ᠨᠠᠷᠠᠳᠤ ᠶᠢᠨ ᠨᠠᠨᠳᠢᠨ ᠠᠶᠠᠯᠭᠤ
ᠨᠡᠶᠢᠲᠡᠯᠡᠭᠰᠡᠨ ᠴᠠᠭ᠄
2023/7/11
       ᠬᠤᠶᠠᠷ ᠵᠢᠯ ᠤᠨ ᠡᠮᠦᠨᠡᠬᠢ ᠨᠢᠭᠡᠨ ᠤᠳᠠᠭᠠᠨ ᠤ ᠬᠠᠭᠤᠴᠢᠨ ᠠᠷᠠᠳ ᠤᠨ ᠳᠠᠭᠤᠤ ᠶᠢᠨ ᠨᠣᠲ ᠢ ᠪᠠᠭᠤᠯᠭᠠᠨ ᠲᠡᠮᠳᠡᠭᠯᠡᠬᠦ ᠠᠵᠢᠯᠯᠠᠭᠠᠨ ᠳᠤᠮᠳᠠ ᠰᠠᠨᠠᠮᠰᠠᠷ ᠦᠭᠡᠢ ᠤᠷᠤᠯᠴᠠᠬᠰᠠᠨ ᠨᠢ ᠮᠠᠰᠢ ᠨᠠᠨᠳᠢᠩᠨᠠᠮᠠᠷ ᠨᠢᠭᠡᠨ ᠤᠴᠢᠷ ᠪᠣᠯᠤᠭᠰᠠᠨ ᠰᠠᠨ᠃ ᠨᠠᠷᠢᠨ ᠤᠴᠢᠷ ᠢ ᠳᠤᠷᠠᠳᠪᠠᠯ᠄ ᠮᠠᠨ ᠤ ᠬᠤᠳᠠ ᠶᠢᠨ ᠠᠷᠠᠳ ᠤᠨ ᠤᠳᠤᠮᠰᠢᠯᠲᠤ ᠵᠠᠩ ᠦᠢᠯᠡ ᠰᠣᠶᠣᠯ ᠰᠤᠷᠲᠠᠬᠤᠨ ᠢ ᠰᠤᠳᠤᠯᠬᠤ ᠬᠦᠷᠢᠶᠡᠯᠡᠩ ᠠᠴᠠ ᠨᠢᠭᠡᠨ ᠰᠣᠷᠢᠨᠵᠢᠨ ᠪᠢᠴᠢᠯᠭᠡ ᠶᠢ ᠬᠥᠯᠥᠨ ᠪᠤᠶᠢᠷ ᠳᠡᠭᠡᠳᠦ ᠰᠤᠷᠭᠠᠭᠤᠯᠢ ᠶᠢᠨ ᠨᠢᠭᠡᠨ ᠰᠠᠯᠪᠤᠷᠢ ᠪᠤᠯᠬᠤ ᠰᠤᠷᠭᠠᠨ ᠬᠥᠮᠦᠵᠢᠯ ᠤᠨ ᠳᠡᠭᠡᠳᠦ ᠰᠤᠷᠭᠠᠭᠤᠯᠢ ᠶᠢᠨ ᠳᠠᠭᠤᠤ ᠬᠥᠭᠵᠢᠮ ᠤᠨ ᠰᠠᠯᠪᠤᠷᠢ ᠶᠢᠨ ᠪᠠᠭᠰᠢ ᠨᠠᠷ ᠲᠤ ᠬᠦᠷᠭᠡᠵᠦ᠂ ᠡᠬᠡ ᠮᠠᠲ᠋ᠧᠷᠢᠶᠠᠯ ᠢ ᠪᠠᠭᠤᠯᠭᠠᠨ ᠠᠪᠬᠤ ᠶᠢ ᠳᠠᠭᠠᠭᠠᠯᠭᠠᠭᠰᠠᠨ ᠪᠠᠶᠢᠨ᠎ᠠ᠃ ᠲᠤᠰ ᠰᠣᠷᠢᠨᠵᠢᠨ ᠪᠢᠴᠢᠯᠭᠡ ᠨᠢ ᠡᠸᠦ᠋ᠷᠦᠫᠡ ᠪᠣᠯᠣᠨ ᠶᠠᠫᠤᠨ ᠠᠴᠠ ᠰᠢᠯᠵᠢᠭᠦᠯᠦᠨ ᠠᠪᠴᠢᠷᠠᠭᠰᠠᠨ ᠬᠠᠭᠤᠴᠢ ᠮᠡᠲ᠋ᠧᠷᠢᠶᠠᠯ ᠪᠤᠯᠬᠤ ᠮᠥᠷᠲᠡᠭᠡᠨ ᠳᠣᠲᠣᠷ᠎ᠠ ᠨᠢ ᠪᠠᠶᠢᠬᠤ ᠰᠢᠩᠭᠡᠭᠡᠯᠲᠡ ᠲᠠᠢ ᠨᠡᠯᠢᠶᠡᠳ ᠬᠡᠰᠡᠭ ᠠᠷᠠᠳ ᠤᠨ ᠳᠠᠭᠤᠤ ᠬᠥᠭᠵᠢᠮ ᠨᠦᠭᠦᠳ ᠢ ᠨᠢ ᠲᠤᠰᠬᠠᠢ ᠳᠠᠭᠤᠤ ᠬᠥᠭᠵᠢᠮ ᠵᠢᠭᠠᠨ ᠰᠤᠷᠭᠠᠬᠤ ᠰᠠᠯᠪᠤᠷᠢ ᠶᠢᠨ ᠪᠠᠭᠰᠢ ᠨᠠᠷ ᠢᠶᠠᠷ ᠪᠠᠭᠤᠯᠭᠠᠨ ᠲᠡᠮᠳᠡᠭᠯᠡᠭᠦᠯᠬᠦ ᠪᠠᠷ ᠲᠣᠭᠲᠠᠵᠠᠢ᠃ ᠭᠤᠣᠯ ᠠᠵᠢᠯ ᠢ ᠨᠢ ᠳᠠᠭᠠᠭᠠᠴᠢᠯᠠᠨ ᠬᠢᠭᠰᠡᠨ ᠰᠢᠶᠧ ᠪᠠᠢ ᠵᠢᠶᠦ᠋ᠨ ᠭᠡᠳᠡᠭ ᠪᠠᠭᠰᠢ ᠪᠣᠯ ᠮᠢᠨᠤ ᠪᠠᠭᠰᠢ ᠶᠢᠨ ᠰᠤᠷᠭᠠᠭᠤᠯᠢ ᠶᠢᠨ ᠦᠶ᠎ᠡ ᠶᠢᠨ ᠳᠠᠭᠤᠤ ᠬᠥᠭᠵᠢᠮ ᠤᠨ ᠪᠠᠭᠰᠢ ᠪᠤᠯᠬᠤ ᠲᠤᠯᠠ ᠵᠠᠷᠢᠮ ᠠᠵᠢᠯ ᠢ ᠨᠢ ᠨᠠᠳᠠ ᠪᠠᠷ  ᠬᠠᠪᠰᠤᠷᠭᠠᠨ ᠬᠢᠯᠭᠡᠬᠦ ᠪᠠᠷ ᠳᠠᠭᠤᠳᠠᠭᠰᠠᠨ ᠪᠢᠯᠡ᠃ ᠲᠡᠭᠡᠭᠡᠳ ᠪᠢ ᠤᠳᠤ ᠠᠴᠠ ᠨᠠᠶᠠᠭᠠᠳ ᠵᠢᠯ ᠤᠨ ᠡᠮᠦᠨ᠎ᠡ ᠰᠢᠩᠭᠡᠭᠡᠭᠰᠡᠨ ᠡᠳᠡᠭᠡᠷ ᠬᠠᠭᠤᠴᠢᠨ ᠠᠷᠠᠳ ᠤᠨ ᠳᠠᠭᠤᠤ ᠬᠥᠭᠵᠢᠮ ᠨᠦᠭᠦᠳ ᠲᠠᠢ ᠠᠩᠬ᠎ᠠ ᠵᠣᠯᠭᠠᠵᠤ ᠪᠢᠯᠡ᠃ ᠮᠢᠩᠭ᠎ᠠ ᠶᠢᠰᠦᠨ ᠵᠠᠭᠤᠨ ᠭᠤᠴᠢᠭᠠᠳ ᠣᠨ ᠤ  ᠦᠶ᠎ᠡ ᠳᠤ᠂ ᠡᠸᠦ᠋ᠷᠦᠫᠡ ᠠᠴᠠ ᠢᠷᠡᠭᠰᠡᠨ ᠳ᠋ᠧᠨ᠋ᠮᠡᠷᠺ ᠤᠨ ᠵᠢᠭᠤᠯᠴᠢᠨ ᠾᠧᠩᠨᠢᠩ·ᠬᠠᠰᠯᠦ᠋ᠨᠳ᠋ ᠬᠥᠯᠥᠨ ᠪᠤᠶᠢᠷ ᠨᠤᠲᠤᠭ ᠢᠶᠠᠷ ᠵᠢᠭᠤᠯᠴᠢᠯᠠᠨ ᠰᠤᠷᠪᠤᠯᠵᠢᠯᠠᠬᠤ ᠳᠤᠮᠳᠠ ᠰᠢᠩᠭᠡᠬᠡᠨ ᠠᠪᠤᠭᠰᠠᠨ ᠬᠡᠳᠦᠨ ᠪᠠᠷᠭᠤ ᠠᠷᠠᠳ ᠤᠨ ᠳᠠᠭᠤᠤ ᠡᠭᠦᠨ ᠤ ᠳᠤᠮᠳᠠ ᠪᠠᠭᠲᠠᠵᠤ ᠪᠠᠶᠢᠵᠠᠢ᠃ ᠵᠣᠬᠢᠶᠠᠭᠴᠢ ᠶᠢᠨ ᠲᠤᠬᠠᠢ ᠮᠥᠨ ᠠᠩᠬ᠎ᠠ ᠰᠣᠨᠣᠰᠴᠤ ᠪᠠᠶᠢᠭ᠎ᠠ ᠪᠥᠭᠡᠳ ᠡᠳᠡᠭᠡᠷ ᠬᠠᠭᠤᠴᠢ ᠮᠡᠲ᠋ᠧᠷᠢᠶᠠᠯ ᠤᠨ ᠲᠤᠬᠠᠢ ᠠᠩᠬ᠎ᠠ ᠪᠦᠦᠷ ᠲᠦᠦᠷ ᠮᠡᠳᠡᠨ ᠠᠪᠤᠭᠰᠠᠨ ᠢᠶᠠᠨ ᠤᠯᠠᠨ ᠡᠳᠦᠷ ᠤᠨ ᠦᠷᠭᠦᠯᠵᠢᠯᠡᠭᠰᠡᠨ ᠬᠠᠮᠲᠤ ᠶᠢᠨ ᠰᠤᠳᠤᠯᠭᠠᠨ ᠴᠢᠷᠮᠠᠶᠢᠯᠭ᠎ᠠ ᠳᠤᠮᠳᠠ ᠤᠯᠠᠮ ᠪᠣᠳᠠᠲᠠᠢ ᠴᠢᠮᠡᠭᠡ ᠰᠤᠷᠠᠭ ᠢ ᠣᠶᠢᠯᠠᠭᠠᠨ ᠮᠡᠳᠡᠭᠰᠡᠨ ᠶᠤᠮ᠃ ᠲᠡᠭᠡᠭᠦ ᠶᠢᠨ ᠤᠯᠠᠮ ᠡᠳᠡᠭᠡᠷ ᠬᠠᠭᠤᠴᠢᠨ ᠠᠷᠠᠳ ᠤᠨ ᠳᠠᠭᠤᠤ ᠨᠤᠭᠤᠳ ᠤᠨ ᠲᠤᠬᠠᠢ ᠬᠡᠰᠡᠭ ᠬᠡᠮᠵᠢᠶᠡᠨ ᠤ ᠲᠠᠨᠢᠯᠲᠠ ᠶᠢᠨ ᠭᠦᠨᠵᠡᠭᠡᠶᠢᠷᠡᠯ ᠢ ᠥᠩᠭᠡᠷᠡᠭᠡᠨ᠂ ᠠᠩᠬᠠᠨ ᠤ ᠰᠣᠨᠢᠬᠠᠨ ᠭᠠᠶᠢᠬᠠᠮᠰᠢᠭᠲᠠᠢ ᠶᠠᠪᠤᠴᠠ ᠠᠯᠬᠤᠮ ᠠᠴᠠ ᠪᠠᠨ ᠢᠳᠡᠭ ᠢᠳᠡᠭ ᠢᠶᠠᠷ ᠭᠦᠨᠵᠡᠭᠡᠶᠢᠷᠡᠨ ᠦᠷᠭᠡᠳᠦᠭᠰᠡᠭᠡᠷ ᠪᠠᠶᠢᠭᠠᠳ ᠴᠡᠭᠡᠵᠢᠨ ᠳᠡᠭᠡᠨ ᠰᠠᠯᠵᠤ ᠪᠣᠯᠣᠰᠢ ᠦᠭᠡᠢ ᠪᠠᠲᠤ ᠰᠠᠭᠤᠷᠢᠯᠢᠭ ᠢᠮ ᠲᠠᠮᠠᠭ᠎ᠠ ᠦᠯᠡᠳᠡᠭᠡᠭᠰᠡᠨ ᠶᠤᠮ᠃       ︽ᠮᠣᠩᠭᠤᠯ ᠤᠨ ᠪᠤᠷᠬᠠᠳ ᠪᠠ ᠡᠷᠡᠴᠦᠦᠯ︾︵ᠳ᠋ᠧᠨ᠋ᠮᠡᠷᠺ ᠤᠨ ᠵᠢᠭᠤᠯᠴᠢᠨ ᠾᠧᠩᠨᠢᠩ· ᠬᠠᠰᠯᠦ᠋ᠨᠳ᠋ ᠤᠨ ᠪᠦᠲᠦᠭᠡᠯ︶ᠭᠡᠬᠦ ᠨᠣᠮ ᠢ ᠵᠣᠯ ᠢᠶᠠᠷ ᠲᠣᠣᠷ ᠰᠦᠯᠵᠢᠶᠡᠨ ᠠᠴᠠ ᠬᠤᠳᠠᠯᠳᠤᠨ ᠠᠪᠴᠤ ᠰᠣᠨᠢᠷᠬᠠᠨ ᠤᠩᠰᠢᠭᠠᠳ ᠰᠠᠶ᠋ᠢ ᠲᠡᠷᠡ ᠤᠳᠠᠭᠠᠨ ᠤ ᠵᠢᠭᠤᠯᠴᠢᠯᠠᠯ ᠤᠨ ᠳᠤᠮᠳᠠᠬᠢ ᠰᠤᠷᠪᠤᠯᠵᠢᠯᠠᠭᠰᠠᠨ ᠰᠢᠩᠭᠡᠭᠡᠯᠲᠡ ᠶᠢᠨ ᠲᠤᠬᠠᠢ ᠨᠡᠩ ᠲᠣᠳᠣᠷᠬᠠᠢ ᠣᠶᠢᠯᠠᠭᠠᠯᠲᠠ ᠲᠠᠢ ᠪᠣᠯᠵᠤ᠂ ᠤᠯᠠᠮ ᠴᠢᠨᠠᠭᠰᠢᠳᠠ ᠨᠠᠷᠢᠪᠴᠢᠯᠠᠨ ᠲᠣᠳᠣᠯᠠᠬᠤ ᠪᠤᠳᠤᠯ ᠣᠷᠣᠵᠤ ᠪᠢᠯᠡ᠃ ᠲᠤᠬᠠᠢ ᠶᠢᠨ ᠦᠶ᠎ᠡ ᠳᠤ᠂ ᠳ᠋ᠧᠨ᠋ᠮᠡᠷᠺ ᠤᠨ ᠵᠢᠭᠤᠯᠴᠢᠨ ᠾᠧᠩᠨᠢᠩ·ᠬᠠᠰᠯᠦ᠋ᠨᠳ᠋ ᠬᠠᠶᠢᠯᠠᠷ ᠲᠤ ᠢᠷᠡᠭᠡᠳ ᠠᠳᠡᠬᠢ ᠴᠡᠷᠢᠭ ᠤᠨ ᠠᠯᠪᠠᠨ ᠳᠤ ᠪᠠᠶᠢᠭ᠎ᠠ ᠵᠢᠷᠭᠤᠳᠤᠭᠠᠷ ᠬᠤᠷᠢᠶᠠᠨ ᠤ ᠫᠦᠯᠦ᠋ᠮᠧᠲ ᠤᠨ ᠠᠩᠭᠢ ᠶᠢᠨ ᠬᠠᠭᠤᠴᠢᠨ ᠪᠠᠷᠭᠤ ᠨᠤᠲᠤᠭ ᠲᠠᠢ ᠬᠤᠸᠠᠯᠢᠩᠪᠤ ᠭᠡᠳᠡᠭ ᠬᠥᠮᠥᠨ ᠢᠶᠠᠷ ᠨᠡᠯᠢᠶᠡᠳ ᠬᠡᠳᠦᠨ ᠪᠠᠷᠭᠤ ᠠᠷᠠᠳ ᠤᠨ ᠳᠠᠭᠤᠤ ᠶᠢ ᠳᠠᠭᠤᠯᠠᠭᠤᠯᠵᠤ ᠰᠢᠩᠭᠡᠭᠡᠭᠰᠡᠨ ᠪᠠᠶᠢᠭ᠎ᠠ ᠶᠤᠮ ᠪᠠᠶᠢᠨ᠎ᠠ᠃︽ᠪᠠᠷᠭᠤ ᠬᠤᠷᠢᠮ ᠤᠨ ᠳᠠᠭᠤᠤ︾᠂︽ᠪᠦᠭᠡ ᠶᠢᠨ ᠤᠷᠢᠶ᠎ᠠ︾᠂ ︽ᠤᠷᠳᠤ ᠰᠠᠶᠢᠬᠠᠨ ᠤᠯᠠᠭᠠᠨ︾᠂︽ᠠᠷᠤ ᠶᠢᠨ ᠭᠤᠷᠪᠠᠨ ᠬᠠᠶᠢᠯᠠᠰᠤ︾ᠵᠡᠷᠭᠡ ᠳᠠᠭᠤᠤ ᠨᠤᠭᠤᠳ ᠨᠢ ᠤᠤᠯ ᠬᠠᠭᠤᠴᠢᠨ ᠬᠡᠪ ᠢᠶᠠᠨ ᠭᠦᠨ ᠬᠠᠳᠠᠭᠠᠯᠠᠭᠰᠠᠨ ᠮᠥᠷᠲᠡᠭᠡᠨ ᠬᠤᠯᠢᠴᠠ ᠦᠭᠡᠢ ᠣᠣᠷ ᠪᠠᠶᠢᠭᠠᠯᠢᠯᠢᠭ ᠶᠠᠩᠵᠤ ᠪᠠᠷ ᠢᠶᠠᠨ ᠪᠢᠳᠡᠨ ᠤ ᠰᠣᠨᠣᠷ ᠰᠡᠳᠬᠢᠯ ᠳᠤ ᠠᠯᠢ ᠡᠷᠲᠡ ᠶᠢᠨ ᠤᠳᠤᠮᠰᠢᠯᠲᠤ ᠤᠷᠠᠯᠢᠭ ᠤᠨ ᠷᠢᠳᠢ ᠰᠢᠳᠢ ᠶᠢ ᠳᠠᠮᠵᠢᠭᠤᠯᠤᠨ ᠠᠪᠴᠢᠷᠠᠵᠤ᠂ ᠵᠢᠷᠦᠬᠡᠨ ᠤ ᠤᠭ ᠠᠴᠠ ᠪᠤᠷᠭᠢᠯᠤᠨ ᠪᠠᠶᠢᠭ᠎ᠠ ᠬᠠᠶᠢᠷ᠎ᠠ ᠶᠢᠨ ᠪᠤᠯᠠᠭ ᠢ ᠤᠨᠳᠤᠷᠤᠭᠤᠯᠤᠨ᠂ ᠡᠷᠴᠢ ᠤᠷᠮ᠎ᠠ ᠶᠢᠨ ᠭᠠᠯ ᠢ ᠳᠦᠷᠡᠯᠵᠡᠭᠦᠯᠵᠦ ᠪᠢᠯᠡ᠃ ᠲᠡᠭᠡᠭᠡᠳ ᠲᠡᠷᠡ ᠤᠳᠠᠭᠠᠨ ᠤ ᠵᠢᠭᠤᠯᠴᠢᠯᠠᠯ ᠤᠨ ᠳᠤᠮᠳᠠᠬᠢ ᠰᠣᠷᠪᠤᠯᠵᠢᠯᠠᠭ᠎ᠠ ᠶᠢᠨ ᠲᠤᠬᠠᠢ ᠨᠡᠩ ᠤᠯᠠᠨ ᠰᠤᠷᠠᠭ ᠵᠠᠩᠭᠢ ᠨᠦᠭᠦᠳ ᠢ ᠡᠷᠢᠯᠬᠢᠯᠡᠬᠦ ᠪᠠᠷ ᠪᠠᠰᠠ ᠨᠢᠭᠡᠨ ᠳᠤᠷ᠎ᠠ ᠰᠣᠨᠢᠷᠬᠠᠯ ᠤᠨ ᠭᠡᠬᠦ ᠤᠤ︖ ᠦᠢᠯᠡᠰ ᠬᠥᠭᠡᠭᠡᠴᠡᠯᠳᠦᠯ ᠤᠨ ᠭᠡᠬᠦ ᠲᠣᠳᠣᠬᠠᠨ ᠨᠢᠭᠡ ᠬᠤᠯᠠ ᠶᠢᠨ ᠵᠣᠷᠢᠯᠲᠠ ᠲᠠᠢ ᠪᠣᠯᠵᠠᠢ᠃ ᠤᠯᠠᠮᠵᠢᠯᠠᠯᠲᠤ ᠤᠷᠠᠯᠢᠭ ᠤᠨ ᠯᠤᠲᠤ ᠶᠡᠭᠡ ᠷᠢᠳᠢ ᠰᠢᠳᠢ ᠲᠠᠢ ᠨᠥᠯᠥᠭᠡᠯᠡᠬᠦ ᠬᠦᠴᠦᠨ ᠢ ᠮᠡᠳᠡᠷᠡᠨ᠂  ᠰᠠᠨᠠᠭ᠎ᠠ ᠠᠬᠤᠢ ᠪᠠᠨ ᠲᠡᠷᠡ ᠵᠦᠭ ᠪᠠᠶᠢᠷᠢᠯᠠᠭᠤᠯᠤᠭᠰᠠᠨ ᠨᠢ ᠬᠡᠴᠢᠨᠡᠭᠡᠨ ᠵᠢᠯ ᠷᠠᠳᠢᠣ᠋ ᠤᠳᠬ᠎ᠠ ᠤᠷᠠᠯᠢᠭ ᠤᠨ ᠦᠢᠯᠡᠰ ᠵᠣᠷᠢᠭᠰᠠᠨ ᠠᠵᠢᠯᠯᠠᠭᠠᠨ ᠳᠤᠮᠳᠠᠬᠢ ᠪᠠᠰᠠ ᠨᠢᠭᠡᠨ ᠵᠥᠪ ᠰᠣᠩᠭᠤᠯᠲᠠ ᠪᠤᠯᠬᠤ ᠶᠢ ᠤᠳᠤ ᠴᠤ ᠭᠡᠰᠡᠨ᠂ ᠢᠷᠡᠭᠡᠳᠦᠢ ᠳᠤ ᠴᠤ ᠭᠡᠰᠡᠨ ᠪᠠᠲᠤ ᠭᠡᠷᠡᠴᠢᠯᠡᠭᠳᠡᠬᠦ ᠨᠢ ᠯᠠᠪᠲᠠᠢ︕ ᠢᠩᠭᠢᠵᠦ ᠵᠣᠷᠢᠯᠲᠠ ᠬᠠᠷᠠᠯᠲᠠ ᠪᠠᠨ ᠲᠣᠭᠲᠠᠭᠠᠨ ᠠᠵᠢᠯ ᠰᠤᠳᠤᠯᠭ᠎ᠠ ᠪᠠᠨ ᠡᠬᠢᠯᠡᠭᠦᠯᠵᠦ ᠪᠠᠶᠢᠲᠠᠯ᠎ᠠ ᠭᠠᠷ ᠤᠲᠠᠰᠤᠨ ᠤ ᠰᠦᠯᠵᠢᠶᠡᠨ ᠳᠡᠭᠡᠷ᠎ᠡ ᠠᠴᠠ︽ᠾᠧᠩᠨᠢᠩ· ᠬᠠᠰᠯᠦ᠋ᠨᠳ᠋ ᠤᠨ ᠴᠤᠭᠯᠠᠭᠤᠯᠤᠭᠰᠠᠨ ᠮᠣᠩᠭᠤᠯ ᠠᠷᠠᠳ ᠤᠨ ᠳᠠᠭᠤᠤ ᠶᠢᠨ ᠰᠤᠳᠤᠯᠤᠯ︾ ︵ᠰᠠᠷᠠᠨᠭᠡᠷᠡᠯ᠂ ᠲᠦᠯᠦᠮᠵᠢ ᠵᠣᠬᠢᠶᠠᠪᠠ᠂ ᠦᠨᠳᠦᠰᠦᠲᠡᠨ ᠤ ᠬᠡᠪᠯᠡᠯ ᠤᠨ ᠬᠤᠷᠢᠶ᠎ᠠ︶ ᠭᠡᠬᠦ ᠨᠣᠮ ᠤᠨ ᠰᠤᠷᠠᠭ ᠢ ᠣᠯᠵᠤ᠂ ᠠᠵᠠ ᠲᠤᠭᠢᠶᠠᠯ ᠢ ᠠᠯᠳᠠᠯ ᠦᠭᠡᠢ ᠣᠯᠵᠤ ᠠᠪᠴᠢᠷᠠᠭᠰᠠᠨ ᠨᠢ ᠪᠦᠬᠦᠢ ᠠᠵᠢᠯᠯᠠᠭ᠎ᠠ ᠶᠢᠨ ᠭᠤᠣᠯ ᠴᠢᠮᠦᠭᠡ ᠶᠢ ᠪᠠᠷᠢᠨ ᠠᠳᠬᠤᠭᠰᠠᠨ ᠰᠢᠭ᠋ ᠢᠯᠴᠢ ᠬᠦᠴᠦᠨ ᠢ ᠨᠡᠮᠡᠭᠳᠡᠭᠦᠯᠦᠨ᠂ ᠰᠤᠷ ᠤᠷᠮᠠᠰ ᠢ ᠴᠢᠩᠭᠠᠯᠠᠵᠠᠢ᠃ ᠡᠨᠡ ᠨᠢ ᠮᠥᠨ ᠬᠤᠷᠢᠨ ᠲᠠᠪᠤᠳᠠᠭᠢ︽ᠳᠡᠯᠡᠬᠡᠢ ᠶᠢᠨ ᠨᠣᠮ ᠤᠩᠰᠢᠬᠤ ᠡᠳᠦᠷ︾ ᠢ ᠪᠡᠯᠭᠡᠯᠡᠬᠦ - ᠬᠥᠯᠥᠨ ᠪᠤᠶᠢᠷ ᠬᠤᠳᠠ ᠶᠢᠨ ᠨᠣᠮ ᠤᠨ ᠰᠠᠩ ᠪᠣᠯᠣᠨ ᠬᠠᠭᠤᠴᠢᠨ ᠪᠠᠷᠭᠤ ᠬᠤᠰᠢᠭᠤᠨ ᠤ ᠨᠣᠮ ᠤᠨ ᠰᠠᠩ ᠤᠨ ᠬᠠᠮᠲᠤᠷᠠᠭᠰᠠᠨ ᠰᠢᠷᠢᠰ ᠠᠵᠢᠯᠯᠠᠭ᠎ᠠ ᠶᠢᠨ ᠳᠤᠮᠳᠠ ᠤᠷᠢᠭᠳᠠᠨ ᠣᠷᠤᠯᠴᠠᠬᠤ ᠮᠢᠨᠤ ᠭᠤᠣᠯ ᠲᠠᠶᠢᠯᠪᠤᠷᠢᠯᠠᠬᠤ ᠠᠭᠤᠯᠭ᠎ᠠ ᠶᠢ ᠪᠦᠷᠢᠯᠳᠦᠭᠦᠯᠦᠨ ᠥᠭᠴᠦ᠂ ᠲᠤᠰ ᠬᠡᠳᠦᠨ ᠪᠠᠷᠭᠤ ᠠᠷᠠᠳ ᠤᠨ ᠳᠠᠭᠤᠤ ᠶᠢᠨ ᠲᠤᠬᠠᠢ ᠮᠥᠷᠳᠡᠯᠭᠡ ᠪᠠᠶᠢᠴᠠᠭᠠᠯᠲᠠ ᠬᠢᠬᠦ ᠪᠣᠳᠠᠲᠤ ᠠᠵᠢᠯᠯᠠᠭ᠎ᠠ ᠶᠢᠨ ᠵᠢᠩᠬᠢᠨᠢ ᠡᠬᠢᠯᠡᠯ ᠪᠣᠯᠤᠭᠰᠠᠨ ᠪᠢᠯᠡ᠃ ᠭᠤᠴᠢᠨ ᠮᠢᠨᠦ᠋ᠲ ᠤᠨ ᠲᠠᠭᠤ ᠰᠢᠩᠭᠡᠭᠡᠯᠲᠡ ᠲᠠᠢ ᠶᠠᠷᠢᠶ᠎ᠠ ᠪᠤᠶᠤ ᠲᠠᠶᠢᠯᠤᠮᠵᠢ ᠬᠢᠬᠦ ᠡᠨᠡ ᠠᠵᠢᠯᠯᠠᠭ᠎ᠠ ᠪᠠᠨ ᠷᠠᠳᠢᠣ᠋ ᠫᠷᠣᠭ᠍ᠷᠠᠮ ᠲᠠᠢ ᠪᠠᠨ ᠬᠤᠯᠪᠣᠨ ᠤᠷᠠᠨ ᠰᠠᠶᠢᠬᠠᠨ ᠤ ᠲᠤᠰᠬᠠᠢ ᠨᠡᠪᠲᠡᠷᠡᠭᠦᠯᠭᠡ ᠶᠢᠨ ᠪᠠᠷᠢᠮᠵᠢᠶ᠎ᠠ ᠪᠠᠷ ᠱᠠᠭᠠᠷᠳᠠᠨ ᠪᠡᠶᠡᠯᠡᠭᠦᠯᠬᠦ ᠨᠢ ᠬᠤᠶᠠᠷ ᠲᠠᠯ᠎ᠠ ᠶᠢᠨ ᠠᠴᠢ ᠬᠤᠯᠪᠣᠭᠳᠠᠯ ᠲᠠᠢ ᠶᠤᠮ᠃ ᠨᠢᠭᠡ ᠳᠤ᠂ ᠪᠤᠰᠤᠳ ᠪᠠᠶᠢᠭᠤᠯᠭ᠎ᠠ ᠶᠢᠨ ᠤᠷᠢᠯᠭ᠎ᠠ ᠶᠢ ᠣᠯᠵᠤ᠂ ᠨᠠᠶᠢᠳᠠᠯᠭ᠎ᠠ ᠶᠢ ᠨᠢ ᠬᠦᠯᠢᠶᠡᠭᠰᠡᠨ ᠤ ᠤᠴᠢᠷ ᠶᠣᠰᠣᠴᠢᠯᠠᠨ ᠭᠦᠢᠴᠡᠳᠬᠡᠬᠦ ᠨᠢ ᠵᠦᠢ ᠶᠣᠰᠣᠨ ᠤ ᠠᠯᠬᠤᠮ ᠰᠠᠨ᠃ ᠨᠡᠩ ᠴᠠᠭᠠᠨ᠎ᠠ ᠨᠢ ᠲᠣᠳᠣᠷᠠᠵᠤ ᠪᠠᠶᠢᠭ᠎ᠠ ᠪᠠᠷᠭᠤ ᠲᠦᠮᠡᠨ ᠤ ᠮᠢᠨᠢ ᠤᠤᠭᠠᠯ ᠤᠷᠠᠯᠢᠭ ᠤᠨ ᠭᠦᠨ ᠲᠠᠯᠳᠠ ᠤᠴᠢᠷ ᠤᠳᠬ᠎ᠠ ᠶᠢ ᠤᠯᠠᠨ ᠨᠡᠶᠢᠳᠡ ᠳᠡᠭᠡᠨ ᠮᠡᠳᠡᠭᠦᠯᠦᠨ ᠲᠠᠨᠢᠭᠤᠯᠵᠤ᠂ ᠶᠢᠷᠲᠢᠨᠴᠦ ᠶᠢᠨ ᠰᠣᠨᠣᠷ ᠲᠤ ᠳᠠᠭᠤᠷᠢᠰᠤᠭᠤᠯᠤᠨ᠂ ᠮᠥᠨ ᠡᠭᠦᠨ ᠤ ᠲᠥᠯᠥᠭᠡ ᠵᠢᠳᠬᠦᠭᠰᠡᠨ ᠬᠥᠮᠥᠰ ᠤᠳ ᠤᠨ ᠠᠯᠳᠠᠷ ᠭᠠᠪᠢᠶ᠎ᠠ ᠶᠢ ᠴᠠᠭ ᠤᠨ ᠴᠠᠭ᠂ ᠦᠶ᠎ᠡ ᠶᠢᠨ ᠦᠶ᠎ᠡ ᠳᠤ ᠳᠤᠷᠠᠰᠤᠨ ᠰᠠᠨᠠᠵᠤ᠂ ᠳᠠᠭᠤᠯᠠᠨ ᠤᠶᠠᠩᠭᠠᠯᠠᠵᠤ ᠶᠠᠪᠤᠬᠤ ᠶᠢᠨ ᠤᠴᠢᠷ ᠢ ᠣᠶᠢᠯᠠᠭᠠᠭᠤᠯᠬᠤ ᠶᠠᠪᠤᠳᠠᠯ ᠰᠠᠨ᠃ ᠬᠤᠶᠠᠷ ᠲᠤ᠂ ᠥᠪᠡᠷ ᠤᠨ ᠲᠤᠬᠠᠶᠢᠯᠠᠭᠰᠠᠨ ᠠᠵᠢᠯ ᠪᠤᠯᠬᠤ ᠳᠠᠭᠠᠭᠠᠴᠢᠯᠠᠭᠰᠠᠨ ᠫᠷᠣᠭ᠍ᠷᠠᠮ︽ᠠᠷᠠᠳ ᠤᠨ ᠳᠠᠭᠤᠤ ᠶᠢᠨ ᠳᠤᠭᠤᠷ᠎ᠠ︾ᠨᠡᠪᠲᠡᠷᠡᠭᠦᠯᠭᠡ ᠳᠡᠭᠡᠨ ᠰᠢᠨ᠎ᠡ ᠠᠭᠤᠯᠭ᠎ᠠ ᠰᠢᠨ᠎ᠡ ᠭᠡᠯᠪᠡᠷᠢ ᠨᠡᠮᠡᠨ᠂ ᠤᠳᠬ᠎ᠠ ᠤᠷᠠᠯᠢᠭ ᠤᠨ ᠲᠤᠰᠬᠠᠢ ᠫᠷᠣᠭ᠍ᠷᠠᠮ ᠤᠨ ᠭᠡᠯᠪᠡᠷᠢ ᠪᠠᠷ ᠰᠢᠩᠭᠡᠬᠡᠨ ᠦᠢᠯᠡᠳᠴᠦ᠂ ᠴᠢᠳᠠᠪᠠᠯ ᠥᠪᠡᠷᠲᠡᠭᠡᠨ ᠵᠠᠰᠠᠬᠤ ᠣᠷᠣᠨ ᠤ ᠪᠣᠯᠣᠨ ᠨᠠᠢᠮᠠᠨ ᠮᠤᠵᠢ ᠣᠷᠣᠨ ᠤ ᠮᠣᠩᠭᠤᠯ ᠷᠠᠳᠢᠣ᠋ ᠲᠧᠯᠸᠢᠰ ᠤᠨ ᠰᠢᠯᠢᠳᠡᠭ ᠫᠷᠣᠭ᠍ᠷᠠᠮ ᠤᠨ ᠰᠣᠯᠢᠯᠴᠠᠭᠠᠨ ᠤ ᠬᠤᠷᠠᠯ ᠳᠤ ᠳᠡᠪᠰᠢᠭᠦᠯᠦᠨ ᠨᠡᠩ ᠥᠷᠭᠡᠨ ᠬᠡᠪᠴᠢᠶᠡᠨ ᠤ ᠨᠥᠯᠥᠭᠡ ᠲᠤᠰᠬᠠᠯ ᠪᠤᠯᠭᠠᠬᠤ ᠬᠤᠯᠠ ᠶᠢᠨ ᠰᠠᠨᠠᠭ᠎ᠠ ᠠᠭᠤᠯᠤᠭᠳᠠᠵᠤ ᠪᠤᠢ᠃ ᠡᠶᠢᠮᠦ ᠬᠤᠶᠠᠷ ᠲᠠᠯ᠎ᠠ ᠶᠢᠨ ᠠᠴᠢ ᠬᠤᠯᠪᠣᠭᠳᠠᠯ ᠲᠠᠢ ᠶᠢᠨ ᠲᠤᠯᠠᠳᠠ ᠪᠡᠯᠡᠬᠡᠨ ᠪᠠᠶᠢᠭ᠎ᠠ ᠭᠠᠷ ᠮᠡᠲ᠋ᠧᠷᠢᠶᠠᠯ ᠢ ᠪᠦᠷᠢᠨ ᠠᠰᠢᠭᠯᠠᠵᠤ᠂ ᠳᠣᠲᠣᠷᠠᠬᠢ ᠠᠭᠤᠯᠭ᠎ᠠ ᠰᠠᠨᠠᠭ᠎ᠠ  ᠶᠢ ᠨᠢ ᠳᠡᠯᠭᠡᠷᠡᠩᠭᠦᠢ ᠳᠡᠯᠭᠡᠨ᠂  ᠴᠢᠳᠠᠬᠤᠶᠢᠴᠠ ᠢᠯᠡᠭᠦᠦ ᠤᠯᠠᠨ ᠰᠣᠨᠢᠨ ᠰᠤᠷᠠᠭ ᠤᠳ ᠢ ᠱᠦᠭᠦᠨ ᠰᠤᠷᠪᠤᠯᠵᠢᠯᠠᠵᠤ᠂ ᠳᠠᠭᠤᠤ ᠪᠦᠷᠢ ᠳᠤᠨᠢ ᠨᠠᠷᠢᠨ ᠵᠠᠳᠠᠯᠤᠯᠲᠠ ᠰᠢᠨᠵᠢᠯᠡᠯᠲᠡ ᠬᠢᠵᠦ᠂ ᠥᠪᠡᠷ ᠤᠨ ᠦᠵᠡᠯᠲᠡ ᠪᠠᠷᠢᠮᠲᠠ ᠪᠠᠨ ᠲᠣᠳᠣᠷᠬᠠᠢ ᠥᠭᠦᠯᠡᠮᠡᠨᠵᠢᠨ ᠰᠠᠶ᠋ᠢ ᠳᠠᠭᠠᠭᠠᠴᠢᠯᠠᠭᠰᠠᠨ ᠡᠭᠦᠷᠭᠡ ᠬᠠᠷᠢᠭᠤᠴᠠᠯᠭ᠎ᠠ ᠪᠠᠨ ᠣᠮᠣᠭᠯᠠᠩ ᠪᠠᠷᠳᠠᠮ ᠭᠦᠢᠴᠡᠳᠬᠡᠵᠦ ᠴᠢᠳᠠᠨ᠎ᠠ ᠪᠢᠯᠡ᠃ ᠵᠠ᠂ ᠢᠩᠭᠢᠭᠡᠳ ᠪᠣᠳᠠᠲᠠᠢ ᠰᠡᠳᠦᠪ ᠤᠷᠤᠭᠤ ᠪᠠᠨ ᠰᠢᠯᠵᠢᠶ᠎ᠡ᠄       ᠬᠡᠳᠦᠨ ᠵᠢᠯ ᠤᠨ ᠡᠮᠦᠨ᠎ᠡ᠂  ᠬᠥᠯᠥᠨ ᠪᠤᠶᠢᠷ ᠤᠨ ᠺᠢᠨᠣ᠋ ᠺᠤᠮᠫᠠᠨᠢ ᠶᠢᠨ ᠣᠷᠴᠢᠭᠤᠯᠭ᠎ᠠ ᠶᠢᠨ ᠲᠠᠰᠤᠭ ᠤᠨ ᠥᠨᠢᠷ ᠨᠥᠬᠦᠷ ᠨᠠᠮᠠᠶᠢ ᠡᠷᠢᠵᠦ᠂ ᠥᠪᠡᠷ ᠤᠨ ᠲᠦᠷᠦᠭᠰᠡᠨ ᠠᠬ᠎ᠠ ᠪᠤᠯᠬᠤ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠯᠧᠺᠲ᠋ᠣᠷ᠂ ᠡᠷᠲᠡᠨ ᠤ ᠣᠷᠳᠣᠨ ᠤ ᠬᠥᠭᠵᠢᠮ︽ᠵᠠᠩᠭᠠᠷ  ᠬᠠᠮᠲᠤᠯᠢᠭ︾ ᠢ ᠪᠠᠶᠢᠭᠤᠯᠤᠭᠴᠢ ᠪᠠ᠊᠆·ᠪᠣᠯᠣᠳ ᠢ ᠲᠠᠨᠢᠯᠴᠠᠭᠤᠯᠤᠭᠰᠠᠨ ᠰᠠᠨ᠃ ᠰᠠᠭᠤᠨ ᠶᠠᠷᠢᠯᠴᠠᠬᠤ ᠳᠤᠮᠳᠠ ᠣᠶᠢᠯᠠᠭᠠᠭᠰᠠᠨ ᠢᠶᠠᠷ᠂ ᠲᠡᠷᠡ ᠬᠠᠭᠤᠴᠢᠨ ᠪᠠᠷᠭᠤ ᠬᠤᠰᠢᠭᠤᠨ ᠳᠤ ᠨᠤᠲᠤᠭ ᠲᠠᠢ︽ᠬᠤᠸᠠᠯᠢᠩᠪᠤ︾ ᠭᠡᠳᠡᠭ ᠬᠥᠮᠥᠨ ᠢ ᠰᠤᠷᠠᠭᠯᠠᠵᠤ ᠶᠠᠪᠤᠭ᠎ᠠ ᠶᠤᠮ ᠪᠠᠶᠢᠨ᠎ᠠ᠃ ᠤᠳᠤ ᠲᠣᠭᠠᠯᠠᠵᠤ ᠪᠤᠳᠤᠬᠤ ᠳᠤ ᠮᠢᠨᠤ ᠠᠪᠤ ᠪᠣᠯᠣᠨ ᠡᠪᠦᠭᠡ ᠶᠢᠨ ᠬᠤᠭᠤᠷᠤᠨᠳᠤᠭᠢ ᠨᠠᠰᠤᠨ ᠤ ᠣᠷᠴᠢᠮ ᠤᠨ ᠬᠥᠮᠥᠨ ᠲᠤᠯᠠ ᠲᠤᠬᠠᠢ ᠶᠢᠨ ᠦᠶ᠎ᠡ ᠳᠤ ᠨᠠᠳᠠ ᠪᠡᠯᠡᠨ ᠶᠠᠷᠢᠮᠠᠷ ᠲᠠᠶᠢᠯᠪᠤᠷᠢ ᠣᠯᠳᠠᠭ᠎ᠠ ᠦᠭᠡᠢ᠂ ᠬᠠᠷᠢᠨ ᠬᠠᠭᠤᠴᠢᠨ ᠪᠠᠷᠭᠤ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠤᠨ ᠳᠡᠳ᠋ ᠳᠠᠷᠤᠭ᠎ᠠ ᠪᠠᠶᠢᠭᠰᠠᠨ ᠰᠢᠨᠡᠰᠣᠶᠣᠯ ᠨᠠᠶᠢᠵᠠ ᠶᠢ ᠪᠠᠨ ᠲᠠᠨᠢᠯᠴᠠᠭᠤᠯᠤᠨ ᠥᠭᠴᠦ᠂ ᠤᠲᠠᠰᠤ ᠵᠠᠯᠭᠠᠭᠤᠯᠤᠨ ᠲᠤᠰ ᠬᠥᠮᠥᠨ ᠤ ᠠᠵᠢᠯ ᠳᠤ ᠳᠡᠮᠵᠢᠯᠭᠡ ᠥᠭᠬᠦ ᠶᠢ ᠨᠠᠶᠢᠳᠠᠭᠰᠠᠨ ᠪᠠᠶᠢᠭ᠎ᠠ ᠶᠤᠮ᠃ ᠲᠡᠭᠡᠭᠦ ᠳᠤ ᠪᠢ︽ᠬᠤᠸᠠᠯᠢᠩᠪᠤ︾ ᠭᠡᠬᠦ ᠡᠨᠡ ᠬᠥᠮᠥᠨ ᠤ ᠨᠡᠷ᠎ᠡ ᠶᠢ ᠠᠩᠬ᠎ᠠ ᠰᠣᠨᠣᠰᠴᠤ ᠪᠠᠶᠢᠬᠤ ᠮᠥᠷᠲᠡᠭᠡᠨ︽ᠳᠠᠭᠤᠴᠢᠨ︾ᠭᠡᠳᠡᠭ ᠢ ᠨᠢ ᠭᠦᠷᠳᠡᠯ᠎ᠡ ᠠᠩᠬ᠎ᠠ ᠮᠡᠳᠡᠵᠦ ᠪᠠᠶᠢᠬᠤ ᠲᠤᠯᠠ ᠡᠨᠡ ᠲᠤᠬᠠᠢ ᠶᠡᠷᠦᠨᠢ ᠤᠮ ᠲᠠᠮ ᠪᠠᠶᠢᠭᠰᠠᠨ ᠶᠤᠮ᠃ ᠴᠠᠭ ᠤᠨ ᠪᠠᠴᠢᠮ ᠳᠡᠭᠡᠷ᠎ᠡ ᠪᠤᠳᠤᠯ ᠳᠤᠲᠠᠭᠤ ᠠᠴᠠ ᠪᠣᠯᠵᠤ ᠲᠡᠷᠡ ᠤᠳᠠᠭᠠᠨ ᠤ ᠨᠠᠨᠳᠢᠨ ᠵᠠᠪᠰᠢᠶᠠᠨ ᠢ ᠲᠡᠭᠡᠵᠦ ᠨᠢᠭᠡ ᠮᠥᠷᠥ ᠵᠥᠷᠢᠨ ᠥᠩᠭᠡᠷᠡᠭᠡᠭᠰᠡᠨ ᠰᠠᠨ᠃       ᠳ᠋ᠧᠨ᠋ᠮᠡᠷᠺ ᠤᠨ ᠵᠢᠭᠤᠯᠴᠢᠨ ᠾᠧᠩᠨᠢᠩ· ᠬᠠᠰᠯᠦ᠋ᠨᠳ᠋ ᠤᠨ︽ᠮᠣᠩᠭᠤᠯ ᠤᠨ ᠪᠤᠷᠬᠠᠳ ᠪᠠ ᠡᠷᠡᠴᠦᠦᠯ︾ ᠭᠡᠳᠡᠭ ᠵᠢᠭᠤᠯᠴᠢᠯᠠᠯ ᠤᠨ ᠲᠡᠮᠳᠡᠭᠯᠡᠯ ᠢ ᠦᠵᠡᠭᠰᠡᠨ ᠤ ᠲᠠᠷᠠᠭ᠎ᠠ᠂ ᠬᠡᠳᠦᠶᠢᠪᠡᠷ ᠶᠡᠬᠡᠩᠬᠢ ᠨᠢᠭᠤᠷ ᠲᠠᠭᠠᠨ ᠪᠠᠷᠠᠭᠤᠨ ᠮᠣᠩᠭᠤᠯ ᠢᠶᠠᠷ ᠵᠢᠭᠤᠯᠴᠢᠯᠠᠨ ᠶᠠᠪᠤᠭᠰᠠᠨ ᠰᠣᠨᠢᠨ ᠰᠠᠶᠢᠬᠠᠨ ᠶᠠᠪᠤᠳᠠᠯ ᠨᠦᠭᠦᠳ ᠢᠶᠠᠨ ᠲᠡᠮᠳᠡᠭᠯᠡᠵᠦ᠂ ᠪᠦᠬᠦᠶᠢᠯᠡ ᠲᠣᠭᠠᠴᠢᠯᠲᠠ ᠶᠢᠨ ᠣᠯᠠᠩᠬᠢ ᠪᠠᠶᠢᠷᠢ ᠶᠢ ᠡᠵᠡᠯᠡᠵᠦ ᠪᠠᠶᠢᠭᠰᠠᠨ ᠴᠤ ᠵᠡᠭᠦᠨ ᠮᠣᠩᠭᠤᠯ ᠢᠶᠠᠷ ᠲᠣᠭᠤᠷᠢᠨ ᠰᠤᠷᠪᠤᠯᠵᠢᠯᠠᠭᠰᠠᠨ ᠴᠥᠭᠡᠩᠬᠢ ᠬᠡᠰᠡᠭ ᠨᠢᠭᠤᠷ  ᠨᠢ ᠮᠢᠨᠤ ᠠᠩᠬᠠᠷᠤᠯ ᠢ ᠮᠠᠰᠢᠳᠠ ᠲᠠᠲᠠᠵᠠᠢ᠃ ᠲᠡᠭᠡᠪᠡᠴᠦ ᠤᠯᠠᠭᠠᠨᠬᠠᠳᠠ᠂ ᠬᠤᠷᠴᠢᠨ᠂ ᠨᠡᠩ ᠲᠦᠰᠢᠶᠡᠲᠦ ᠬᠤᠰᠢᠭᠤ ᠪᠠᠷ ᠶᠠᠪᠤᠭᠰᠠᠨ ᠢᠶᠠᠨ ᠢᠯᠡᠭᠦᠬᠡᠨ ᠲᠣᠭᠠᠴᠢᠵᠤ᠂ ᠬᠥᠯᠥᠨ ᠪᠤᠶᠢᠷ ᠤᠨ ᠬᠡᠰᠡᠭ ᠤᠨ ᠰᠤᠷᠠᠭ ᠪᠠᠯᠠᠷᠬᠠᠢ ᠴᠥᠭᠡᠬᠡᠨ ᠪᠠᠶᠢᠬᠤ ᠨᠢ ᠮᠠᠰᠢ ᠬᠠᠷᠠᠮᠰᠠᠯᠲᠠᠢ ᠰᠢᠭ᠋ ᠰᠠᠨᠠᠭᠳᠠᠯ᠎ᠠ᠃ ᠤᠯᠵᠠᠭᠤᠷᠬᠠᠰᠢᠳᠠᠢ ᠨᠢ ᠨᠣᠮ ᠤᠨ ᠢᠶᠠᠨ ᠰᠡᠭᠦᠯᠴᠢ ᠶᠢᠨ ︿ᠵᠡᠭᠦᠯᠲᠡ﹀ᠳᠤᠮᠳᠠ ᠬᠠᠶᠢᠯᠠᠷ ᠢᠶᠠᠷ ᠢᠷᠡᠭᠰᠡᠨ ᠠᠭᠤᠯᠭ᠎ᠠ ᠳᠠᠭᠠᠨ ᠨᠡᠮᠡᠯᠲᠡ ᠬᠢᠵᠦ᠂ ᠬᠡᠳᠦᠶᠢᠪᠡᠷ ᠦᠰᠦᠭ ᠥᠭᠦᠯᠡᠪᠦᠷᠢ ᠶᠢᠨ ᠲᠤᠭ᠎ᠠ ᠨᠢ ᠴᠥᠭᠡᠨ ᠪᠠᠶᠢᠭᠰᠠᠨ ᠪᠤᠯᠪᠠᠴᠤ ᠲᠤᠰ ᠤᠳᠠᠭᠠᠨ ᠤ  ᠪᠦᠬᠦᠶᠢᠯᠡ ᠬᠠᠶᠢᠨ ᠰᠢᠨᠵᠢᠯᠡᠯᠲᠡ ᠶᠢᠨ ᠠᠵᠢᠯᠯᠠᠭᠠᠨ ᠤ ᠨᠢᠭᠡᠨ ᠴᠣᠭᠴᠠ ᠶᠢᠨ ᠬᠡᠪ ᠢᠶᠠᠷ ᠲᠣᠳᠣᠷᠠᠭᠰᠠᠨ ᠨᠢ ᠨᠠᠳᠠᠳᠤ ᠶᠡᠬᠡᠬᠡᠨ ᠲᠠᠶᠢᠳᠬᠤᠷᠠᠯ ᠪᠣᠯᠵᠠᠢ᠃ ᠪᠦᠬᠦᠯᠢ ᠴᠣᠭᠴᠠ ᠠᠭᠤᠯᠭ᠎ᠠ ᠶᠢᠨ ᠳᠤᠮᠳᠠ ᠠᠴᠠ ᠲᠤᠰ ᠵᠣᠬᠢᠶᠠᠭᠴᠢ ᠶᠢᠨ ᠲᠤᠬᠠᠢ ᠣᠶᠢᠯᠠᠭᠠᠯᠲᠠ ᠠᠭᠠᠵᠢᠮ ᠢᠶᠠᠷ ᠭᠦᠨᠵᠡᠭᠡᠶᠢᠷᠡᠨ᠂ ᠨᠡᠩ ᠨᠠᠷᠢᠨ ᠵᠦᠭ ᠰᠢᠯᠵᠢᠭᠦ ᠳᠤᠮᠳᠠ ᠲᠠᠨᠢᠯᠲᠠ ᠴᠢᠨᠠᠭᠰᠢᠯᠠᠨ ᠳᠡᠭᠡᠭᠰᠢᠯᠡᠵᠡᠢ᠃ ᠥᠪᠡᠷ ᠤᠨ ᠲᠣᠳᠣᠯᠠᠨ ᠲᠣᠳᠣᠷᠬᠠᠶᠢᠯᠠᠬᠤ ᠴᠢᠬᠤᠯᠠᠲᠠᠢ ᠪᠠᠶᠢᠭ᠎ᠠ ᠨᠤᠲᠤᠭ ᠤᠨ ᠳᠡᠭᠡᠳᠦᠰ ᠤᠨ ᠮᠢᠨᠢ ᠮᠥᠷ ᠰᠤᠷᠠᠭ ᠨᠢ ᠪᠦᠷᠦᠭ ᠪᠠᠷᠤᠭ ᠬᠠᠷᠠᠬᠳᠠᠩᠬᠠᠨ ᠰᠢᠤᠬᠠᠨ ᠪᠣᠯᠤᠭᠰᠠᠨ ᠨᠢ ᠰᠣᠨᠢᠬᠠᠨ᠃ ᠵᠣᠬᠢᠶᠠᠭᠴᠢ ᠮᠠᠨᠢ ᠪᠠᠷᠠᠭᠤᠨ ᠵᠦᠭ ᠤᠨ ᠲᠡᠭᠷᠢ ᠶᠢᠨ ᠣᠷᠣᠨ ᠠᠴᠠ ᠨᠤᠲᠤᠭ ᠵᠦᠭ ᠮᠢᠨᠢ ᠲᠡᠮᠡᠦᠯᠵᠦ᠂ ᠵᠢᠩ ᠤᠨ ᠴᠤᠪᠤᠭ᠎ᠠ ᠨᠢ ᠲᠡᠷᠡ ᠤᠯᠠᠨ ᠪᠠᠷᠳᠠᠭ᠎ᠠ ᠬᠦᠴᠢᠷ ᠢ ᠲᠠᠪᠠᠨ ᠲᠤᠭᠤᠯᠤᠬᠰᠠᠭᠠᠷ ᠁ ᠭᠡᠷ ᠤᠨ ᠬᠠᠶᠠᠭᠠᠨ ᠤ ᠵᠠᠬ᠎ᠠ ᠳᠤ ᠪᠠᠭᠤᠵᠤ᠂ ᠮᠠᠶᠢᠬᠠᠨ ᠢᠶᠠᠨ ᠪᠣᠰᠬᠠᠨ᠂ ᠲᠠᠭᠢᠨ ᠠᠯᠬᠤᠨ ᠨᠠᠭᠠᠰᠢᠯᠠᠭᠰᠠᠭᠠᠷ ᠭᠠᠷ ᠠᠳᠬᠤᠨ ᠵᠣᠯᠭᠠᠭᠰᠠᠨ ᠰᠢᠭ᠋ ᠰᠠᠨᠠᠭᠳᠠᠯ᠎ᠠ᠃       ᠲᠡᠭᠡᠭᠡᠳ ᠪᠢ᠂ ᠲᠡᠷᠡ ᠳᠣᠣᠷ᠎ᠠ ᠨᠢ ᠬᠤᠶᠠᠷ ᠱᠤᠭᠤᠮ ᠢᠶᠠᠷ ᠥᠪᠡᠷ ᠤᠨ ᠬᠤᠪᠢ ᠶᠢᠨ ᠮᠥᠷᠳᠡᠯᠲᠡ ᠪᠠᠨ ᠡᠬᠢᠯᠡᠭᠦᠯᠦᠭᠰᠡᠨ ᠪᠢᠯᠡ᠃ ᠤᠷᠢᠳᠠᠪᠠᠷ ᠬᠠᠭᠤᠴᠢᠨ ᠪᠠᠷᠭᠤ ᠬᠤᠰᠢᠭᠤᠨ ᠤ ᠰᠣᠶᠣᠯ ᠲᠠᠮᠢᠷ ᠷᠠᠳᠢᠣ᠋ ᠲᠧᠯᠸᠢᠰ ᠲᠣᠪᠴᠢᠶᠠᠨ ᠤ ᠳᠡᠳ᠋ ᠲᠣᠪᠴᠢᠶᠠᠨ ᠳᠠᠷᠤᠭ᠎ᠠ ᠶᠢᠨ ᠠᠵᠢᠯ ᠲᠠᠢ ᠠᠬ᠎ᠠ ᠪᠤ · ·ᠲᠡᠮᠦᠷ᠎ᠡ ᠲᠠᠢ ᠤᠲᠠᠰᠤ ᠵᠠᠯᠭᠠᠨ ᠪᠦᠬᠦᠢ ᠠᠭᠤᠯᠭ᠎ᠠ ᠵᠣᠷᠢᠯᠭ᠎ᠠ ᠪᠠᠨ ᠲᠠᠨᠢᠯᠴᠠᠭᠤᠯᠤᠨ ᠬᠤᠯᠪᠣᠭᠳᠠᠯ ᠪᠦᠬᠦᠢ ᠬᠥᠮᠥᠰ ᠤᠨ ᠰᠤᠷᠠᠭ ᠢ ᠯᠠᠪᠯᠠᠨ ᠲᠣᠳᠣᠯᠠᠬᠤ ᠠᠩᠬᠠᠨ ᠤ ᠠᠯᠬᠤᠮ ᠢᠶᠠᠨ ᠡᠬᠢᠯᠡᠭᠦᠯᠵᠡᠢ᠃ ᠲᠡᠭᠡᠭᠡᠳ ᠲᠡᠭᠦᠨ ᠤ ᠢᠳᠡᠪᠬᠢᠲᠡᠢ ᠬᠠᠮᠵᠢᠯᠴᠠᠭᠠᠨ ᠳᠤᠮᠳᠠ᠂︽ᠬᠤᠸᠠᠯᠢᠩᠪᠤ︾ᠭᠡᠳᠡᠭ ᠡᠨᠡ ᠬᠥᠮᠥᠨ ᠴᠠᠭᠠᠨ ᠲᠠᠯᠠᠪᠠᠢ ᠳᠤ ᠪᠠᠶᠢᠭᠰᠠᠨ ᠲᠤᠬᠠᠢ ᠮᠡᠳᠡᠭᠡ  ᠶᠢ ᠣᠯᠵᠤ᠂ ᠲᠠᠭᠢᠨ ᠬᠠᠶᠢᠯᠠᠷ ᠲᠠᠬᠢ ᠨᠢᠭᠡᠳᠦᠭᠡᠷ ᠲᠤᠮᠳᠠᠳᠤ ᠰᠤᠷᠭᠠᠭᠤᠯᠢ ᠶᠢᠨ ᠫᠦᠷᠪᠦ ᠪᠠᠭᠰᠢ ᠶᠢᠨ ᠬᠠᠪᠰᠤᠷᠤᠯᠭ᠎ᠠ ᠳᠣᠣᠷ᠎ᠠ ᠴᠠᠭᠠᠨ ᠪᠠᠯᠭᠠᠰᠤᠨ ᠳᠤ ᠪᠠᠶᠢᠬᠤ ᠲᠠᠨᠢᠯ ᠬᠥᠮᠥᠰ ᠤᠨ ᠰᠤᠷᠠᠭ ᠢ ᠣᠯᠵᠠᠢ᠃ ᠡᠨᠡ ᠱᠤᠭᠤᠮ ᠤᠨ ᠪᠣᠳᠠᠲᠤ ᠮᠡᠳᠡᠭᠡ ᠪᠣᠯ᠄︽ᠬᠠᠶᠢᠯᠠᠷ ᠤᠨ ᠴᠡᠷᠢᠭ ᠤᠨ ᠲᠣᠭᠤᠷᠢᠭ ᠤᠨ ᠫᠦᠯᠦᠮᠧᠲ ᠤᠨ ᠠᠩᠭᠢ︾ ᠳᠤ ᠪᠠᠶᠢᠭᠰᠠᠨ ; ᠬᠡᠦᠬᠡᠨ ᠨᠢ ᠪᠤᠨᠳᠠᠷᠮ᠎ᠠ᠂ ᠬᠦᠦ ᠨᠢ ᠴᠢᠯᠠᠭᠤᠨᠪᠠᠭᠠᠲᠤᠷ ᠭᠡᠳᠡᠭ ᠪᠥᠭᠡᠳ ᠤᠳᠤ ᠪᠦᠷ ᠦᠭᠡᠢ ᠪᠣᠯᠤᠭᠰᠠᠨ︵ᠨᠠᠰᠤ ᠨᠥᠭᠴᠢᠭᠰᠡᠨ︶; ᠠᠴᠢ ᠵᠢᠭᠡ ᠨᠠᠷ ᠤᠨ ᠬᠢᠨᠢ ᠲᠤᠬᠠᠢ ᠣᠳᠣᠬᠠᠨ ᠳᠠᠭᠠᠨ ᠰᠤᠷᠠᠭᠯᠠᠬᠤ ᠵᠠᠪ ᠣᠯᠳᠠᠭ᠎ᠠ ᠦᠭᠡᠢ ᠪᠠᠶᠢᠭ᠎ᠠ᠃ ᠪᠠᠰᠠ ᠨᠢᠭᠡᠨ ᠵᠢᠭᠡ ᠬᠦᠦ ᠨᠢ ᠬᠠᠭᠤᠴᠢᠨ ᠪᠠᠷᠭᠤ ᠬᠤᠰᠢᠭᠤᠨ ᠤ ᠬᠠᠷᠭᠠᠨᠠᠲᠤ᠂ ᠬᠥᠬᠡᠨᠠᠭᠤᠷ ᠪᠠᠯᠭᠠᠰᠤᠨ ᠤ ᠣᠷᠴᠢᠮ ᠳᠤ ᠭᠠᠴᠠᠭᠠᠨ ᠳᠠᠷᠤᠭ᠎ᠠ ᠪᠠᠶᠢᠭᠰᠠᠨ ᠭᠡᠬᠦ ᠵᠡᠷᠭᠡ ᠴᠢᠮᠡᠭᠡ ᠨᠦᠭᠦᠳ ᠪᠣᠯᠣᠨ᠎ᠠ᠃ ᠲᠡᠭᠡᠭᠡᠳ ᠠᠬ᠎ᠠ ᠮᠠᠨᠢ ᠬᠠᠭᠤᠴᠢᠨ ᠪᠠᠷᠭᠤ ᠬᠤᠰᠢᠭᠤᠨ ᠤ ᠱᠤᠭᠤᠮ ᠢᠶᠠᠷ ᠰᠤᠷᠠᠭᠯᠠᠬᠤ ᠳᠤ᠂ ᠤᠴᠢᠷ ᠶᠡᠭᠡ ᠲᠣᠳᠣᠷᠬᠠᠢ ᠪᠣᠯᠵᠠᠢ᠃ ᠲᠡᠷᠡ ᠲᠦᠷᠦᠭᠰᠡᠨ ᠵᠢᠭᠡ ᠬᠦᠦ ᠨᠢ ᠪᠠᠶᠠᠷᠰᠠᠶᠢᠬᠠᠨ ᠭᠡᠳᠡᠭ ᠮᠥᠷᠲᠡᠭᠡᠨ ᠮᠠᠨ ᠳᠤ ᠠᠪᠠᠭ᠎ᠠ ᠦᠶᠡᠲᠡᠢ ᠰᠠᠳᠤᠨ ᠪᠤᠯᠳᠠᠭ ᠪᠠᠶᠢᠨ᠎ᠠ᠃ ᠲᠡᠭᠦᠨ ᠤ ᠡᠷᠭᠢᠴᠡᠭᠦᠯᠬᠦ ᠪᠠᠷ᠂︽ᠬᠤᠸᠠᠯᠢᠩᠪᠤ︾ ᠶᠢᠨ ᠡᠴᠢᠭᠡ ᠨᠢ ᠢᠳᠡᠮᠦ ᠭᠡᠳᠡᠭ᠂ ᠬᠠᠭᠠᠷᠬᠠᠢ ᠣᠪᠣᠭᠠᠨ ᠤ ᠰᠢᠷᠠᠨᠤᠳ ᠬᠠᠯᠠ ᠲᠠᠢ᠃ ᠪᠠᠶᠠᠷᠰᠠᠶᠢᠬᠠᠨ ᠤ ᠲᠠᠭᠠᠮᠠᠭᠯᠠᠵᠤ ᠪᠠᠶᠢᠬᠤ ᠪᠠᠷ ᠪᠣᠯ ᠳᠡᠭᠡᠷ᠎ᠡ ᠵᠠᠭᠤᠨ ᠤ ᠳᠥᠴᠢ ᠲᠠᠪᠢᠭᠠᠳ ᠣᠨ ᠤ ᠦᠶ᠎ᠡ ᠳᠤ ᠴᠠᠭᠠᠨ ᠲᠠᠯᠠᠪᠠᠢ ᠤᠷᠤᠭᠤ ᠨᠡᠭᠦᠭᠰᠡᠨ ᠪᠤᠯᠤᠯᠳᠠᠢ᠃ ᠬᠡᠷᠬᠢᠨ ᠨᠡᠭᠦᠵᠦ ᠣᠴᠢᠭᠰᠠᠨ ᠲᠤᠬᠠᠢ ᠪᠣᠳᠠᠲᠠᠢ ᠰᠤᠷᠠᠭ ᠣᠯᠳᠠᠭᠰᠠᠨ ᠦᠭᠡᠢ᠂ ᠳᠡᠯᠡᠬᠡᠢ ᠶᠢᠨ ᠬᠤᠶᠠᠳᠤᠭᠠᠷ ᠲᠠᠶᠢᠨ ᠤ ᠲᠡᠭᠦᠰᠬᠡᠯ ᠤᠨ ᠦᠶ᠎ᠡ ᠳᠤ᠂ ᠬᠠᠭᠤᠴᠢᠨ ᠪᠠᠷᠭᠤᠴᠤᠳ ᠤᠨ ᠳᠥᠴᠢᠨ ᠲᠦᠮᠡᠨ ᠮᠡᠯ ᠢ ᠤᠷᠤᠰ ᠤᠷᠤᠭᠤ ᠲᠠᠭᠤᠭᠰᠠᠨ ᠶᠠᠪᠤᠳᠠᠯ ᠭᠠᠷᠴᠤ᠂ ᠨᠡᠯᠢᠶᠡᠳ ᠬᠥᠮᠥᠨ ᠵᠤᠨ ᠠᠮᠢᠳᠤᠷᠠᠯ ᠤᠨ ᠡᠷᠬᠡ ᠪᠠᠷ ᠪᠤᠰᠤᠳ ᠬᠤᠰᠢᠭᠤᠨ ᠤ ᠨᠤᠲᠤᠭ ᠲᠤ ᠨᠡᠭᠦᠭᠰᠡᠨ ᠪᠠᠶᠢᠵᠤ ᠪᠢᠯᠡ᠃ ᠲᠡᠳᠡᠭᠡᠷ ᠨᠡᠭᠦᠨ ᠰᠢᠯᠵᠢᠭᠰᠡᠨ ᠬᠥᠮᠥᠰ ᠤᠳ ᠤᠨ ᠳᠤᠮᠳᠠᠬᠢ ᠨᠢᠭᠡᠨ ᠨᠢ ᠪᠣᠯᠪᠠᠤ ᠭᠡᠵᠦ ᠬᠡᠮᠡᠨ ᠪᠠᠷᠤᠭᠴᠠᠭᠠᠯᠠᠵᠤ ᠪᠤᠢ᠃ ᠮᠢᠩᠭ᠎ᠠ ᠶᠢᠰᠦᠨ ᠵᠠᠭᠤᠨ ᠨᠠᠶᠠᠭᠠᠳ ᠣᠨ ᠳᠤ ᠰᠢᠨ᠎ᠡ ᠪᠠᠷᠭᠤ ᠵᠡᠭᠦᠨ ᠬᠤᠰᠢᠭᠤᠨ ᠤ ᠴᠠᠭᠠᠨ ᠪᠠᠯᠭᠠᠰᠤᠨ ᠤ ᠰᠤᠷᠭᠠᠭᠤᠯᠢ ᠶᠢᠨ ᠬᠦᠷᠢᠶᠡᠨ ᠳᠤ ᠪᠠᠷᠢᠭᠰᠠᠨ ᠮᠣᠩᠭᠤᠯ ᠭᠡᠷ ᠲᠤ ᠨᠠᠰᠤ ᠨᠥᠭᠴᠢᠵᠡᠢ ᠭᠡᠵᠦ ᠶᠠᠷᠢᠵᠤ ᠪᠠᠶᠢᠨ᠎ᠠ᠃ ᠭᠠᠷᠵᠠ ᠠᠪᠤᠭᠠᠢ ᠪᠣᠯ ᠮᠠᠨ ᠤ ᠭᠡᠷ ᠤᠨ ᠶᠡᠭᠡ ᠬᠦᠷᠭᠡᠨ ᠠᠬ᠎ᠠ ᠰᠠᠶᠢᠨᠲᠣᠭᠲᠠᠬᠤ ᠶᠢᠨ ᠠᠪᠤ ᠨᠢ ᠪᠣᠯᠣᠨ᠎ᠠ᠃ ᠲᠡᠷᠡ ᠵᠠᠯᠠᠭᠤ ᠳᠠᠭᠠᠨ ︽ᠬᠤᠸᠠᠯᠢᠩᠪᠤ︾ ᠲᠠᠢ ᠴᠤᠭ ᠨᠢᠭᠡ ᠬᠤᠷᠢᠶᠠᠨ ᠳᠤ ᠴᠡᠷᠢᠭ ᠤᠨ ᠠᠯᠪᠠᠨ ᠳᠤ ᠪᠠᠶᠢᠭᠰᠠᠨ ᠪᠥᠭᠡᠳ ᠨᠠᠰᠤ ᠪᠠᠷ ᠬᠤᠶᠠᠷ ᠳᠡᠭᠦᠦ ᠪᠠᠶᠢᠭᠰᠠᠨ ᠭᠡᠨ᠎ᠡ᠃ ᠬᠤᠶᠠᠭᠤᠯᠠ ᠣᠶᠢᠷᠠᠬᠠᠨ ᠳᠣᠲᠣᠨᠣ ᠦᠶᠡᠷᠬᠡᠵᠦ ᠶᠠᠪᠤᠯᠴᠠᠳᠠᠭ ᠲᠤᠯᠠ ︽ᠬᠠᠭᠠᠷᠬᠠᠢ ᠣᠪᠣᠭᠠᠨ ᠤ ᠰᠢᠷᠠᠨᠤᠳ︾ ᠭᠡᠳᠡᠭ ᠢ ᠨᠢ ᠲᠣᠳᠣᠬᠠᠨ ᠴᠡᠭᠡᠵᠢᠯᠡᠵᠦ ᠪᠠᠶᠢᠭᠰᠠᠨ ᠢᠶᠠᠨ ᠪᠠᠶᠠᠷᠰᠠᠶᠢᠬᠠᠨ ᠠᠪᠠᠭ᠎ᠠ ᠳᠤ ᠶᠠᠷᠢᠵᠤ ᠥᠩᠭᠡᠷᠡᠭᠰᠡᠨ ᠭᠡᠳᠡᠭ᠃ ᠢᠩᠭᠢᠪᠡᠯ ᠲᠤᠰ ᠬᠥᠮᠥᠨ ᠮᠢᠩᠭ᠎ᠠ ᠶᠢᠰᠦᠨ ᠵᠠᠭᠤᠨ ᠠᠷᠪᠠᠨ ᠣᠨ ᠤ ᠬᠥᠮᠥᠨ ᠪᠤᠯᠬᠤ ᠨᠢ ᠭᠠᠷᠴᠠᠭ᠎ᠠ ᠦᠭᠡᠢ᠃ ᠢᠩᠭᠢᠬᠦ ᠲᠤᠳᠤᠮ ᠭᠤᠷᠪᠠᠳᠤᠭᠠᠷ ᠱᠤᠭᠤᠮ ᠢ ᠪᠣᠳᠣᠯᠬᠢᠯᠠᠬᠤ ᠴᠢᠬᠤᠯᠠ ᠲᠠᠢ ᠪᠤᠯᠬᠤ ᠦᠶᠡᠰ᠂ ᠪᠠᠶᠠᠷᠰᠠᠶᠢᠬᠠᠨ ᠠᠪᠤᠭᠠᠢ ᠶᠢᠨ ᠲᠡᠨᠳᠡ ᠠᠴᠠ ᠳᠠᠮᠵᠢᠭᠤᠯᠤᠭᠰᠠᠨ ᠴᠢᠮᠡᠭᠡ ᠪᠠᠷ ᠰᠢᠨ᠎ᠡ ᠪᠠᠷᠭᠤ ᠵᠡᠭᠦᠨ ᠬᠤᠰᠢᠭᠤᠨ ᠤ ᠴᠠᠭᠠᠨ ᠪᠠᠯᠭᠠᠰᠤᠨ ᠳᠤ ᠪᠠᠶᠢᠬᠤ ᠲᠡᠮᠡᠴᠡᠯ ᠠᠪᠤᠭᠠᠢ ᠶᠢᠨ ᠰᠤᠷᠠᠭ ᠢ ᠣᠯᠵᠠᠢ᠃ ᠲᠡᠭᠡᠭᠡᠳ ᠬᠠᠶᠢᠯᠠᠷ ᠲᠤ ᠪᠠᠶᠢᠭ᠎ᠠ ᠲᠡᠭᠦᠨ ᠤ ᠠᠴᠢ ᠬᠥᠪᠡᠭᠦᠨ ᠣᠴᠢ ᠪᠣᠯᠣᠨ ᠬᠦᠷᠭᠡᠨ ᠨᠢ ᠪᠤᠯᠬᠤ ᠪᠣᠯᠣᠳ ᠤᠨ ᠬᠠᠪᠰᠤᠷᠤᠯᠭ᠎ᠠ ᠪᠠᠷ ᠬᠠᠷᠢᠯᠴᠠᠭ᠎ᠠ ᠠᠪᠤᠭᠰᠠᠨ ᠨᠢ ᠪᠠᠷᠠᠭᠠᠨ ᠮᠠᠨᠠᠨ ᠰᠢᠭ᠋ ᠪᠤᠳᠤᠯᠢᠨ ᠪᠠᠶᠢᠭ᠎ᠠ ᠪᠢᠲᠡᠭᠦᠯᠢᠭ ᠤᠴᠢᠷ ᠮᠠᠨᠠᠨ ᠠᠷᠢᠯᠬᠤ ᠰᠢᠭ᠋ ᠲᠣᠳᠣᠷᠠᠨ ᠢᠷᠡᠭᠰᠡᠨ ᠨᠢ ᠤᠶᠤᠩᠭᠤ ᠪᠣᠯᠵᠠᠢ᠃ ᠬᠤᠸᠠᠯᠢᠩᠪᠤ ᠪᠣᠯ ᠲᠡᠮᠡᠴᠡᠯ ᠠᠪᠤᠭᠠᠢ ᠶᠢᠨ ᠠᠪᠤ ᠲᠠᠢ ᠨᠢ ᠴᠤᠭ ᠴᠡᠷᠢᠭ ᠤᠨ ᠳᠣᠯᠣᠳᠤᠭᠠᠷ ᠬᠤᠷᠢᠶᠠᠨ ᠳᠤ ᠪᠠᠶᠢᠭᠰᠠᠨ ᠪᠥᠭᠡᠳ ᠲᠡᠭᠦᠨ ᠲᠠᠢ ᠬᠤᠳᠠ ᠤᠷᠤᠭ ᠪᠤᠯᠬᠤ ᠲᠤᠯᠠ ᠬᠤᠸᠠᠯᠢᠩᠪᠤ ᠶᠢᠨ ᠪᠦᠬᠦᠶᠢᠯᠡ ᠠᠮᠢᠳᠤᠷᠠᠯ ᠠᠬᠤᠢ ᠶᠢᠨ ᠲᠤᠬᠠᠢ ᠨᠡᠯᠢᠶᠡᠳ ᠲᠣᠳᠣ ᠰᠤᠷᠠᠭ ᠵᠠᠩᠭᠢ ᠣᠯᠳᠠᠭᠳᠠᠭᠰᠠᠨ ᠶᠤᠮ᠃ ᠲᠡᠭᠦᠨ ᠤ ᠶᠠᠷᠢᠬᠤ ᠪᠠᠷ᠄ ᠬᠤᠸᠠᠯᠢᠩᠪᠤ ᠪᠣᠯ 1912 ᠣᠨ ᠤ ᠬᠥᠮᠥᠨ᠂ ᠬᠤᠯᠤᠭᠠᠨ᠎ᠠ ᠵᠢᠯ ᠲᠠᠢ᠂ ᠴᠢᠪᠴᠢᠨ ᠪᠠᠷᠭᠤ ᠶᠢᠨ ᠬᠠᠭᠠᠷᠬᠠᠢ ᠣᠪᠣᠭᠠᠨ ᠤ ᠬᠠᠷᠠᠨᠤᠳ ᠬᠠᠯᠠ ︵ᠣᠪᠣᠭ︶ ᠲᠠᠢ ᠬᠥᠮᠥᠨ ᠭᠡᠨ᠎ᠡ᠂ ᠮᠢᠩᠭ᠎ᠠ ᠶᠢᠰᠦᠨ ᠵᠠᠭᠤᠨ ᠭᠤᠴᠢᠭᠠᠳ ᠣᠨ ᠳᠤ᠂ ᠬᠠᠶᠢᠯᠠᠷ ᠲᠤ ᠠᠪᠤ ᠲᠠᠢ ᠨᠢ ᠴᠤᠭ ᠴᠡᠷᠢᠭ  ᠲᠤ ᠪᠠᠶᠢᠭᠰᠠᠨ ᠪᠥᠭᠡᠳ ᠨᠤᠮᠤᠨ ᠬᠠᠨ ᠤ ᠲᠠᠶᠢᠨ ᠳᠤ ᠤᠷᠤᠯᠴᠠᠵᠦ ᠥᠩᠭᠡᠷᠡᠭᠰᠡᠨ ᠪᠠᠶᠢᠵᠠᠢ᠃ ᠲᠡᠶᠢᠨ ᠤ ᠳᠤᠮᠳᠠ ᠤᠷᠤᠰ ᠴᠡᠷᠢᠭ ᠲᠤ ᠪᠦᠰᠡᠯᠡᠭᠳᠡᠨ ᠳᠠᠪᠬᠢᠨ ᠵᠢᠭᠤᠲᠠᠵᠤ ᠪᠠᠶᠢᠭ᠎ᠠ ᠮᠠᠰᠢᠨ ᠤ ᠠᠷᠤ ᠬᠠᠰᠢᠯᠭᠠᠨ ᠠᠴᠠ ᠵᠢᠭᠤᠷᠠᠯᠳᠤᠨ ᠪᠠᠶᠢᠵᠤ ᠠᠮᠢ ᠭᠠᠷᠤᠭᠰᠠᠨ ᠭᠡᠵᠦ ᠶᠠᠷᠢᠵᠤ ᠪᠠᠶᠢᠯ᠎ᠠ ᠭᠡᠳᠡᠭ᠃ ᠲᠠᠶᠢᠨ ᠤ ᠲᠠᠷᠠᠭ᠎ᠠ ᠴᠡᠷᠢᠭ ᠠᠴᠠ ᠬᠠᠯᠠᠭᠳᠠᠨ ᠨᠤᠲᠤᠭ ᠲᠠᠭᠠᠨ ᠪᠤᠴᠠᠵᠤ᠂  ᠳᠡᠭᠡᠷ᠎ᠡ ᠵᠠᠭᠤᠨ ᠤ ᠳᠥᠴᠢᠭᠡᠳ ᠣᠨ ᠤ ᠰᠡᠭᠦᠯᠴᠢ ᠪᠠᠷ ᠴᠠᠭᠠᠨ ᠲᠡᠯᠡᠪᠡᠢ ᠳᠤ ᠨᠡᠭᠦᠨ ᠣᠴᠢᠭᠰᠠᠨ ᠶᠤᠮ ᠪᠠᠶᠢᠵᠠᠢ᠃ ᠬᠡᠦᠬᠡᠨ ᠳᠡᠭᠦᠦ ᠶᠢᠨ ᠬᠢᠨᠢ ᠬᠠᠭᠤᠴᠢᠯᠠᠬᠤ ᠪᠠᠷ᠂ ᠠᠬ᠎ᠠ ᠨᠢ ᠮᠣᠳᠣᠨ ᠲᠠᠷᠬᠠᠨ ᠤ ᠠᠵᠢᠯ ᠳᠤ ᠰᠠᠶᠢᠨ ᠪᠣᠯᠬᠤᠷ ᠲᠡᠷᠭᠡ ᠮᠦᠭᠡᠷᠯᠡᠵᠦ ᠪᠠᠶᠢᠬᠤ ᠳᠠᠭᠠᠨ ᠴᠤ ᠳᠠᠭᠤᠤ ᠭᠢᠩᠰᠢᠵᠦ᠂ ᠮᠣᠷᠢ ᠲᠠᠬᠠᠯᠠᠬᠤ ᠮᠡᠷᠭᠡᠵᠢᠯ ᠳᠡᠭᠡᠨ ᠴᠤ ᠰᠠᠶᠢᠨ ᠪᠠᠶᠢᠵᠠᠢ ᠭᠡᠨ᠎ᠡ᠃ ᠲᠡᠮᠡᠴᠡᠯ ᠭᠤᠸᠠᠢ ᠪᠠᠭ᠎ᠠ ᠠᠴᠠ ᠪᠠᠨ ᠣᠶᠢᠷᠠᠬᠠᠨ ᠵᠡᠷᠭᠡᠯᠡᠳᠡᠭᠡ ᠰᠠᠭᠤᠳᠠᠭ ᠪᠣᠯᠬᠤᠷ ᠶᠡᠭᠡᠯᠡ ᠲᠠᠰᠤᠯ ᠪᠠᠶᠢᠵᠤ᠂ ᠠᠭᠤᠯᠵᠠᠨ ᠤᠴᠠᠷᠠᠬᠤ ᠪᠦᠷᠢ ᠦᠷᠭᠦᠯᠵᠢ ᠵᠢᠳᠬᠦᠭᠦᠯᠦᠨ ᠬᠠᠭᠤᠴᠢᠨ ᠦᠯᠢᠭᠡᠷ ᠶᠠᠪᠤᠳᠠᠯ ᠢ ᠨᠢ ᠶᠠᠷᠢᠭᠤᠯᠵᠤ ᠰᠣᠨᠣᠰᠳᠠᠭ ᠪᠠᠶᠢᠵᠠᠢ᠃ 1989 ᠣᠨ ᠳᠤ᠂ ᠲᠠᠯᠠᠨ ᠳᠣᠯᠣᠭᠠᠲᠠᠢ ᠳᠠᠭᠠᠨ ᠨᠠᠰᠤ ᠨᠥᠭᠴᠢᠵᠡᠢ᠃ ᠮᠢᠩᠭ᠎ᠠ ᠶᠢᠰᠦᠨ ᠵᠠᠭᠤᠨ ᠭᠤᠴᠢᠭᠠᠳ ᠣᠨ ᠳᠤ᠂ ᠬᠥᠯᠥᠨ ᠪᠤᠶᠢᠷ ᠤᠨ ᠴᠡᠷᠢᠭ ᠤᠨ ᠲᠣᠭᠤᠷᠢᠭ ᠤᠨ ᠳᠣᠯᠣᠳᠤᠭᠠᠷ ᠬᠤᠷᠢᠶ᠎ᠠ ᠶᠢᠨ ᠫᠦᠯᠦᠮᠧᠲ ᠰᠤᠮᠤᠨ ᠤ ᠴᠡᠷᠢᠭ ᠪᠠᠶᠢᠬᠤ ᠳᠠᠭᠠᠨ᠂ ᠳ᠋ᠧᠨ᠋ᠮᠡᠷᠺ ᠤᠨ ᠵᠢᠭᠤᠯᠴᠢᠨ ᠾᠧᠩᠨᠢᠩ·ᠬᠠᠰᠯᠦ᠋ᠨᠳ᠋ ᠤᠨ ᠰᠣᠷᠪᠤᠯᠵᠢᠯᠠᠭ᠎ᠠ ᠪᠣᠯᠣᠨ ᠰᠢᠩᠭᠡᠭᠡᠯᠲᠡ ᠶᠢ ᠬᠦᠯᠢᠶᠡᠵᠦ᠂ ︽ᠤᠷᠳᠤ ᠰᠠᠶᠢᠬᠠᠨ ᠤᠯᠠᠭᠠᠨ︾᠂ ︽ᠭᠠᠯᠠᠭᠤᠨ ᠬᠦᠵᠦᠭᠦᠨ ᠵᠡᠭᠡᠷᠳᠡ︾᠂ ︽ᠠᠷᠤ ᠶᠢᠨ ᠭᠤᠷᠪᠠᠨ ᠬᠠᠶᠢᠯᠠᠰᠤ︾᠂ ︽ᠪᠦᠭᠡ ᠶᠢᠨ ᠤᠷᠢᠶ᠎ᠠ︾᠂ ︽ᠪᠠᠷᠭᠤ ᠨᠠᠭᠠᠳᠤᠮ ᠤᠨ ᠳᠠᠭᠤᠤ︾ᠵᠡᠷᠭᠡ ᠲᠠᠪᠤᠨ ᠪᠠᠷᠭᠤ ᠠᠷᠠᠳ ᠤᠨ ᠳᠠᠭᠤᠤ ᠪᠠᠨ ᠳᠠᠭᠤᠯᠠᠵᠤ᠂ ᠲᠡᠷᠡ ᠨᠢ ᠮᠣᠩᠭᠤᠯ ᠦᠨᠳᠦᠰᠦᠲᠡᠨ ᠤ ᠤᠯᠠᠮᠵᠢᠯᠠᠯᠲᠤ ᠰᠣᠶᠣᠯ ᠤᠨ ᠨᠠᠨᠳᠢᠨ ᠥᠪ ᠪᠣᠯᠣᠨ ᠰᠣᠷᠢᠨᠵᠢᠨ ᠪᠢᠴᠢᠯᠭᠡ ᠳᠤ ᠰᠢᠩᠭᠡᠭᠡᠭᠳᠡᠨ ᠦᠯᠡᠳᠡᠵᠡᠢ᠃
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ