| | ᠪᠠ᠊·ᠠᠮᠤᠷᠵᠢᠷᠭᠠᠯ ᠤᠨ ᠲᠤᠪᠴᠢ ᠨᠠᠮᠲᠠᠷ᠄ | 1952 ᠤᠨ ᠤ ᠬᠠᠷ᠎ᠠ ᠯᠤᠤ ᠵᠢᠯ ᠤᠨ ᠠᠷᠭ᠎ᠠ ᠶᠢᠨ ᠤᠯᠠᠷᠢᠯ ᠤᠨ 12 ᠰᠠᠷ᠎ᠠ ᠶᠢᠨ 25 ᠤ ᠡᠳᠦᠷ ᠬᠦᠯᠦᠨ ᠪᠤᠶᠢᠷ ᠬᠤᠲᠠ ᠶᠢᠨ ᠰᠢᠨ᠎ᠠ ᠪᠠᠷᠭᠤ ᠵᠡᠭᠦᠨ | ᠬᠤᠰᠢᠭᠤᠨ ᠤ ᠦᠯᠵᠡᠶᠢᠲᠦ ᠷᠠᠰᠢᠶᠠᠨ ᠬᠡᠮᠡᠬᠦ ᠭᠠᠵᠠᠷ ᠲᠦᠷᠦᠵᠦ᠂ ᠤᠤᠯ ᠤᠨ ᠠᠮᠤᠭᠤᠯᠠᠩᠪᠤᠯᠠᠭ ᠰᠤᠮᠤᠨ ᠤ ᠤᠤᠭᠠᠯ᠂ ᠮᠠᠯᠴᠢᠨ ᠬᠦᠢᠴᠡᠯᠢᠭ ᠬᠠᠯᠠ ᠶᠢᠨ | ᠪᠠᠨᠽᠠᠷᠬᠠᠴᠢ ᠪᠤᠯᠤᠨ ᠬᠤᠳᠠᠢ ᠬᠠᠯᠠ ᠶᠢᠨ ᠱᠬᠠᠰᠠᠯ ᠬᠤᠶᠡᠷ ᠲᠤ ᠦᠷᠡᠴᠢᠯᠡᠭᠳᠡᠨ ᠲᠡᠵᠢᠭᠡᠭᠳᠡᠪᠡ᠃ ᠲᠡᠭᠦᠨ ᠤ ᠦᠰᠴᠦ ᠲᠦᠷᠦᠭᠰᠡᠨ ᠭᠠᠵᠠᠷ ᠨᠢ 108 ᠪᠤᠯᠠᠭ | ᠤᠷᠭᠢᠯᠤᠭᠰᠠᠨ ᠰᠦᠰᠦᠭᠲᠡᠨ ᠪᠦᠬᠦᠨ ᠤ ᠪᠡᠶ᠎ᠡ ᠰᠡᠳᠭᠢᠯ ᠤᠨ ᠴᠢᠯᠡᠭᠡ ᠶᠢ ᠠᠯᠳᠠᠷᠠᠭᠠᠳᠠᠭ ᠠᠷᠢᠭᠤᠨ ᠤᠷᠤᠨ ᠪᠠᠶᠢᠵᠠᠢ᠃ ᠡᠶᠢᠮᠦ ᠯᠡ ᠠᠷᠢᠭᠤᠨ ᠭᠠᠵᠠᠷ ᠤᠰᠤᠨ ᠳᠤ | ᠬᠦᠦ ᠨᠢ ᠪᠤᠯᠤᠡᠡᠰᠠᠨ ᠪᠤᠯᠬᠤᠷ ᠤᠶᠤᠨ ᠪᠢᠯᠢᠭ ᠤᠨ ᠲᠠᠷᠬᠠᠳ ᠤᠨ ᠨᠢᠭᠡᠨ ᠪᠤᠯᠵᠦ ᠠᠷᠠᠳ ᠲᠦᠮᠡᠨ ᠤ ᠲᠤᠮᠳᠠ ᠠᠯᠳᠠᠷ ᠨᠡᠷ᠎ᠡ ᠪᠠᠨ ᠦᠯᠡᠳᠡᠭᠡᠭᠰᠡᠨ ᠪᠠᠶᠢᠬᠤ ᠡ︕ | ᠲᠡᠷᠡ ᠡᠷᠭᠦᠭᠰᠡᠨ ᠠᠪᠤ ᠡᠵᠢ ᠪᠠᠷ ᠢᠶᠠᠨ ︽ᠠᠯᠠᠭᠠᠨ ᠳᠠᠭᠠᠨ ᠲᠠᠯᠪᠢᠪᠠᠯ ᠪᠦᠮᠪᠦᠷᠢᠮᠡᠷ᠂ ᠠᠮᠠᠨ ᠳᠠᠭᠠᠨ ᠬᠢᠪᠡᠯ ᠬᠠᠶᠢᠯᠤᠮᠠᠷ︾ ᠡᠩᠭᠦᠷᠡᠶᠢᠯᠡᠭᠦᠯᠵᠦ ᠬᠠᠶᠢᠷ᠎ᠠ ᠶᠢᠨ | ᠲᠤᠷᠭᠠᠨ ᠦᠯᠦᠭᠡᠢ ᠳᠤ ᠪᠦᠪᠠᠶᠢᠯᠡᠭᠳᠡᠨ ᠦᠰᠴᠡᠢ᠃ ᠳᠡᠬᠡᠬᠡᠳ 1960 — 1966 ᠤᠨ ᠳᠤ ᠰᠤᠮᠤᠨ ᠤ ᠪᠠᠨ ᠪᠠᠭ᠎ᠠ ᠰᠤᠷᠭᠠᠭᠤᠯᠢ ᠶᠢᠨ ᠠᠯᠲᠠᠨ ᠪᠤᠱᠤᠭ᠎ᠠ ᠶᠢ | ᠠᠯᠬᠤᠵᠦ ᠡᠷᠳᠡᠮ ᠨᠤᠮ ᠤᠨ ᠲᠤᠷᠭᠠᠨ ᠬᠠᠭᠤᠳᠠᠰᠦ ᠶᠢ ᠤᠷᠪᠠᠭᠤᠯᠵᠦ ᠡᠷᠳᠡᠮᠲᠦ ᠬᠦᠮᠦᠨ ᠪᠤᠯᠬᠤ ᠠᠩᠬᠠᠨ ᠤ ᠲᠠᠪᠠᠭ᠎ᠠ ᠪᠠᠨ ᠲᠠᠪᠠᠭᠰᠠᠨ ᠪᠠᠶᠢᠪᠠ᠃ | 1966 — 1969 ᠤᠨ ᠳᠤ ᠬᠠᠶᠢᠯᠠᠷ ᠲᠠᠬᠢ ᠨᠢᠭᠡᠳᠦᠭᠡᠷ ᠲᠤᠮᠳᠠᠳᠦ ᠰᠤᠷᠭᠠᠭᠤᠯᠢ ᠳᠤ ᠰᠤᠷᠤᠯᠴᠠᠨ᠂ ᠬᠦᠳᠡᠭᠡ ᠶᠢᠨ ᠪᠤᠷᠦ ᠬᠦᠦ ᠠᠴᠠ ᠬᠤᠲᠠ ᠶᠢᠨ | ᠰᠡᠭᠡᠭᠡᠲᠡᠨ ᠵᠠᠯᠠᠭᠤ ᠪᠤᠯᠵᠦ ᠡᠷᠳᠡᠮ ᠨᠤᠮ ᠳᠤ ᠬᠦᠮᠦᠵᠢᠭᠳᠡᠵᠡᠢ᠃ 1969 — 1974 ᠤᠨ ᠳᠤ ᠰᠡᠭᠡᠭᠡᠲᠡᠨ ᠢᠶᠠᠷ ᠬᠦᠳᠡᠭᠡ ᠪᠠᠭᠤᠵᠦ᠂ ᠲᠤᠬᠠᠢ ᠶᠢᠨ | ᠦᠶ᠎ᠡ ᠶᠢᠨ ᠨᠡᠶᠢᠭᠡᠮ ᠤᠨ ᠬᠠᠷ᠎ᠠ ᠴᠠᠭᠠᠨ ᠲᠤᠭᠤᠰᠦ ᠶᠢ ᠡᠯᠡᠭᠡᠵᠡᠢ᠃ 1971 — 1975 ᠤᠨ ᠳᠤ ᠠᠪᠤ᠂ ᠠᠵᠢᠶ᠎ᠠ᠂ ᠭᠡᠷᠭᠡᠢ ᠲᠠᠢ ᠪᠠᠨ ᠪᠡᠷᠢᠭᠠᠳᠠ ᠶᠢᠨ | ᠬᠤᠨᠢ ᠶᠢ ᠰᠠᠭᠤᠷᠢ ᠪᠠᠷ ᠨᠢ ᠲᠠᠭᠠᠭᠠᠴᠢᠯᠠᠨ᠂ ᠵᠤᠰᠠᠯᠡᠩ ᠳᠤ ᠭᠠᠷᠬᠤ᠂ ᠮᠠᠩᠭᠢᠷ ᠬᠦᠭᠡᠭᠡᠬᠦ᠂ ᠲᠦᠯ ᠲᠤᠰᠬᠤ ᠵᠡᠷᠭᠡ ᠠᠵᠢᠯ ᠳᠤ ᠢᠳᠡᠭᠡᠰᠢᠨ ᠲᠠᠳᠴᠦ ᠨᠢᠭᠡᠨ ᠬᠠᠰᠢᠷ | ᠲᠤᠷᠰᠢᠯᠭ᠎ᠠ ᠲᠠᠢ ᠮᠠᠯᠴᠢᠨ ᠪᠤᠯᠵᠠᠢ᠃ ᠮᠠᠯᠴᠢᠨ ᠬᠦᠮᠦᠨ ᠮᠢᠩᠭᠠᠨ ᠤᠬᠠᠭᠠᠨ ᠲᠠᠢ ᠪᠤᠯᠬᠤᠷ ᠨᠠᠰᠤᠲᠠᠨ ᠠᠵᠢᠯ ᠠᠮᠢᠳᠤᠷᠠᠯ ᠤᠨ ᠢᠶᠠᠨ ᠤᠬᠠᠭᠠᠨ ᠢ ᠠᠳᠡ ᠠᠴᠠ | ᠲᠡᠭᠦᠭᠰᠡᠨ ᠪᠠᠶᠢᠵᠦ ᠲᠠᠭᠠᠷᠠᠨ᠎ᠠ᠃ | 1971 ᠤᠨ ᠤ ᠴᠠᠭᠠᠡᠡᠴᠢᠨ ᠭᠠᠭ᠋ᠠᠢ ᠵᠢᠯ ᠤᠨ ᠨᠠᠮᠤᠷ ᠤᠨ ᠠᠷᠭ᠎ᠠ ᠶᠢᠨ 9 ᠰᠠᠷ᠎ᠠ ᠶᠢᠨ 24 ᠤ ᠡᠳᠦᠷ ᠨᠠᠰᠤᠨ ᠤ ᠬᠠᠨᠢ ᠤᠶᠤᠨᠳᠡᠯᠭᠡᠷ ᠲᠠᠢ ᠪᠠᠨ ᠠᠵᠠ | ᠵᠢᠷᠭᠠᠯᠲᠦ ᠭᠡᠷ ᠪᠦᠯᠢ ᠪᠤᠯᠵᠤ᠂ ᠬᠤᠶᠠᠷ ᠬᠦᠪᠡᠭᠦᠨ᠂ ᠬᠤᠶᠠᠷ ᠬᠡᠤᠬᠡᠨ ᠵᠤᠯᠠᠢ ᠵᠤᠯᠠᠢ ᠪᠠᠨ ᠭᠢᠰᠭᠢᠨ ᠵᠠᠶᠠᠭᠠᠪᠠ᠃ 1974 — 1976 ᠤᠨ ᠳᠤ ᠭᠡᠷᠭᠡᠢ | ᠤᠶᠤᠨᠳᠡᠯᠭᠡᠷ ᠲᠠᠢ ᠪᠠᠨ ᠬᠤᠶᠠᠭᠤᠯᠠ ᠪᠠᠷᠢᠭᠠᠳᠠ ᠶᠢᠨ ᠤᠳᠤᠷᠢᠳᠤᠯᠭ᠎ᠠ ᠨᠠᠷ ᠤᠨ ᠢᠶᠠᠨ ᠲᠤᠬᠢᠷᠠᠭᠤᠯᠤᠯᠲᠠ ᠪᠠᠷ ᠪᠠᠶᠠᠨᠪᠦ᠋ᠷᠢᠲᠦ ᠭᠠᠴᠠᠭᠠᠨ ᠤ ᠠᠷᠠᠳ ᠠᠴᠠ | ᠡᠷᠬᠢᠯᠡᠭᠰᠡᠨ ᠪᠠᠭ᠎ᠠ ᠰᠤᠷᠭᠠᠭᠤᠯᠢ ᠳᠤ ᠬᠤᠷᠢᠭᠠᠳ ᠰᠤᠷᠤᠡᠡᠴᠢᠳ ᠲᠤ ᠡᠷᠳᠡᠮ ᠰᠤᠶᠤᠯ ᠤᠨ ᠰᠢᠮ᠎ᠡ ᠶᠢ ᠬᠦᠷᠲᠡᠭᠡᠵᠦ᠂ ᠪᠠᠭᠰᠢ ᠬᠡᠮᠡᠬᠦ ᠠᠷᠢᠭᠤᠨ ᠨᠡᠷ᠎ᠡ ᠪᠠᠷ ᠡᠨᠡ | ᠵᠠᠯᠠᠭᠤᠬᠠᠨ ᠬᠤᠤᠰ ᠠᠶᠢᠯ ᠭᠡᠷ ᠢᠶᠠᠨ ᠴᠢᠮᠡᠵᠡᠢ᠃ 1976 — 1978 ᠤᠨ ᠳᠤ ᠨᠤᠳᠤᠭ ᠤᠨ ᠤᠯᠠᠨ ᠤ ᠪᠠᠨ ᠢᠲᠡᠭᠡᠯ ᠨᠠᠶᠢᠳᠠᠪᠦᠷᠢ ᠶᠢ ᠬᠦᠯᠢᠶᠡᠨ | ᠬᠠᠶᠢᠯᠠᠷ ᠤᠨ ᠮᠤᠩᠭᠤᠯ ᠦᠨᠳᠦᠰᠦᠲᠡᠨ ᠤ ᠪᠠᠭᠰᠢ ᠶᠢᠨ ᠰᠤᠷᠭᠠᠭᠤᠯᠢ ᠳᠤ ᠬᠦᠷᠭᠡᠭᠳᠡᠨ ᠰᠤᠷᠤᠯᠴᠠᠭᠠᠳ᠂ ᠬᠤᠶᠠᠷ ᠵᠢᠯ ᠤᠨ ᠰᠤᠷᠤᠯᠭ᠎ᠠ ᠪᠠᠨ ᠲᠡᠭᠦᠰᠭᠡᠵᠡᠢ᠃ | 1978 — 1984 ᠤᠨ ᠪᠤᠯᠳᠠᠯᠠᠬᠢ ᠵᠢᠷᠭᠤᠭᠠᠨ ᠵᠢᠯ ᠤᠨ ᠬᠤᠭᠤᠴᠠᠭᠠᠨ ᠳᠤ ᠭᠠᠨᠵᠤᠤᠷ ᠪᠠᠭ᠎ᠠ ᠰᠤᠷᠭᠠᠭᠤᠯᠢ ᠳᠤ ᠠᠷᠠᠳ ᠤᠨ ᠪᠠᠭᠰᠢ ᠪᠠᠷ | ᠠᠵᠢᠯᠯᠠᠵᠠᠢ᠃ 1980 ᠤᠨ ᠳᠤ ᠭᠡᠷᠭᠡᠢ ᠨᠢ ᠴᠤ ᠠᠷᠠᠳ ᠤᠨ ᠪᠠᠭᠰᠢ ᠪᠠᠷ ᠰᠢᠯᠭᠠᠡᠡᠳᠠᠨ ᠤᠷᠤᠵᠦ ᠡᠨᠡ ᠭᠡᠷ ᠪᠦᠯᠢ ᠳᠤ ᠪᠠᠶᠠᠷ ᠲᠡᠭᠡᠷ᠎ᠡ ᠪᠠᠶᠠᠷ ᠪᠤᠯᠤᠯ᠎ᠠ᠃ | ᠠᠮᠤᠷᠵᠢᠷᠭᠠᠯ 1984 — 1987 ᠤᠨ ᠪᠤᠯᠳᠠᠯ᠎ᠠ ᠠᠮᠤᠭᠤᠯᠠᠩᠪᠤᠯᠠᠭ ᠰᠤᠮᠤᠨ ︵ᠤᠤᠯ ᠤᠨ︶ ᠤ ᠲᠡᠳ᠋ ᠰᠤᠮᠤᠨ ᠲᠠᠷᠤᠭ᠎ᠠ ᠪᠠᠷ ᠠᠵᠢᠯᠯᠠᠵᠠᠢ᠃ 1987 | — 1993 ᠤᠨ ᠪᠤᠯᠳᠠᠯ᠎ᠠ ᠠᠮᠤᠭᠤᠯᠠᠩᠪᠤᠯᠠᠭ ᠰᠤᠮᠤᠨ ᠳᠤ ᠵᠢᠩᠭᠢᠨᠢ ᠰᠤᠮᠤᠨ ᠲᠠᠷᠤᠭ᠎ᠠ ᠪᠠᠷ ᠠᠵᠢᠯᠯᠠᠵᠠᠢ᠃ 1993 — 1998 ᠤᠨ ᠪᠤᠯᠳᠠᠯ᠎ᠠ | ᠦᠪᠦᠷᠪᠤᠯᠠᠭ ᠰᠤᠮᠤ᠂ ᠲᠠᠷᠭᠤᠨᠨᠠᠭᠤᠷ ᠰᠤᠮᠤᠨ ︵ᠤᠤᠯ ᠤᠨ︶ ᠳᠤ ᠲᠤᠰ ᠲᠤᠰ ᠰᠤᠮᠤᠨ ᠲᠠᠷᠤᠭ᠎ᠠ ᠶᠢᠨ ᠠᠵᠢᠯ ᠢ ᠭᠦᠢᠴᠡᠳᠭᠡᠵᠦ᠂ ᠡᠨᠡ ᠨᠤᠳᠤᠭ ᠤᠨ ᠠᠷᠠᠳ | ᠲᠦᠮᠡᠨ ᠤ ᠲᠦᠯᠦᠭᠡ ᠨᠢᠭᠡ ᠰᠡᠳᠭᠢᠯ᠂ ᠨᠢᠭᠡ ᠵᠤᠷᠢᠭ ᠢᠶᠠᠷ ᠬᠢᠴᠢᠶᠡᠨ ᠵᠢᠳᠭᠦᠵᠦ ᠶᠠᠪᠤᠡᠡᠰᠠᠨ ᠢ ᠨᠢ ᠠᠷᠠᠳ ᠲᠦᠮᠡᠨ ᠨᠢ ᠬᠡᠵᠢᠶ᠎ᠠ ᠴᠤ ᠮᠠᠷᠲᠠᠬᠤ ᠦᠭᠡᠢ ᠶᠤᠮ᠃ | 1990 ᠤᠨ ᠳᠤ ᠠᠮᠤᠭᠤᠯᠠᠩᠪᠤᠯᠠᠭ ᠰᠤᠮᠤᠨ ︵ᠤᠤᠯ ᠤᠨ︶ ᠤ ᠵᠠᠰᠠᠭ ᠤᠨ ᠤᠷᠳᠤᠨ ᠢᠶᠠᠨ ᠲᠦᠯᠦᠭᠡᠯᠡᠵᠦ᠂ ᠦᠰᠦᠭ ᠰᠡᠶᠢᠯᠦᠭᠰᠡᠨ ᠮᠦᠡᠭᠭᠦᠨ ᠪᠤᠶᠢᠯᠠ ᠲᠠᠢ᠂ | ᠲᠤᠬᠤᠪᠴᠢ ᠲᠠᠢ ᠴᠠᠭᠠᠨ ᠲᠡᠮᠡᠭᠡ ᠶᠢ ᠬᠤᠰᠢᠭᠤᠨ ᠤ ᠪᠠᠨ ᠠᠷᠠᠳ ᠤᠨ ᠨᠠᠭᠠᠳᠤᠮ ᠳᠤ ᠪᠡᠯᠡᠭ ᠪᠤᠯᠭᠠᠨ ᠲᠡᠪᠰᠢᠭᠦᠯᠵᠡᠢ᠃ ᠮᠦᠨ ᠴᠤ ᠦᠨᠢ ᠲᠤᠷᠠᠰᠤᠭᠳᠠᠬᠤ | ᠦᠯᠵᠢᠢᠲᠦ ᠨᠠᠭᠠᠳᠤᠮ ᠳᠤ ᠬᠡᠶᠢᠮᠤᠷᠢ ᠪᠠᠨ ᠰᠡᠷᠭᠦᠭᠡᠵᠦ᠂ ᠨᠠᠶᠢᠷ ᠲᠤ ᠬᠦᠷ ᠬᠦᠭᠵᠢᠶᠡᠨ ᠨᠡᠮᠡᠵᠦ ᠬᠤᠷᠳᠤᠨ ᠮᠤᠷᠢᠨ ᠤ ᠴᠤᠯᠠ ᠲᠠᠭᠤᠳᠠᠵᠠᠢ᠃ | ᠠᠮᠤᠭᠤᠯᠠᠩᠪᠤᠯᠠᠭ ᠰᠤᠮᠤᠨ ︵ᠤᠤᠯ ᠤᠨ︶ ᠤ ᠲᠠᠷᠤᠭ᠎ᠠ ᠪᠠᠶᠢᠡᠡᠰᠠᠨ ᠰᠡᠭᠦᠯᠴᠢ ᠶᠢᠨ ᠬᠤᠭᠤᠴᠠᠭᠠᠨ ᠳᠠᠭᠠᠨ᠂ ᠳᠠᠷᠤᠢ 1990 — 1993 | ᠤᠨ ᠳᠤ ᠺᠠᠳ᠋ᠷ ᠤᠨ ᠡᠩᠨᠡᠭᠡᠨ ᠤ ᠦᠭᠡᠷᠡᠴᠢᠯᠡᠯᠲᠡ ᠶᠢᠨ ᠴᠢᠬᠤᠯᠠᠴᠢᠯᠠᠭ᠎ᠠ ᠪᠠᠷ ᠠᠶᠢᠮᠠᠭ ︵ᠲᠡᠷᠡ ᠦᠶ᠎ᠠ ᠳᠤ ᠬᠤᠳᠠ ᠪᠤᠯᠤᠭ᠎ᠠ ᠦᠬᠡᠢ ᠪᠠᠶᠢᠪᠠ︶ ᠤᠨ ᠺᠠᠳ᠋ᠷ ᠤᠨ | ᠬᠠᠮᠢᠶᠠᠷᠤᠯᠲᠠ ᠶᠢᠨ ᠲᠡᠭᠡᠳᠦ ᠰᠤᠷᠭᠠᠭᠤᠯᠢ ᠳᠤ ᠰᠤᠷᠤᠯᠴᠠᠨ ᠲᠦᠷᠦ ᠶᠢᠨ ᠠᠯᠪᠠᠲᠠᠨ ᠤ ᠦᠨᠡᠮᠯᠡᠯ ᠢ ᠰᠢᠯᠭᠠᠨ ᠠᠪᠴᠦ᠂ ᠰᠠᠯᠠᠭᠠᠨ ᠲᠡᠰ ᠤᠨ ᠲᠦᠷᠦ ᠶᠢᠨ ᠠᠯᠪᠠᠲᠠᠨ | ᠪᠤᠯᠤᠡᠡᠰᠠᠨ ᠪᠠᠶᠢᠵᠠᠢ᠃ ᠡᠨᠡ ᠬᠤᠭᠤᠴᠠᠭᠠᠨ ᠳᠤ ᠪᠠᠰᠠ ᠬᠤᠰᠢᠭᠤ ᠰᠤᠮᠤᠨ ᠤ ᠪᠠᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ᠂ | ᠬᠤᠰᠢᠭᠤᠨ ᠤ ᠪᠠᠨ ᠤᠯᠤᠰ ᠲᠦᠷᠦ ᠶᠢᠨ ᠵᠦᠪᠯᠡᠯᠭᠡᠨ ᠤ ᠪᠠᠶᠢᠡᠭᠭᠤ ᠶᠢᠨ ᠭᠡᠰᠢᠭᠦᠨ᠂ ᠬᠦᠯᠦᠨ ᠪᠤᠶᠢᠷ ᠬᠤᠲᠠ ᠶᠢᠨ ᠮᠤᠩᠭᠤᠯ ᠬᠡᠯᠡ ᠪᠢᠴᠢᠭ ᠤᠨ ᠨᠡᠶᠢᠭᠡᠮᠯᠢᠭ ᠤᠨ | ᠭᠡᠰᠢᠭᠦᠨ ᠵᠡᠷᠭᠡ ᠨᠡᠶᠢᠭᠡᠮ ᠤᠨ ᠡᠭᠦᠷᠭᠡ ᠲᠤᠰᠢᠶᠠᠯ ᠨᠤᠭᠤᠳ ᠢ ᠡᠭᠦᠷᠭᠡᠯᠡᠵᠦ ᠶᠠᠪᠤᠡᠡᠰᠠᠨ ᠪᠦᠯᠦᠭᠡ᠃ ᠨᠠᠰᠤᠲᠠᠨ ᠮᠠᠨᠢ ᠠᠮᠤᠭᠤᠯᠠᠩᠪᠤᠯᠠᠭ ᠰᠤᠮᠤᠨ ︵ᠤᠤᠯ ᠤᠨ︶ ᠤ | ᠤᠳᠤᠷᠢᠳᠤᠯᠭ᠎ᠠ ᠪᠠᠶᠢᠬᠤ ᠳᠠᠭᠠᠨ ᠭᠠᠨᠵᠤᠤᠷ ᠰᠦᠮ᠎ᠡ ᠶᠢ ᠰᠡᠷᠭᠦᠭᠡᠬᠦ ᠠᠵᠢᠯ ᠢ ᠰᠠᠨᠠᠭᠠᠴᠢᠯᠠᠵᠦ ᠡᠷᠴᠢᠮ ᠲᠠᠢ ᠪᠡᠶᠡᠯᠡᠭᠦᠯᠵᠡᠢ᠃ | ᠠᠮᠤᠷᠵᠢᠷᠭᠠᠯ ᠭᠤᠸᠠᠢ 1998 ᠤᠨ ᠳᠤ ᠠᠵᠢᠯ ᠠᠴᠠ ᠪᠠᠨ ᠤᠷᠢᠳᠴᠢᠯᠠᠨ ᠠᠮᠠᠷᠠᠭᠠᠳ ᠬᠦᠭᠰᠢᠨ ᠲᠠᠢ ᠪᠠᠨ ᠬᠤᠶᠠᠭᠤᠯᠠ ᠪᠠᠨ ᠤᠤᠯ ᠤᠨ ᠪᠠᠶᠠᠨᠪᠦ᠋ᠷᠢᠳᠦ | ᠭᠠᠴᠠᠭᠠᠨ ᠤ ᠪᠠᠨ ᠤᠨᠠᠭᠠᠨ ᠨᠤᠳᠤᠭ ᠲᠠᠭᠠᠨ ᠬᠡᠳᠦᠨ ᠮᠠᠯ ᠲᠠᠢ ᠪᠠᠨ ᠨᠤᠳᠤᠡᠡᠰᠢᠨ ᠠᠮᠢᠳᠤᠷᠠᠵᠠᠢ᠃ 2015 — 2021 ᠤᠨ ᠬᠦᠷᠲᠡᠯ᠎ᠡ ᠴᠡᠭᠡᠵᠢᠨ ᠳᠤ | ᠬᠠᠳᠠᠩᠰᠢᠭ᠍ᠰᠡᠨ ᠡᠪᠦᠭᠡ ᠲᠡᠭᠡᠳᠦᠰ ᠤᠨ ᠰᠤᠷᠭᠠᠯ ᠵᠠᠬᠢᠶ᠎ᠠ᠂ ᠦᠪ ᠰᠤᠶᠤᠯ ᠢ ᠲᠡᠮᠳᠡᠭᠯᠡᠵᠦ ᠦᠷ᠎ᠡ ᠬᠡᠤᠬᠡᠳ ᠲᠡᠭᠡᠨ ᠦᠯᠡᠳᠡᠭᠡᠭᠦ ᠶᠢ ᠬᠢᠴᠢᠶᠡᠵᠦ ᠶᠠᠪᠤᠨ᠎ᠠ᠃ | ᠦᠪᠡᠷ ᠤᠨ ᠲᠤᠷ᠎ᠠ ᠪᠠᠬ᠎ᠠ ᠪᠤᠶᠤ ᠠᠷᠠᠳ ᠤᠨ ᠤᠯᠠᠮᠵᠢᠯᠠᠯᠲᠦ ᠦᠪ ᠰᠤᠶᠤᠯ ᠤᠨ ᠦᠨ᠎ᠡ ᠴᠡᠨ᠎ᠡ ᠳᠤ ᠰᠠᠭᠤᠷᠢᠯᠠᠨ ᠨᠠᠰᠤᠲᠠᠨ ᠮᠠᠨᠢ ᠦᠪ ᠰᠤᠶᠤᠯ ᠤᠨ ᠲᠠᠯᠠᠢ | ᠬᠡᠮᠡᠭᠳᠡᠭᠰᠡᠨ ᠨᠤᠳᠤᠭ ᠤᠨ ᠪᠤᠭᠤᠷᠤᠯ ᠤᠳ ᠵᠢᠴᠢ ᠢᠷᠦᠭᠡᠯᠴᠢ᠂ ᠴᠤᠯᠠᠴᠢ ᠰ ᠸᠷᠡᠡᠳᠠᠮᠪᠠ᠂ ᠢᠷᠦᠭᠡᠯᠴᠢ ᠲᠤᠤᠯᠢᠴᠢ ᠨᠢ᠊ · ᠲᠠᠸᠠ ᠵᠡᠷᠭᠡ ᠡᠪᠦᠭᠡᠳ ᠨᠠᠰᠤᠲᠠᠳ ᠠᠴᠠ | ᠦᠯᠢᠭᠡᠷ ᠲᠤᠤᠯᠢ ᠬᠠᠶᠢᠯᠠᠬᠤ᠂ ᠢᠷᠦᠭᠡᠯ ᠮᠬᠠᠲᠠᠭᠠᠯ ᠬᠡᠯᠡᠬᠦ ᠶᠢ ᠰᠤᠨᠤᠰᠤᠨ ᠲᠡᠮᠳᠡᠭᠯᠡᠵᠦ ᠪᠠᠭᠰᠢ ᠪᠠᠷᠢᠵᠦ ᠶᠠᠪᠤᠡᠡᠰᠠᠨ ᠠᠴᠠ ᠪᠠᠨ 1990 ᠤᠨ ᠠᠴᠠ ᠨᠠᠭᠠᠰᠢ ᠶᠡᠭᠡ | ᠪᠠᠭ᠎ᠠ ᠨᠠᠶᠢᠷ ᠨᠠᠭᠠᠳᠤᠮ᠂ ᠠᠭᠤᠯᠠ ᠤᠪᠤᠭᠠᠨ ᠤ ᠲᠠᠬᠢᠯᠭ᠎ᠠ ᠪᠤᠯᠤᠨ ᠬᠤᠰᠢᠭᠤ ᠰᠤᠮᠦ ᠶᠢᠨ ᠠᠷᠠᠳ ᠤᠨ ᠨᠠᠭᠠᠳᠤᠮ ᠢᠶᠠᠷ ᠮᠤᠷᠢᠨ ᠤ ᠴᠤᠯᠠ ᠲᠠᠭᠤᠳᠠᠬᠤ᠂ ᠬᠤᠷᠢᠮ | ᠨᠠᠶᠢᠷ ᠲᠤ ᠭᠡᠷ ᠮᠢᠯᠢᠶᠠᠬᠤ ᠢᠷᠦᠭᠡᠯ ᠬᠡᠯᠡᠬᠦ᠂ ᠨᠠᠰᠤᠨ ᠪᠠᠶᠠᠷ ᠤᠨ ᠨᠠᠶᠢᠷ ᠲᠤ ᠰᠢᠭᠦᠰᠦᠨ ᠢᠷᠦᠭᠡᠯ ᠲᠡᠪᠰᠢᠭᠦᠯᠬᠦ᠂ ᠭᠠᠯ ᠲᠠᠬᠢᠯᠭ᠎ᠠ ᠶᠢᠨ ᠢᠷᠦᠭᠡᠯ ᠬᠡᠯᠡᠬᠦ ᠵᠡᠷᠭᠡ ᠪᠠᠷ | ᠤᠤᠭᠠᠯ ᠰᠤᠶᠤᠯ ᠢᠶᠠᠨ ᠤᠯᠠᠮᠵᠢᠯᠠᠨ ᠲᠡᠯᠭᠡᠷᠡᠭᠦᠯᠵᠦ᠂ ᠨᠤᠳᠤᠭ ᠤᠰᠦᠨ ᠤ ᠪᠠᠨ ᠵᠤᠨ ᠲᠦᠮᠡᠨ ᠢᠶᠠᠨ ᠪᠠᠶᠠᠰᠬᠠᠵᠦ ᠶᠠᠪᠤᠳᠠᠭ ᠪᠠᠶᠢᠯ᠎ᠠ᠃ ᠠᠮᠤᠷᠵᠢᠷᠭᠠᠯ ᠭᠤᠸᠠᠢ ᠶᠢᠨ | ᠤᠯᠠᠨ ᠰᠠᠶᠢᠬᠠᠨ ᠪᠦᠲᠦᠭᠡᠯ ᠨᠢ ᠮᠡᠳᠡᠭᠡ ᠵᠠᠭᠤᠴᠢᠯᠠᠭᠤᠷ ᠢᠶᠠᠷ ᠲᠠᠮᠵᠢᠨ ᠲᠦᠮᠡᠨ ᠤᠯᠠᠨ ᠦᠵᠡᠭᠴᠢ ᠰᠤᠨᠤᠰᠤᠭᠴᠢᠳ ᠤᠨ ᠬᠠᠷᠠᠭ᠎ᠠ ᠰᠤᠨᠤᠷ ᠲᠤ ᠬᠦᠷᠦᠭᠰᠡᠨ ᠪᠢᠯᠡ᠃ | ᠨᠠᠰᠤᠲᠠᠨ ᠤ ᠬᠡᠯᠡᠬᠦ ᠢᠷᠦᠭᠡᠯ ᠮᠬᠠᠲᠠᠭᠠᠯ ᠦᠪᠡᠷ ᠤᠨ ᠬᠡᠪ ᠨᠠᠮᠪᠠ ᠲᠠᠢ ᠪᠠᠶᠢᠵᠦ᠂ ᠨᠡᠩ ᠴᠤ ᠪᠠᠷᠭᠤ ᠨᠤᠳᠤᠭ ᠤᠨ ᠠᠷᠠᠳ ᠤᠨ ᠤᠯᠠᠮᠵᠢᠯᠠᠯ ᠤᠨ ᠤᠨᠴᠠᠯᠢᠭ | ᠰᠢᠨᠵᠢ ᠶᠢ ᠭᠦᠢᠴᠡᠳ ᠬᠠᠳᠠᠭᠠᠯᠠᠵᠦ ᠴᠢᠳ᠋ᠬᠠᠰᠠᠨ ᠪᠠᠶᠢᠨ᠎ᠠ᠃ | ᠲᠡᠭᠦᠨ ᠤ ᠮᠠᠨᠢ ᠪᠠᠷᠭᠤ ᠠᠷᠠᠳ ᠤᠨ ᠠᠮᠠᠨ ᠵᠤᠬᠢᠶᠠᠯ ᠳᠤ ᠰᠠᠭᠤᠷᠢᠯᠠᠨ ᠵᠤᠬᠢᠶ᠋ᠬᠠᠰᠠᠨ ︽ᠦᠵᠦᠭᠦᠷ ᠮᠤᠷᠢᠨ ᠤ ᠴᠤᠯᠠ ᠲᠠᠭᠤᠳᠠᠯᠭ᠎ᠠ︾᠂ ︽ᠭᠡᠷ ᠮᠢᠯᠢᠶᠠᠬᠤ | ᠢᠷᠦᠭᠡᠯ︾᠂ ︽ᠭᠠᠯ ᠲᠠᠬᠢᠯᠭ᠎ᠠ ᠶᠢᠨ ᠢᠷᠦᠭᠡᠯ︾᠂ ︽ᠰᠢᠭᠦᠰᠦᠨ ᠤ ᠢᠷᠦᠭᠡᠯ︾ ᠵᠡᠷᠭᠡ ᠨᠢ ᠬᠦᠯᠦᠨ ᠪᠤᠶᠢᠷ ᠤᠨ ᠷᠠᠳᠢᠣ᠋ ᠲᠧᠯᠸᠢᠰ ᠨᠡᠪᠲᠡᠷᠡᠭᠦᠯᠭᠡ ᠶᠢᠨ | ᠰᠤᠪᠠᠭ ᠤᠳ ᠢᠶᠠᠷ ᠨᠡᠪᠲᠡᠷᠡᠭᠦᠯᠦᠭᠳᠡᠵᠦ ᠦᠡᠭᠭᠡᠷᠡᠭᠰᠡᠨ ᠪᠦᠭᠡᠳ ︽ᠮᠤᠷᠢᠨ ᠤ ᠴᠤᠯᠠ ᠲᠠᠭᠤᠳᠠᠯᠭ᠎ᠠ︾᠂ ︽ᠭᠡᠷ ᠮᠢᠯᠢᠶᠠᠯᠭ᠎ᠠ︾ ᠨᠢ ᠲᠦᠪ ᠤᠨ ᠷᠠᠳᠢᠣ᠋ | ᠨᠡᠪᠲᠡᠷᠡᠭᠦᠯᠭᠡ ᠪᠠᠷ ᠨᠡᠪᠲᠡᠷᠡᠭᠦᠯᠦᠭᠳᠡᠵᠦ ᠦᠵᠡᠭᠴᠢᠳ ᠤᠨ ᠬᠠᠯᠠᠭᠤᠨ ᠬᠦᠷᠢᠶᠡᠯᠡᠯ ᠢ ᠤᠯᠵᠠᠢ᠃ | ᠠᠮᠤᠷᠵᠢᠷᠭᠠᠯ ᠭᠤᠸᠠᠢ ᠮᠤᠩᠭᠤᠯ ᠤᠯᠤᠰ ᠤᠨ ᠲᠤᠷᠤᠨᠠᠲᠦ ᠠᠶᠢᠮᠠᠭ ᠤᠨ ᠬᠦᠯᠦᠨ ᠪᠤᠶᠢᠷ ᠰᠤᠮᠤᠨ ᠳᠤ 2007 ᠤᠨ ᠳᠤ ᠶᠠᠪᠤᠡᠡᠳ᠋ᠬᠠᠰᠠᠨ ︽ᠪᠠᠷᠭᠤᠵᠢᠨ | — 2007︾ ᠠᠩᠬᠠᠳ᠋ᠬᠠᠴᠢ ᠨᠠᠭᠠᠳᠤᠮ ᠳᠤ ᠤᠷᠢᠯᠭ᠎ᠠ ᠪᠠᠷ ᠬᠦᠷᠴᠦ᠂ ᠪᠠᠷᠭᠤ ᠢᠷᠦᠭᠡᠯ ᠮᠬᠠᠲᠠᠭᠠᠯ ᠤᠨ ᠮᠦᠷᠦ᠋ᠢᠴᠡᠭᠡᠨ ᠳᠤ ᠬᠤᠶᠠᠳᠤᠭᠠᠷ ᠲᠡᠰ ᠲᠤ | ᠲᠤᠳᠤᠷᠠᠵᠦ᠂ ᠡᠷᠭᠦᠮᠵᠢᠯᠡᠯ ᠤᠨ ᠪᠢᠴᠢᠭ ᠵᠡᠷᠭᠡ ᠪᠠᠷ ᠱᠠᠩᠨ᠋ᠬᠠᠳᠠᠵᠠᠢ᠃ 2015 ᠤᠨ ᠳᠤ ᠤᠷᠤᠰ ᠤᠨ ᠬᠤᠯᠪᠤᠭᠠᠨ ᠤ ᠪᠤᠷᠢᠶᠠᠳ ᠤᠯᠤᠰ ᠲᠤ ᠶᠠᠪᠤᠡᠡᠳ᠋ᠬᠠᠰᠠᠨ ︽ | ᠪᠠᠷᠭᠤᠵᠢᠨ — 2015︾ ᠭᠤᠳᠠᠭᠠᠷ ᠤᠳᠠᠭᠠᠨ ᠤ ᠨᠠᠭᠠᠳᠤᠮ ᠳᠤ ᠤᠷᠢᠯᠭ᠎ᠠ ᠪᠠᠷ ᠬᠦᠷᠴᠦ᠂ ᠢᠷᠦᠭᠡᠯ ᠮᠬᠠᠲᠠᠭᠠᠯ ᠤᠨ ᠮᠦᠷᠦ᠋ᠢᠴᠡᠭᠡᠨ ᠳᠤ ᠤᠷᠤᠯᠴᠠᠨ | ᠡᠷᠭᠦᠮᠵᠢᠯᠡᠯ᠂ ᠭᠤᠳᠠᠭᠠᠷ ᠲᠡᠰ ᠤᠨ ᠱᠠᠩᠨᠠᠯ ᠬᠦᠷᠲᠡᠵᠡᠢ᠃ ᠡᠭᠦᠨ ᠠᠴᠠ ᠭᠠᠳᠠᠨ᠎ᠠ ᠰᠢᠨ᠎ᠠ ᠪᠠᠷᠭᠤ ᠵᠡᠭᠦᠨ ᠬᠤᠰᠢᠭᠤᠨ ᠤ ᠵᠦᠴᠦᠭᠡᠴᠢᠳ ᠤᠨ ᠨᠡᠶᠢᠭᠡᠮᠯᠢᠭ ᠠᠴᠠ | ᠦᠢᠯᠡᠳᠦᠭᠰᠡᠨ ︽ᠭᠠᠨᠭ᠍ᠭᠠᠡᠭ ᠶᠠᠭᠠᠨ︾ ᠭᠡᠬᠦ ᠲᠧᠯᠸᠢᠰ ᠵᠦᠴᠦᠭᠡ ᠳᠤ ᠢᠷᠦᠭᠡᠯᠴᠢ ᠪᠠᠷ ᠲᠤᠡᠡᠯᠠᠨ᠂ ᠭᠡᠷ ᠮᠢᠯᠢᠶᠡᠬᠤ ᠢᠷᠦᠭᠡᠯ ᠬᠡᠯᠡᠵᠦ᠂ ᠦᠪᠦᠷ ᠮᠤᠩᠭᠤᠯ ᠤᠨ | ᠤᠳᠤᠨ ᠲᠧᠯᠧᠢᠰ ᠢᠶᠠᠷ ᠨᠡᠪᠲᠡᠷᠡᠭᠦᠯᠦᠭᠳᠡᠵᠡᠢ᠃ ᠲᠡᠭᠦᠨ ᠤ ︽ᠮᠤᠷᠢᠨ ᠤ ᠴᠤᠯᠠ ᠲᠠᠭᠤᠳᠠᠯᠭ᠎ᠠ︾ ︽ᠭᠡᠷ ᠮᠢᠯᠢᠶᠠᠬᠤ ᠢᠷᠦᠭᠡᠯ︾ ᠭᠡᠬᠦ ᠬᠤᠶᠠᠷ ᠪᠦᠲᠦᠭᠡᠯ ᠨᠢ | ᠦᠪᠦᠷ ᠮᠤᠩᠭᠤᠯ ᠤᠨ ︽ᠠᠮᠠᠨ ᠵᠤᠬᠢᠶᠠᠯ ᠤᠨ ᠬᠦᠮᠦᠷᠭᠡ︾ ᠳᠤ ᠬᠠᠳᠠᠭᠠᠯᠬᠠᠳᠠᠪᠠ᠃ | ᠰᠢᠨ᠎ᠠ ᠪᠠᠷᠭᠤ ᠪᠠᠷᠠᠭᠤᠨ ᠬᠤᠰᠢᠭᠤᠨ ᠤ 2017 ᠤᠨ ᠤ ᠮᠦᠡᠭᠭᠦᠨ ᠡᠪᠦᠯ ᠤᠨ ᠪᠠᠷᠭᠤ ᠨᠡᠭᠦᠳᠡᠯ ᠰᠤᠶᠤᠯ ᠤᠨ ᠨᠠᠭᠠᠳᠤᠮ ᠳᠤ ᠤᠷᠢᠡᠡᠳᠠᠨ ᠬᠦᠷᠴᠦ | ᠬᠡᠯᠡᠭᠰᠡᠨ ︽ᠭᠠᠯ ᠲᠠᠬᠢᠯᠭ᠎ᠠ ᠶᠢᠨ ᠢᠷᠦᠭᠡᠯ︾᠂ ︽ᠭᠠᠨᠭ᠍ᠭᠠᠡᠭ ᠪᠤᠤᠷ᠎ᠠ ᠶᠢᠨ ᠮᠢᠯᠢᠶᠠᠯᠭ᠎ᠠ︾ ᠨᠢ ᠨᠠᠭᠠᠳᠤᠮᠴᠢᠳ ᠤᠨ ᠠᠩᠬᠠᠷᠤᠯ ᠰᠤᠨᠢᠷᠬᠠᠯ ᠢ ᠲᠠᠳ᠋ᠬᠠᠰᠠᠨ ᠢᠶᠠᠷ | ᠦᠯᠦ ᠪᠠᠷᠠᠨ ᠦᠪᠦᠷ ᠮᠤᠩᠭᠤᠯ ᠤᠨ ᠷᠠᠳᠢᠣ᠋ ᠲᠧᠯᠧᠢᠰ ᠬᠤᠷᠢᠶ᠎ᠠ ᠠᠴᠠ ︽ᠪᠠᠷᠭᠤ ᠨᠡᠭᠦᠳᠡᠯ ᠰᠤᠶᠤᠯ︾ ᠲᠤᠰᠬᠠᠢ ᠹᠢᠯᠢᠮ ᠳᠡᠭᠡᠨ ᠤᠷᠤᠭᠤᠯᠵᠠᠢ᠃ 2018 | ᠤᠨ ᠳᠤ ᠮᠤᠩᠭᠤᠯ ᠤᠯᠤᠰ ᠤᠨ ᠲᠤᠷᠤᠨᠠᠳᠦ ᠠᠶᠢᠮᠠᠭ ᠤᠨ ᠴᠦᠢᠪᠠᠯᠰᠡᠩ ᠬᠤᠲᠠᠨ᠎ᠠ ᠪᠤᠯᠤᠡᠡᠰᠠᠨ ︽ᠪᠠᠷᠭᠤᠵᠢᠨ — 2018 ᠨᠠᠭᠠᠳᠤᠮ︾ ᠳᠤ ︽ᠪᠠᠷᠭᠤ ᠶᠢᠨ | ᠲᠡᠤᠬᠡ ᠤᠡᠡᠰᠠᠭᠠᠲᠠᠨ ᠤ ᠵᠦᠢ ᠶᠢᠨ ᠰᠤᠳᠤᠯᠭᠠᠨ︾ ᠰᠡᠳᠦᠪᠲᠦ ᠤᠯᠠᠨ ᠤᠯᠤᠰ ᠤᠨ ᠡᠷᠳᠡᠮ ᠰᠢᠨᠵᠢᠯᠡᠭᠡᠨ ᠤ ᠬᠤᠷᠠᠯ ᠳᠤ ᠤᠷᠤᠯᠴᠠᠵᠦ᠂ ᠪᠠᠷᠭᠤᠴᠤᠳ ᠤᠨ | ᠤᠶᠤᠨ ᠤ ᠦᠪ ᠤᠨ ᠲᠡᠭᠡᠵᠢ — ︽ᠤᠯᠠᠮᠵᠢᠯᠠᠯᠲᠦ ᠢᠷᠦᠭᠡᠯ ᠮᠬᠠᠲᠠᠭᠠᠯ︾ ᠭᠡᠬᠦ ᠡᠷᠳᠡᠮ ᠰᠢᠨᠵᠢᠯᠡᠭᠡᠨ ᠤ ᠦᠭᠦᠯᠡᠯ ᠢᠶᠠᠨ ᠲᠡᠪᠰᠢᠭᠦᠯᠦᠭᠡᠳ ᠮᠤᠩᠭᠤᠯ | ᠤᠯᠤᠰ ᠤᠨ ︽ᠪᠠᠷᠭᠤᠵᠢᠨ — 2018︾ ᠬᠡᠮᠡᠬᠦ ᠪᠠᠷᠭᠤ ᠶᠢᠨ ᠲᠡᠤᠬᠡ ᠤᠡᠡᠰᠠᠭᠠᠲᠠᠨ ᠵᠦᠢ ᠶᠢᠨ ᠨᠤᠮ ᠳᠤ ᠤᠷᠤᠵᠠᠢ᠃ ᠮᠦᠨ ᠮᠤᠩᠭᠤᠯ ᠤᠯᠤᠰ ᠤᠨ | ᠰᠢᠨᠵᠢᠯᠡᠬᠦ ᠤᠬᠠᠭᠠᠨ ᠤ ᠠᠺᠡᠳᠧᠮᠢ ᠶᠢᠨ ᠬᠦᠷᠢᠶᠡᠯᠡᠩ ᠤᠨ ᠳ᠋ᠤᠺᠲ᠋ᠤᠷ᠂ ᠫᠷᠤᠹᠧᠰᠰᠤᠷ ᠮᠢᠩᠮᠠᠷᠰᠠᠩᠪᠦᠦ ᠶᠢᠨ ︽ᠪᠠᠷᠭᠤ ᠶᠢᠨ ᠲᠡᠤᠬᠡ ᠤᠡᠡᠰᠠᠭᠠᠳᠠᠨ ᠵᠦᠢ︾ ᠭᠡᠬᠦ | ᠺᠢᠷᠢᠯ ᠦᠰᠦᠭ ᠤᠨ ᠭᠤᠷᠪᠠᠨ ᠪᠤᠳᠢ ᠨᠤᠮ ᠤᠨ ᠲᠡᠳ᠋ ᠪᠤᠳᠢ ᠳᠤ ᠭᠡᠷ ᠤᠨ ᠢᠷᠦᠭᠡᠯ ᠨᠢ ᠰᠤᠩᠭᠤᠡᠡᠳᠠᠨ ᠤᠷᠤᠡᠡᠰᠠᠨ ᠪᠠᠶᠢᠨ᠎ᠠ᠃ | ᠠᠮᠤᠷᠵᠢᠷᠭᠠᠯ ᠭᠤᠸᠠᠢ 2017 ᠤᠨ ᠳᠤ ᠪᠠᠷᠭᠤ ᠤᠯᠠᠮᠵᠢᠯᠠᠯᠲᠦ ᠢᠷᠦᠭᠡᠯ ᠮᠬᠠᠲᠠᠭᠠᠯ ᠢ ᠬᠦᠯᠦᠨ ᠪᠤᠶᠢᠷ ᠬᠤᠲᠠ ᠶᠢᠨ ᠲᠡᠰ ᠤᠨ ᠪᠤᠳᠠᠰ ᠤᠨ ᠪᠤᠰᠦ | ᠰᠤᠶᠤᠯ ᠤᠨ ᠦᠪ ᠤᠨ ᠨᠡᠷᠡᠰ ᠤᠨ ᠵᠢᠡᠡᠰᠠᠭᠠᠯᠲᠠ ᠳᠤ ᠮᠡᠳᠡᠭᠦᠯᠦᠨ ᠪᠦᠷᠢᠳᠭᠡᠭᠦᠯᠵᠦ᠂ 2019 ᠤᠨ ᠳᠤ ᠦᠪᠡᠷ ᠢᠶᠠᠨ ᠪᠠᠷᠭᠤ ᠤᠯᠠᠮᠵᠢᠯᠠᠯᠲᠦ ᠢᠷᠦᠭᠡᠯ | ᠮᠬᠠᠲᠠᠭᠠᠯ ᠤᠨ ᠬᠦᠯᠦᠨ ᠪᠤᠶᠢᠷ ᠬᠤᠲᠠ ᠶᠢᠨ ᠲᠡᠰ ᠤᠨ ᠲᠦᠯᠦᠭᠡᠯᠡᠭᠴᠢ ᠦᠪᠯᠡᠨ ᠤᠯᠠᠮᠵᠢᠯᠬᠠᠴᠢ ᠪᠠᠷ ᠰᠤᠩᠭᠤᠭᠳᠠᠪᠠ᠃ | ᠲᠡᠷᠡ ᠤᠯᠠᠮᠵᠢᠯᠠᠯᠲᠦ ᠢᠷᠦᠭᠡᠯ ᠮᠬᠠᠲᠠᠭᠠᠯ ᠢᠶᠠᠨ ᠦᠪᠯᠡᠨ ᠦᠯᠡᠳᠡᠭᠡᠬᠦ ᠶᠢᠨ ᠲᠦᠯᠦᠭᠡ ︽ᠬᠦᠯᠦᠨ ᠪᠤᠶᠢᠷ ᠤᠨ ᠪᠠᠷᠭᠤᠴᠤᠳ ᠤᠨ ᠤᠯᠠᠮᠵᠢᠯᠠᠯᠲᠦ ᠢᠷᠦᠭᠡᠯ | ᠮᠬᠠᠲᠠᠭᠠᠯ︾ ᠭᠡᠬᠦ ᠨᠤᠮ ᠢ ᠡᠮᠬᠢᠳᠭᠡᠨ ᠨᠠᠶᠢᠷᠠᠭᠤᠯᠤᠭᠠᠳ ᠬᠡᠪᠯᠡᠯ ᠳᠤ ᠪᠡᠯᠡᠳᠭᠡᠭᠡᠳ ᠪᠤᠢ᠃ ᠮᠦᠨ ᠴᠤ ᠮᠤᠩᠭᠤᠯ ᠤᠯᠤᠰ ᠤᠨ ᠬᠤᠳᠠᠢ ᠴ᠊ · ᠨᠠᠮᠰᠠᠷᠠᠢ ᠶᠢᠨ ︽ | ᠴᠢᠩᠭᠢᠰ ᠬᠠᠭᠠᠨ ᠤ ᠲᠤᠭᠤᠨᠤᠲᠦ ᠨᠤᠳᠤᠭ︾ ᠬᠡᠮᠡᠬᠦ ᠺᠢᠷᠢᠯ ᠦᠰᠦᠭ ᠤᠨ ᠨᠤᠮ ᠢ ᠤᠢᠢᠭᠤᠷᠵᠢᠨ ᠮᠤᠩᠭᠤᠯ ᠦᠰᠦᠭ ᠲᠤ ᠬᠦᠷᠪᠡᠭᠦᠯᠦᠭᠡᠳ ᠬᠡᠪᠯᠡᠯ ᠳᠤ | ᠪᠡᠯᠡᠳᠭᠡᠭᠡᠳ ᠪᠤᠢ᠃ 2021 ᠤᠨ ᠳᠤ ᠨᠠᠰᠤᠲᠠᠨ ᠭᠤᠸᠠᠢ ᠲᠠᠯᠠᠨ ᠨᠠᠰᠤᠨ ᠤ ᠦᠨᠳᠦᠷ ᠲᠦᠷᠦᠭᠡ ᠶᠢ ᠵᠢᠭᠢᠵᠦ ᠠᠯᠲᠠᠨ ᠤᠷᠤᠭ ᠤᠨ ᠲᠤᠷᠭᠠᠨ ᠵᠢᠯᠤᠭᠤ | ᠰᠢᠭᠦᠷᠡᠯᠡ᠃ |