| | ᠴᠠᠩ ᡁᠢ ᠮᠢᠨ ᠤ ᠲᠤᠪᠴᠢ ᠨᠠᠮᠲᠠᠷ᠄ | 1956 ᠣᠨ ᠤ 1 ᠰᠠᠷ᠎ᠠ ᠳᠤ ᠬᠢᠨᠭ᠍ᠭᠠᠨ ᠠᠶᠢᠮᠠᠭ ᠤᠨ ᠤᠯᠠᠭᠠᠨᠬᠤᠲᠠ ᠳᠤ ᠳᠦᠷᠦᠵᠡᠶ᠃ 8 ᠨᠠᠰᠤᠲᠠᠶ ᠳᠠᠭᠠᠨ ᠡᠴᠢᠭᠡ ᠡᠬᠡ ᠪᠠᠨ ᠳᠠᠭᠠᠵᠤ ᠬᠥᠯᠥᠨ | ᠪᠤᠶᠢᠷ ᠲᠤ ᠢᠷᠡᠪᠡ᠃ ᠲᠡᠷᠡ ᠬᠠᠷᠠᠬᠠᠨ ᠪᠠᠭ᠎ᠠ ᠠᠴᠠ ᠪᠠᠨ ᠤᠷᠠᠨ ᠵᠢᠷᠤᠭ ᠪᠠ ᠰᠡᠶᠢᠯᠦᠮᠡᠯ ᠳᠤ ᠤᠨᠴᠠ ᠠᠪᠢᠶᠠᠰ ᠲᠠᠢ ᠪᠠᠶᠢᠵᠦ᠂ ᠲᠦᠬᠦᠭᠡ ᠤᠷᠤᠡᠡᠰᠠᠨ | ᠴᠠᠭ ᠠᠴᠠ ᠪᠠᠨ ᠡᠬᠢᠯᠡᠨ ᠤᠷᠠᠨ ᠵᠢᠷᠤᠭ᠂ ᠭᠠᠷ ᠤᠷᠠᠯᠠᠯ ᠲᠠᠢ ᠨᠦᠬᠦᠷᠯᠡᠨ ᠤᠳᠦ ᠬᠦᠷᠴᠦ ᠶᠠᠪᠤᠨ᠎ᠠ᠃ ᠲᠡᠭᠦᠨ ᠤ ᠵᠠᠯᠠᠭᠤ ᠨᠠᠰᠦ᠂ ᠪᠠᠭ᠎ᠠ ᠨᠠᠰᠦᠨ ᠤ | ᠲᠤᠷᠠᠰᠤᠮᠵᠢᠨ ᠳᠤ ᠤᠷᠠᠨ ᠵᠢᠷᠤᠭ ᠭᠠᠷ ᠤᠷᠠᠯᠠᠯ ᠢᠶᠠᠷ ᠬᠠᠨᠢ ᠨᠦᠬᠦᠷ ᠢᠶᠠᠨ ᠬᠢᠵᠦ ᠶᠠᠪᠤᠭᠰᠠᠨ ᠨᠢ ᠳᠤᠳᠤᠬᠠᠨ᠃ ᠲᠡᠷᠡ ᠤᠷᠠᠨ ᠵᠢᠷᠤᠭ ᠭᠠᠷ ᠤᠷᠠᠯᠠᠯ ᠢᠶᠠᠷ ᠵᠠᠯᠠᠭᠤ | ᠨᠠᠰᠦ ᠪᠠᠨ ᠭᠤᠶᠤᠵᠦ ᠮᠠᠰᠢ ᠤᠯᠠᠨ ᠱᠠᠩᠨᠠᠯ ᠬᠦᠬᠢᠭᠦᠯᠦᠯ ᠤᠯᠤᠡᠡᠰᠠᠨ ᠪᠢᠯᠡ᠃ ᠴᠡᠭᠡᠵᠢ ᠤᠷᠠᠨ᠂ ᠲᠠᠷᠢᠬᠢ ᠰᠡᠷᠭᠦᠯᠡᠩ᠂ ᠭᠠᠷ ᠲᠠᠭᠠᠨ ᠲᠠᠮ ᠲᠠᠢ ᠤᠴᠢᠷ | ᠦᠨᠦᠳᠦᠷ ᠪᠤᠯᠬᠤ ᠳᠤ ᠲᠡᠷᠡ ᠮᠠᠨᠢ ᠥᠪᠡᠷᠲᠡᠭᠡᠨ ᠵᠠᠰᠠᠬᠤ ᠣᠷᠣᠨ ᠤ ᠲᠠᠰ ᠤᠨ ᠮᠣᠩᠭᠤᠯ ᠬᠢᠲᠤᠭ᠎ᠠ ᠬᠢᠬᠦ ᠤᠷ᠎ᠠ ᠮᠡᠷᠭᠡᠵᠢᠯ ᠤᠨ ᠲᠦᠯᠦᠬᠡᠯᠡᠭᠴᠢ ᠦᠪᠯᠡᠨ | ᠤᠯᠠᠮᠵᠢᠯᠬᠠᠴᠢ ᠪᠤᠯᠵᠦ ᠤᠯᠠᠨ ᠱᠠᠪᠢ ᠨᠠᠷ ᠲᠠᠭᠠᠨ ᠡᠷᠬᠢᠮᠰᠦᠭ᠂ ᠨᠠᠨᠳᠢᠨ ᠦᠪ ᠰᠤᠶᠤᠯ ᠢ ᠲᠦᠭᠡᠭᠡᠨ ᠲᠡᠯᠭᠡᠷᠡᠭᠦᠯᠵᠦ᠂ ᠦᠲᠡᠯᠦᠭᠡ ᠨᠠᠰᠦ ᠪᠠᠨ ᠦᠨᠡᠯᠡᠵᠦ ᠦᠯᠦ | ᠪᠠᠷᠠᠬᠤ ᠦᠷᠲᠡᠭ ᠲᠠᠢ ᠦᠡᠭᠭᠡᠷᠡᠭᠦᠯᠵᠦ ᠶᠠᠪᠤᠨ᠎ᠠ᠃ | ᠴᠠᠩ ᡁᠢ ᠮᠢᠨ ᠭᠤᠸᠠᠢ 1980 ᠣᠨ ᠠᠴᠠ ᠱᠤᠭᠤᠮᠠᠯ᠂ ᠰᠡᠶᠢᠯᠦᠮᠡᠯ᠂ ᠮᠥᠰᠥ ᠴᠠᠰᠤᠨ ᠤ ᠤᠷᠠᠯᠢᠭ ᠵᠢᠴᠢ ᠤᠯᠠᠮᠵᠢᠯᠠᠯᠲᠤ ᠦᠨᠳᠦᠰᠦᠲᠡᠨ ᠤ ᠠᠯᠲᠠ | ᠮᠥᠩᠭᠦᠨ ᠡᠳ᠋ᠯᠡᠯ ᠵᠡᠷᠭᠡ ᠶᠢ ᠬᠢᠬᠦ ᠤᠷ᠎ᠠ ᠮᠡᠷᠭᠡᠵᠢᠯ ᠢ ᠡᠬᠢᠯᠡᠨ ᠰᠤᠷᠤᠯᠴᠠᠵᠠᠢ᠃ 2019 ᠣᠨ ᠳᠤ ᠤᠷᠤᠨ ᠤ ᠳᠡᠰ ᠤᠨ ᠮᠣᠩᠭᠤᠯ ᠬᠢᠲᠤᠭ᠎ᠠ ᠬᠢᠬᠦ ᠤᠷ᠎ᠠ | ᠮᠡᠷᠬᠡᠵᠢᠯ ᠤᠨ ᠲᠥᠯᠥᠭᠡᠯᠡᠬᠦ ᠴᠢᠨᠠᠷᠲᠠᠢ ᠦᠪᠯᠡᠨ ᠤᠯᠠᠮᠵᠢᠯᠬᠠᠴᠢ ᠪᠠᠷ ᠡᠷᠭᠦᠮᠵᠢᠯᠡᠭᠳᠡᠪᠡ᠃ ᠲᠡᠷᠡ ᠤᠳᠤ ︽ᠮᠧᠩ ᠴᠤᠸᠠᠩ ᠱᠧᠩ︾ ᠵᠠᠰᠠᠯ ᠵᠢᠮᠰᠡᠭ ᠰᠤᠪᠤᠳ | ᠡᠷᠳᠡᠨᠢ ᠪᠣᠷᠣᠯᠠᠭᠤᠯᠬᠤ ᠬᠢᠵᠠᠭᠠᠷᠲᠤ ᠺᠣᠮᠫᠠᠨᠢ ᠪᠠᠨ ᠪᠠᠶᠢᠭᠤᠯᠵᠤ᠂ ᠦᠨᠳᠦᠰᠦᠲᠡᠨ ᠤ ᠭᠠᠷ ᠤᠷᠠᠯᠠᠯ ᠢ ᠤᠯᠠᠮᠵᠢᠯᠠᠨ ᠲᠡᠯᠭᠡᠷᠡᠭᠦᠯᠵᠦ ᠪᠠᠶᠢᠨ᠎ᠠ᠃ ᠲᠡᠷᠠ ᠪᠠᠷ ᠳᠤᠮᠳᠠᠳᠤ | ᠤᠯᠤᠰ ᠤᠨ ᠭᠠᠷ ᠤᠷᠠᠯᠠᠯ ᠤᠷᠠᠨ ᠵᠢᠷᠤᠭ ᠤᠨ ᠨᠡᠶᠢᠭᠡᠮᠯᠢᠭ ᠤᠨ ᠲᠡᠮᠦᠷᠯᠢᠭ ᠤᠨ ᠲᠤᠰᠬᠠᠶ ᠮᠡᠷᠭᠡᠵᠢᠯ ᠤᠨ ᠵᠥᠪᠯᠡᠯ ᠤᠨ ᠭᠡᠰᠢᠭᠦᠨ ᠪᠥᠭᠡᠳ ᠳᠡᠳ᠋ ᠨᠠᠷᠢᠨ ᠪᠢᠴᠢᠭ ᠤᠨ | ᠳᠠᠷᠤᠭ᠎ᠠ︔ ᠥᠪᠥᠷ ᠮᠣᠩᠭᠤᠯ ᠤᠨ ᠱᠤᠭᠤᠮᠠᠯᠴᠢᠳ ᠤᠨ ᠨᠡᠶᠢᠭᠡᠮᠯᠢᠭ ᠤᠨ ᠭᠡᠰᠢᠭᠦᠨ︔ ᠬᠥᠯᠥᠨ ᠪᠤᠶᠢᠷ ᠬᠤᠲᠠ ᠶᠢᠨ ᠤᠷᠠᠨ ᠵᠢᠷᠤᠭᠴᠢᠳ ᠤᠨ ᠨᠡᠶᠢᠭᠡᠮᠯᠢᠭ ᠤᠨ | ᠬᠡᠷᠡᠭ ᠡᠷᠬᠢᠯᠡᠭᠴᠢ︔ ᠬᠥᠯᠥᠨ ᠪᠤᠶᠢᠷ ᠬᠤᠲᠠ ᠶᠢᠨ ᠭᠠᠷ ᠤᠷᠠᠯᠠᠯ ᠤᠷᠠᠨ ᠵᠢᠷᠤᠭ ᠤᠨ ᠨᠡᠶᠢᠭᠡᠮᠯᠢᠭ ᠤᠨ ᠬᠡᠷᠡᠭ ᠡᠷᠬᠢᠯᠡᠭᠴᠢ︔ ᠬᠥᠯᠥᠨ ᠪᠤᠶᠢᠷ ᠬᠤᠲᠠ ᠶᠢᠨ | ᠠᠷᠠᠳ ᠤᠨ ᠤᠷᠠᠯᠢᠭᠴᠢᠳ ᠤᠨ ᠨᠡᠶᠢᠭᠡᠮᠯᠢᠭ ᠤᠨ ᠬᠡᠷᠡᠭ ᠡᠷᠬᠢᠯᠡᠭᠴᠢ︔ ᠬᠥᠯᠥᠨ ᠪᠤᠶᠢᠷ ᠬᠤᠲᠠ ᠶᠢᠨ ᠵᠠᠩ ᠦᠶ᠋ᠯᠡ ᠶᠢᠨ ᠬᠡᠷᠡᠯ ᠵᠢᠷᠤᠭᠴᠢᠳ ᠤᠨ ᠨᠡᠶᠢᠭᠡᠮᠯᠢᠭ ᠤᠨ | ᠭᠡᠰᠢᠭᠦᠨ︔ ᠬᠠᠷᠠᠮᠥ᠋ᠷᠡᠨ ᠮᠤᠵᠢ ᠶᠢᠨ ᠤᠷᠠᠯᠢᠭ ᠤᠨ ᠵᠢᠷᠤᠭ ᠲᠥᠯᠥᠪᠯᠡᠭᠡ ᠶᠢᠨ ᠨᠡᠶᠢᠭᠡᠮᠯᠢᠭ ᠤᠨ ᠭᠡᠰᠢᠭᠦᠨ ᠵᠡᠷᠭᠡ ᠨᠡᠶᠢᠭᠡᠮ ᠤᠨ ᠡᠭᠦᠷᠭᠡ ᠲᠤᠰᠢᠶᠠᠯ ᠢ ᠡᠭᠦᠷᠭᠡᠯᠡᠵᠦ | ᠶᠠᠪᠤᠨ᠎ᠠ᠃ | ᠲᠡᠷᠡ ᠨᠢᠭᠡ ᠰᠡᠳᠬᠢᠯ ᠨᠢᠭᠡ ᠵᠤᠷᠢᠭ ᠢᠶᠠᠷ ᠮᠣᠩᠭᠤᠯ ᠬᠢᠲᠤᠭ᠎ᠠ ᠬᠢᠬᠦ ᠤᠷ᠎ᠠ ᠮᠡᠷᠭᠡᠵᠢᠯ ᠢ ᠰᠤᠷᠴᠦ ᠰᠤᠳᠤᠯᠤᠭᠰᠠᠨ ᠢᠶᠠᠷ 2015 ᠣᠨ ᠳᠤ᠂ ᠴᠠᠩ ᡁᠢ | ᠮᠢᠨ ᠬᠥᠯᠥᠨ ᠪᠤᠶᠢᠷ ᠬᠤᠲᠠ ᠶᠢᠨ ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠮᠣᠩᠭᠤᠯ ᠬᠢᠲᠤᠭ᠎ᠠ ᠬᠢᠬᠦ ᠤᠷ᠎ᠠ ᠮᠡᠷᠭᠡᠵᠢᠯ ᠤᠨ ᠲᠥᠯᠥᠭᠡᠯᠡᠬᠦ ᠴᠢᠨᠠᠷᠲᠠᠶ | ᠦᠪᠯᠡᠨ ᠤᠯᠠᠮᠵᠢᠯᠠᠭᠴᠢ ᠪᠠᠷ ᠦᠨᠡᠯᠡᠭᠳᠡᠪᠡ᠃ 2018 ᠣᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠣᠳᠠᠰ ᠤᠨ ᠪᠤᠰᠤ ᠰᠣᠶᠣᠯ ᠤᠨ | ᠥᠪ ᠤᠨ ᠲᠥᠷᠥᠯ ᠵᠦᠶ᠋ᠯ ᠤᠨ ᠮᠣᠩᠭᠤᠯ ᠬᠢᠲᠤᠭ᠎ᠠ ᠬᠢᠬᠦ ᠤᠷ᠎ᠠ ᠮᠡᠷᠬᠡᠵᠢᠯ ᠤᠨ ᠲᠥᠯᠥᠭᠡᠯᠡᠬᠦ ᠴᠢᠨᠠᠷᠲᠠᠶ ᠦᠪᠯᠡᠨ ᠤᠯᠠᠮᠵᠢᠯᠠᠭᠴᠢ ᠪᠠᠷ ᠦᠨᠡᠯᠡᠭᠳᠡᠪᠡ᠃ 2019 | ᠣᠨ ᠳᠤ ᠬᠥᠯᠥᠨ ᠪᠤᠶᠢᠷ ᠬᠤᠳᠠ ᠶᠢᠨ ︽5 · 1︾ ᠤ ᠬᠥᠳᠡᠯᠮᠦᠷᠢᠴᠢᠳ ᠤᠨ ᠪᠠᠶᠠᠷ ᠤᠨ ᠡᠳᠦᠷ ᠤᠨ ᠱᠠᠩᠨᠠᠯ ᠢ ᠬᠦᠷᠳᠡᠪᠡ᠃ |