ᠨᠡᠬᠦᠳᠡᠯᠴᠢᠨ ᠪᠠᠷᠭᠤ ᠮᠤᠩᠭᠤᠯᠴᠤᠳ ᠤᠨ ᠤᠷᠤᠰᠢᠬᠤᠢ ᠠᠮᠢᠳᠤᠷᠠᠬᠤᠢ ᠶᠢᠨ ᠵᠠᠩ ᠵᠠᠩᠰᠢᠯ ︵ᠭᠤᠷᠪᠠ︶
ᠨᠡᠶᠢᠲᠡᠯᠡᠭᠰᠡᠨ ᠴᠠᠭ᠄
2023/7/10
       ᠭᠤᠷᠪᠡ᠂ ᠮᠤᠩᠭᠤᠯ ᠭᠡᠷ ᠤᠨ ᠶᠤᠰᠤ       ᠪᠠᠷᠭᠤᠴᠤᠳ ᠠᠯᠢ ᠡᠷᠳᠡ ᠲᠡᠭᠡᠳᠤ ᠠᠴᠠ ᠤᠯᠠᠮᠵᠢᠯᠠᠨ ᠢᠷᠡᠭᠰᠡᠨ ᠮᠤᠩᠭᠤᠯ ᠭᠡᠷ ᠤᠨ ᠰᠠᠶᠢᠬᠠᠨ ᠶᠤᠰᠤ ᠵᠠᠩᠰᠢᠯ ᠲᠠᠢ ᠶᠤᠮ᠃ ᠠᠶᠢᠯ ᠬᠤᠳᠠ ᠳᠤ ᠬᠦᠷᠬᠦ ᠳᠤ ᠪᠠᠨ ᠮᠤᠷᠢ ᠪᠠᠨ ᠭᠠᠯᠬᠢᠭᠤᠯᠵᠤ ᠠᠭᠠᠵᠢᠮ ᠶᠠᠪᠤᠨ᠎ᠠ᠂ ᠠᠶᠢᠯ ᠤᠨ ᠲᠡᠷᠭᠡᠳᠡᠬᠦᠷ ᠦᠡᠭᠭᠡᠷᠡᠵᠤ ᠭᠠᠷᠬᠤ ᠳᠤ ᠲᠠᠪᠬᠢᠵᠤ ᠨᠤᠬᠠᠢ ᠦᠢᠮᠡᠬᠦᠯᠬᠦ ᠪᠤᠶᠤ ᠴᠤᠬᠢᠵᠤ ᠭᠠᠰᠠᠯᠭᠠᠵᠤ ᠪᠤᠯᠬᠤ ᠦᠭᠡᠢ᠃ ᠭᠡᠷᠭᠡᠮ ᠵᠡᠷᠭᠡᠳᠡᠨ ᠪᠤᠶᠤ ᠡᠴᠢᠭᠡ ᠦᠶ᠎ᠠ ᠶᠢᠨ ᠠᠶᠢᠯ ᠤᠨ ᠭᠡᠷ ᠤᠨ ᠤᠷᠳᠤᠭᠤᠷ ᠭᠠᠷᠬᠤ ᠪᠤᠯᠪᠡᠯ ᠮᠤᠷᠢᠨ ᠠᠴᠠ ᠪᠠᠨ ᠪᠠᠭᠤᠬᠤ ᠶᠤᠰᠤ ᠲᠠᠢ ᠪᠠᠶᠢᠳᠠᠭ᠃ ᠲᠠᠶᠢᠮᠤ ᠶᠢᠨ ᠲᠤᠯᠠ ᠬᠤᠯᠠ ᠪᠠᠷ ᠲᠤᠭᠤᠷᠢᠵᠤ ᠭᠠᠷᠬᠤ ᠪᠤᠶᠤ ᠡᠰᠡᠬᠦᠯ᠎ᠠ ᠭᠡᠷ ᠤᠨ ᠬᠢᠨᠢ ᠠᠷᠤ ᠪᠠᠷ ᠭᠠᠷᠬᠤ ᠭᠡᠷᠡᠭᠳᠡᠢ᠃ ᠠᠶᠢᠯ ᠳᠤ ᠬᠦᠷᠥᠭᠰᠡᠨ ᠤ ᠲᠠᠷᠠᠭ᠎ᠠ ᠭᠡᠷ ᠤᠨ ᠡᠵᠡᠨ ᠭᠠᠷᠴᠤ ᠢᠷᠡᠬᠦ ᠦᠭᠡᠢ ᠪᠤᠯ ︽ᠨᠤᠬᠠᠢ ᠪᠠᠨ ᠬᠤᠷᠢ︕︾ ᠭᠡᠵᠤ ᠴᠢᠮᠡᠭᠡ ᠦᠭᠬᠦᠨ᠎ᠠ᠃ ᠮᠤᠷᠢ ᠪᠠᠨ ᠬᠠᠨᠳᠠᠶᠢᠷᠠᠵᠤ ᠵᠢᠯᠤᠭᠤ ᠪᠠᠷ ᠢᠶᠠᠨ ᠲᠤᠰᠢᠵᠤ ᠲᠠᠯᠪᠢᠬᠤ ᠪᠤᠶᠤ ᠲᠡᠷᠭᠡᠨ ᠠᠴᠠ ᠨᠢ ᠤᠶᠠᠨ᠎ᠠ᠃ ᠲᠡᠭᠡᠬᠦ ᠳᠤ ᠪᠠᠨ ᠠᠷᠭᠠᠯ ᠤᠨ ᠰᠢᠩᠭᠡᠯᠢᠭ ᠪᠡ ᠤᠰᠤᠨ ᠤ ᠭᠠᠨᠭ᠌ ᠲᠠᠢ ᠲᠡᠷᠭᠡᠨ ᠠᠴᠠ ᠤᠶᠠᠵᠤ ᠪᠤᠯᠳᠠᠭ ᠦᠭᠡᠢ᠃ ᠭᠡᠷ ᠤᠨ ᠡᠵᠡᠨ ᠭᠠᠷᠴᠤ ᠢᠷᠡᠵᠤ ᠨᠤᠬᠠᠢ ᠪᠠᠨ ᠬᠤᠷᠢᠵᠤ ᠦᠭᠪᠡᠯ ᠮᠠᠡᠳᠤᠯᠠᠨ᠎ᠠ ︵ᠬᠠᠭᠤᠴᠢᠨ ᠪᠠᠷᠭᠤ ᠳᠤ ᠪᠤᠯ ᠵᠤᠴᠢᠨ ᠭᠡᠷ ᠲᠤ ᠤᠷᠤᠭᠰᠠᠨ ᠤ ᠰᠠᠬᠦᠯᠠᠷ ᠰᠠᠶ᠋ᠢ ᠮᠡᠡᠳᠥᠴᠢᠯᠡᠬᠦ ᠶᠤᠰᠤ ᠬᠥᠢᠴᠡᠳᠭᠡᠳᠡᠭ ᠶᠤᠮ︶᠃       ︵ᠨᠢᠭᠡ︶ ᠮᠤᠩᠭᠤᠯ ᠭᠡᠷ ᠲᠤ ᠤᠷᠤᠬᠤ ᠶᠤᠰᠤ       ᠠᠶᠢᠯ ᠳᠤ ᠪᠠᠭᠤᠭᠰᠠᠨ ᠬᠦᠮᠤᠨ ᠠᠶᠢᠯ ᠳᠤ ᠤᠷᠤᠬᠤ ᠠᠴᠠ ᠪᠠᠨ ᠡᠮᠤᠨ᠎ᠡ ᠲᠡᠪᠡᠯ ᠮᠠᠯᠠᠭᠠᠢ ᠪᠠᠨ ᠲᠡᠭᠰᠢᠯᠡᠵᠤ᠂ ᠬᠠᠨᠴᠤᠢ ᠬᠤᠷᠮᠤᠢ ᠪᠠᠨ ᠲᠠᠯᠪᠢᠨ᠂ ᠪᠥᠰᠡᠨ ᠳᠤ ᠬᠠᠪᠴᠢᠭᠤᠯᠤᠭᠰᠠᠨ ᠬᠢᠳᠤᠭ᠎ᠠ ᠪᠠᠨ ᠪᠠᠭᠤᠯᠭᠠᠨ᠎ᠠ᠃ ᠭᠡᠷᠪᠡ ᠤᠷᠤᠬᠤ ᠭᠡᠰᠡᠨ ᠠᠶᠢᠯ ᠴᠢᠨᠢ ︽ᠴᠡᠭᠡᠷ︾ ᠪᠤᠰᠬᠠᠭᠰᠠᠨ ᠪᠠᠶᠢᠪᠡᠯ ᠭᠡᠷ ᠤᠨ ᠡᠵᠡᠨ ᠠᠴᠠ ᠤᠷᠤᠵᠤ ᠪᠤᠯᠬᠤ ᠪᠡ ᠡᠰᠡᠬᠦ ᠶᠢ ᠠᠰᠠᠭᠤᠵᠤ᠂ ᠵᠦᠪᠰᠢᠶᠡᠷᠡᠯ ᠠᠪᠤᠨ᠎ᠠ᠃ ᠵᠠᠷᠢᠮ ᠠᠶᠢᠯ ᠭᠡᠤᠭᠡᠳ ᠢᠶᠠᠨ ᠡᠩᠬᠦᠷᠠᠶᠢᠯᠠᠵᠤ᠂ ᠲᠠᠨᠢᠬᠤ ᠦᠭᠡᠢ ᠬᠦᠮᠤᠨ ᠤᠷᠤᠪᠡᠯ ᠭᠡᠤᠭᠡᠳ ᠬᠦᠯᠦᠰᠤ ᠠᠪᠴᠤ ᠤᠬᠢᠯᠠᠬᠤ ᠪᠤᠶᠤ ᠡᠶᠢᠮᠤ ᠲᠠᠶᠢᠮᠤ ᠪᠤᠯᠬᠤ ᠠᠴᠠ ᠰᠠᠷᠭᠡᠶᠢᠯᠡᠵᠤ᠂ ᠮᠤᠳᠤᠨ ᠤ ᠦᠵᠥᠬᠦᠷ ᠲᠤ ᠢᠰᠡᠬᠡᠢ ᠤᠶᠤᠭᠠᠳ ᠵᠡᠬᠦᠨ ᠬᠠᠭᠰᠠᠷᠭᠠᠨ ᠳᠤ ᠪᠠᠨ ᠪᠥᠰᠡᠯᠡᠬᠦᠷ ᠲᠤ ᠬᠠᠪᠴᠢᠭᠤᠯᠤᠨ ᠪᠤᠰᠬᠠᠵᠤ ᠲᠠᠮᠳᠡᠭ ᠲᠠᠯᠪᠢᠵᠤ ᠲᠤᠬᠢᠶ᠎ᠠ ᠦᠭᠬᠦ ᠶᠢ ︽ᠴᠡᠭᠡᠷ︾ ᠭᠡᠳᠡᠭ ᠶᠤᠮ᠃ ᠠᠶᠢᠯ ᠳᠤ ᠪᠠᠭᠤᠬᠤ ᠪᠠᠷ ᠢᠷᠡᠭᠰᠡᠨ ᠬᠦᠮᠤᠨ ᠲᠠᠰᠢᠭᠤᠷ ᠢᠶᠠᠨ ᠮᠤᠷᠢᠨ ᠤ ᠪᠠᠨ ᠡᠮᠡᠭᠡᠯ ᠤᠨ ᠪᠥᠬᠦᠷᠭᠡᠨ ᠳᠤ ᠵᠢᠯᠤᠭᠤ ᠪᠠᠷ ᠲᠠᠷᠤᠵᠤ ᠤᠷᠬᠢᠨ᠎ᠠ᠃ ᠠᠶᠢᠯ ᠳᠤ ᠲᠠᠰᠢᠭᠤᠷ ᠪᠠᠷᠢᠵᠤ ᠤᠷᠤᠵᠤ ᠪᠤᠯᠬᠤ ᠦᠭᠡᠢ᠃ ᠲᠠᠰᠢᠭᠤᠷ ᠢᠶᠠᠨ ᠮᠤᠷᠢᠨ ᠤ ᠡᠮᠡᠭᠡᠯ ᠲᠡᠭᠡᠷ᠎ᠠ ᠪᠠᠨ ᠦᠯᠡᠳᠡᠭᠡᠭᠰᠡᠨ ᠦᠭᠡᠢ ᠪᠤᠯ ᠠᠶᠢᠯ ᠤᠨ ᠭᠡᠷ ᠢ ᠲᠥᠰᠢᠬᠦᠯᠵᠤ ᠲᠠᠯᠪᠢᠬᠤ ᠪᠤᠶᠤ ᠭᠡᠷ ᠲᠡᠭᠡᠷ᠎ᠠ ᠤᠭᠤᠰᠤᠷ ᠲᠤ ᠬᠠᠪᠴᠢᠭᠤᠯᠤᠨ ᠲᠠᠯᠪᠢᠨ᠎ᠠ᠃       ᠭᠡᠷ ᠲᠤ ᠤᠷᠤᠬᠤ ᠦᠶ᠎ᠠ ᠳᠤ ᠭᠡᠷᠪᠡ ᠢᠷᠡᠭᠰᠡᠨ ᠵᠤᠴᠢᠨ ᠨᠢ ᠲᠤᠮᠤᠭᠠᠳᠠᠢ ᠬᠦᠮᠤᠨ ᠪᠤᠯ ᠨᠤᠬᠠᠢ ᠬᠤᠷᠢᠭᠰᠠᠨ ᠬᠦᠮᠤᠨ ᠡᠬᠦᠳᠡ ᠡᠷᠬᠦᠵᠤ ᠦᠭᠬᠦᠨ᠎ᠠ᠃ ᠭᠡᠷᠪᠡ ᠵᠠᠯᠠᠭᠤ ᠬᠦᠮᠤᠨ ᠪᠤᠯ ᠢᠰᠡᠭᠡᠢ ᠡᠬᠦᠳᠡ ᠶᠢ ᠵᠡᠬᠦᠨ ᠲᠠᠯ᠎ᠠ ᠠᠴᠠ ᠨᠢ ᠰᠡᠬᠦᠵᠤ᠂ ᠬᠠᠰᠢᠪᠴᠢᠨ ᠬᠠᠭᠠᠯᠭ᠎ᠠ ᠶᠢ ᠠᠭᠠᠵᠢᠮ ᠨᠡᠭᠡᠭᠡᠵᠤ ᠤᠷᠤᠨ᠎ᠠ᠃ ᠤᠷᠤᠭᠰᠠᠨ ᠬᠦᠮᠤᠨ ᠭᠡᠷ ᠤᠨ ᠲᠤᠯᠭ᠎ᠠ᠂ ᠲᠤᠳᠤᠭᠤ᠂ ᠪᠤᠱᠤᠭ᠎ᠠ ᠳᠤ ᠭᠠᠷ ᠬᠦᠷᠴᠤ ᠪᠤᠯᠳᠠᠭ ᠦᠭᠡᠢ᠂ ᠭᠠᠷ ᠬᠦᠷᠪᠡᠯ ᠭᠡᠷ ᠤᠨ ᠡᠵᠡᠨ ᠢ ᠲᠤᠷᠤᠮᠵᠢᠯᠠᠭᠰᠠᠨ ᠶᠠᠪᠤᠳᠠᠯ ᠪᠤᠯᠤᠨ᠎ᠠ ᠭᠡᠵᠤ ᠦᠵᠡᠳᠡᠭ᠃ ᠭᠡᠷ ᠲᠤ ᠤᠷᠤᠭᠰᠠᠨ ᠬᠦᠮᠤᠨ ᠲᠤᠯᠭ᠎ᠠ ᠶᠢᠨ ᠪᠠᠷᠠᠭᠤᠨ ᠲᠠᠯ᠎ᠠ ᠪᠠᠷ ᠲᠤᠭᠤᠷᠢᠨ ᠭᠠᠷᠴᠤ᠂ ᠪᠤᠷᠬᠠᠨ ᠤ ᠡᠮᠤᠨ᠎ᠠ ᠤᠴᠢᠵᠤ ᠮᠡᠬᠦ᠋ᠢᠨ ᠵᠤᠭᠰᠤᠭᠠᠳ᠂ ᠮᠠᠯᠠᠭᠠᠢ ᠪᠤᠶᠤ ᠲᠤᠯᠤᠭᠠᠢ ᠶᠢᠨ ᠪᠤᠭᠤᠯᠳᠠ ᠪᠠᠨ ᠠᠪᠴᠤ ᠵᠡᠬᠦᠨ ᠰᠤᠭᠤᠨ ᠳᠠᠭᠠᠨ ᠬᠠᠪᠴᠢᠭᠤᠯᠤᠨ᠂ ᠬᠤᠶᠠᠷ ᠭᠠᠷ ᠢᠶᠠᠨ ᠨᠠᠮᠠᠡᠴᠢᠯᠠᠨ ᠪᠤᠷᠬᠠᠨ ᠳᠤ ︽ᠠᠳᠢᠰ︾ ᠠᠪᠤᠨ᠎ᠠ᠃ ᠲᠡᠭᠡᠭᠡᠳ ᠲᠤᠯᠭ᠎ᠠ ᠶᠢᠨ ᠡᠮᠤᠨ᠎ᠠ ᠪᠤᠴᠠᠵᠤ᠂ ᠭᠡᠷ ᠤᠨ ᠨᠠᠰᠤᠳᠡᠨ ᠲᠤᠮᠤᠭᠠᠳᠠᠨ ᠪᠡ ᠭᠡᠷ ᠲᠤ ᠪᠠᠶᠢᠭ᠎ᠠ ᠪᠤᠰᠤᠳ ᠬᠦᠮᠤᠰ ᠲᠠᠢ ᠠᠮᠤᠷ ᠮᠡᠡᠳᠤ ᠪᠠᠨ ᠠᠰᠠᠭᠤᠯᠴᠠᠨ᠂ ᠬᠦᠬᠦᠤᠷ ︵ᠨᠠᠰᠤᠳᠡᠢ ᠲᠤᠮᠤᠭᠠᠳᠠᠢ ᠬᠦᠮᠤᠨ᠂ ᠪᠥᠰᠡᠨ ᠳᠡᠭᠡᠨ ︽ᠬᠦᠬᠦᠤᠷ ᠲᠠᠯᠢᠶᠠᠷ︾ ᠬᠠᠪᠴᠢᠭᠤᠯᠵᠤ ᠶᠠᠪᠤᠳᠠᠭ︶ ᠰᠤᠯᠢᠯᠴᠠᠵᠤ᠂ ︽ᠮᠠᠯ ᠤᠨ ᠮᠡᠡᠳᠤ︾᠂ ︽ᠨᠤᠳᠤᠭ ᠤᠨ ᠮᠡᠡᠳᠤ︾᠂ ︽ᠤᠯᠠᠷᠢᠯ ᠤᠨ ᠮᠡᠡᠳᠤ︾ ᠪᠠᠷᠢᠵᠤ᠂ ᠲᠤᠯᠭ᠎ᠠ ᠶᠢᠨ ᠡᠮᠥᠨᠡᠬᠦᠷ ᠪᠠᠷᠠᠭᠤᠨ ᠲᠠᠯ᠎ᠠ ᠳᠤ ᠭᠠᠷᠴᠤ ᠰᠠᠭᠤᠨ᠎ᠠ᠃ ᠲᠡᠭᠡᠬᠦ ᠳᠡᠭᠡᠨ ᠲᠤᠮᠤᠭᠠᠳᠠᠢ ᠬᠦᠮᠤᠨ ᠪᠤᠯ ᠵᠠᠪᠢᠯᠠᠨ ᠰᠠᠭᠤᠵᠤ᠂ ᠵᠠᠯᠠᠭᠤ ᠬᠦᠮᠤᠰ ᠪᠤᠯ ᠪᠠᠷᠠᠭᠤᠨ ᠲᠠᠯ᠎ᠠ ᠶᠢᠨ ᠡᠪᠥᠳᠥᠭ ᠢ ᠨᠤᠭᠤᠯᠵᠤ᠂ ᠵᠡᠬᠦᠨ ᠡᠪᠥᠳᠥᠭ ᠢᠶᠠᠨ ᠪᠤᠰᠬᠠᠨ ᠴᠤᠮᠴᠦ᠋ᠢᠨ ᠰᠠᠭᠤᠨ᠎ᠠ᠃ ᠭᠡᠳᠤ ᠭᠡᠳᠤᠨ ᠬᠦᠮᠤᠨ ᠠᠶᠢᠯ ᠳᠤ ᠬᠠᠮᠳᠤ ᠤᠷᠤᠭᠰᠠᠨ ᠪᠤᠯ ᠨᠠᠰᠤᠨ ᠤ ᠶᠡᠭᠡ ᠪᠠᠭ᠎ᠠ ᠪᠠᠷ ᠲᠠᠷᠠᠭᠠᠯᠠᠨ ᠰᠠᠭᠤᠨ᠎ᠠ᠃       ︵ᠬᠤᠶᠠᠷ︶ ᠮᠤᠩᠭᠤᠯ ᠭᠡᠷ ᠲᠤ ᠰᠠᠭᠤᠬᠤ ᠶᠤᠰᠤ       ᠪᠠᠷᠭᠤᠴᠤᠳ ︽ᠬᠦᠮᠤᠨ ᠠᠬ᠎ᠠ ᠲᠠᠢ᠂ ᠲᠡᠪᠡᠯ ᠵᠠᠬ᠎ᠠ ᠲᠠᠢ︾ ᠭᠡᠵᠤ ᠠᠬᠠᠮᠠᠳ ᠢᠶᠠᠨ ᠬᠦᠡᠳᠤᠳᠭᠡᠨ᠂ ᠢᠷᠡᠭᠰᠡᠨ ᠵᠤᠴᠢᠨ ᠢ ᠨᠠᠰᠤᠨ ᠤ ᠲᠠᠷᠠᠭᠠᠯᠠᠯ ᠢᠶᠠᠷ ᠮᠤᠩᠭᠤᠯ ᠭᠡᠷ ᠲᠤ ᠤᠷᠤ ᠰᠠᠭᠤᠳᠠᠯ ᠤᠨ ᠬᠤᠶᠢᠮᠤᠷ ᠲᠤ ᠵᠠᠯᠠᠨ ᠰᠠᠭᠠᠳᠠᠭᠤᠯᠳᠠᠭ᠃ ᠦᠪᠡᠷ ᠬᠤᠭᠤᠷᠤᠡᠳᠤ ᠭᠡᠷ ᠵᠠᠭᠤᠷ᠎ᠠ ᠪᠠᠨ ᠴᠤ ᠮᠦᠨ ᠠᠳᠠᠯᠢ᠂ ᠨᠠᠰᠤᠨ ᠤ ᠶᠡᠭᠡ ᠪᠠᠭ᠎ᠠ ᠪᠠᠷ ᠰᠠᠭᠤᠳᠠᠯ ᠢᠶᠠᠨ ᠤᠯᠵᠤ᠂ ᠠᠪᠤ ᠡᠵᠢ ᠠᠬᠠᠮᠠᠳ ᠲᠤᠮᠤᠭᠠᠳᠠᠨ ᠢᠶᠠᠨ ᠭᠡᠷ ᠤᠨ ᠬᠤᠷᠮᠤᠢ ᠲᠤ ᠰᠠᠭᠤᠯᠭᠠᠳᠠᠭ᠃ ᠠᠶᠢᠯ ᠡᠷᠥᠭᠡ ᠶᠢᠨ ᠭᠡᠷ ᠤᠨ ᠡᠵᠡᠨ ᠪᠤᠯ ᠵᠡᠬᠦᠨ ᠬᠤᠶᠢᠳᠤ ᠬᠤᠶᠢᠮᠤᠷ ᠤᠨ ᠲᠡᠭᠡᠳᠤ ᠲᠠᠯ᠎ᠠ ᠳᠤ ᠲᠠᠯᠪᠢᠵᠤ ᠪᠠᠶᠢᠭ᠎ᠠ ᠠᠪᠳᠠᠷ᠎ᠠ ᠶᠢᠨ ᠡᠮᠤᠨᠡᠬᠢ ᠭᠠᠵᠠᠷ ᠲᠤ ᠲᠠᠪᠢᠰᠥᠭᠰᠡᠨ ᠰᠢᠷᠢᠮᠡᠯ ᠰᠢᠷᠢᠳᠡᠭ ᠪᠤᠶᠤ ᠤᠯᠪᠤᠭ ︵ᠲᠠᠯᠪᠠᠭ︶ ᠲᠡᠭᠡᠷ᠎ᠠ ᠰᠠᠭᠤᠳᠠᠭ᠃ ᠭᠡᠷ ᠤᠨ ᠡᠵᠡᠭᠳᠡᠢ ᠭᠠᠯ ᠲᠤᠭᠤᠭᠠᠨ ᠤ ᠲᠠᠯᠪᠢᠭᠤᠷ ᠪᠡ ᠭᠠᠯ ᠲᠤᠭᠤᠭᠠᠨ ᠤ ᠭᠡᠷᠡᠭᠰᠡᠯ ᠤᠨ ᠲᠡᠭᠡᠳᠤ ᠲᠠᠯ᠎ᠠ ᠶᠢᠨ ᠤᠷᠤᠨ ᠳᠤ ᠰᠠᠭᠤᠬᠤ ᠪᠤᠶᠤ ᠭᠠᠵᠠᠷ ᠲᠤ ᠲᠡᠪᠢᠰᠥᠭᠰᠡᠨ ᠰᠢᠷᠢᠳᠡᠭ ᠲᠡᠭᠡᠷ᠎ᠠ ᠴᠤᠮᠴᠦ᠋ᠢᠨ ᠰᠠᠭᠤᠳᠠᠭ᠃ ᠭᠡᠤᠭᠡᠳ ᠪᠠᠭᠠᠴᠤᠳ ᠪᠤᠯ ᠮᠤᠩᠭᠤᠯ ᠭᠡᠷ ᠤᠨ ᠪᠠᠷᠠᠭᠤᠨ ᠡᠮᠤᠨ᠎ᠠ ᠵᠠᠬ᠎ᠠ ᠶᠢᠨ ᠠᠷᠤ ᠳᠤ ᠰᠠᠭᠤᠳᠠᠭ᠃ ᠮᠤᠩᠭᠤᠯ ᠭᠡᠷ ᠤᠨ ᠪᠠᠷᠠᠭᠤᠨ ᠲᠡᠭᠡᠳᠤ ᠬᠤᠶᠢᠮᠤᠷ ᠲᠤ ᠪᠤᠯ ᠠᠬᠠᠮᠠᠳ ᠨᠠᠰᠤᠳᠡᠨ ᠪᠤᠯᠤᠨ ᠬᠦᠭᠰᠢᠨ ᠪᠤᠭᠤᠷᠤᠯ ᠠᠪᠤ ᠡᠵᠢ ᠪᠡ ᠮᠤᠷᠢᠯᠠᠵᠤ ᠢᠷᠡᠭᠰᠡᠨ ᠬᠦᠡᠳᠤᠳᠤ ᠵᠤᠴᠢᠨ ᠰᠠᠭᠤᠳᠠᠭ ᠪᠥᠭᠡᠳ ᠬᠤᠶᠢᠮᠤᠷ ᠲᠤ ᠲᠠᠪᠢᠰᠥᠭᠰᠡᠨ ᠭᠡᠪᠢᠰ ᠪᠡ ᠰᠢᠷᠢᠮᠡᠯ ᠪᠤᠯᠢᠭᠠᠷᠢ ᠰᠢᠷᠢᠳᠡᠭ ᠲᠡᠭᠡᠷ᠎ᠠ ᠰᠠᠭᠤᠳᠠᠭ᠃ ᠭᠡᠷ ᠤᠨ ᠡᠵᠡᠨ ᠲᠠᠢ ᠦᠶ᠎ᠠ ᠵᠡᠷᠭᠡ ᠶᠢᠨ ᠬᠦᠮᠤᠨ ᠪᠤᠯ ᠪᠠᠷᠠᠭᠤᠨ ᠲᠠᠯ᠎ᠠ ᠶᠢᠨ ᠤᠷᠤᠨ ᠳᠤ ᠰᠠᠭᠤᠵᠤ᠂ ᠭᠡᠷ ᠤᠨ ᠡᠵᠡᠨ ᠠᠴᠠ ᠲᠠᠬᠦᠤ ᠬᠦᠮᠤᠨ ᠪᠤᠯ ᠪᠠᠷᠠᠭᠤᠨ ᠡᠮᠤᠨ᠎ᠠ ᠲᠠᠯ᠎ᠠ ᠳᠤ ᠰᠠᠭᠤᠨ᠎ᠠ᠃ ᠠᠶᠢᠯᠴᠢᠨ ᠵᠤᠴᠢᠨ ᠪᠤᠯᠵᠤ ᠢᠷᠡᠭᠰᠡᠨ ᠦᠬᠢᠳ ᠪᠠᠷᠢᠶᠠᠳ ᠨᠢ ᠭᠡᠷ ᠤᠨ ᠡᠵᠡᠭᠳᠡᠢ ᠠᠴᠠ ᠨᠠᠰᠤ ᠵᠢᠯ ᠨᠢ ᠶᠡᠭᠡ ᠪᠤᠯ ᠭᠡᠷ ᠤᠨ ᠵᠡᠬᠦᠨ ᠤᠷᠤᠨ ᠤ ᠲᠡᠭᠡᠳᠤ ᠲᠠᠯ᠎ᠠ ᠳᠤ ᠰᠠᠭᠤᠵᠤ᠂ ᠲᠠᠬᠦᠤᠮᠡᠳ ᠬᠦᠮᠤᠨ ᠪᠤᠯ ᠭᠡᠷ ᠤᠨ ᠵᠡᠬᠦᠨ ᠤᠷᠤᠨ ᠤ ᠲᠤᠤᠷᠠᠳᠤ ᠲᠠᠯ᠎ᠠ ᠳᠤ ᠰᠠᠭᠤᠨ᠎ᠠ᠃ ᠬᠦᠯ ᠳᠤ ᠤᠷᠤᠭ᠎ᠠ ᠦᠭᠡᠢ ᠨᠢᠷᠠᠢ ᠨᠢᠯᠬ᠎ᠠ ᠭᠡᠤᠭᠡᠳ ᠢ ᠪᠤᠯ ᠮᠤᠩᠭᠤᠯ ᠭᠡᠷ ᠤᠨ ᠵᠡᠬᠦᠨ ᠲᠠᠯ᠎ᠠ ᠶᠢᠨ ᠤᠷᠤ ᠶᠢᠨ ᠲᠡᠭᠡᠳᠤ ᠲᠠᠯ᠎ᠠ ᠳᠤ ᠡᠴᠢᠭᠡ ᠡᠭᠡ ᠬᠤᠶᠠᠷ ᠤᠨ ᠰᠠᠭᠤᠳᠠᠯ ᠤᠨ ᠬᠤᠭᠤᠷᠤᠡᠳᠤ ᠬᠠᠨ᠎ᠠ ᠠᠴᠠ ᠤᠶᠠᠵᠤ᠂ ᠡᠮᠤᠨ᠎ᠠ ᠨᠢ ᠲᠤᠬᠤᠢ ᠬᠢᠷᠢ ᠦᠡᠳᠤᠷ ᠮᠤᠳᠤᠨ ᠲᠦᠰᠢᠯᠭᠡ ᠪᠤᠰᠬᠠᠨ ᠲᠠᠯᠪᠢᠳᠠᠭ ᠶᠤᠮ᠃ ᠠᠬᠠᠮᠠᠳ ᠨᠠᠰᠤᠳᠡᠨ ᠪᠤᠯᠤᠨ ᠠᠶᠢᠯᠴᠢᠨ ᠵᠤᠴᠢᠨ ᠪᠡ ᠭᠡᠷ ᠤᠨ ᠡᠵᠡᠨ ᠤ ᠤᠷᠤ ᠰᠢᠷᠡᠭᠡᠨ ᠳᠤ ᠪᠥᠷ ᠭᠡᠪᠢᠰ᠂ ᠤᠯᠪᠤᠭ ︵ᠲᠠᠯᠪᠠᠭ︶᠂ ᠰᠢᠷᠢᠮᠡᠯ ᠰᠢᠷᠢᠳᠡᠭ᠂ ᠪᠤᠯᠢᠭᠠᠷᠢ ᠰᠢᠷᠢᠳᠡᠭ ᠵᠠᠷᠭᠡ ᠶᠢ ᠲᠠᠪᠢᠰᠴᠤ ᠦᠭᠳᠡᠭ ᠪᠥᠭᠡᠳ ᠠᠶᠢᠯᠴᠢᠯᠠᠵᠤ ᠢᠷᠡᠭᠰᠡᠨ ᠠᠶᠢᠯᠴᠢᠨ ᠵᠤᠴᠢᠳ ᠪᠤᠶᠤ ᠭᠡᠷ ᠤᠨ ᠡᠵᠡᠨ ᠪᠥᠷ ᠵᠠᠪᠢᠯᠠᠬᠤ ᠰᠠᠭᠤᠳᠠᠯ ᠢᠶᠠᠷ ᠰᠠᠭᠤᠳᠠᠭ᠃ ᠪᠥᠰᠡᠬᠦᠢ ᠬᠦᠮᠤᠨ ᠴᠤᠮᠴᠦ᠋ᠢᠨ ᠰᠠᠭᠤᠳᠠᠭ᠃ ᠮᠤᠩᠭᠤᠯ ᠭᠡᠷ ᠤᠨ ᠪᠠᠷᠠᠭᠤᠨ ᠲᠠᠯ᠎ᠠ ᠳᠤ ᠰᠠᠭᠤᠬᠤ ᠪᠥᠰᠡᠬᠦᠢ ᠬᠦᠮᠤᠨ ᠵᠡᠬᠦᠨ ᠡᠪᠥᠳᠥᠭ ᠢᠶᠠᠨ ᠨᠤᠭᠤᠯᠤᠨ ᠲᠠᠷᠤᠵᠤ ᠪᠠᠷᠠᠭᠤᠨ ᠬᠦᠯ ᠢᠶᠠᠨ ᠴᠤᠮᠴᠦ᠋ᠢᠯᠭᠠᠨ ᠰᠠᠭᠤᠵᠤ᠂ ᠵᠡᠬᠦᠨ ᠲᠠᠯ᠎ᠠ ᠳᠤ ᠰᠠᠭᠤᠬᠤ ᠪᠥᠰᠡᠬᠦᠢ ᠬᠦᠮᠤᠨ ᠪᠠᠷᠠᠭᠤᠨ ᠡᠪᠥᠳᠥᠭ ᠢᠶᠠᠨ ᠨᠤᠭᠤᠯᠤᠨ ᠵᠡᠬᠦᠨ ᠬᠦᠯ ᠢᠶᠠᠨ ᠴᠤᠮᠴᠦ᠋ᠢᠯᠭᠠᠨ ᠰᠠᠭᠤᠳᠠᠭ ᠶᠤᠰᠤ ᠲᠠᠢ ᠪᠠᠶᠢᠳᠠᠭ᠃       ︵ᠭᠤᠷᠪᠡ︶ ᠮᠤᠩᠭᠤᠯ ᠭᠡᠷ ᠲᠤ ᠬᠤᠨᠤᠬᠤ ᠶᠤᠰᠤ       ᠮᠤᠩᠭᠤᠯ ᠭᠡᠷ ᠲᠤ ᠬᠤᠨᠤᠬᠤ ᠳᠤ ᠭᠡᠷ ᠤᠨ ᠬᠤᠶᠢᠮᠤᠷ ᠲᠤ ᠠᠬᠠᠮᠠᠳ ᠨᠠᠰᠤᠳᠡᠨ ᠤᠡᠳᠠᠵᠤ᠂ ᠵᠡᠬᠦᠨ ᠲᠠᠯ᠎ᠠ ᠶᠢᠨ ᠤᠷᠤᠨ ᠳᠤ ᠭᠡᠤᠭᠡᠳ ᠪᠠᠷᠢᠶᠡᠳ ᠤᠡᠳᠠᠵᠤ᠂ ᠪᠠᠷᠠᠭᠤᠨ ᠲᠠᠯ᠎ᠠ ᠶᠢᠨ ᠤᠷᠤᠨ ᠳᠤ ᠠᠶᠢᠯᠴᠢᠨ ᠵᠤᠴᠢᠨ ᠢ ᠤᠡᠳᠠᠭᠤᠯᠳᠠᠭ ᠶᠤᠰᠤ ᠲᠠᠢ᠃ ᠡᠬᠦᠨ ᠳᠤ ᠬᠤᠶᠢᠮᠤᠷ ᠤᠨ ᠤᠷᠤᠨ ᠳᠤ ᠤᠡᠳᠠᠬᠤ ᠬᠦᠮᠤᠨ᠂ ᠲᠤᠯᠤᠭᠠᠢ ᠪᠠᠨ ᠪᠠᠷᠠᠭᠤᠡᠰᠢ ᠬᠠᠷᠠᠭᠤᠯᠵᠤ᠂ ᠵᠡᠬᠦᠨ ᠪᠠᠷᠠᠭᠤᠨ ᠤᠷᠤᠨ ᠳᠤ ᠤᠡᠳᠠᠬᠤ ᠬᠦᠮᠤᠨ ᠲᠤᠯᠤᠭᠠᠢ ᠪᠠᠨ ᠬᠤᠶᠢᠰᠢ ᠬᠠᠨᠳᠤᠭᠤᠯᠵᠤ ᠤᠡᠳᠠᠳᠠᠭ ᠶᠤᠰᠤ ᠲᠠᠢ᠃       ᠮᠤᠩᠭᠤᠯ ᠭᠡᠷ ᠲᠤ ᠬᠤᠨᠤᠬᠤ ᠳᠤ ᠪᠤᠢ ᠪᠥᠬᠦᠢ ᠬᠤᠴᠢᠯᠭ᠎ᠠ ᠶᠢ ᠭᠡᠷ ᠤᠨ ᠡᠵᠡᠭᠳᠡᠢ ᠲᠤᠬᠢᠷᠠᠭᠤᠯᠵᠤ ᠦᠭᠳᠡᠭ ᠪᠥᠭᠡᠳ ᠬᠤᠨᠤᠴᠠ ᠶᠢ ᠵᠠᠪᠡᠯ ᠬᠤᠴᠢᠵᠤ ᠦᠭᠳᠡᠭ ᠶᠤᠰᠤᠨ ᠪᠤᠢ᠃ ᠬᠥᠮᠤᠰ ᠪᠥᠷ ᠤᠷᠤ ᠤᠷᠤᠨ ᠳᠤ ᠪᠠᠨ ᠭᠡᠪᠳᠡᠭᠰᠡᠨ ᠤ ᠰᠠᠬᠦᠯᠠᠷ ᠭᠡᠷ ᠤᠨ ᠡᠵᠡᠭᠳᠡᠢ ᠡᠷᠥᠭᠡ ᠪᠠᠨ ᠲᠠᠳᠠᠵᠤ᠂ ᠳ᠋ᠸᠡᠭ ᠢᠶᠠᠨ ᠤᠡᠳᠠᠷᠠᠭᠠᠭᠠᠳ ᠤᠡᠳᠠᠬᠤ ᠪᠠᠷ ᠭᠡᠪᠳᠡᠳᠡᠭ᠃ ᠭᠡᠨ ᠨᠢᠭᠡᠨ ᠬᠦᠮᠤᠨ ᠰᠥᠨᠢ ᠪᠤᠰᠬᠤ ᠭᠡᠷᠡᠭ ᠲᠠᠢ ᠪᠤᠯ ᠴᠢᠮᠡᠭᠡ ᠪᠤᠯᠵᠤ ᠭᠡᠷ ᠤᠨ ᠡᠵᠡᠭᠳᠡᠢ ᠭᠡᠷᠡᠯ ᠭᠠᠷᠭᠠᠵᠤ ᠦᠭᠳᠡᠭ᠂ ᠬᠠᠷᠠᠩᠭᠤᠢ ᠰᠥᠨᠢ ᠲᠠᠮᠳᠡᠷᠬᠢᠯᠡᠨ ᠪᠤᠰᠬᠤ ᠶᠢ ᠤᠭᠳᠤ ᠵᠦᠪᠰᠢᠶᠡᠷᠡᠳᠡᠭ ᠦᠭᠡᠢ᠃       ︵ᠲᠥᠷᠪᠡ︶ ᠮᠤᠩᠭᠤᠯ ᠭᠡᠷ ᠠᠴᠠ ᠭᠠᠷᠬᠤ ᠶᠤᠰᠤ       ᠭᠡᠷ ᠠᠴᠠ ᠭᠠᠷᠬᠤ ᠬᠦᠮᠤᠨ ᠬᠤᠷᠮᠤᠢ ᠬᠤᠳᠠ ᠪᠠᠨ ᠲᠡᠭᠰᠢᠯᠡᠨ ᠴᠤᠮᠤᠷ ᠪᠠᠶᠢᠯᠭᠠᠵᠤ᠂ ᠲᠤᠯᠭ᠎ᠠ ᠵᠤᠤᠬ᠎ᠠ ᠲᠠᠭᠠᠷᠢᠯᠠᠨ᠂ ᠡᠳ᠋ᠯᠡᠯ ᠭᠡᠷᠡᠭᠯᠡᠯ ᠢ ᠤᠨᠠᠭᠠᠵᠤ ᠲᠤᠰᠠᠭᠠᠬᠤ᠂ ᠴᠠᠢ ᠢᠳᠡᠭᠡ ᠠᠰᠬᠠᠵᠤ᠂ ᠦᠨᠡᠰᠤ ᠬᠤᠭ ᠴᠢᠷᠬᠦ ᠶᠢ ᠴᠢᠩᠭ᠎ᠠ ᠴᠡᠭᠡᠷᠯᠡᠨ᠎ᠠ᠃ ᠨᠠᠰᠤᠳᠡᠢ ᠬᠦᠮᠤᠨ ᠢ ᠲᠥᠰᠢᠨ ᠪᠤᠰᠬᠠᠵᠤ᠂ ᠲᠤᠯᠵᠤ ᠡᠬᠦᠳᠡ ᠭᠠᠷᠭᠠᠨ᠎ᠠ᠃ ᠪᠤᠰᠤᠳ ᠬᠦᠮᠤᠰ ᠲᠤᠯᠭ᠎ᠠ ᠶᠢᠨ ᠠᠯᠢ ᠲᠠᠯ᠎ᠠ ᠳᠤ ᠰᠠᠭᠤᠭᠰᠠᠨ ᠪᠤᠯ ᠲᠡᠷᠡ ᠲᠠᠯ᠎ᠠ ᠪᠠᠷ ᠢᠶᠠᠨ ᠲᠡᠰ ᠲᠠᠷᠠᠭ᠎ᠠ ᠲᠠᠢ ᠠᠭᠠᠵᠢᠮ ᠲᠤᠭᠳᠠᠭᠤᠨ ᠬᠦᠡᠭᠭᠡᠨ ᠠᠯᠬᠤᠵᠤ ᠭᠡᠷ ᠠᠴᠠ ᠭᠠᠷᠤᠨ᠎ᠠ᠃ ᠲᠤᠯᠭ᠎ᠠ ᠵᠤᠤᠬ᠎ᠠ ᠶᠢ ᠪᠥᠳᠥᠨ ᠡᠷᠬᠢᠵᠤ ᠭᠠᠷᠴᠤ ᠪᠤᠯᠬᠤ ᠦᠭᠡᠢ᠃ ᠲᠤᠯᠭ᠎ᠠ ᠶᠢᠨ ᠬᠤᠶᠢᠨ᠎ᠠ ᠭᠡᠷ ᠤᠨ ᠬᠤᠶᠢᠮᠤᠷ ᠰᠠᠭᠤᠭᠰᠠᠨ ᠬᠦᠮᠤᠨ ᠲᠤᠯᠭ᠎ᠠ ᠶᠢᠨ ᠵᠡᠬᠦᠨ ᠲᠠᠯ᠎ᠠ ᠪᠠᠷ ᠨᠠᠷᠠᠨ ᠵᠦᠪ ᠡᠷᠬᠢᠵᠤ ᠭᠡᠷ ᠠᠴᠠ ᠭᠠᠷᠤᠨ᠎ᠠ᠃ ᠭᠡᠷ ᠠᠴᠠ ᠭᠠᠷᠬᠤ ᠬᠦᠮᠤᠨ ᠪᠠᠷᠠᠭᠤᠨ ᠭᠠᠷ ᠢᠶᠠᠷ ᠬᠠᠪᠳᠠᠰᠤᠨ ᠡᠬᠦᠳᠡ ᠶᠢ ᠬᠦᠡᠭᠭᠡᠨ ᠲᠥᠯᠬᠢᠵᠤ᠂ ᠢᠰᠡᠭᠡᠢ ᠡᠬᠦᠳᠡ ᠶᠢ ᠡᠷᠬᠦᠨ ᠭᠠᠷᠤᠨ᠎ᠠ᠃ 
ᠢᠷᠡᠯᠲᠡ᠄ ᠬᠦᠯᠦᠨ ᠪᠦᠢᠷ ᠬᠤᠲᠠ ᠶᠢᠨ ᠠᠷᠠᠳ ᠤᠨ ᠵᠠᠰᠠᠭ ᠤᠨ ᠣᠷᠳᠤᠨ