ᠨᠡᠬᠦᠳᠡᠯᠴᠢᠨ ᠪᠠᠷᠭᠤ ᠮᠤᠩᠭᠤᠯᠴᠤᠳ ᠤᠨ ᠤᠷᠤᠰᠢᠬᠤᠢ ᠠᠮᠢᠳᠤᠷᠠᠬᠤᠢ ᠶᠢᠨ ᠵᠠᠩ ᠵᠠᠩᠰᠢᠯ
ᠨᠡᠶᠢᠲᠡᠯᠡᠭᠰᠡᠨ ᠴᠠᠭ᠄
2023/7/10
       ᠨᠢᠭᠡ᠂ ᠪᠠᠷᠭᠤᠴᠤᠳ ᠤᠨ ᠤᠷᠤᠨ ᠰᠠᠭᠤᠴᠠ       ᠪᠠᠷᠭᠤᠴᠤᠳ ᠪᠤᠯ ᠪᠠᠯᠴᠢᠭᠡᠷ ᠤᠨ ᠮᠠᠯ ᠠᠵᠤ ᠠᠬᠤᠢ ᠡᠷᠬᠢᠯᠡᠭᠰᠡᠨ ᠨᠡᠬᠦᠳᠡᠯᠴᠢᠳ ᠮᠦᠨ᠃ ᠪᠠᠷᠭᠤᠴᠤᠳ ᠤᠨ ᠤᠷᠤᠨ ᠰᠠᠭᠤᠴᠠ ᠨᠢ ᠪᠠᠯᠴᠢᠭᠡᠷ ᠤᠨ ᠮᠠᠯ ᠠᠵᠤ ᠠᠬᠤᠢ ᠶᠢᠨ ᠦᠢᠯᠡᠳᠪᠤᠷᠢᠯᠡᠯ ᠤᠨ ᠪᠠᠯᠴᠢᠭᠡᠷ ᠤᠰᠤ ᠪᠠᠨ ᠲᠠᠭᠠᠵᠤ᠂ ᠲᠠᠰᠤᠷᠠᠯᠳᠠ ᠦᠭᠡᠢ ᠨᠡᠬᠦᠳᠡᠯᠯᠡᠳᠡᠭ ᠤᠡᠴᠠᠯᠢᠭ ᠠᠴᠠ ᠡᠬᠦᠰᠴᠤ᠂ ᠡᠷᠭᠡᠪᠰᠢ ᠠᠴᠢᠶᠠᠯᠠᠵᠤ ᠨᠡᠬᠦᠳᠡᠯᠯᠡᠬᠦ ᠳᠤ ᠬᠢᠯᠪᠡᠷ᠂ ᠠᠪᠴᠤ ᠶᠠᠪᠤᠬᠤ ᠳᠤ ᠠᠪᠰᠠᠷᠬᠠᠨ᠂ ᠢᠯᠴᠢ ᠭᠡᠷᠡᠯ ᠬᠠᠨᠭ᠍ᠭᠠᠮᠵᠢ ᠲᠠᠢ᠂ ᠡᠳ᠋ᠯᠡᠵᠤ ᠭᠡᠷᠡᠭᠯᠡᠬᠦ ᠳᠤ ᠲᠦᠬᠦᠮ ᠱᠠᠭᠠᠷᠳᠠᠯᠭ᠎ᠠ ᠳᠤ ᠨᠠᠶᠢᠴᠡᠭᠰᠡᠨ ᠪᠠᠶᠢᠳᠠᠭ᠃       ︵ᠨᠢᠭᠡ︶ ᠤᠷᠤᠨ ᠰᠠᠭᠤᠴᠠ ᠶᠢᠨ ᠲᠥᠷᠤᠯ ᠵᠦᠢᠯ       1. ᠤᠪᠤᠬᠠᠢ      ᠪᠠᠷᠭᠤᠴᠤᠳ ᠡᠷᠳᠡᠨ ᠳᠡᠭᠡᠨ ᠠᠭᠤᠯᠠᠷᠬᠠᠭ᠂ ᠠᠡᠭ ᠬᠦᠷᠥᠭᠡᠳᠤ ᠤᠷᠤᠨ ᠳᠤ ᠲᠤᠬᠢᠷᠠᠭᠰᠠᠨ ᠤᠪᠤᠬᠠᠢ ᠭᠡᠷ ᠲᠤ ᠰᠠᠭᠤᠵᠤ ᠪᠠᠶᠢᠭᠰᠠᠨ ᠶᠤᠮ᠃ ᠲᠡᠳᠡ ᠮᠤᠳᠤᠨ ᠤ ᠮᠥᠴᠢᠷ ᠢ ᠬᠦᠷᠤᠵᠤ ᠤᠪᠤᠬᠠᠢ ᠭᠡᠷ ᠪᠤᠰᠬᠠᠳᠠᠭ᠃ ᠵᠠᠷᠠᠭᠠᠨ ᠤᠪᠤᠬᠠᠢ ᠭᠡᠵᠤ ᠮᠤᠷᠢᠳᠠᠢ ᠬᠦᠮᠤᠨ ᠭᠠᠨᠵᠤᠭᠠᠯᠠᠭᠠᠳ ᠶᠠᠪᠤᠴᠢᠬᠠᠳᠠᠭ ᠬᠠᠨ᠎ᠠ ᠮᠡᠳᠤ ᠭᠡᠯᠪᠡᠷᠢᠳᠠᠢ ᠮᠠᠰᠢ ᠬᠦᠡᠭᠭᠡᠨ ᠭᠡᠷ ᠪᠠᠶᠢᠯ᠎ᠠ ᠭᠡᠰᠡᠨ ᠤᠯᠠᠮᠵᠢᠯᠠᠯ ᠶᠠᠷᠢᠶ᠎ᠠ ᠪᠤᠢ᠃ ᠲᠡᠷᠡ ᠨᠢ ᠪᠠᠷᠭᠤᠴᠤᠳ ᠤᠨ ᠠᠡᠭ ᠬᠦᠷᠥᠭᠡ ᠳᠤ ᠶᠠᠪᠤᠬᠤ᠂ ᠨᠡᠬᠦᠵᠤ ᠰᠠᠭᠤᠬᠤ ᠳᠤ ᠲᠦᠢᠯ ᠤᠨ ᠲᠦᠬᠦᠮ ᠠᠪᠰᠠᠷᠬᠠᠨ᠂ ᠲᠥᠷ ᠴᠠᠭ ᠤᠨ ᠭᠡᠷ ᠪᠤᠯᠵᠤ ᠪᠠᠶᠢᠭᠰᠠᠨ ᠶᠤᠮ᠃       2. ᠬᠠᠳᠬᠤᠭᠤᠷ ᠭᠡᠷ ᠪᠤᠶᠤ ᠠᠨᠠᠭ   ᠪᠠᠷᠭᠤᠴᠤᠳ ᠰᠡᠬᠦᠯᠡᠷ ᠨᠢ ᠠᠭᠠᠵᠢᠮ ᠢᠶᠠᠷ ︽ᠬᠠᠳᠬᠤᠭᠤᠷ ᠭᠡᠷ︾ ᠲᠤ ᠰᠠᠭᠤᠬᠤ ᠪᠤᠯᠤᠭᠰᠠᠨ ᠶᠤᠮ᠃ ᠬᠠᠳᠬᠤᠭᠤᠷ ᠭᠡᠷ ᠨᠢ ᠬᠠᠨ᠎ᠠ ᠦᠭᠡᠢ᠂ ᠲᠤᠰᠬᠠᠢ ᠡᠬᠦᠳᠡ ᠦᠭᠡᠢ᠃ ᠮᠤᠳᠤ ᠪᠠᠷ ᠬᠢᠭᠰᠡᠨ ᠲᠦᠬᠦᠮᠭᠡᠨ ᠭᠡᠷᠡᠯ ᠤᠷᠤᠭᠤᠯᠬᠤ ᠭᠡᠭᠡᠪᠴᠢ ᠪᠠᠨ ︽ᠲᠤᠭᠤᠨᠤ︾ ᠭᠡᠵᠤ᠂ ᠲᠤᠭᠤᠨᠤᠨ ᠳᠤ ᠪᠠᠨ ᠭᠡᠳᠤᠨ ᠤᠨᠢ ᠬᠠᠳᠬᠤᠨ ᠲᠤᠯᠵᠤ ᠪᠤᠰᠬᠠᠭᠠᠳ᠂ ᠲᠡᠬᠦᠨ ᠢᠶᠠᠨ ᠮᠤᠳᠤᠨ ᠤ ᠨᠠᠪᠴᠢ᠂ ᠠᠮᠢᠳᠠᠨ ᠠᠷᠢᠶᠠᠳᠠᠨ ᠤ ᠠᠷᠠᠰᠤ ᠵᠡᠷᠭᠡ ᠪᠠᠷ ᠪᠥᠷᠢᠵᠤ ᠲᠤᠯᠠᠭᠠᠯᠠᠨ᠂ ︽ᠬᠠᠳᠬᠤᠭᠤᠷ ᠭᠡᠷ︾ ᠪᠤᠯᠭᠠᠳᠠᠭ᠃ ᠡᠬᠦᠨ ᠢᠶᠠᠨ ᠪᠠᠰᠠ ︽ᠠᠨᠠᠭ︾ ᠭᠡᠳᠡᠭ ᠪᠠᠶᠢᠪᠡ᠃       3. ᠮᠠᠶᠢᠬᠠᠨ   ᠤᠨᠢ ᠦᠭᠡᠢ᠂ ᠵᠦᠪᠭᠡᠨ ᠬᠤᠶᠠᠷ ᠬᠠᠨ᠎ᠠ ᠶᠢ ᠨᠢ ᠨᠠᠯᠠᠤ ᠪᠠᠷ ᠵᠦᠷᠢᠬᠦᠯᠦᠨ ᠪᠠᠷᠢᠭᠰᠠᠨ ᠲᠦᠬᠦᠮ ᠰᠠᠭᠤᠴᠠ ᠶᠢ ︽ᠮᠠᠶᠢᠬᠠᠨ︾ ᠭᠡᠳᠡᠭ᠃ ᠬᠤᠶᠠᠷ ᠮᠤᠳᠤ ᠶᠢ ᠪᠤᠰᠬᠠᠵᠤ᠂ ᠲᠡᠭᠡᠷ᠎ᠠ ᠨᠢ ᠨᠢᠭᠡ ᠮᠤᠳᠤ ᠶᠢ ᠬᠦᠡᠳᠡᠯᠡᠨ ᠢᠶᠠᠷ ᠲᠠᠮᠨᠠᠭᠤᠯᠤᠨ ᠲᠠᠩᠨᠠᠵᠤ᠂ ᠲᠠᠬᠦᠨ ᠢᠶᠠᠨ ᠴᠢᠩᠭ᠎ᠠ ᠪᠠᠷᠢᠵᠤ ᠤᠶᠠᠭᠠᠳ ᠭᠡᠳᠤᠨ ᠲᠠᠶᠢᠰᠢ ᠨᠢ ᠲᠠᠯᠠᠵᠤ ᠪᠠᠬᠢᠯᠡᠨ ᠲᠤᠭᠳᠠᠭᠠᠵᠤ᠂ ᠠᠮᠢᠳᠠᠨ ᠤ ᠠᠷᠠᠰᠤ ᠪᠤᠶᠤ ᠮᠤᠳᠤᠨ ᠤ ᠨᠠᠪᠴᠢ ᠵᠠᠷᠭᠡ ᠪᠠᠷ ᠬᠤᠴᠢᠵᠤ ᠲᠤᠯᠠᠭᠠᠯᠠᠭᠰᠠᠨ ᠰᠠᠭᠤᠴᠠ ᠪᠠᠨ ᠪᠠᠰᠠ ︽ᠮᠠᠶᠢᠬᠠᠨ︾ ᠭᠡᠨ᠎ᠠ᠃ ᠨᠡᠬᠦᠳᠡᠯ ᠪᠤᠶᠤ ᠬᠦᠡᠭᠭᠡᠨ ᠤᠳᠤᠷ ᠶᠠᠪᠤᠬᠤ ᠳᠤ ᠠᠨᠠᠭ ᠪᠡ ᠮᠠᠶᠢᠬᠠᠨ ᠪᠤᠰᠬᠠᠵᠤ ᠰᠠᠭᠤᠬᠤ ᠨᠢ ᠮᠠᠰᠢ ᠬᠢᠯᠪᠡᠷ ᠪᠥᠭᠡᠳ ᠲᠦᠬᠦᠮ ᠪᠠᠶᠢᠳᠠᠭ᠃       4. ᠲᠤᠭᠤᠨᠤᠳᠤ ᠭᠡᠷ ᠪᠤᠶᠤ ᠬᠠᠨᠠᠳᠤ ᠭᠡᠷ    ᠪᠠᠷᠭᠤᠴᠤᠳ ᠬᠠᠳᠬᠤᠭᠤᠷ ᠭᠡᠷ ᠪᠡ ᠮᠠᠶᠢᠬᠠᠨ ᠭᠡᠷ ᠲᠤ ᠰᠠᠭᠤᠳᠠᠭ ᠪᠠᠶᠢᠭᠰᠠᠨ ᠠᠴᠠ ᠪᠠᠨ ᠲᠥᠷᠪᠡᠨ ᠬᠠᠨ᠎ᠠ ᠲᠠᠢ ᠲᠤᠭᠤᠨᠤᠳᠤ ᠭᠡᠷ ᠲᠤ ᠰᠠᠭᠤᠳᠠᠭ ᠪᠤᠯᠪᠡ᠃ ᠡᠬᠦᠨ ᠢᠶᠠᠨ ︽ᠦᠷᠥᠭᠡ︾ ᠭᠡᠵᠤ ᠭᠡᠯᠡᠳᠡᠭ᠃ ᠴᠢᠨᠠᠭᠰᠢᠳᠠ ᠪᠠᠨ ᠴᠢᠳᠠᠯ ᠲᠡᠩᠭᠡᠭᠡ ᠲᠠᠢ ᠠᠶᠢᠯ ᠨᠢ ᠤᠯᠠᠨ ᠬᠠᠨ᠎ᠠ ᠲᠠᠢ ᠲᠤᠮᠤ ᠭᠡᠷ ᠲᠤ ᠰᠠᠭᠤᠳᠠᠭ ᠪᠤᠯᠵᠠᠢ᠃ ᠵᠢᠷᠭᠤᠭᠠᠨ ᠬᠠᠨ᠎ᠠ ᠠᠴᠠ ᠲᠡᠭᠡᠭᠰᠢ ᠬᠠᠨ᠎ᠠ ᠲᠠᠢ ᠭᠡᠷ ᠢ ︽ᠶᠡᠭᠡ ᠭᠡᠷ︾ ᠭᠡᠵᠤ᠂ ᠠᠷᠪᠡᠨ ᠬᠠᠨ᠎ᠠ ᠲᠠᠢ ᠭᠡᠷ ᠢ ︽ᠲᠤᠭᠠᠡᠭ︾ ᠭᠡᠳᠡᠭ᠃       ᠪᠠᠷᠭᠤᠴᠤᠳ ᠤᠨ ᠪᠠᠶᠢᠡᠭᠭᠤ ᠭᠡᠷᠡᠭᠯᠡᠳᠡᠭ ᠲᠥᠷᠪᠡᠨ ᠬᠠᠨ᠎ᠠ ᠲᠠᠢ ︽ᠮᠤᠩᠭᠤᠯ ᠭᠡᠷ︾ ᠨᠢ ᠮᠦᠨ ᠲᠤᠭᠤᠨᠤᠳᠤ ᠭᠡᠷ ᠪᠤᠶᠤ ᠬᠠᠨᠠᠳᠤ ᠭᠡᠷ ᠲᠤ ᠪᠠᠭᠳᠠᠨ᠎ᠠ᠃ ᠡᠶᠢᠮᠤ ᠠᠴᠠ ᠠᠷᠪᠡᠨ ᠲᠠᠪᠤᠨ ᠲᠤᠯᠤᠭᠠᠢ ᠲᠠᠢ ᠲᠥᠷᠪᠡᠨ ᠬᠠᠨ᠎ᠠ ᠲᠠᠢ᠂ ᠵᠢᠷᠠᠨ ᠲᠥᠷᠪᠡᠨ ᠤᠨᠢ ᠲᠠᠢ ᠢᠰᠡᠭᠡᠢ ᠲᠤᠭᠤᠷᠭᠠᠳᠤ ᠮᠤᠩᠭᠤᠯ ᠭᠡᠷ ᠨᠢ ᠭᠠᠵᠠᠷ ᠭᠠᠵᠠᠷ ᠤᠨ ᠪᠠᠷᠭᠤᠴᠤᠳ ᠤᠨ ᠲᠥᠭᠡᠮᠡᠯ ᠭᠡᠷᠡᠭᠯᠡᠳᠡᠭ ᠤᠯᠠᠮᠵᠢᠯᠠᠯᠳᠤ ᠤᠷᠤᠨ ᠰᠠᠭᠤᠴᠠ ᠶᠢᠨ ᠰᠤᠩᠭᠤᠳᠠᠭ ᠭᠡᠯᠪᠡᠷᠢ ᠪᠤᠯᠵᠠᠢ᠃       5. ᠪᠥᠮᠪᠤᠭᠡᠨ ᠭᠡᠷ       ᠠᠶᠢᠯ ᠪᠥᠷᠢ ᠦᠪᠡᠷᠰᠡᠳ ᠤᠨ ᠢᠶᠠᠨ ᠭᠡᠷᠡᠭᠰᠡᠬᠦ ᠭᠡᠮᠵᠢᠶ᠎ᠠ ᠪᠠᠷ ᠢᠶᠠᠨ ᠲᠤᠳᠤᠷ ᠭᠠᠳᠠᠷ ᠬᠤᠶᠠᠷ ᠲᠤᠭᠤᠷᠢᠭ ᠪᠤᠷᠭᠠᠰᠤᠨ ᠬᠠᠰᠢᠶ᠎ᠠ ᠬᠦᠷᠥᠭᠡᠳ ᠭᠡᠷ ᠤᠨ ᠬᠠᠨ᠎ᠠ ᠭᠡᠷᠡᠮ ᠪᠤᠯᠭᠠᠵᠤ᠂ ᠴᠤᠩᠬᠤ ᠡᠬᠦᠳᠡᠨ ᠤ ᠵᠠᠢ ᠦᠯᠡᠳᠡᠭᠡᠨ ᠵᠠᠪᠰᠠᠷ ᠢ ᠨᠢ ᠬᠤᠮᠤᠯ ᠤᠨ ᠰᠦᠢᠷᠡᠭ ᠪᠤᠶᠤ ᠠᠷᠭᠠᠯ ᠤᠨ ᠬᠤᠭ᠂ ᠬᠤᠷᠭᠤᠯ ᠬᠤᠬᠢᠷ ᠵᠠᠷᠭᠡ ᠪᠠᠷ ᠲᠦᠬᠦᠷᠭᠡᠨ᠎ᠠ᠃ ᠲᠡᠭᠡᠪᠤᠷ ᠢ ᠨᠢ ᠱᠤᠪᠤᠭᠤᠷ ᠮᠠᠯᠠᠭᠠᠢ ᠰᠢᠬ ᠬᠦᠷᠥᠭᠡᠳ ᠲᠠᠷᠤᠬᠤ ᠪᠤᠶᠤ ᠭᠡᠰᠡᠭ ᠭᠡᠰᠡᠭ ᠬᠠᠰᠢᠶ᠎ᠠ ᠬᠦᠷᠥᠭᠡᠳ ᠲᠠᠷᠤᠵᠤ ᠰᠢᠪᠠᠭᠠᠳ ᠰᠠᠭᠤᠬᠤ ᠭᠡᠷ ᠪᠤᠯᠭᠠᠳᠠᠭ᠃ ᠡᠬᠦᠨ ᠢᠶᠠᠨ ᠪᠥᠮᠪᠤᠭᠡᠨ ᠭᠡᠷ ᠭᠡᠳᠡᠭ᠂ ᠡᠶᠢᠮᠤ ᠭᠡᠷ ᠲᠤᠩ ᠲᠤᠯᠠᠭᠠᠨ ᠪᠠᠶᠢᠳᠠᠭ᠃       ᠪᠥᠮᠪᠤᠭᠡᠨ ᠭᠡᠷ ᠢ ᠬᠠᠶᠢᠯᠠᠷ ᠭᠤᠤᠯ᠂ ᠤᠷᠱᠤᠨ ᠭᠤᠤᠯ ᠵᠡᠷᠭᠡ ᠪᠤᠷᠭᠠᠰᠤ ᠡᠯᠪᠡᠭ ᠲᠠᠢ ᠭᠠᠵᠠᠷ ᠤᠨ ᠬᠢᠨ ᠤᠯᠠᠨ ᠭᠡᠷᠡᠭᠯᠡᠳᠡᠭ᠃ ᠲᠡᠷᠡ ᠨᠢ ᠪᠠᠷᠤᠭ ᠶᠠᠮᠠᠷ ᠴᠤ ᠵᠠᠷᠤᠳᠠᠯ ᠭᠠᠷᠭᠠᠬᠤ ᠦᠭᠡᠢ᠂ ᠬᠢᠮᠳᠠ ᠬᠢᠯᠪᠡᠷ ᠢᠶᠠᠷ ᠦᠪᠡᠷ ᠤᠨ ᠰᠠᠭᠤᠬᠤ ᠠᠰᠠᠭᠤᠳᠠᠯ ᠢᠶᠠᠨ ᠰᠢᠢᠳᠪᠤᠷᠢᠯᠡᠵᠤ᠂ ᠵᠠᠷᠢᠮ ᠠᠶᠢᠯ ᠮᠠᠯ ᠤᠨ ᠲᠤᠯᠠᠭᠠᠨ ᠭᠡᠷ ᠬᠢᠭᠰᠡᠨ ᠪᠠᠶᠢᠳᠠᠭ᠃       6. ᠪᠠᠶᠢᠰᠢᠩ       ᠪᠠᠶᠢᠰᠢᠩ ᠢ ᠮᠦᠨ ᠪᠥᠮᠪᠤᠭᠡᠨ ᠭᠡᠷ ᠬᠢᠬᠦ ᠠᠷᠭ᠎ᠠ ᠪᠠᠷ ᠦᠪᠡᠷ ᠢᠶᠠᠨ ᠬᠢᠵᠤ ᠪᠤᠯᠳᠠᠭ᠃ ᠪᠠᠶᠢᠰᠢᠩ ᠤᠨ ᠨᠢᠷᠤᠭᠤ ᠬᠢᠬᠦ ᠪᠥᠳᠥᠬᠦᠨ ᠮᠤᠳᠤ ᠦᠭᠡᠢ ᠪᠤᠯ ᠪᠥᠳᠥᠬᠦᠨ ᠪᠤᠷᠭᠠᠰᠤ ᠶᠢ ᠤᠯᠠᠨ ᠢᠶᠠᠷ ᠪᠤᠭᠤᠵᠤ ᠤᠶᠠᠭᠠᠳ ᠨᠢᠷᠤᠭᠤ ᠪᠤᠶᠤ ᠪᠠᠭᠠᠨ᠎ᠠ ᠪᠤᠯᠭᠠᠵᠤ ᠪᠤᠯᠳᠠᠭ᠃ ᠢᠡᠭᠬᠢᠵᠤ ᠬᠢᠬᠦ ᠨᠢ ᠵᠠᠷᠤᠳᠠᠯ ᠢ ᠠᠷᠪᠢᠯᠠᠨ᠂ ᠤᠷᠤᠨ ᠰᠠᠭᠤᠴᠠ ᠶᠢᠨ ᠬᠠᠨᠭ᠍ᠭᠠᠯᠭ᠎ᠠ ᠶᠢ ᠪᠠᠳᠤᠯᠠᠵᠤ ᠴᠢᠳᠠᠳᠠᠭ᠃       ᠪᠥᠮᠪᠤᠭᠡᠨ ᠭᠡᠷ ᠪᠡ ᠪᠤᠷᠭᠠᠰᠤᠨ ᠪᠠᠶᠢᠰᠢᠩ ᠨᠢ ᠰᠠᠭᠤᠷᠢᠰᠢᠮᠡᠯ ᠠᠵᠤ ᠠᠮᠢᠳᠤᠷᠠᠯ ᠤᠨ ᠤᠷᠤᠨ ᠰᠠᠭᠤᠴᠠ ᠶᠤᠮ᠃ ᠪᠠᠷᠭᠤᠴᠤᠳ ᠡᠬᠢᠯᠡᠭᠡᠳ ᠪᠥᠮᠪᠤᠭᠡᠨ ᠭᠡᠷ ᠲᠠᠢ ᠪᠤᠯᠵᠤ᠂ ᠲᠡᠭᠡᠭᠡᠳ ᠪᠤᠷᠭᠠᠰᠤᠨ ᠪᠠᠶᠢᠰᠢᠩ — ᠲᠤᠭᠤᠰᠬᠠᠨ ᠪᠠᠶᠢᠰᠢᠩ ᠳᠤ ᠢᠳᠡᠭ ᠢᠳᠡᠭ ᠢᠶᠠᠷ ᠠᠭᠠᠵᠢᠮ ᠢᠶᠠᠷ ᠰᠢᠯᠵᠢᠵᠤ ᠪᠢᠯᠡ᠃ ᠰᠡᠬᠦᠯ ᠤᠨ ᠦᠶ᠎ᠠ ᠳᠤ ᠬᠦᠮᠤᠨ ᠠᠮᠠ ᠶᠢ ᠨᠡᠬᠦᠯᠭᠡᠨ ᠰᠢᠯᠵᠢᠬᠦᠯᠵᠤ ᠲᠥᠪᠯᠡᠷᠡᠬᠦᠯᠥᠭᠰᠡᠨ ᠠᠴᠠ ᠰᠠᠭᠤᠷᠢᠰᠢᠯ ᠤᠨ ᠠᠯᠬᠤᠮ ᠲᠥᠷᠭᠡᠰᠴᠤ᠂ ᠪᠠᠶᠢᠰᠢᠩ ᠤᠨ ᠪᠥᠳᠥᠭᠡᠨ ᠪᠠᠶᠢᠭᠤᠯᠤᠯᠳᠠ ᠰᠢᠪᠳᠤᠯᠤᠯᠳᠠ ᠪᠠᠨ ᠤᠯᠵᠤ᠂ ᠠᠶᠢᠯ ᠡᠷᠥᠭᠡ ᠪᠥᠬᠦᠨ ᠪᠠᠶᠢᠰᠢᠩ ᠲᠠᠢ ᠪᠤᠯᠵᠠᠢ᠃       ︵ᠬᠤᠶᠠᠷ︶ ᠮᠤᠩᠭᠤᠯ ᠭᠡᠷ ᠤᠨ ᠪᠥᠳᠥᠴᠡ ᠪᠡ ᠤᠷᠤᠨ ᠵᠠᠢ ᠶᠢᠨ ᠬᠤᠪᠢᠶᠠᠷᠢ       1. ᠮᠤᠩᠭᠤᠯ ᠭᠡᠷ ᠤᠨ ᠪᠥᠳᠥᠴᠡ       ᠮᠤᠩᠭᠤᠯ ᠭᠡᠷ ᠤᠨ ᠪᠥᠳᠥᠴᠡ ᠮᠠᠰᠢ ᠲᠥᠬᠦᠮ᠃ ᠮᠤᠩᠭᠤᠯ ᠭᠡᠷ ᠤᠨ ᠮᠤᠳᠤ᠂ ᠢᠰᠡᠭᠡᠢ ᠪᠥᠷᠢᠶᠡᠰᠤ᠂ ᠤᠭᠤᠰᠤᠷ ᠪᠥᠰᠡᠯᠡᠬᠦᠷ ᠵᠠᠷᠭᠡ ᠦᠡᠳᠤᠰᠤᠨ ᠭᠤᠷᠪᠡᠨ ᠭᠡᠰᠡᠭ ᠠᠴᠠ ᠪᠥᠳᠥᠨ᠎ᠠ᠃ ᠮᠤᠳᠤ᠂ ᠪᠥᠷᠢᠶᠡᠰᠤ᠂ ᠤᠭᠤᠰᠤᠷ ᠪᠥᠰᠡᠯᠡᠬᠦᠷ ᠤᠨ ᠤᠡᠴᠠᠯᠢᠭ ᠨᠢ ᠭᠡᠪᠡᠯ ᠡᠪᠭᠡᠮᠡᠯ ᠪᠥᠭᠡᠳ ᠲᠠᠯᠭᠡᠮᠡᠯ᠂ ᠬᠦᠡᠭᠭᠡᠨ ᠮᠦᠷᠳᠡᠭᠡᠨ ᠴᠤᠮᠤᠷ᠂ ᠤᠭᠰᠠᠷᠠᠮᠠᠯ ᠬᠢᠭᠡᠳ ᠰᠠᠯᠭᠠᠮᠠᠯ᠂ ᠭᠡᠯᠬᠢᠶᠡᠵᠢᠭᠰᠡᠨ ᠪᠥᠭᠡᠳ ᠲᠥᠬᠦᠷᠵᠢᠭᠰᠡᠨ ᠪᠠᠶᠢᠳᠠᠭ᠃       ︵1︶ ᠭᠡᠷ ᠤᠨ ᠮᠤᠳᠤ   ᠭᠡᠷ ᠤᠨ ᠮᠤᠳᠤ ᠨᠢ ᠲᠤᠭᠤᠨᠤ ︵ᠭᠤᠤᠯ ᠮᠤᠳᠤ᠂ ᠲᠠᠭ᠎ᠠ᠂ ᠬᠥᠴᠢᠷ᠎ᠠ᠂ ᠬᠤᠷᠤᠭᠤ᠂ ᠭᠡᠯᠬᠢᠶ᠎ᠠ︶᠂ ᠤᠨᠢ ︵ᠤᠨᠢ᠂ ᠭᠡᠯᠬᠢᠶ᠎ᠠ᠂ ᠰᠠᠭᠠᠯᠳᠤᠷᠭ᠎ᠠ᠂ ᠤᠨᠢ ᠶᠢᠨ ᠪᠤᠭᠤᠯᠳᠠ︶᠂ ᠬᠠᠨ᠎ᠠ᠂ ᠮᠤᠳᠤᠨ ᠬᠠᠭᠠᠯᠭ᠎ᠠ ᠵᠠᠷᠭᠡ ᠠᠴᠠ ᠪᠥᠳᠥᠨ᠎ᠠ᠃       ︵2︶ ᠪᠥᠰᠡᠯᠡᠬᠦᠷ᠂ ᠤᠭᠤᠰᠤᠷ᠂ ᠵᠡᠭᠡᠭ   ᠪᠥᠰᠡᠯᠡᠬᠦᠷ ᠲᠥᠷᠪᠡ᠂ ᠲᠤᠭᠤᠨᠤ ᠶᠢᠨ ᠭᠡᠯᠬᠢᠶ᠎ᠠ᠂ ᠤᠨᠢ ᠶᠢᠨ ᠪᠤᠭᠤᠯᠳᠠ᠂ ᠬᠠᠨ᠎ᠠ ᠶᠢᠨ ᠠᠮᠠ ᠶᠢᠨ ᠪᠤᠭᠤᠯᠳᠠ᠂ ᠤᠨᠢ ᠶᠢᠨ ᠰᠠᠭᠠᠯᠳᠤᠷᠭ᠎ᠠ᠂ ᠡᠷᠥᠭᠡ ᠶᠢᠨ ᠤᠭᠤᠰᠤᠷ᠂ ᠡᠯ᠎ᠠ ᠭᠡᠰᠡᠭ ᠤᠨ ᠵᠡᠭᠡᠭ᠂ ᠬᠠᠶᠠᠭᠠᠪᠴᠢ ᠶᠢᠨ ᠪᠥᠴᠠ᠂ ᠴᠢᠭᠳᠠᠭ᠎ᠠ ᠵᠡᠷᠭᠡ ᠲᠠᠯ᠂ ᠬᠢᠯᠭᠠᠰᠤ᠂ ᠲᠡᠮᠡᠭᠡᠨ ᠤ ᠨᠤᠤᠰᠤᠨ ᠪᠥᠳᠥᠭᠡᠭᠳᠡᠬᠦᠨ ᠪᠠᠶᠢᠳᠠᠭ᠃       ︵3︶ ᠮᠤᠩᠭᠤᠯ ᠭᠡᠷ ᠤᠨ ᠪᠥᠷᠢᠶᠡᠰᠤ   ᠮᠤᠩᠭᠤᠯ ᠭᠡᠷ ᠨᠢ ᠪᠥᠬᠦᠯᠢ ᠢᠰᠡᠭᠡᠢ ᠪᠥᠷᠢᠶᠡᠰᠤ ᠲᠠᠢ ᠪᠠᠶᠢᠳᠠᠭ᠃ ᠠᠷᠪᠡᠨ ᠲᠠᠪᠤᠨ ᠲᠤᠯᠤᠭᠠᠢ ᠲᠠᠢ ᠲᠥᠷᠪᠡᠨ ᠬᠠᠨ᠎ᠠ ᠲᠠᠢ ᠭᠡᠷ ᠪᠥᠷᠢᠬᠦ ᠳᠤ 13 ~ 15 ᠢᠰᠡᠭᠡᠢ ᠤᠷᠤᠨ᠎ᠠ᠃ ᠮᠤᠩᠭᠤᠯ ᠭᠡᠷ ᠲᠤ ᠡᠷᠥᠭᠡ ᠨᠢᠭᠡ᠂ ᠲᠡᠭᠡᠪᠤᠷ ᠬᠤᠶᠠᠷ᠂ ᠴᠠᠪᠠᠭ ᠬᠤᠶᠠᠷ᠂ ᠲᠤᠭᠤᠷᠭ᠎ᠠ ᠲᠥᠷᠪᠡ᠂ ᠢᠰᠡᠭᠡᠢ ᠡᠬᠦᠳᠡ ᠨᠢᠭᠡ᠂ ᠲᠤᠳᠤᠭᠤᠪᠴᠢ ᠨᠢᠭᠡ᠂ ᠬᠠᠶᠠᠭᠠᠪᠴᠢ 4 ᠪᠠᠶᠢᠳᠠᠭ᠃ ᠭᠡᠷ ᠪᠥᠷᠢᠬᠦ ᠳᠤ ᠢᠰᠡᠭᠡᠢ ᠪᠠᠨ ᠡᠰᠭᠡᠵᠤ ᠲᠠᠭᠠᠷᠠᠭᠤᠯᠬᠤ᠂ ᠤᠶᠤᠬᠤ᠂ ᠵᠡᠭᠡᠭᠯᠡᠬᠦ᠂ ᠤᠭᠤᠰᠤᠷ ᠪᠥᠴᠠ ᠬᠠᠳᠠᠬᠤ ᠵᠠᠷᠭᠡ ᠶᠠᠪᠤᠴᠠ ᠶᠢ ᠲᠠᠮᠵᠢᠳᠠᠭ᠃ 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ