠥᠭᠡᠷᠡᠴᠢᠯᠡᠬᠦ᠂ ᠠᠮᠢ ᠠᠬᠤᠢ ᠶᠢ ᠬᠠᠮᠠᠭᠠᠯᠠᠬᠤ ᠵᠡᠷᠭᠡ ᠲᠠᠢ ᠤᠶᠠᠯᠳᠤᠭᠤᠯᠵᠤ᠂ ᠣᠲᠣ ᠦᠶ᠎ᠡ ᠬᠢᠭᠡᠳ ᠤᠯᠠᠮᠵᠢᠯᠠᠯ᠂ | ᠬᠠᠮᠠᠭᠠᠯᠠᠬᠤ ᠬᠢᠭᠡᠳ ᠠᠰᠢᠭᠯᠠᠬᠤ ᠶᠢ ᠤᠶᠠᠯᠳᠤᠭᠤᠯᠤᠭᠰᠠᠨ ᠦᠷᠭᠦᠯᠵᠢᠯᠡᠬᠦ ᠬᠥᠭᠵᠢᠯᠲᠡ ᠶᠢᠨ ᠵᠠᠮ ᠢ ᠲᠦᠷᠭᠡᠳᠬᠡᠨ ᠰᠦᠪᠡᠭᠴᠢᠯᠡᠵᠦ᠂ ᠤᠯᠠᠮᠵᠢᠯᠠᠯᠲᠤ ᠠᠶᠢᠯ | ᠲᠣᠰᠬᠤᠨ ᠢ ᠬᠠᠮᠠᠭᠠᠯᠠᠨ ᠠᠰᠢᠭᠯᠠᠬᠤ ᠬᠢᠷᠢ ᠲᠦᠪᠰᠢᠨ ᠢ ᠪᠦᠭᠦ ᠲᠠᠯ᠎ᠠ ᠪᠠᠷ ᠳᠡᠭᠡᠭᠰᠢᠯᠡᠭᠦᠯᠪᠡ︾ ᠭᠡᠵᠦ ᠳ᠋ᠠ ᠹᠦ᠋ ᠯᠠ ᠬᠡᠯᠡᠨ᠎ᠡ᠃ ᠣᠳᠣᠬᠠᠨ ᠳᠤ ᠱᠢᠸᠧᠢ ᠲᠣᠰᠬᠤᠨ | ᠵᠢᠯ ᠪᠦᠷᠢ ᠶᠢᠨ ᠵᠢᠭᠤᠯᠴᠢᠯᠠᠯ ᠤᠨ ᠬᠥᠭᠵᠢᠶᠡᠨᠲᠦ ᠤᠯᠠᠷᠢᠯ ᠳᠤ ᠵᠢᠭᠤᠯᠴᠢᠯᠠᠬᠰᠠᠳ ᠢ ᠳᠤᠮᠳᠠᠴᠢ ᠪᠠᠷ 100 ᠲᠦᠮᠡᠨ ᠬᠥᠮᠥᠨ ᠤᠳᠠᠭ᠎ᠠ ᠭᠥᠯᠢᠶᠡᠨ ᠠᠪᠴᠤ᠂ ᠭᠡᠷ | ᠪᠦᠯᠢ ᠶᠢᠨ ᠵᠢᠭᠤᠯᠴᠢᠯᠠᠯ᠂ ᠵᠣᠴᠢᠳ ᠤᠨ ᠪᠠᠭᠤᠳᠠᠯ᠂ ᠢᠳᠡᠭᠡᠨ ᠤᠮᠳᠠᠭᠠᠨ ᠵᠡᠷᠭᠡ ᠬᠤᠯᠪᠣᠭᠳᠠᠯ ᠪᠦᠬᠦᠢ ᠠᠵᠤ ᠦᠢᠯᠡᠰ ᠡᠷᠬᠢᠯᠡᠭᠰᠡᠳ 400 ᠭᠠᠷᠤᠢ ᠪᠣᠯᠵᠤ᠂ | ᠬᠥᠮᠥᠨ ᠳᠤᠮᠳᠠᠴᠢ ᠶᠢᠨ ᠵᠢᠯ ᠤᠨ ᠣᠷᠣᠯᠭ᠎ᠠ ᠨᠢ 32000 ᠲᠥᠭᠦᠷᠢᠭ ᠲᠤ ᠬᠦᠷᠴᠦ᠂ ᠠᠷᠠᠳ ᠤᠨ ᠵᠠᠩ ᠦᠢᠯᠡ᠂ ᠠᠮᠢ ᠠᠬᠤᠢ᠂ ᠡᠷᠡᠭᠦᠯᠵᠢᠯ ᠰᠤᠪᠢᠯᠠᠯᠲᠠ᠂ | ᠵᠢᠭᠤᠯᠴᠢᠯᠠᠯ ᠤᠨ ᠲᠠᠷᠢᠶᠠᠯᠠᠩ ᠵᠡᠷᠭᠡ ᠥᠩᠭᠡ ᠪᠦᠷᠢ ᠶᠢᠨ ᠴᠡᠴᠡᠭ ᠵᠡᠷᠭᠡ ᠪᠠᠷ ᠳᠡᠯᠭᠡᠷᠡᠭᠰᠡᠨ ᠵᠢᠭᠤᠯᠴᠢᠯᠠᠯ ᠤᠨ ᠬᠥᠭᠵᠢᠯᠲᠡ ᠶᠢᠨ ᠪᠠᠶᠢᠷᠢᠰᠢᠯ ᠢ ᠪᠦᠷᠢᠯᠳᠦᠭᠦᠯᠵᠡᠢ | ᠭᠡᠵᠦ ᠲᠡᠷᠡ ᠶᠠᠷᠢᠵᠤ ᠪᠠᠶᠢᠯ᠎ᠠ᠃ | ᠪᠦᠯᠬᠦᠮᠳᠡᠯ ᠬᠥᠭᠵᠢᠯ ᠢᠶᠠᠷ ᠭᠤᠶᠣᠭᠰᠠᠨ ᠦᠵᠡᠮᠵᠢ ᠰᠠᠶᠢᠬᠠᠨ ᠬᠥᠮᠥᠨ ᠡᠭᠡᠯᠢᠲᠡᠢ | 69 ᠨᠠᠰᠤᠲᠠᠢ ᠣᠷᠣᠰ ᠦᠨᠳᠦᠰᠦᠲᠡᠨ ᠤ ᠲᠣᠰᠬᠤᠨ ᠤ ᠠᠷᠠᠳ ᠢᠦᠢ ᠭᠦᠶ ᠯᠠᠨ ᠤ ᠡᠷᠭᠢᠯᠡᠭᠰᠡᠨ ᠭᠡᠷ ᠪᠦᠯᠢ ᠶᠢᠨ ᠵᠢᠭᠤᠯᠴᠢᠯᠠᠯ ᠨᠢ ᠨᠢᠭᠡ ᠪᠦᠯᠦᠭ | ᠣᠨᠴᠠᠭᠠᠶ ᠵᠣᠴᠢᠳ ᠢ ᠤᠭᠲᠤᠨ ᠠᠪᠴᠢᠷᠠᠵᠠᠢ - ᠬᠥᠯᠥᠨ ᠪᠤᠶᠢᠷ ᠤᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠨᠢᠭᠡ ᠪᠦᠯᠦᠭ ᠰᠣᠷᠣᠬᠴᠢ᠃ ᠲᠡᠳᠡ ᠪᠣᠯ | ᠮᠥᠨ ᠴᠦ ᠶᠡᠭᠡ ᠰᠤᠷᠭᠠᠭᠤᠯᠢ ᠶᠢᠨ ᠬᠤᠶᠠᠳᠤᠭᠠᠷ ᠣᠨ ᠳᠤ ᠰᠠᠶ᠋ᠢᠬᠠᠨ ᠣᠷᠣᠭᠰᠠᠨ ᠣᠮᠪᠣᠯᠣ ᠥᠬᠢᠨ ᠱᠢ ᠵᠢᠶᠠ ᠴᠢ ᠶᠢᠨ ᠬᠢᠨᠢ ᠬᠠᠮᠲᠤ ᠰᠤᠷᠤᠯᠭᠠᠲᠠᠨ ᠪᠣᠯᠣᠨ᠎ᠠ᠃ | ︽ᠪᠢᠳᠡ ᠡᠨᠡ ᠤᠳᠠᠭ᠎ᠠ ᠱᠢᠸᠧᠢ ᠲᠣᠰᠬᠤᠨ ᠳᠤ ᠨᠡᠶᠢᠭᠡᠮ ᠤᠨ ᠦᠢᠯᠡᠳᠦᠯᠭᠡ ᠶᠢᠨ ᠠᠵᠢᠯᠯᠠᠭ᠎ᠠ ᠥᠷᠨᠢᠭᠦᠯᠬᠦ ᠪᠠᠷ ᠢᠷᠡᠭᠰᠡᠨ ᠨᠢ ᠳᠤᠮᠳᠠᠳᠤ ᠶᠢᠨ ᠦᠨᠳᠦᠰᠦᠲᠡᠨ ᠤ | ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠪᠠᠷ ᠭᠤᠣᠯ ᠰᠡᠳᠦᠪ ᠪᠣᠯᠭᠠᠵᠤ᠂ ᠪᠠᠶᠢᠴᠠᠭᠠᠨ ᠰᠤᠳᠤᠯᠬᠤ᠂ ᠶᠠᠷᠢᠯᠴᠠᠬᠤ ᠬᠤᠷᠠᠯ ᠬᠢᠬᠦ ᠪᠠ ᠤᠨᠤᠯ ᠤᠨ | ᠤᠬᠠᠭᠤᠯᠭ᠎ᠠ ᠬᠢᠬᠦ ᠵᠡᠷᠭᠡ ᠠᠷᠭ᠎ᠠ ᠬᠡᠯᠪᠡᠷᠢ ᠪᠠᠷ ᠳᠠᠮᠵᠢᠭᠤᠯᠤᠨ᠂ ᠱᠢᠸᠧᠢ ᠲᠣᠰᠬᠤᠨ ᠤ ᠦᠨᠳᠦᠰᠦᠲᠡᠨ ᠤ ᠪᠦᠯᠬᠦᠮᠳᠡᠯ ᠤᠨ ᠬᠠᠮᠢᠶ᠎ᠠ ᠪᠦᠬᠦᠢ ᠪᠠᠶᠢᠳᠠᠯ ᠢ ᠣᠶᠢᠯᠠᠭᠠᠬᠤ | ᠪᠣᠯᠣᠨ᠎ᠠ︾ ᠭᠡᠵᠦ ᠬᠥᠯᠥᠨ ᠪᠤᠶᠢᠷ ᠤᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠠᠵᠤ ᠠᠬᠤᠢ ᠶᠢᠨ ᠬᠠᠮᠢᠶᠠᠷᠤᠯᠲᠠ ᠶᠢᠨ ᠰᠠᠯᠪᠤᠷᠢ ᠶᠢᠨ ᠡᠪᠯᠡᠯ ᠤᠨ | ᠶᠡᠷᠦᠩᠬᠡᠢ ᠡᠭᠦᠷ ᠤᠨ ᠳᠡᠳ᠋ ᠱᠦᠵᠢ ᠦ᠋ ᠵᠢᠩ ᠽᠢ ᠰᠤᠷᠪᠤᠯᠵᠢᠯᠠᠭᠴᠢ ᠳᠤ ᠬᠡᠯᠡᠪᠡ᠃ | | | ᠢᠦᠢ ᠭᠦᠶ ᠯᠠᠨ ᠰᠤᠷᠤᠬᠴᠢᠳ ᠤᠨ ᠬᠠᠮᠤᠭ ᠲᠦᠷᠦᠭᠦᠨ ᠳᠤ ᠰᠤᠷᠪᠤᠯᠵᠢᠯᠠᠬᠤ ᠡᠲᠡᠭᠡᠳ ᠪᠣᠯᠵᠠᠢ᠃ ︽ᠮᠠᠨ ᠤ ᠭᠡᠷ ᠲᠤ ᠪᠢ ᠡᠪᠦᠭᠡᠨ ᠲᠠᠢ ᠪᠠᠨ᠂ ᠥᠬᠢᠨ᠂ | ᠬᠦᠦ ᠪᠣᠯᠣᠨ ᠣᠮᠪᠣᠯᠣ ᠥᠬᠢᠨ ᠪᠦᠷ ᠤᠷᠤᠰ ᠦᠨᠳᠦᠰᠦᠲᠡᠨ᠂ ᠬᠦᠷᠭᠡᠨ ᠪᠣᠯ ᠬᠢᠲᠠᠳ ᠦᠨᠳᠦᠰᠦᠲᠡᠨ᠂ ᠪᠡᠷᠢ ᠪᠣᠯ ᠮᠠᠨᠵᠤ ᠦᠨᠳᠦᠰᠦᠲᠡᠨ᠃ ᠨᠢᠭᠡ ᠭᠡᠷ ᠤᠨ | ᠭᠤᠷᠪᠠᠨ ᠦᠶ᠎ᠡ ᠶᠢᠨ ᠬᠥᠮᠥᠨ ᠭᠤᠷᠪᠠᠨ ᠦᠨᠳᠦᠰᠦᠲᠡᠨ ᠡᠶ᠎ᠡ ᠨᠠᠶᠢᠷᠲᠠᠢ᠂ ᠪᠠᠶᠠᠷ ᠭᠦᠷ ᠲᠠᠢ ᠬᠠᠮᠲᠤ ᠠᠮᠢᠳᠤᠷᠠᠵᠤ ᠪᠠᠶᠢᠨ᠎ᠠ᠃ ᠵᠢᠯ ᠴᠠᠭᠠᠨ ᠰᠠᠷ᠎ᠠ ᠪᠣᠯᠬᠤ ᠪᠦᠷᠢ | ᠣᠯᠠᠨ ᠢᠶᠠᠷ ᠢᠶᠠᠨ ᠬᠠᠮᠲᠤ ᠴᠤᠭᠯᠠᠪᠠᠯ᠂ ᠥᠪᠡᠷ ᠥᠪᠡᠷ ᠤᠨ ᠦᠨᠳᠦᠰᠦᠲᠡᠨ ᠤ ᠪᠠᠨ ᠭᠠᠷᠰᠢᠭᠰᠠᠨ ᠬᠤᠭᠤᠯᠠ ᠤᠮᠳᠠ ᠶᠢ ᠣᠯᠵᠤ ᠢᠳᠡᠨ᠎ᠡ᠂ ᠬᠡᠳᠦᠢ ᠭᠤᠶᠤ ᠭᠡᠳᠡᠭ ᠢ | ᠳᠤᠷᠠᠳᠬᠤ ᠬᠡᠷᠡᠭ ᠦᠭᠡᠢ︕︾ ᠭᠡᠵᠦ ᠢᠦᠢ ᠡᠵᠢ ᠬᠡᠯᠡᠭᠡᠳ ᠢᠨᠢᠶᠡᠨ᠎ᠡ᠃ | ᠱᠢᠸᠧᠢ ᠲᠣᠰᠬᠤᠨ ᠳᠤ ᠬᠢᠲᠠᠳ ᠦᠨᠳᠦᠰᠦᠲᠡᠨ᠂ ᠤᠷᠤᠰ ᠦᠨᠳᠦᠰᠦᠲᠡᠨ᠂ ᠮᠣᠩᠭᠤᠯ ᠦᠨᠳᠦᠰᠦᠲᠡᠨ ᠵᠡᠷᠭᠡ 9 ᠦᠨᠳᠦᠰᠦᠲᠡᠨ ᠤ ᠬᠥᠮᠥᠰ ᠪᠠᠶᠢᠵᠤ᠂ | ᠦᠨᠳᠦᠰᠦᠲᠡᠨ ᠨᠦᠭᠦᠳ ᠤᠨ ᠤᠯᠠᠨ ᠲᠦᠮᠡᠨ ᠬᠠᠷᠢᠯᠴᠠᠨ ᠦᠨᠡᠨᠴᠢ ᠪᠠᠷ ᠬᠠᠨᠳᠤᠵᠤ᠂ ᠬᠠᠪᠰᠤᠷᠤᠯᠴᠠᠨ ᠳᠡᠮᠵᠢᠯᠴᠡᠵᠦ ᠨᠢᠭᠡᠨ ᠶᠡᠭᠡ ᠭᠡᠷ ᠪᠦᠯᠢ ᠰᠢᠭ ᠪᠠᠶᠢᠵᠤ᠂ ᠢᠦᠢ | ᠡᠵᠢ ᠶᠢᠨ ᠬᠢᠨ ᠰᠢᠭ ᠡᠶᠢᠮᠦᠷᠬᠦᠦ ᠤᠯᠠᠨ ᠦᠨᠳᠦᠰᠦᠲᠡᠨ ᠤ︽ᠪᠦᠯᠬᠦᠮᠳᠡᠯ ᠲᠠᠢ ᠡᠷᠦᠭᠡ︾ᠨᠡᠩ ᠴᠤ ᠴᠥᠭᠡᠨ ᠪᠤᠰᠤ ᠪᠠᠶᠢᠳᠠᠭ᠃ ︽ᠤᠯᠠᠨ ᠵᠢᠯ ᠤᠨ ᠲᠤᠷᠰᠢ᠂ ᠱᠢᠸᠧᠢ | ᠲᠣᠰᠬᠤᠨ ᠤ ᠦᠨᠳᠦᠰᠦᠲᠡᠨ ᠨᠦᠭᠦᠳ ᠤᠨ ᠤᠯᠠᠨ ᠲᠦᠮᠡᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠢᠶᠠᠨ ᠳᠠᠰᠤᠷᠠᠯᠳᠠ ᠦᠭᠡᠢ ᠴᠢᠩᠭᠠᠳᠬᠠᠵᠤ᠂ ︿ᠪᠦᠯᠬᠦᠮᠳᠡᠯ ᠲᠠᠢ | ᠡᠷᠦᠭᠡ﹀ ᠶᠢᠨ ᠠᠮᠢᠳᠤᠷᠠᠯ ᠵᠣᠯ ᠵᠢᠷᠭᠠᠯ ᠲᠠᠢ ᠪᠥᠭᠡᠳ ᠦᠵᠡᠰᠬᠦᠯᠡᠩᠲᠦ ᠰᠠᠶᠢᠬᠠᠨ ᠪᠣᠯᠵᠠᠢ︾ ᠭᠡᠵᠦ ᠦ᠋ ᠵᠢᠩ ᠽᠢ ᠪᠠᠶᠢᠴᠠᠭᠠᠨ ᠰᠤᠳᠤᠯᠤᠯᠲᠠ ᠬᠢᠭᠰᠡᠨ ᠤ ᠳᠠᠷᠠᠭ᠎ᠠ | ᠭᠠᠶᠢᠬᠠᠰᠢᠷᠠᠵᠤ ᠪᠠᠶᠢᠯ᠎ᠠ᠃ | | | ᠥᠨᠥᠳᠥᠷ ᠤᠨ ᠱᠢᠸᠧᠢ ᠲᠣᠰᠬᠤᠨ ᠳᠤ ᠦᠵᠡᠮᠵᠢ ᠲᠡᠭᠦᠰ᠂ ᠠᠷᠠᠳ ᠪᠠᠶᠠᠨ᠂ ᠬᠥᠮᠥᠨ ᠡᠭᠡᠯᠢᠲᠡᠢ ᠁ ᠪᠦᠯᠬᠦᠮᠳᠡᠯ ᠡᠶ᠎ᠡ ᠵᠣᠬᠢᠴᠠᠯ ᠨᠢ ᠨᠢᠭᠡᠨᠲᠡ ᠭᠠᠵᠠᠷ | ᠣᠷᠣᠨ ᠤ ᠬᠥᠭᠵᠢᠯᠲᠡ ᠶᠢᠨ ᠭᠤᠣᠯ ᠰᠡᠳᠦᠪ ᠪᠣᠯᠵᠤ᠂ ᠦᠨᠳᠦᠰᠦᠲᠡᠨ ᠨᠦᠭᠦᠳ ᠤᠨ ᠤᠯᠠᠨ ᠲᠦᠮᠡᠨ ᠬᠠᠮᠲᠤ ᠪᠠᠷ ᠪᠦᠯᠬᠦᠮᠳᠡᠨ ᠲᠠᠪᠰᠢᠵᠤ᠂ ᠬᠠᠮᠲᠤ ᠪᠠᠷ ᠴᠡᠴᠡᠭᠯᠡᠨ | ᠬᠥᠭᠵᠢᠵᠦ᠂ ᠬᠥᠳᠡᠭᠡ ᠲᠣᠰᠬᠤᠨ ᠦᠵᠡᠰᠬᠦᠯᠡᠩᠲᠡᠢ ᠰᠠᠶᠢᠬᠠᠨ᠂ ᠰᠣᠶᠣᠯ ᠢᠷᠭᠡᠨᠰᠢᠯ ᠦᠵᠡᠰᠬᠦᠯᠡᠩᠲᠡᠢ ᠰᠠᠶᠢᠬᠠᠨ᠂ ᠠᠮᠢᠳᠤᠷᠠᠯ ᠦᠵᠡᠰᠬᠦᠯᠡᠩᠲᠡᠢ ᠰᠠᠶᠢᠬᠠᠨ ᠵᠢᠷᠤᠭ ᠢ | ᠪᠦᠷᠢᠳᠦᠭᠦᠯᠦᠭᠰᠡᠨ ᠪᠠᠶᠢᠨ᠎ᠠ᠃ | | | | | | ᠵᠢᠭᠤᠯᠴᠢᠯᠠᠯ ᠤᠨ ᠬᠠᠪᠢᠰᠤ᠄ | ᠨᠢᠰᠬᠡᠯ ᠢᠶᠠᠷ ᠬᠥᠯᠥᠨ ᠪᠤᠶᠢᠷ ᠬᠤᠳᠠ ᠶᠢᠨ ᠬᠠᠶᠢᠯᠠᠷ ᠲᠣᠭᠤᠷᠢᠭ ᠲᠤ ᠬᠦᠷᠴᠦ᠂ ᠡᠷᠭᠢᠨ ᠲᠣᠭᠤᠷᠢᠨ ᠳᠤ ᠮᠡᠷᠭᠡᠯ ᠭᠤᠣᠯ ᠵᠡᠷᠭᠡ ᠲᠠᠯ᠎ᠠ ᠨᠤᠲᠤᠭ ᠤᠨ | ᠦᠵᠡᠮᠵᠢ ᠰᠣᠨᠢᠷᠬᠠᠵᠤ᠂ ᠬᠠᠶᠢᠯᠠᠷ ᠲᠣᠭᠤᠷᠢᠭ ᠠᠴᠠ ᠮᠠᠰᠢᠨ ᠲᠡᠷᠭᠡ ᠪᠠᠷ 1 ᠴᠠᠭ 30 ᠮᠢᠨᠦ᠋ᠲ ᠠᠶᠠᠯᠠᠪᠠᠯ ᠡᠷᠭᠦᠨ᠎ᠡ ᠬᠤᠳᠠ ᠳᠤ ᠬᠦᠷᠴᠦ᠂ ᠠᠽᠢᠶ᠎ᠠ ᠲᠢᠪ ᠤᠨ | ᠬᠠᠮᠤᠭ ᠤᠨ ᠶᠡᠭᠡ ᠨᠤᠭᠤ ᠭᠠᠵᠠᠷ - ᠡᠷᠭᠦᠨ᠎ᠡ ᠶᠢᠨ ᠨᠤᠭᠤ ᠭᠠᠵᠠᠷ ᠢ ᠲᠣᠭᠤᠷᠢᠨ ᠦᠵᠡᠵᠦ ᠪᠣᠯᠣᠨ᠎ᠠ᠃ ᠡᠷᠭᠦᠨ᠎ᠡ ᠬᠤᠲᠠ ᠠᠴᠠ ᠮᠠᠰᠢᠨ ᠲᠡᠷᠭᠡ ᠪᠠᠷ 2 ᠴᠠᠭ 30 | ᠮᠢᠨᠦ᠋ᠲ ᠤᠨ ᠣᠷᠴᠢᠮ ᠶᠠᠪᠤᠪᠠᠯ ᠱᠢᠸᠧᠢ ᠲᠣᠰᠬᠤᠨ ᠳᠤ ᠬᠦᠷᠴᠢᠬᠡᠨ᠎ᠡ᠂ ᠡᠨᠡ ᠬᠤᠭᠤᠴᠠᠭᠠᠨ ᠳᠤ ᠴᠠᠭᠠᠨ ᠬᠤᠰᠤᠨ ᠣᠶ ᠶᠢᠨ ᠦᠵᠡᠮᠵᠢ ᠶᠢᠨ ᠣᠷᠣᠨ᠂ ᠡᠩᠬᠡ | ᠣᠷᠣᠰ ᠦᠨᠳᠦᠰᠦᠲᠡᠨ ᠤ ᠰᠢᠶᠠᠩ ᠵᠡᠷᠭᠡ ᠦᠵᠡᠮᠵᠢ ᠶᠢᠨ ᠭᠠᠵᠠᠷ ᠢ ᠲᠣᠭᠤᠷᠢᠨ ᠦᠵᠡᠵᠦ ᠪᠣᠯᠣᠨ᠎ᠠ᠃ ᠱᠢᠸᠧᠢ ᠲᠣᠰᠬᠤᠨ ᠠᠴᠠ ᠵᠡᠭᠦᠨᠰᠢ 3 ᠴᠠᠭ ᠠᠶᠠᠯᠠᠪᠠᠯ | ᠭᠡᠭᠡᠨ ᠭᠤᠣᠯ ᠬᠤᠲᠠ ᠳᠤ ᠬᠦᠷᠴᠦ ᠪᠣᠯᠣᠨ᠎ᠠ᠂ ᠵᠠᠮ ᠳᠠᠭᠠᠨ ᠮᠣᠷᠢᠳᠠᠭᠠ ᠤᠯᠤᠰ ᠤᠨ ᠣᠶ ᠰᠢᠭᠤᠢ ᠶᠢᠨ ᠴᠡᠴᠡᠷᠯᠢᠭ᠂ ᠣᠯᠭᠤᠶᠠ ᠶᠢᠨ ᠴᠠ ᠪᠤᠭᠤ ᠶᠢᠨ ᠠᠶᠢᠮᠠᠭ ᠤᠨ | ᠦᠵᠡᠮᠵᠢ ᠶᠢᠨ ᠣᠷᠣᠨ᠂ ᠭᠡᠭᠡᠨ ᠭᠤᠣᠯ ᠤᠨ ᠡᠬᠢ ᠶᠢᠨ ᠤᠯᠤᠰ ᠤᠨ ᠨᠤᠭᠤ ᠭᠠᠵᠠᠷ ᠤᠨ ᠴᠡᠴᠡᠷᠯᠢᠭ ᠵᠡᠷᠭᠡ ᠶᠢ ᠲᠣᠭᠤᠷᠢᠨ ᠦᠵᠡᠵᠦ ᠪᠣᠯᠣᠨ᠎ᠠ᠃ | ᠰᠠᠨᠠᠭᠤᠯᠤᠮᠵᠢ᠄ | ᠱᠢᠸᠧᠢ ᠲᠣᠰᠬᠤᠨ ᠰᠢᠭᠤᠶᠢᠲᠤ ᠣᠷᠣᠨ ᠳᠤ ᠪᠠᠶᠢᠷᠢᠯᠠᠵᠤ᠂ ᠵᠤᠨ ᠤ ᠤᠯᠠᠷᠢᠯ ᠤᠨ ᠵᠢᠭᠤᠯᠴᠢᠯᠠᠯ ᠤᠨ ᠬᠤᠭᠤᠴᠠᠭᠠᠨ ᠳᠤ ᠡᠳᠦᠷ ᠰᠥᠨᠢ ᠶᠢᠨ ᠠᠭᠠᠷ ᠤᠨ | ᠳᠤᠯᠠᠭᠠᠨ ᠤ ᠵᠥᠷᠢᠶ᠎ᠡ ᠨᠡᠯᠢᠶᠡᠳ ᠶᠡᠭᠡ ᠪᠠᠶᠢᠳᠠᠭ᠃ ᠴᠠᠭ ᠠᠭᠤᠷ ᠤᠨ ᠤᠷᠢᠳᠴᠢᠯᠠᠭᠰᠠᠨ ᠮᠡᠳᠡᠭᠡ ᠵᠢᠴᠢ ᠪᠣᠳᠠᠲᠠᠢ ᠳᠤᠯᠠᠭᠠᠨ ᠤ ᠬᠡᠮᠵᠢᠶ᠎ᠡ ᠶᠢᠨ ᠪᠠᠶᠢᠳᠠᠯ ᠢ | ᠦᠨᠳᠦᠰᠦᠯᠡᠨ᠂ ᠲᠣᠬᠢᠷᠠᠮᠵᠢᠲᠠᠢ ᠴᠠᠭ ᠲᠤ ᠬᠤᠪᠴᠠᠰᠤ ᠬᠤᠨᠠᠷ ᠢᠶᠠᠨ ᠵᠣᠬᠢᠴᠠᠭᠤᠯᠤᠭᠠᠷᠠᠢ᠃ | | |