ᠨᠡᠬᠦᠳᠡᠯᠴᠢᠨ ᠪᠠᠷᠭᠤ ᠮᠤᠩᠭᠤᠯᠴᠤᠳ ᠤᠨ ᠤᠷᠤᠰᠢᠬᠤᠢ ᠠᠮᠢᠳᠤᠷᠠᠬᠤᠢ ᠶᠢᠨ ᠵᠠᠩ ᠵᠠᠩᠰᠢᠯ ︵ᠬᠤᠶᠠᠷ︶
ᠨᠡᠶᠢᠲᠡᠯᠡᠭᠰᠡᠨ ᠴᠠᠭ᠄
2023/7/10
       2. ᠮᠤᠩᠭᠤᠯ ᠭᠡᠷ ᠤᠨ ᠤᠷᠤᠨ ᠵᠠᠢ ᠶᠢᠨ ᠬᠤᠪᠢᠶᠠᠷᠢ       ᠪᠠᠷᠭᠤᠴᠤᠳ ᠮᠤᠩᠭᠤᠯ ᠭᠡᠷ ᠤᠨ ᠲᠤᠳᠤᠷᠠᠬᠢ ᠤᠷᠤᠨ ᠵᠠᠢ ᠶᠢ ᠨᠠᠯᠢᠶᠡᠳ ᠲᠤᠳᠤᠷᠬᠠᠢ ᠬᠤᠪᠢᠶᠠᠷᠢᠯᠠᠳᠠᠭ ᠵᠠᠩᠰᠢᠯ ᠲᠠᠢ᠃ ᠡᠬᠦᠨ ᠳᠤ ᠲᠤᠮᠳᠠ ᠨᠢ ᠭᠠᠯ ᠲᠤᠯᠭ᠎ᠠ ︵ᠵᠤᠤᠬ᠎ᠠ︶᠂ ᠠᠮᠠᠰᠠᠷ ᠢ ᠨᠢ ᠪᠠᠭ᠋ᠠᠨ ᠵᠡᠬᠦᠨ ᠡᠮᠤᠨᠡᠰᠢ᠂ ᠪᠡᠶ᠎ᠠ ᠶᠢ ᠨᠢ ᠵᠢᠭᠠᠬᠠᠨ ᠪᠠᠷᠠᠭᠤᠨ ᠬᠤᠶᠢᠰᠢ ᠨᠠᠯᠠᠤ ᠰᠠᠭᠤᠯᠭᠠᠪᠡᠯ ᠠᠶᠢᠯ ᠡᠷᠥᠭᠡ ᠪᠠᠷ ᠢᠶᠠᠨ ᠦᠭᠡᠳᠡᠯᠡᠵᠤ ᠪᠠᠶᠠᠵᠢᠨ᠎ᠠ ᠭᠡᠳᠡᠭ᠃ ᠬᠤᠶᠢᠮᠤᠷ ᠲᠤ ᠨᠠᠰᠤᠳᠡᠨ ᠤ ᠰᠠᠭᠤᠵᠤ ᠤᠡᠳᠠᠬᠤ ᠤᠷᠤ︔ ᠪᠠᠷᠠᠭᠤᠨ ᠲᠠᠯ᠎ᠠ ᠳᠤ ᠠᠶᠢᠯᠴᠢᠨ ᠵᠤᠴᠢᠨ ᠤ ᠰᠠᠭᠤᠵᠤ ᠤᠡᠳᠠᠬᠤ ᠤᠷᠤ︔ ᠵᠡᠬᠦᠨ ᠲᠠᠯ᠎ᠠ ᠳᠤ ᠬᠦᠤ ᠪᠠᠷᠢᠶᠠᠳ᠂ ᠭᠡᠤᠭᠡᠳ ᠤᠨ ᠰᠠᠭᠤᠵᠤ ᠤᠡᠳᠠᠬᠤ ᠤᠷᠤ︔ ᠪᠠᠷᠠᠭᠤᠨ ᠬᠤᠶᠢᠨ᠎ᠠ ᠤᠡᠭᠭᠤ᠂ ᠪᠤᠷᠬᠠᠨ ᠰᠢᠳᠥᠭᠡᠨ ᠤ ᠠᠪᠳᠠᠷ᠎ᠠ ᠬᠦᠡᠭᠭᠠᠷᠠᠪᠡ︔ ᠵᠡᠬᠦᠨ ᠬᠤᠶᠢᠨ᠎ᠠ ᠨᠢᠯᠬ᠎ᠠ ᠭᠡᠤᠭᠡᠳ ᠤᠨ ᠦᠯᠦᠭᠡᠢ ᠪᠤᠶᠤ ᠬᠤᠪᠴᠠᠰᠤ ᠬᠤᠨᠠᠷ ᠤᠨ ᠠᠪᠳᠠᠷ᠎ᠠ ᠬᠤᠷᠭᠤ︔ ᠬᠤᠶᠢᠮᠤᠷ ᠲᠠᠬᠢ ᠨᠠᠰᠤᠳᠡᠨ ᠤ ᠤᠷᠤ ᠶᠢᠨ ᠡᠮᠤᠨ᠎ᠠ ᠠᠳᠠᠰᠬ᠎ᠠ ᠲᠠᠯᠪᠢᠳᠠᠭ᠃ ᠪᠠᠷᠠᠭᠤᠨ ᠡᠮᠤᠨ᠎ᠠ ᠨᠢ ᠡᠪᠤᠯ ᠬᠠᠪᠤᠷ ᠲᠤ ᠪᠠᠨ ᠶᠠᠳᠠᠷ ᠲᠤᠷᠤᠢ ᠬᠤᠷᠠᠭ᠎ᠠ ᠢᠰᠢᠭᠡ᠂ ᠲᠤᠭᠤᠯ ᠢ ᠤᠷᠤᠭᠤᠯᠵᠤ ᠤᠶᠠᠬᠤ᠂ ᠵᠤᠨ ᠳᠤ ᠪᠠᠨ ᠠᠶᠢᠷᠠᠭ ᠤᠨ ᠰᠠᠭᠤᠯᠠᠭ᠎ᠠ ᠵᠠᠷᠭᠡ ᠶᠢ ᠲᠠᠯᠪᠢᠬᠤ︔ ᠵᠡᠬᠦᠨ ᠡᠮᠤᠨ᠎ᠠ ᠠᠶᠠᠭᠠᠨ ᠤ ᠬᠤᠷᠭᠤ ︵ᠪᠠᠷᠭᠤᠴᠤᠳ ᠠᠶᠠᠭᠠᠨ ᠤ ᠱᠠᠳᠤ᠂ ᠠᠶᠠᠭᠠᠨ ᠤ ᠲᠠᠭ ᠭᠡᠳᠡᠭ︶ ᠢ ᠪᠠᠶᠢᠷᠢᠯᠠᠭᠤᠯᠵᠤ ᠲᠠᠯᠪᠢᠳᠠᠭ᠃       ᠬᠤᠶᠠᠷ᠂ ᠮᠤᠩᠭᠤᠯ ᠭᠡᠷ ᠢ ᠠᠴᠢᠵᠤ ᠪᠠᠷᠢᠬᠤ ᠶᠤᠰᠤ ᠵᠠᠩᠰᠢᠯ       ᠪᠠᠷᠭᠤᠴᠤᠳ ᠢ ︽ᠡᠪᠭᠡᠮᠡᠯ ᠭᠡᠷ ᠲᠠᠢ᠂ ᠲᠠᠭᠤᠮᠠᠯ ᠬᠦᠷᠥᠩᠭᠡ ᠲᠠᠢ︾ ᠨᠡᠬᠦᠳᠡᠯᠴᠢᠨ ᠶᠤᠮ᠃ᠮᠤᠩᠭᠤᠯ ᠭᠡᠷ ᠢ ᠪᠠᠭᠤᠯᠭᠠᠵᠤ ᠠᠴᠢᠬᠤ ᠪᠡ ᠪᠤᠰᠬᠠᠵᠤ ᠪᠠᠷᠢᠬᠤ ᠳᠤ ᠲᠤᠭᠳᠠᠭᠰᠠᠨ ᠲᠡᠰ ᠲᠠᠷᠠᠭᠠᠯᠠᠯ ᠪᠡ ᠵᠢᠮ᠎ᠠ ᠶᠤᠰᠤ ᠲᠠᠢ ᠪᠠᠶᠢᠳᠠᠭ᠃       ︵ᠨᠢᠭᠡ︶ ᠮᠤᠩᠭᠤᠯ ᠭᠡᠷ ᠢ ᠪᠠᠭᠤᠯᠭᠠᠵᠤ ᠠᠴᠢᠬᠤ ᠶᠤᠰᠤ ᠵᠠᠩᠰᠢᠯ       ᠮᠤᠩᠭᠤᠯ ᠭᠡᠷ ᠢᠶᠠᠨ ᠠᠴᠢᠬᠤ ᠳᠠᠭᠠᠨ ᠭᠡᠷ ᠤᠨ ᠰᠠᠭᠤᠷᠢᠨ ᠳᠤ ᠭᠠᠯ ᠴᠤᠭ᠂ ᠨᠤᠷᠮ᠎ᠠ ᠦᠯᠡᠳᠡᠭᠡᠵᠤ ᠤᠷᠬᠢᠳᠠᠭ ᠦᠭᠡᠢ᠃ ᠭᠠᠯ ᠢ ᠰᠠᠷᠭᠡᠶᠢᠯᠡᠵᠤ᠂ ᠭᠠᠯ ᠤᠨ ᠠᠶᠤᠯ ᠲᠦᠢᠮᠠᠷ ᠭᠠᠷᠬᠤ ᠠᠴᠠ ᠬᠢᠴᠢᠶᠡᠨ ᠰᠠᠷᠠᠮᠵᠢᠯᠡᠳᠡᠭ ᠨᠢ ᠨᠡᠬᠦᠳᠡᠯᠴᠢᠨ ᠪᠠᠷᠭᠤ ᠲᠦᠮᠡᠨ ᠤ ᠡᠷᠳᠡᠨ ᠠᠴᠠ ᠭᠡᠪᠰᠢᠭᠰᠡᠨ ᠵᠠᠩ ᠵᠠᠩᠰᠢᠯ ᠶᠤᠮ᠃       ᠮᠤᠩᠭᠤᠯ ᠭᠡᠷ ᠤᠨ ᠶᠡᠭᠡ ᠪᠠᠭ᠎ᠠ ᠪᠡ ᠲᠤᠭᠤᠨᠤ ᠶᠢᠨ ᠪᠥᠳᠥᠴᠡ ᠶᠠᠮᠠᠷ ᠪᠠᠶᠢᠭᠰᠠᠨ ᠴᠤ ᠪᠠᠭᠤᠯᠭᠠᠵᠤ ᠠᠴᠢᠬᠤ ᠳᠠᠭᠠᠨ ᠪᠥᠷ ᠨᠢᠭᠡᠨ ᠠᠳᠠᠯᠢ ᠪᠠᠷ ︽ᠲᠤᠳᠤᠷ᠎ᠠ ᠠᠴᠠ ᠭᠠᠳᠠᠭᠰᠢ︾᠂ ︽ᠲᠡᠭᠡᠷ᠎ᠠ ᠠᠴᠠ ᠲᠤᠷᠤᠭᠰᠢ ᠪᠠᠨ︾᠂ ︽ᠠᠷᠤ ᠠᠴᠠ ᠬᠤᠶᠢᠰᠢ ᠪᠠᠨ︾᠂ ︽ᠪᠠᠷᠠᠭᠤᠨ ᠠᠴᠠ ᠵᠡᠬᠦᠡᠰᠢ ᠪᠠᠨ︾ ᠭᠡᠬᠦ ᠲᠠᠰ ᠲᠠᠷᠠᠭᠠᠯᠠᠯ ᠢᠶᠠᠷ᠂ ᠨᠢᠭᠡ ᠨᠢᠭᠡ ᠠᠯᠬᠤᠮ ᠢᠶᠠᠷ ᠪᠠᠭᠤᠯᠭᠠᠵᠤ ᠠᠴᠢᠳᠠᠭ᠃       ᠮᠤᠩᠭᠤᠯ ᠭᠡᠷ ᠢ ᠠᠴᠢᠬᠤ ᠳᠤ᠂ ᠭᠡᠷ ᠲᠤᠳᠤᠷᠠᠬᠢ ᠡᠳ᠋ᠯᠡᠯ ᠭᠡᠷᠡᠭᠯᠡᠯ ᠢ ᠠᠴᠢᠬᠤ ᠲᠡᠷᠭᠡ᠂ ᠲᠤᠭᠤᠷ ︵ᠲᠡᠭᠡᠪᠤᠷ︶ ᠠᠴᠢᠬᠤ ᠲᠡᠷᠭᠡ᠂ ᠬᠠᠨ᠎ᠠ ︵ᠲᠤᠭᠤᠷᠭ᠎ᠠ︶ ᠠᠴᠢᠬᠤ ᠲᠡᠷᠭᠡ ᠵᠡᠷᠭᠡ ᠶᠢ ᠪᠥᠷ ᠪᠡᠯᠡᠭᠡᠨ ᠪᠤᠯᠭᠠᠵᠤ ᠵᠡᠭᠡᠭᠡᠳ ᠤᠷᠢᠳ ᠢᠶᠠᠷ ᠭᠡᠷ ᠲᠤᠳᠤᠷᠠᠬᠢ ᠶᠠᠭᠤᠮ᠎ᠠ ᠶᠢ ᠪᠥᠬᠦᠨ ᠢ ᠵᠦᠭᠡᠭᠡᠨ ᠭᠠᠷᠭᠠᠵᠤ ᠠᠴᠢᠨ᠎ᠠ᠃       ᠭᠡᠷ ᠲᠤᠳᠤᠷᠠᠬᠢ ᠶᠠᠭᠤᠮ᠎ᠠ ᠶᠢ ᠭᠠᠷᠭᠠᠵᠤ ᠪᠠᠷᠠᠭᠰᠠᠨ ᠤ ᠲᠠᠷᠠᠭ᠎ᠠ᠂ ᠭᠡᠷ ᠤᠨ ᠲᠡᠭᠡᠪᠤᠷ ᠤᠨ ᠤᠭᠤᠰᠤᠷ ᠢ ᠲᠠᠶᠢᠯᠵᠤ ᠲᠠᠯᠪᠢᠭᠠᠳ᠂ ᠭᠠᠳᠠᠨ᠎ᠠ ᠪᠥᠰᠡᠯᠡᠬᠦᠷ ᠢ ᠲᠠᠶᠢᠯᠵᠤ ᠡᠪᠭᠡᠨ ᠬᠤᠷᠢᠶᠠᠨ᠎ᠠ᠃ ᠬᠠᠶᠠᠭᠠᠪᠴᠢ ᠶᠢ ᠬᠤᠶᠢᠯᠠᠵᠤ ᠠᠪᠤᠨ᠎ᠠ᠃ ︽ᠲᠡᠭᠡᠷ᠎ᠠ ᠠᠴᠠ ᠲᠤᠷᠤᠭᠰᠢ ᠪᠠᠨ︾᠂ ︽ᠠᠷᠤ ᠠᠴᠠ ᠡᠮᠥᠨᠡᠰᠢ ᠪᠠᠨ︾ ᠶᠤᠰᠤ ᠪᠠᠷ ᠡᠷᠥᠭᠡ ᠪᠠᠨ ᠠᠪᠴᠤ ᠬᠤᠰᠢᠭᠤᠯᠳᠠᠨ ᠡᠪᠭᠡᠭᠡᠳ ᠲᠤᠭᠤᠨᠤ ᠠᠴᠢᠬᠤ ᠲᠡᠷᠭᠡᠨ ᠲᠡᠭᠡᠷ᠎ᠠ ᠲᠤᠭᠤᠨᠤ ᠶᠢᠨ ᠵᠢᠬᠢᠷᠢᠭ ᠪᠤᠯᠭᠠᠵᠤ ᠠᠴᠢᠨ᠎ᠠ᠃ ᠠᠷᠤ ᠶᠢᠨ ᠲᠡᠭᠡᠪᠤᠷ ᠢ ᠠᠪᠴᠤ ᠭᠤᠯᠳᠤ ᠪᠠᠷ ᠨᠢ ᠢᠷᠮᠡᠭᠯᠡᠨ ᠡᠪᠭᠡᠭᠡᠳ ᠡᠷᠥᠭᠡ ᠶᠢᠨ ᠢᠰᠡᠭᠡᠢ ᠶᠢ ᠲᠠᠷᠤᠵᠤ᠂ ᠲᠡᠷᠭᠡ ᠶᠢᠨ ᠠᠷᠠᠯ ᠲᠠᠭᠠᠬᠤ ᠵᠦᠭᠯᠡᠯ ᠢᠶᠠᠷ ᠲᠠᠪᠢᠰᠭᠡᠷᠯᠨᠨ ᠠᠴᠢᠨ᠎ᠠ᠃ ᠡᠮᠤᠨ᠎ᠡ ᠲᠡᠭᠡᠪᠤᠷ ᠢᠶᠠᠨ ᠠᠪᠴᠤ ᠮᠦᠨ ᠠᠳᠠᠯᠢ ᠡᠪᠭᠡᠭᠡᠳ ᠠᠷᠤ ᠲᠡᠭᠡᠪᠤᠷ ᠢᠶᠠᠨ ᠲᠠᠷᠤᠵᠤ᠂ ᠠᠷᠠᠯ ᠤᠨ ᠤᠵᠤᠭᠤᠷ ᠴᠢᠭᠯᠡᠯ ᠳᠤ ᠬᠠᠨᠳᠤᠭᠤᠯᠤᠨ ᠲᠠᠪᠢᠰᠭᠡᠷᠯᠡᠵᠤ ᠲᠤᠭᠤᠨᠤ ᠶᠢᠨ ᠵᠢᠬᠢᠷᠢᠭ ᠪᠤᠯᠭᠠᠬᠤ ᠪᠠᠷ ᠪᠡᠯᠡᠳᠭᠡᠨ᠎ᠠ᠃ ᠪᠠᠷᠠᠭᠤᠨ ᠬᠤᠶᠢᠳᠤ ᠲᠠᠯ᠎ᠠ ᠶᠢᠨ ᠲᠤᠭᠤᠷᠭ᠎ᠠ᠂ ᠵᠡᠬᠦᠨ ᠬᠤᠶᠢᠳᠤ ᠲᠠᠯ᠎ᠠ ᠶᠢᠨ ᠲᠤᠭᠤᠷᠭ᠎ᠠ᠂ ᠪᠠᠷᠠᠭᠤᠨ ᠡᠮᠤᠨᠡᠬᠢ ᠲᠤᠭᠤᠷᠭ᠎ᠠ᠂ ᠵᠡᠬᠦᠨ ᠡᠮᠥᠨᠡᠬᠢ ᠲᠤᠭᠤᠷᠭ᠎ᠠ ᠶᠢᠨ ᠲᠠᠷᠠᠭᠠᠯᠠᠯ ᠢᠶᠠᠷ ᠲᠥᠷᠪᠡᠨ ᠲᠤᠭᠤᠷᠭ᠎ᠠ ᠪᠠᠨ ᠪᠠᠭᠤᠯᠭᠠᠨ ᠠᠪᠴᠤ ᠡᠪᠭᠡᠭᠡᠳ ᠬᠠᠨ᠎ᠠ ᠠᠴᠢᠬᠤ ᠲᠡᠷᠭᠡᠨ ᠲᠡᠭᠡᠷ᠎ᠠ ᠲᠥᠷᠪᠡᠯᠵᠢᠯᠡᠬᠦᠯᠦᠨ ᠡᠪᠭᠡᠵᠤ᠂ ᠡᠬᠦᠳᠡ ᠬᠠᠭᠠᠯᠭ᠎ᠠ ᠪᠠᠷ ᠲᠠᠷᠤᠵᠤ ᠠᠴᠢᠨ᠎ᠠ᠃ ᠪᠥᠰᠡᠯᠡᠬᠦᠷ᠂ ᠬᠠᠶᠠᠭᠠᠪᠴᠢ ᠵᠠᠷᠭᠡ ᠶᠢ ᠡᠬᠦᠳᠡ ᠬᠠᠭᠠᠯᠭ᠎ᠠ ᠶᠢᠨ ᠦᠡᠴᠥᠭ ᠢᠷᠮᠡᠭ ᠢᠶᠠᠷ ᠢᠪᠡᠵᠤ᠂ ᠬᠦᠮᠤᠷᠢᠨ ᠠᠴᠢᠬᠤ ᠬᠠᠨ᠎ᠠ ᠶᠢᠨ ᠲᠤᠤᠷ᠎ᠠ ᠨᠢ ᠡᠪᠯᠢᠭ ᠵᠢᠬᠢᠷᠢᠭᠯᠡᠨ ᠠᠴᠢᠨ᠎ᠠ᠃ ᠭᠡᠷ ᠤᠨ ᠬᠠᠨ᠎ᠠ ᠶᠢ ᠪᠠᠷᠠᠭᠤᠨ ᠡᠮᠤᠨ᠎ᠠ᠂ ᠪᠠᠷᠠᠭᠤᠨ ᠬᠤᠶᠢᠨ᠎ᠠ᠂ ᠵᠡᠬᠦᠨ ᠬᠤᠶᠢᠨ᠎ᠠ᠂ ᠵᠡᠬᠦᠨ ᠡᠮᠤᠨ᠎ᠠ ᠲᠠᠷᠠᠭᠠᠯᠠᠯ ᠢᠶᠠᠷ ᠡᠪᠭᠡᠨ ᠠᠪᠴᠤ᠂ ᠮᠦᠨ ᠲᠠᠷᠠᠭᠠᠯᠠᠯ ᠢᠶᠠᠷ ᠠᠴᠢᠨ᠎ᠠ᠃       ᠭᠡᠯᠬᠢᠶ᠎ᠠ ᠲᠤᠭᠤᠨᠤ ᠶᠢᠨ ᠤᠨᠢ ᠶᠢ ᠲᠠᠭ᠎ᠠ ᠪᠠᠷ ᠨᠢ ᠠᠩᠬᠢᠯᠠᠨ ᠵᠢᠷᠭᠤᠭᠠᠨ ᠭᠡᠰᠡᠭ ᠲᠤ ᠬᠤᠪᠢᠶᠠᠵᠤ᠂ ᠤᠨᠢ ᠶᠢᠨ ᠰᠡᠬᠦᠯ ᠠᠴᠠ ᠲᠡᠭᠡᠭᠰᠢ ᠨᠢᠭᠡ ᠲᠤᠬᠤᠢ ᠤᠷᠴᠢᠮ ᠳᠤ ᠪᠤᠭᠤᠵᠤ ᠲᠠᠯᠪᠢᠨ᠎ᠠ᠃ ᠲᠤᠭᠤᠨᠤ ᠠᠴᠢᠬᠤ ᠲᠡᠷᠭᠡ ᠪᠠᠨ ᠭᠡᠷ ᠤᠨ ᠰᠠᠭᠤᠷᠢ ᠶᠢᠨ ᠪᠠᠷᠠᠭᠤᠨ ᠬᠤᠶᠢᠨ᠎ᠠ ᠠᠴᠠ ᠲᠥᠯᠬᠢᠨ ᠠᠪᠴᠢᠷᠠᠵᠤ ᠰᠤᠡᠳᠤᠭᠤᠢᠢᠳᠠᠬᠤ ᠶᠢᠨ ᠵᠡᠷᠭᠡ ᠲᠤᠭᠤᠨᠤ ᠶᠢᠨ ᠤᠵᠤᠭᠤᠷ ᠢ ᠬᠤᠮᠢᠵᠤ ᠲᠡᠷᠭᠡᠨ ᠵᠦᠭ ᠠᠶᠠᠷᠬᠠᠨ ᠲᠥᠯᠬᠢᠵᠤ ᠠᠴᠢᠬᠤ ᠪᠥᠭᠡᠳ ᠰᠤᠡᠳᠤᠭᠤᠢᠢᠳᠠᠭᠰᠠᠨ ᠲᠡᠷᠭᠡ ᠪᠠᠨ ᠲᠠᠷᠤᠵᠤ ᠡᠭᠴᠡᠯᠡᠨ᠂ ᠲᠤᠭᠤᠨᠤ ᠪᠠᠨ ᠲᠠᠷᠤᠵᠤ᠂ ᠠᠴᠢᠶ᠎ᠠ ᠪᠠᠨ ᠲᠡᠭᠰᠢᠯᠡᠨ᠎ᠠ᠃ ᠲᠤᠭᠤᠨᠤ ᠶᠢᠨ ᠲᠠᠭ᠎ᠠ ᠪᠠᠷ ᠬᠤᠶᠠᠷ ᠪᠠᠭᠠᠨ᠎ᠠ ᠪᠠᠨ ᠬᠠᠳᠬᠤᠵᠤ ᠤᠷᠤᠭᠤᠯᠤᠭᠠᠳ᠂ ᠲᠤᠭᠤᠨᠤ ᠶᠢᠨ ᠤᠵᠤᠭᠤᠷ ᠤᠨᠢ ᠶᠢᠨ ᠰᠡᠬᠦᠯ ᠢ ᠭᠤᠭᠴᠤᠭᠠᠯᠠᠨ ᠲᠠᠷᠤᠵᠤ ᠤᠶᠠᠭᠰᠠᠨ ᠰᠤᠷ ᠲᠠᠳᠠᠯᠭ᠎ᠠ ᠶᠢᠨ ᠦᠵᠤᠬᠦᠷ ᠢᠶᠠᠷ ᠡᠭᠡᠯᠳᠥᠷᠭᠡᠯᠡᠨ ᠴᠢᠩᠭ᠎ᠠ ᠲᠠᠳᠠᠵᠤ ᠤᠶᠠᠨ᠎ᠠ᠃       ︵ᠬᠤᠶᠠᠷ︶ ᠮᠤᠩᠭᠤᠯ ᠭᠡᠷ ᠢ ᠪᠠᠷᠢᠵᠤ ᠪᠤᠰᠬᠠᠬᠤ ᠶᠤᠰᠤ ᠵᠠᠩᠰᠢᠯ       ᠮᠤᠩᠭᠤᠯ ᠭᠡᠷ ᠢ ᠪᠠᠷᠢᠵᠤ ᠪᠤᠰᠬᠠᠬᠤ ᠲᠡᠰ ᠲᠡᠷᠠᠭᠠᠯᠠᠯ ᠪᠡ ᠠᠷᠭ᠎ᠠ ᠭᠡᠯᠪᠡᠷᠢ ᠨᠢ ᠮᠤᠩᠭᠤᠯ ᠭᠡᠷ ᠢ ᠪᠠᠭᠤᠯᠭᠠᠵᠤ ᠠᠴᠢᠬᠤ ᠲᠠᠢ ᠶᠡᠭᠡ ᠲᠦᠯᠦᠪ ᠡᠰᠡᠷᠬᠦ ᠪᠠᠶᠢᠳᠠᠭ᠃       ᠮᠤᠩᠭᠤᠯ ᠭᠡᠷ ᠤᠨ ᠡᠬᠦᠳᠡ ᠶᠢ ᠠᠰ ᠡᠮᠥᠨᠡᠰᠢ ᠬᠠᠨᠳᠤᠭᠤᠯᠳᠠᠭ ᠦᠭᠡᠢ᠂ ᠠᠭᠤᠯᠠ ᠤᠪᠤᠭᠠᠨ ᠤ ᠡᠰᠡᠷᠬᠦ ᠴᠢᠭᠯᠡᠬᠦᠯᠳᠡᠭ ᠦᠭᠡᠢ᠂ ᠠᠭᠤᠯᠠ ᠤᠪᠤᠭᠠᠨ ᠤ ᠪᠠᠷᠠᠭᠤᠨ ᠪᠡᠶ᠎ᠠ ᠪᠤᠶᠤ ᠵᠡᠬᠦᠨ ᠬᠠᠵᠠᠭᠤ ᠪᠠᠷ ᠴᠢᠭᠯᠡᠬᠦᠯᠦᠨ ᠡᠬᠦᠳᠡ ᠪᠠᠨ ᠲᠠᠭᠠᠷᠠᠭᠤᠯᠳᠠᠭ ᠵᠠᠩᠰᠢᠯ ᠲᠠᠢ ᠪᠠᠶᠢᠳᠠᠭ᠃       ᠲᠤᠭᠤᠨᠤ ᠶᠢᠨ ᠲᠡᠷᠭᠡ ᠪᠠᠨ ᠪᠠᠷᠠᠭᠤᠨ ᠬᠤᠶᠢᠨ᠎ᠠ ᠠᠴᠠ ᠲᠦᠯᠬᠢᠨ ᠠᠪᠴᠢᠷᠠᠭᠠᠳ ᠭᠡᠷ ᠪᠠᠷᠢᠬᠤ ᠰᠠᠭᠤᠷᠢ ᠶᠢᠨ ᠱᠤᠰᠢᠭ ᠲᠠᠯᠪᠢᠭᠰᠠᠨ ᠭᠠᠵᠠᠷ ᠢ ᠭᠤᠤᠯᠯᠠᠭᠤᠯᠵᠤ ᠰᠤᠡᠳᠤᠭᠤᠢᠢᠳᠠᠨ ᠲᠤᠭᠤᠨᠤ ᠪᠠᠨ ᠲᠠᠳᠠᠵᠤ ᠪᠠᠭᠤᠯᠭᠠᠨ᠎ᠠ᠃ ᠤᠨᠢ ᠪᠤᠭᠤᠭᠰᠠᠨ ᠤᠶᠠᠭ᠎ᠠ ᠶᠢ ᠲᠠᠶᠢᠯᠵᠤ᠂ ᠤᠨᠢ ᠪᠠᠨ ᠭᠠᠳᠠᠭᠰᠢ ᠱᠥᠬᠦᠷᠯᠡᠨ ᠲᠡᠯᠭᠡᠵᠤ᠂ ᠲᠤᠭᠤᠨᠤ ᠪᠠᠨ ᠪᠤᠰᠬᠠᠨ᠎ᠠ᠃       ᠬᠠᠨ᠎ᠠ ᠪᠠᠨ ᠵᠡᠬᠦᠨ ᠡᠮᠤᠨ᠎ᠠ᠂ ᠵᠡᠬᠦᠨ ᠬᠤᠶᠢᠨ᠎ᠠ᠂ ᠪᠠᠷᠠᠭᠤᠨ ᠬᠤᠶᠢᠨ᠎ᠠ᠂ ᠪᠠᠷᠠᠭᠤᠨ ᠡᠮᠤᠨ᠎ᠠ ᠲᠠᠷᠠᠭᠠᠯᠠᠯ ᠢᠶᠠᠷ ᠠᠮᠠᠯᠠᠵᠤ᠂ ᠲᠥᠬᠦᠷᠢᠭᠯᠡᠬᠦᠯᠦᠨ ᠪᠤᠰᠬᠠᠨ᠎ᠠ᠃ ᠡᠬᠦᠳᠡ ᠬᠠᠭᠠᠯᠭ᠎ᠠ ᠪᠠᠨ ᠪᠤᠰᠬᠠᠵᠤ᠂ ᠵᠡᠬᠦᠨ ᠡᠮᠤᠨ᠎ᠠ ᠬᠠᠨ᠎ᠠ ᠶᠢᠨ ᠠᠮᠠ ᠪᠤᠯᠤᠨ ᠡᠬᠦᠳᠡᠨ ᠤ ᠪᠤᠱᠤᠭ᠎ᠠ ᠶᠢ ᠨᠡᠶᠢᠯᠡᠬᠦᠯᠵᠤ᠂ ᠲᠤᠳᠤᠭᠠᠳᠤ ᠪᠥᠰᠡᠯᠡᠬᠦᠷ ᠢᠶᠠᠷ ᠭᠤᠭᠴᠤᠭᠠᠯᠠᠨ ᠲᠠᠷᠤᠵᠤ ᠵᠡᠬᠦᠨ ᠠᠴᠠ ᠪᠠᠷᠠᠭᠤᠡᠰᠢ ᠪᠢᠳᠡᠬᠦᠤ ᠲᠥᠬᠦᠷᠢᠭᠯᠡᠬᠦᠯᠦᠨ ᠠᠪᠴᠢᠷᠠᠵᠤ᠂ ᠪᠠᠷᠠᠭᠤᠨ ᠡᠮᠤᠨ᠎ᠠ ᠬᠠᠨ᠎ᠠ ᠶᠢᠨ ᠠᠮᠠ ᠪᠤᠯᠤᠨ ᠡᠬᠦᠳᠡᠨ ᠪᠤᠱᠤᠭ᠎ᠠ ᠶᠢ ᠨᠠᠶᠢᠯᠡᠬᠦᠯᠦᠨ ᠪᠠᠷᠢᠵᠤ ᠪᠥᠰᠡᠯᠡᠬᠦᠷ ᠢᠶᠠᠨ ᠴᠢᠩᠭᠠᠯᠠᠨ ᠬᠠᠨ᠎ᠠ ᠶᠢᠨ ᠡᠷᠳᠡ ᠶᠢ ᠤᠯᠭᠤᠵᠤ᠂ ᠪᠥᠰᠡᠯᠡᠬᠦᠷ ᠤᠨ ᠴᠢᠩᠭ᠎ᠠ ᠰᠤᠯᠠ ᠶᠢ ᠲᠤᠭᠳᠠᠭᠠᠨ ᠭᠤᠭᠴᠤᠭᠠᠯᠠᠨ ᠲᠠᠷᠤᠵᠤ ᠤᠶᠠᠨ᠎ᠠ᠃       ᠬᠤᠶᠠᠷ ᠪᠠᠭᠠᠨ᠎ᠠ ᠪᠠᠷ ᠲᠤᠭᠤᠨᠤ ᠪᠠᠨ ᠡᠷᠬᠦᠨ ᠲᠤᠯᠵᠤ᠂ ᠲᠠᠭ᠎ᠠ ᠪᠥᠷᠢ ᠠᠴᠠ ᠭᠡᠳᠤᠨ ᠤᠨᠢ ᠶᠢ ᠬᠠᠨ᠎ᠠ ᠶᠢᠨ ᠲᠤᠯᠤᠭᠠᠢ ᠳᠤ ᠰᠠᠭᠠᠯᠳᠤᠷᠭᠠᠯᠠᠨ ᠡᠯᠬᠦᠨ᠎ᠠ᠃ ᠭᠡᠷ ᠤᠨ ᠤᠨᠢ ᠶᠢ ᠨᠢᠭᠡ ᠯᠡ ᠲᠡᠯ᠎ᠠ ᠠᠴᠠ ᠡᠯᠬᠦᠵᠤ ᠪᠤᠯᠳᠠᠭ ᠦᠭᠡᠢ᠂ ᠡᠷᠭᠡᠪᠰᠢ ᠲᠠᠯ᠎ᠠ ᠪᠥᠷᠢ ᠠᠴᠠ ᠠᠯᠭᠠᠰᠠᠨ ᠡᠯᠬᠦᠵᠤ᠂ ᠭᠡᠷ ᠤᠨ ᠪᠠᠶᠢᠷᠢ ᠶᠢ ᠲᠤᠭᠳᠠᠭᠠᠳᠠᠭ᠃       ᠭᠡᠷ ᠤᠨ ᠮᠤᠳᠤ ᠶᠢ ᠪᠥᠬᠦᠯᠢ ᠪᠤᠰᠬᠠᠭᠰᠠᠨ ᠤ ᠰᠡᠬᠦᠯᠡᠷ᠂ ᠲᠤᠳᠤᠷ ᠪᠥᠰᠡᠯᠡᠬᠦᠷ᠂ ᠬᠠᠨ᠎ᠠ ᠶᠢᠨ ᠤᠶᠠᠭ᠎ᠠ ᠵᠡᠷᠭᠡ ᠶᠢ ᠲᠠᠬᠢᠨ ᠴᠢᠩᠭᠠᠯᠠᠵᠤ᠂ ᠭᠡᠷ ᠤᠨ ᠦᠡᠳᠤᠷ ᠪᠤᠭᠤᠨᠢ᠂ ᠬᠠᠵᠠᠭᠠᠷ ᠲᠡᠭᠰᠢ ᠶᠢ ᠨᠢ ᠵᠢᠰᠢᠬᠦᠯᠡᠨ ᠦᠵᠡᠵᠤ ᠵᠤᠬᠢᠴᠠᠭᠤᠯᠤᠨ᠎ᠠ᠃       ᠵᠡᠬᠦᠨ ᠡᠮᠤᠨᠡᠬᠢ ᠲᠤᠭᠤᠷᠭ᠎ᠠ ᠪᠠᠨ ᠡᠯᠬᠦᠵᠤ᠂ ᠲᠠᠷᠠᠭ᠎ᠠ ᠨᠢ ᠪᠠᠷᠠᠭᠤᠨ ᠡᠮᠥᠨᠡᠬᠢ᠂ ᠲᠡᠭᠡᠭᠡᠳ ᠵᠡᠬᠦᠨ ᠬᠤᠶᠢᠨᠠᠬᠢ᠂ ᠬᠠᠮᠤᠭ ᠤᠨ ᠰᠡᠬᠦᠯ ᠳᠤ ᠪᠠᠷᠠᠭᠤᠨ ᠬᠤᠶᠢᠳᠥᠬᠢ ᠲᠤᠭᠤᠷᠭ᠎ᠠ ᠪᠠᠨ ᠡᠯᠬᠦᠬᠦ ᠪᠥᠭᠡᠳ ᠲᠤᠭᠤᠷᠭ᠎ᠠ ᠶᠢᠨ ᠤᠭᠤᠰᠤᠷ ᠢ ᠲᠠᠷᠤᠭᠤᠯᠤᠨ ᠤᠶᠠᠵᠤ᠂ ᠭᠠᠳᠠᠷ ᠪᠥᠰᠡᠯᠡᠬᠦᠷ ᠢ ᠵᠡᠬᠦᠨ ᠠᠴᠠ ᠪᠠᠷᠠᠭᠤᠡᠰᠢ ᠡᠷᠬᠢᠬᠦᠯᠦᠨ ᠲᠠᠳᠠᠨ᠎ᠠ᠃       ᠡᠮᠤᠨ᠎ᠠ ᠲᠡᠭᠡᠪᠤᠷ ᠢ ᠲᠠᠯᠪᠢᠵᠤ᠂ ᠲᠠᠷᠠᠭ᠎ᠠ ᠠᠷᠤ ᠲᠡᠭᠡᠪᠤᠷ ᠢᠶᠠᠨ ᠲᠠᠯᠪᠢᠭᠠᠳ᠂ ᠤᠭᠤᠰᠤᠷ ᠢ ᠨᠢ ᠰᠤᠯᠪᠢᠴᠠᠭᠤᠯᠤᠨ ᠲᠠᠷᠤᠵᠤ ᠤᠶᠠᠨ᠎ᠠ᠃ ᠵᠦᠷᠢᠬᠦᠯᠭᠡᠨ ᠪᠤᠶᠤ ᠲᠠᠩ ᠬᠤᠳᠠᠷᠭᠠᠨ ᠤᠭᠤᠰᠤᠷ ᠲᠠᠢ ᠪᠤᠯ ᠲᠡᠭᠡᠪᠤᠷ ᠤᠨ ᠲᠡᠭᠡᠬᠦᠷ ᠨᠢ ᠲᠠᠷᠤᠭᠤᠯᠤᠨ ᠬᠤᠳᠠᠷᠭᠠᠯᠠᠵᠤ ᠤᠶᠠᠨ᠎ᠠ᠃       ᠢᠰᠡᠭᠡᠢ ᠡᠷᠥᠭᠡ ᠪᠠᠨ ᠬᠤᠶᠢᠨ᠎ᠠ ᠠᠴᠠ ᠡᠮᠤᠨᠡᠰᠢ ᠪᠠᠭᠠᠨ᠎ᠠ ᠪᠠᠷ ᠲᠥᠯᠬᠢᠨ ᠡᠷᠬᠦᠵᠤ ᠲᠠᠯᠪᠢᠬᠤ ᠪᠥᠭᠡᠳ ᠡᠷᠥᠭᠡ ᠶᠢᠨ ᠬᠦᠡᠳᠡᠯᠡᠨ ᠢ ᠲᠤᠭᠤᠨᠤ ᠶᠢᠨ ᠭᠤᠤᠯ ᠳᠤ ᠲᠠᠭᠠᠷᠠᠭᠤᠯᠵᠤ ᠵᠡᠬᠦᠡᠰᠢ ᠪᠠᠷᠠᠭᠤᠡᠰᠢ ᠲᠠᠳᠠᠵᠤ ᠪᠥᠰᠡᠯᠡᠬᠦᠷ ᠠᠴᠠ ᠤᠶᠠᠬᠤ ᠪᠥᠭᠡᠳ ᠡᠷᠥᠭᠡ ᠶᠢᠨ ᠬᠤᠰᠢᠭᠤ ᠶᠢ ᠲᠤᠭᠤᠨᠤ ᠶᠢᠨ ᠭᠤᠤᠯ ᠳᠤ ᠦᠡᠴᠥᠭᠯᠡᠬᠦᠯᠦᠨ ᠲᠠᠭ᠎ᠠ ᠤᠨᠤᠭᠤᠯᠤᠨ ᠬᠤᠶᠢᠰᠢ ᠲᠠᠳᠠᠵᠤ᠂ ᠬᠤᠶᠢᠮᠤᠷ ᠤᠨ ᠬᠠᠨ᠎ᠠ ᠶᠢᠨ ᠠᠮᠠ ᠴᠢᠭᠯᠡᠬᠦᠯᠦᠨ ᠪᠥᠰᠡᠯᠡᠬᠦᠷ ᠠᠴᠠ ᠤᠶᠠᠨ᠎ᠠ᠃       ᠲᠥᠷᠪᠡᠨ ᠬᠠᠶᠠᠭᠠᠪᠴᠢ ᠶᠢ ᠮᠥᠨ ᠵᠡᠬᠦᠨ ᠡᠮᠤᠨ᠎ᠠ᠂ ᠵᠡᠬᠦᠨ ᠬᠤᠶᠢᠨ᠎ᠠ᠂ ᠪᠠᠷᠠᠭᠤᠨ ᠡᠮᠤᠨ᠎ᠠ᠂ ᠪᠠᠷᠠᠭᠤᠨ ᠬᠤᠶᠢᠨ᠎ᠠ ᠭᠡᠮᠡᠬᠦ ᠲᠠᠷᠠᠭᠠᠯᠠᠯ ᠢᠶᠠᠷ ᠨᠢᠭᠡᠨ ᠨᠢᠭᠡᠨ ᠢ ᠲᠠᠷᠤᠵᠤ ᠤᠭᠤᠰᠤᠷ ᠢᠶᠠᠷ ᠪᠠᠬᠢᠯᠡᠨ ᠤᠶᠠᠨ᠎ᠠ᠃       ᠭᠡᠷ ᠲᠤᠳᠤᠷᠠᠬᠢ ᠠᠵᠢᠯ ᠭᠠᠯ ᠲᠤᠯᠭ᠎ᠠ ᠠᠴᠠ ᠡᠬᠢᠯᠡᠨ᠎ᠠ᠃ ᠭᠡᠷ ᠲᠤᠳᠤᠷᠠᠬᠢ ᠡᠳ᠋ ᠭᠡᠷᠡᠭᠰᠡᠯ ᠢ ᠤᠷᠤᠭᠤᠯᠵᠤ᠂ ᠤᠷᠤᠨ ᠪᠠᠶᠢᠷᠢ ᠶᠢ ᠨᠢ ᠤᠯᠭᠤᠵᠤ ᠲᠠᠯᠪᠢᠨ᠎ᠠ᠃ 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ