ᠨᠠᠷᠠᠲᠤ ᠶᠢᠨ ᠨᠠᠨᠳᠢᠨ ᠠᠶᠠᠯᠭᠤ
ᠨᠡᠶᠢᠲᠡᠯᠡᠭᠰᠡᠨ ᠴᠠᠭ᠄
2023/7/11
       ᠬᠤᠶᠠᠷ ᠮᠢᠩᠭ᠎ᠠ ᠠᠷᠪᠠᠨ ᠲᠤᠯᠤᠭᠠᠨ ᠣᠨ ᠤ ᠵᠤᠨ ᠣᠯᠳᠠᠭᠰᠠᠨ ︽ᠪᠠᠷᠭᠤ ᠬᠤᠷᠢᠮ ᠤᠨ ᠳᠠᠭᠤᠤ︾ ᠭᠡᠵᠦ ᠨᠡᠷᠡᠯᠡᠵᠦ ᠪᠠᠶᠢᠭ᠎ᠠ ︽ᠤᠷᠳᠤ ᠰᠠᠶᠢᠬᠠᠨ ᠤᠯᠠᠭᠠᠨ︾ ︽ᠪᠠᠷᠭᠤ ᠨᠠᠭᠠᠳᠤᠮ ᠤᠨ ᠳᠠᠭᠤᠤ︾ ︽ᠪᠦᠮᠪᠤᠳᠠᠢ︾ ︽ᠪᠦᠭᠡ ᠶᠢᠨ ᠤᠷᠢᠶ᠎ᠠ︾ ︽ᠠᠷᠤ ᠶᠢᠨ ᠭᠤᠷᠪᠠᠨ ᠬᠠᠶᠢᠯᠠᠰᠤ︾ᠵᠡᠷᠭᠡ ᠲᠠᠪᠤᠨ ᠳᠠᠭᠤᠤ ᠶᠢ ᠲᠤᠬᠠᠢ ᠶᠢᠨ ᠦᠶ᠎ᠡ ᠳᠤ᠂ ᠦᠭᠡ ᠨᠣᠲ ᠢ ᠪᠠᠭᠤᠯᠭᠠᠨ ᠲᠡᠮᠳᠡᠭᠯᠡᠵᠦ ᠠᠪᠤᠭᠰᠠᠨ ᠢ ᠭᠠᠷᠭᠠᠪᠠᠯ᠂ ᠤᠳᠤ ᠶᠢᠨ︽ᠾᠧᠩᠨᠢᠩ· ᠬᠠᠰᠯᠦ᠋ᠨᠳ᠋ ᠤᠨ ᠴᠤᠭᠯᠠᠭᠤᠯᠤᠭᠰᠠᠨ ᠮᠣᠩᠭᠤᠯ ᠠᠷᠠᠳ ᠤᠨ ᠳᠠᠭᠤᠤ ᠶᠢᠨ ᠰᠤᠳᠤᠯᠤᠯ︾ ︵ᠰᠠᠷᠠᠨᠭᠡᠷᠡᠯ᠂ ᠲᠦᠯᠦᠮᠵᠢ ᠵᠣᠬᠢᠶᠠᠪᠠ᠂ ᠦᠨᠳᠦᠰᠦᠲᠡᠨ ᠤ ᠬᠡᠪᠯᠡᠯ ᠤᠨ ᠬᠤᠷᠢᠶ᠎ᠠ︶ ᠭᠡᠬᠦ ᠨᠣᠮ ᠳᠤ᠂ ︽ᠭᠠᠯᠠᠭᠤᠨ ᠬᠦᠵᠦᠭᠦᠨ ᠵᠡᠭᠡᠷᠳᠡ︾ ᠭᠡᠬᠦ ᠳᠠᠭᠤᠤ ᠨᠡᠮᠡᠭᠳᠡᠭᠰᠡᠨ ᠪᠠᠶᠢᠨ᠎ᠠ᠃ ︽ᠭᠠᠯᠠᠭᠤᠨ ᠬᠦᠵᠦᠭᠦᠨ ᠵᠡᠭᠡᠷᠳᠡ︾ ᠪᠣᠯᠣᠨ ︽ᠠᠷᠤ ᠶᠢᠨ ᠭᠤᠷᠪᠠᠨ ᠬᠠᠶᠢᠯᠠᠰᠤ︾ᠬᠤᠶᠠᠷ ᠳᠠᠭᠤᠤ  ᠶᠢ ᠪᠤᠷᠢᠶᠠᠳ ᠳᠠᠭᠤᠤ ᠭᠡᠵᠦ ᠲᠡᠮᠳᠡᠭᠯᠡᠭᠰᠡᠨ ᠨᠢ ᠲᠤᠬᠠᠢ ᠶᠢᠨ ᠦᠶ᠎ᠡ ᠶᠢᠨ ᠠᠯᠳᠠᠭ᠎ᠠ ᠲᠠᠰᠢᠶ᠎ᠠ ᠠᠴᠠ ᠪᠣᠯᠤᠭᠰᠠᠨ ᠪᠠᠶᠢᠯᠭᠦᠢ᠃ ᠵᠠᠷᠢᠮ ᠳᠠᠭᠤᠤ ᠨᠢ ᠨᠡᠯᠢᠶᠡᠳ ᠬᠡᠳᠦᠨ ᠬᠤᠪᠢᠯᠪᠤᠷᠢ ᠲᠠᠢ ᠪᠠᠷ ᠨᠠᠷᠢᠨ ᠲᠡᠮᠳᠡᠭᠯᠡᠵᠦ ᠪᠤᠢ᠃ ᠭᠡᠰᠡᠨ ᠴᠸ ᠵᠠᠷᠢᠮ ᠳᠠᠭᠤᠤ ᠶᠢᠨ ᠦᠭᠡ ᠶᠢ ᠪᠤᠷᠤᠭᠤ ᠪᠠᠭᠤᠯᠭᠠᠬᠤ ᠪᠤᠶᠤ ᠬᠠᠵᠠᠭᠠᠢ ᠰᠣᠨᠣᠰᠤᠭᠰᠠᠨ ᠲᠠᠯ᠎ᠠ ᠪᠠᠰᠠ ᠢᠯᠡᠳᠲᠡ ᠮᠡᠳᠡᠭᠳᠡᠵᠦ ᠪᠠᠶᠢᠬᠤ ᠨᠢ ᠪᠢᠳᠠᠨ ᠤ ᠴᠢᠨᠠᠭᠰᠢᠳᠠ ᠭᠦᠨᠵᠡᠭᠡᠶᠢᠷᠡᠭᠦᠯᠦᠨ ᠰᠤᠳᠤᠯᠬᠤ ᠶᠢᠨ ᠨᠥᠬᠦᠴᠡᠯ ᠪᠣᠯᠵᠤ᠂ ᠲᠣᠳᠣᠳᠬᠠᠬᠤ ᠶᠣᠰᠣᠲᠠᠢ ᠪᠠᠷᠭᠤ ᠠᠷᠠᠳ ᠤᠨ ᠳᠠᠭᠤᠤ ᠪᠠᠨ ᠰᠣᠩᠭᠤᠨ ᠣᠯᠣᠭᠰᠠᠨ ᠨᠢ ᠨᠢᠭᠡᠨ ᠴᠠᠭ ᠤᠨ ᠠᠵᠠ ᠪᠦᠯᠦᠭᠡ᠃ ᠲᠡᠶᠢᠮᠤ ᠬᠦᠴᠢᠷᠳᠡᠯ ᠲᠠᠢ ᠣᠷᠴᠢᠨ ᠨᠥᠬᠦᠴᠡᠯ ᠳᠤᠮᠳᠠ ᠨᠠᠨᠳᠢᠨ ᠦᠨᠡᠲᠦ ᠠᠷᠠᠳ ᠤᠨ ᠤᠤᠭᠠᠯ ᠰᠣᠶᠣᠯ ᠪᠤᠯᠬᠤ ᠠᠷᠠᠳ ᠤᠨ ᠳᠠᠭᠤᠤ ᠨᠤᠭᠤᠳ ᠢ ᠲᠡᠮᠳᠡᠭᠯᠡᠨ ᠰᠢᠩᠭᠡᠭᠡᠵᠦ ᠦᠯᠡᠳᠡᠭᠰᠡᠨ ᠨᠢ ᠲᠡᠦᠬᠡᠨ ᠳᠤ ᠠᠴᠢ ᠲᠠᠢ ᠦᠷ᠎ᠡ ᠳ᠋ᠦᠩ ᠲᠠᠢ ᠪᠢᠯᠡ᠃ ᠨᠡᠩ ᠬᠤᠶᠢᠰᠢᠳᠠ ᠶᠢᠨ ᠰᠤᠳᠤᠯᠤᠭᠠᠴᠢ ᠨᠠᠷ ᠨᠥᠷᠢ ᠶᠡᠭᠡ ᠭᠦᠳᠡᠯᠮᠦᠷᠢ ᠭᠠᠷᠭᠠᠵᠤ᠂ ᠭᠠᠵᠠᠷ ᠭᠠᠵᠠᠷ ᠤᠨ ᠠᠷᠠᠳ ᠤᠨ ᠳᠠᠭᠤᠤ ᠶᠢ ᠥᠪᠡᠷ ᠤᠨ ᠮᠡᠳᠡᠬᠦᠶᠢᠴᠡ ᠬᠡᠪᠴᠢᠶ᠎ᠡ ᠪᠠᠷ ᠣᠷᠴᠢᠭᠤᠯᠤᠨ ᠪᠠᠭᠤᠯᠭᠠᠵᠤ ᠲᠡᠮᠳᠡᠭᠯᠡᠭᠰᠡᠨ ᠨᠢ ᠪᠠᠰᠠ ᠴᠤ ᠮᠠᠭᠲᠠᠭᠤᠰᠢᠲᠠᠢ ᠪᠢᠰᠢᠷᠡᠭᠦᠰᠢᠲᠡᠢ ᠠᠵᠢᠯᠯᠠᠭ᠎ᠠ ᠰᠠᠨ᠃        ᠤᠴᠢᠷ ᠪᠢᠲᠡᠭᠦᠦ ᠳᠤ ᠪᠤᠳᠤᠯᠢᠶ᠎ᠠ ᠦᠭᠡᠢ        ᠦᠯᠢᠭᠡᠷ ᠲᠤᠤᠯᠢ ᠰᠢᠭ᠋ ᠡᠷᠭᠢᠴᠡᠭᠦᠯᠦᠯ        ᠬᠥᠰᠢᠭᠡᠨ ᠳᠤᠮᠳᠠᠬᠢ ᠵᠦᠴᠦᠭᠡ ᠰᠢᠭ        ᠦᠦᠭᠡ ᠲᠡᠦᠬᠡ ᠶᠢ ᠤᠴᠢᠷᠯᠠᠨᠠᠮ        ᠣᠨ ᠲᠠᠮᠵᠢᠨ ᠵᠢᠩᠭᠢᠨᠡᠭᠰᠡᠨ        ᠤᠶᠠᠩᠭ᠎ᠠ ᠳᠠᠭᠤᠤ ᠶᠢᠨ ᠰᠢᠷᠤᠩᠬᠠᠢ ᠶᠢ        ᠬᠤᠯᠠ ᠶᠢᠨ ᠬᠤᠯᠠᠬᠢ ᠨᠡᠭᠦᠳᠡᠯ ᠳᠤᠮᠳᠠ        ᠬᠤᠲᠠᠯᠠ ᠲᠦᠮᠡᠨ ᠨᠢ ᠦᠭᠡᠶᠢᠯᠡᠨᠡᠮ        ᠤᠳᠤᠮᠲᠤ ᠪᠠᠷᠭᠤ ᠶᠢᠨ ᠠᠯᠳᠠᠷ ᠢ        ᠬᠤᠷᠸ᠎ᠠ ᠶᠢᠨ ᠬᠤᠷᠮᠣᠢ ᠳᠤ ᠳᠡᠯᠭᠡᠵᠦ        ᠠᠷᠠᠳ ᠤᠨ ᠤᠤᠭᠠᠨ ᠰᠣᠶᠣᠯ ᠢ        ᠳᠡᠯᠡᠬᠡᠢ ᠶᠢᠨ ᠮᠡᠯᠮᠡᠢ ᠳᠤ ᠬᠦᠷᠭᠡᠭᠰᠡᠨ        ᠠᠷᠠᠳ ᠵᠤᠨ ᠤ ᠪᠠᠨ ᠡᠮᠦᠨ᠎ᠡ        ᠠᠴᠢᠲᠤ ᠭᠠᠪᠢᠶ᠎ᠠ ᠲᠠᠨᠢ ᠮᠥᠩᠬᠡ ᠯᠡ ᠶᠤᠮ        ᠠᠤᠭ᠎ᠠ ᠬᠦᠨᠳᠦᠲᠦ ᠲᠠᠨ ᠳᠠᠭᠠᠨ        ᠬᠤᠷᠮᠣᠢ ᠳᠡᠪᠢᠰᠦᠨ ᠮᠥᠷᠭᠦᠶ᠎ᠡ᠃        ᠲᠤᠮᠤᠭ ᠤᠨ ᠪᠤᠭᠤᠷᠤᠯ ᠰᠣᠶᠣᠯ ᠢ        ᠳᠡᠯᠡᠬᠡᠢ ᠶᠢᠨ ᠡᠯᠢᠭᠡᠨ ᠳᠤ ᠳᠡᠯᠭᠡᠭᠰᠡᠨ        ᠠᠯᠳᠠᠷᠲᠤ ᠵᠢᠭᠤᠯᠴᠢᠨ ᠲᠠᠨ ᠳᠠᠭᠠᠨ        ᠠᠯᠠᠭ᠎ᠠ ᠬᠠᠪᠰᠤᠷᠭᠠᠨ ᠵᠠᠯᠪᠠᠷᠢᠶ᠎ᠠ᠃        ᠠᠷᠠᠳ ᠤᠨ ᠳᠠᠭᠤᠤ ᠰᠢᠭ᠋ ᠢᠶᠠᠨ ᠲᠠᠨᠠᠷ        ᠤᠯᠠᠨ ᠲᠦᠮᠡᠨ ᠳᠡᠭᠡᠨ ᠪᠢᠰᠢᠷᠡᠭᠳᠡᠨ᠎ᠡ︕        ᠠᠯᠳᠠᠷ ᠨᠡᠷ᠎ᠡ ᠵᠢᠳᠬᠦᠯ ᠨᠦᠭᠦᠳ ᠲᠠᠨᠢ        ᠣᠨ ᠤ ᠠᠯᠤᠰ ᠲᠤ ᠴᠤᠤᠷᠢᠶᠠᠲᠤᠨ᠎ᠠ︕        ᠬᠤᠭᠤᠯᠠᠢ ᠭᠦᠮᠡᠶᠢᠯᠡᠨ ᠬᠦᠩᠭᠢᠨᠡᠭᠰᠡᠨ        ᠪᠠᠷᠭᠤ ︽ᠪᠦᠭᠡ ᠶᠢᠨ ᠤᠷᠢᠶ᠎ᠠ︾ ᠮᠢᠨᠢ        ᠤᠶᠠᠬᠠᠨ ᠨᠤᠭᠤᠯᠤᠭ᠎ᠠ ᠡᠪᠬᠡᠷᠡᠭᠰᠡᠨ        ᠤᠳᠤᠮ ᠤᠨ ᠤᠤᠭᠠᠯ ᠠᠶᠠᠯᠭᠤ ᠮᠢᠨᠢ        ᠬᠤᠷᠢᠮ ᠨᠠᠶᠢᠷ ᠲᠤ ᠬᠥᠭᠯᠡᠭᠦᠯᠬᠦ        ︽ᠭᠠᠯᠠᠭᠤᠨ ᠬᠦᠵᠦᠭᠦᠨ ᠵᠡᠭᠡᠷᠳᠡ ᠮᠢᠨᠢ︾        ᠠᠭᠤᠵᠢᠮ ᠬᠤᠯᠠ ᠳᠠᠭᠠᠨ ᠳᠤᠷᠠᠰᠤᠭᠳᠠᠬᠤ        ︽ᠤᠷᠳᠤ ᠰᠠᠶᠢᠬᠠᠨ ᠤᠯᠠᠭᠠᠨ︾ ᠮᠢᠨᠢ        ᠦᠵᠦᠭᠦᠷ ᠨᠤᠲᠤᠭ ᠤᠨ ᠳᠠᠭᠤᠯᠠᠯ        ︽ᠠᠷᠤ ᠶᠢᠨ ᠭᠤᠷᠪᠠᠨ ᠬᠠᠶᠢᠯᠠᠳᠤ︾ ᠮᠢᠨᠢ        ᠨᠠᠭᠠᠳᠤᠮ ᠴᠤᠭᠯᠠᠭᠠᠨ ᠳᠤ ᠬᠠᠩᠭᠢᠨᠠᠬᠤ        ᠨᠠᠯᠠᠭᠠᠷ ᠰᠠᠶᠢᠬᠠᠨ ᠡᠭᠡᠰᠢᠭ ᠤᠳ ᠮᠢᠨᠢ        ᠦᠶ᠎ᠡ ᠶᠢᠨ ᠦᠶ᠎ᠡ ᠳᠤ ᠵᠠᠯᠭᠠᠬᠤ        ᠥᠨᠢᠷ ᠪᠠᠶᠠᠨ ᠥᠮᠴᠢ ᠯᠡ ᠰᠢᠤ        ᠥᠨᠢ ᠶᠢᠨ ᠥᠨᠢ ᠳᠤ ᠦᠯᠡᠳᠡᠭᠡᠬᠦ        ᠦᠨᠡᠲᠦ ᠤᠶᠤᠨ ᠤ ᠲᠡᠵᠢᠭᠡᠯ ᠯᠡ ᠰᠢᠤ        ᠨᠠᠰᠤᠨ ᠲᠤᠷᠰᠢᠲᠠ ᠭᠠᠶᠢᠬᠠᠭᠤᠯᠬᠤ        ᠨᠠᠷᠠᠳᠤ ᠶᠢᠨ ᠨᠠᠨᠳᠢᠨ ᠥᠪ ᠯᠡ ᠰᠢᠤ        ᠦᠷ᠎ᠡ ᠶᠢᠨ ᠦᠷᠡᠰ ᠲᠤ ᠦᠯᠡᠳᠡᠬᠦ        ᠡᠬᠡ ᠰᠣᠶᠣᠯ ᠤᠨ ᠤᠷᠠᠯᠢᠭ ᠯᠡ ᠰᠢᠤ︕       ᠳ᠋ᠧᠨ᠋ᠮᠡᠷᠺ ᠤᠯᠤᠰ ᠤᠨ ᠪᠠᠷᠳᠠᠭ᠎ᠠ ᠰᠢᠨᠵᠢᠯᠡᠭᠡᠴᠢ ᠾᠧᠩᠨᠢᠩ·ᠬᠠᠰᠯᠦ᠋ᠨᠳ᠋ ︵1896 -1948 ᠣᠨ︶ ᠪᠣᠯ ᠬᠠᠮᠤᠭ ᠤᠨ ᠠᠩᠬ᠎ᠠ ᠮᠣᠩᠭᠤᠯ ᠠᠷᠠᠳ ᠤᠨ ᠳᠠᠭᠤᠤ ᠶᠢ ᠡᠮᠬᠢᠳᠬᠡᠨ ᠰᠢᠩᠭᠡᠭᠡᠯᠲᠡ ᠬᠢᠭᠰᠡᠨ ᠬᠥᠮᠥᠰ ᠤᠨ ᠨᠢᠭᠡ ᠰᠠᠨ᠃ ᠲᠡᠭᠦᠨ ᠤ ᠮᠣᠩᠭᠤᠯ ᠤᠨ ᠡᠯ᠎ᠡ ᠭᠠᠵᠠᠷ ᠣᠷᠣᠨ ᠢᠶᠠᠷ ᠶᠠᠪᠤᠵᠤ ᠰᠢᠩᠭᠡᠬᠡᠨ ᠠᠪᠤᠭᠰᠠᠨ ᠭᠤᠴᠢᠨ ᠲᠠᠪᠤᠨ ᠬᠤᠪᠢ ᠰᠢᠩᠭᠡᠭᠡᠯᠲᠡ ᠶᠢᠨ ᠰᠣᠷᠢᠨᠵᠢᠨ ᠪᠢᠴᠢᠯᠭᠡ ᠪᠣᠯ ᠮᠠᠰᠢ ᠨᠠᠨᠳᠢᠨ ᠥᠪ ᠰᠣᠶᠣᠯ ᠤᠨ ᠳᠤᠷᠠᠰᠬᠠᠯ ᠪᠣᠯᠵᠠᠢ᠃ ᠡᠳᠡᠭᠡᠷ ᠦᠨᠡᠲᠦ ᠮᠠᠲ᠋ᠧᠷᠢᠶᠠᠯ ᠨᠢ ᠤᠳᠤ ᠳ᠋ᠧᠨ᠋ᠮᠡᠷᠺ᠂ ᠰᠸᠧᠳᠧᠠ᠂ ᠭᠧᠷᠮᠠᠨ᠂ ᠹᠷᠠᠨᠼᠢ ᠵᠡᠷᠭᠡ ᠤᠯᠤᠰ ᠤᠨ ᠮᠦᠽᠧᠢ ᠳᠤ ᠬᠠᠳᠠᠭᠠᠯᠠᠭᠳᠠᠵᠤ ᠪᠠᠶᠢᠳᠠᠭ᠃ ᠲᠡᠷᠡ ᠳᠥᠷᠪᠡ ᠤᠳᠠᠭ᠎ᠠ ᠮᠣᠩᠭᠤᠯ ᠨᠤᠲᠤᠭ  ᠢᠶᠠᠷ ᠬᠡᠭᠡᠷ᠎ᠡ ᠶᠢᠨ ᠰᠢᠨᠵᠢᠯᠡᠯ ᠬᠢᠵᠦ ᠠᠶᠠᠯᠠᠬᠤ ᠳᠤᠮᠳᠠ ᠮᠠᠰᠢ ᠤᠯᠠᠨ ᠮᠣᠩᠭᠤᠯ ᠠᠷᠠᠳ ᠤᠨ ᠳᠠᠭᠤᠤ ᠪᠣᠯᠣᠨ ᠠᠮᠠᠨ ᠰᠣᠶᠣᠯ ᠤᠨ ᠤᠯᠠᠮᠵᠢᠯᠠᠯ ᠢ ᠰᠤᠷᠪᠤᠯᠵᠢᠯᠠᠨ ᠰᠢᠩᠭᠡᠭᠡᠵᠦ  ᠠᠪᠤᠭᠰᠠᠨ ᠪᠠᠶᠢᠨ᠎ᠠ᠃ ᠪᠢᠳᠡᠨ ᠤ ᠰᠣᠨᠢᠭᠤᠴᠢᠯᠠᠨ ᠲᠠᠶᠢᠯᠪᠤᠷᠢᠯᠠᠵᠤ ᠪᠠᠶᠢᠭ᠎ᠠ ᠶᠠᠪᠤᠳᠠᠯ ᠪᠣᠯ ᠲᠡᠭᠦᠨ ᠤ 1936 -1937 ᠣᠨ ᠤ ᠬᠤᠭᠤᠷᠣᠨᠳᠤ ᠥᠪᠥᠷ ᠮᠣᠩᠭᠤᠯ ᠤᠨ  ᠵᠡᠭᠦᠨ ᠬᠡᠰᠡᠭ ᠤᠨ ᠰᠢᠨᠵᠢᠯᠡᠭᠡᠨ ᠤ ᠨᠢᠭᠡ ᠬᠡᠰᠡᠭ ᠶᠤᠮ᠃ ᠡᠨᠡ ᠤᠳᠠᠭ᠎ᠠ ᠲᠡᠷᠡ ᠤᠯᠠᠭᠠᠨᠬᠠᠳᠠ ᠪᠠᠷ ᠭᠤᠣᠯ ᠰᠠᠭᠤᠷᠢᠨ ᠪᠤᠯᠭᠠᠵᠦ᠂ ᠴᠠᠬᠠᠷ᠂ ᠦᠵᠦᠮᠦᠴᠢᠨ᠂ ᠬᠤᠷᠴᠢᠨ᠂ ᠬᠥᠯᠥᠨ ᠪᠤᠶᠢᠷ ᠵᠡᠷᠭᠡ ᠭᠠᠵᠠᠷ ᠣᠷᠣᠨ ᠢᠶᠠᠷ ᠶᠠᠪᠤᠵᠤ ᠵᠠᠭᠤ ᠭᠤᠴᠢᠭᠠᠳ ᠠᠷᠠᠳ ᠤᠨ ᠳᠠᠭᠤᠤ ᠶᠢᠨ ᠰᠢᠩᠭᠡᠭᠡᠯᠲᠡ ᠬᠢᠵᠦ ᠶᠠᠪᠤᠭᠰᠠᠨ ᠤ ᠳᠤᠮᠳᠠᠬᠢ ᠬᠡᠰᠡᠭ ᠬᠦᠦᠷᠨᠢᠯ ᠶᠤᠮ᠃ ᠳᠠᠷᠤᠢ᠄       ︵1︶ 1923 -1926 ᠣᠨ ᠭᠦᠷᠳᠡᠯ᠎ᠡ᠂ ᠮᠣᠩᠭᠤᠯ ᠤᠯᠤᠰ ᠤᠨ ᠬᠤᠶᠢᠲᠤ ᠬᠡᠰᠡᠭ ᠤᠨ ᠪᠤᠯᠠᠭᠠᠨ ᠤ ᠲᠠᠯ᠎ᠠ ᠳᠤ ᠭᠤᠷᠪᠠᠨ ᠵᠢᠯ ᠬᠡᠭᠡᠷ᠎ᠡ ᠶᠢᠨ ᠰᠢᠨᠵᠢᠯᠡᠭᠡ ᠬᠢᠵᠦ ᠰᠠᠭᠤᠬᠤ ᠳᠠᠭᠠᠨ ᠠᠰᠢᠭᠲᠤ ᠮᠠᠯᠲᠠᠮᠠᠯ ᠤᠨ ᠬᠠᠶᠢᠭᠤᠯ ᠬᠢᠬᠦ᠂ ᠮᠣᠩᠭᠤᠯ ᠣᠷᠣᠨ ᠳᠤ ᠲᠠᠷᠢᠶᠠᠯᠠᠬᠤ ᠲᠤᠷᠰᠢᠯᠲᠠ ᠬᠢᠬᠦ ᠶᠢᠨ ᠬᠠᠮᠲᠤ ᠮᠠᠯ ᠤᠨ ᠭᠠᠷᠤᠯᠲᠠ ᠠᠷᠠᠰᠤ ᠨᠣᠣᠰᠣᠨ ᠤ ᠬᠤᠳᠠᠯᠳᠤᠭ᠎ᠠ ᠬᠢᠵᠦ ᠪᠠᠶᠢᠵᠠᠢ᠃ ᠲᠡᠷᠡ ᠬᠤᠭᠤᠴᠠᠭᠠᠨ ᠳᠤ ᠰᠡᠯᠡᠩᠭᠡ ᠶᠢᠨ ᠪᠤᠷᠢᠶᠠᠳ ᠠᠴᠠ ᠳᠥᠴᠢ ᠭᠠᠷᠤᠢ ᠠᠷᠠᠳ ᠤᠨ ᠳᠠᠭᠤᠤ ᠶᠢᠨ ᠦᠭᠡ ᠶᠢ ᠴᠤᠭᠯᠠᠭᠤᠯᠵᠤ ᠠᠪᠴᠠᠢ᠃       ︵2︶ 1927 -1929 ᠣᠨ ᠳᠤ᠂ ᠲᠤᠮᠳᠠᠳᠤ ᠤᠯᠤᠰ ᠤᠨ ᠪᠠᠷᠠᠭᠤᠨ ᠬᠤᠶᠢᠲᠤ ᠣᠷᠣᠨ ᠤ ᠰᠢᠨᠵᠢᠶᠠᠩ ᠵᠡᠷᠭᠡ ᠨᠤᠲᠤᠭ ᠲᠤ ᠬᠡᠭᠡᠷ᠎ᠡ ᠶᠢᠨ ᠰᠢᠨᠵᠢᠯᠡᠭᠡ ᠬᠢᠵᠦ᠂ 1930 ᠣᠨ ᠤ ᠦᠶ᠎ᠡ ᠪᠠᠷ ᠥᠪᠥᠷ ᠮᠣᠩᠭᠤᠯ ᠤᠨ ᠰᠦᠢ ᠶᠤᠸᠠᠨ᠂ ᠡᠵᠡᠨ᠎ᠡ᠂ ᠤᠳᠤ ᠶᠢᠨ ᠭᠠᠨᠰᠤ ᠶᠢᠨ ᠰᠦᠪᠧᠢ ᠵᠢᠴᠢ ᠨᠢᠩᠰᠢᠶᠠ᠂ ᠬᠥᠬᠡᠨᠠᠭᠤᠷ ᠵᠡᠷᠭᠡ ᠣᠷᠣᠨ ᠢᠶᠠᠷ ᠠᠷᠠᠳ ᠤᠨ ᠳᠠᠭᠤᠤ᠂ ᠠᠮᠠᠨ ᠵᠣᠬᠢᠶᠠᠯ ᠴᠤᠭᠯᠠᠭᠤᠯᠵᠤ ᠶᠠᠪᠤᠵᠠᠢ᠃ ᠡᠭᠦᠨ ᠳᠤ ᠴᠥᠭᠡᠨ ᠲᠣᠭᠠᠨ ᠤ ᠲᠥᠪᠡᠳ᠂ ᠤᠶᠢᠭᠤᠷ᠂ ᠬᠠᠰᠠᠭ ᠳᠠᠭᠤᠤ ᠪᠠᠭᠲᠠᠯᠴᠠᠵᠤ ᠪᠠᠶᠢᠳᠠᠭ᠃       ︵3︶ 1936 -1937 ᠣᠨ ᠳᠤ᠂ ᠥᠪᠥᠷ ᠮᠣᠩᠭᠤᠯ ᠤᠨ ᠵᠡᠭᠦᠨ ᠣᠷᠣᠨ ᠢᠶᠠᠷ ᠰᠢᠨᠵᠢᠯᠡᠭᠡ ᠬᠢᠵᠡᠢ᠃ ᠤᠯᠠᠭᠠᠨᠬᠠᠳᠠ᠂ ᠴᠠᠬᠠᠷ᠂ ᠦᠵᠦᠮᠦᠴᠢᠨ᠂ ᠬᠤᠷᠴᠢᠨ᠂ ᠪᠠᠷᠭᠤ ᠵᠡᠷᠭᠡ ᠡᠯ᠎ᠡ ᠣᠷᠣᠨ ᠢᠶᠠᠷ ᠶᠠᠪᠤᠵᠤ ᠵᠠᠭᠤ ᠭᠤᠴᠢᠭᠠᠳ ᠠᠷᠠᠳ ᠤᠨ ᠳᠠᠭᠤᠤ ᠬᠥᠭᠵᠢᠮ ᠴᠤᠭᠯᠠᠭᠤᠯᠤᠨ ᠰᠢᠩᠭᠡᠭᠡᠭᠰᠡᠨ ᠪᠠᠶᠢᠨ᠎ᠠ᠃       ︵4︶ 1938 -1939 ᠣᠨ ᠳᠤ᠂ ᠳ᠋ᠧᠨ᠋ᠮᠡᠷᠺ ᠤᠯᠤᠰ ᠤᠨ ᠲᠥᠪ ᠠᠽᠢᠶ᠎ᠠ ᠶᠢᠨ ᠰᠢᠨᠵᠢᠯᠡᠭᠡᠨ ᠤ ᠳᠤᠭᠤᠶᠢᠯᠠᠩ ᠢ ᠵᠣᠬᠢᠶᠠᠨ ᠪᠠᠶᠢᠭᠤᠯᠵᠤ᠂ ᠭᠦᠭᠡᠬᠤᠳᠠ ᠪᠠᠷ ᠭᠤᠣᠯ ᠲᠥᠪ ᠪᠣᠯᠭᠠᠨ ᠥᠪᠥᠷ ᠮᠣᠩᠭᠤᠯ ᠣᠷᠣᠨ ᠳᠤ ᠲᠤᠰᠬᠠᠢ ᠠᠷᠠᠳ ᠤᠨ ᠳᠠᠭᠤᠤ ᠴᠤᠭᠯᠠᠭᠤᠯᠵᠤ ᠰᠢᠩᠭᠡᠭᠡᠭᠰᠡᠨ ᠪᠠᠶᠢᠨ᠎ᠠ᠃ ᠠᠷᠠᠳ ᠤᠨ ᠳᠠᠭᠤᠤ ᠴᠤᠭᠯᠠᠭᠤᠯᠬᠤ ᠪᠦᠷᠢᠨ ᠲᠤᠨᠤᠭ ᠲᠥᠬᠦᠭᠡᠷᠦᠮᠵᠢ ᠲᠠᠢ ᠪᠠᠶᠢᠭᠰᠠᠨ ᠶᠤᠮ᠃       ︵5︶ 1947 -1948 ᠣᠨ ᠤ ᠦᠶ᠎ᠡ ᠪᠠᠷ ᠮᠣᠩᠭᠤᠯ ᠠᠷᠠᠳ ᠤᠨ ᠳᠠᠭᠤᠤ ᠴᠤᠭᠯᠠᠭᠤᠯᠬᠤ ᠰᠢᠨᠵᠢᠯᠡᠭᠡᠨ ᠤ ᠳᠤᠭᠤᠶᠢᠯᠠᠩ ᠳᠠᠭᠠᠭᠤᠯᠵᠤ ᠠᠹᠭᠠᠨᠢᠰᠲ᠋ᠠᠨ ᠳᠤ ᠬᠦᠷᠴᠡᠢ᠃ ᠮᠣᠩᠭᠤᠯ ᠵᠦᠭ ᠮᠣᠷᠳᠠᠬᠤ ᠲᠦᠯᠦᠪᠯᠡᠯᠭᠡ ᠨᠢ ᠡᠯ᠎ᠡ ᠰᠢᠯᠲᠠᠭᠠᠨ ᠠᠴᠠ ᠪᠡᠶᠡᠯᠡᠭᠳᠡᠭᠰᠡᠨ ᠦᠭᠡᠢ᠂ 1948 ᠣᠨ ᠤ ᠶᠢᠰᠦᠨ ᠰᠠᠷ᠎ᠠ  ᠳᠤ ᠺᠡᠪᠦ᠋ᠯ ᠳᠤ ᠨᠠᠰᠤ ᠨᠥᠭᠴᠢᠵᠡᠢ᠃ ᠲᠦᠷᠪᠡᠨ ᠤᠳᠠᠭ᠎ᠠ ᠮᠣᠩᠭᠤᠯ ᠣᠷᠣᠨ ᠢᠶᠠᠷ ᠪᠠᠷᠳᠠᠭ᠎ᠠ ᠰᠢᠨᠵᠢᠯᠡᠨ ᠵᠢᠭᠤᠯᠴᠢᠯᠠᠵᠤ᠂ ᠮᠠᠰᠢ ᠤᠯᠠᠨ ᠬᠤᠪᠣᠷ ᠨᠠᠨᠳᠢᠨ ᠮᠡᠲ᠋ᠧᠷᠢᠶᠠᠯ ᠦᠯᠡᠳᠡᠭᠡᠭᠰᠡᠨ ᠰᠠᠨ᠃       ᠲᠡᠷᠡ ᠪᠠᠷ ᠵᠦᠪᠭᠡᠨ ᠠᠷᠠᠳ ᠤᠨ ᠳᠠᠭᠤᠤ ᠴᠤᠭᠯᠠᠭᠤᠯᠤᠭᠰᠠᠨ ᠲᠡᠳᠦᠢ ᠦᠭᠡᠢ᠂ ᠤᠶᠤᠨ ᠤ ᠪᠠ ᠡᠳ᠋ ᠥᠯᠥᠭ ᠤᠨ ᠲᠣᠮᠣ ᠬᠦᠷᠢᠶᠡᠨ ᠳᠤ ᠵᠠᠩ ᠦᠢᠯᠡ᠂ ᠲᠡᠦᠬᠡ ᠰᠣᠶᠣᠯ ᠤᠨ ᠶᠠᠩᠵᠤ ᠪᠦᠷᠢ ᠶᠢᠨ ᠮᠠᠲ᠋ᠧᠷᠢᠶᠠᠯ ᠬᠠᠶᠢᠨ ᠴᠤᠭᠯᠠᠭᠤᠯᠵᠤ᠂ ︽ᠮᠣᠩᠭᠤᠯ ᠤᠨ ᠭᠡᠷ ᠣᠷᠣᠨ︾ ︵1934 ᠣᠨ᠂ ᠯᠤᠨᠳᠤᠨ︶᠂ ︵1935 ᠣᠨ᠂ ᠯᠤᠨᠳᠤᠨ︶᠂ ︽ᠲᠠᠯᠳᠠ ᠮᠣᠩᠭᠤᠯ︾ ︵1996 ᠣᠨ᠂ ᠤᠯᠠᠭᠠᠨᠪᠠᠭᠠᠲᠤᠷ︶᠂ ︽ᠮᠣᠩᠭᠤᠯᠴᠤᠳ ᠤᠨ ᠳᠠᠭᠤᠤ ᠬᠥᠭᠵᠢᠮ︾ ︵1943 ᠣᠨ᠂ ᠰᠡᠲᠤᠺ ᠺᠾᠤᠯᠮ︶ ᠭᠡᠬᠦ ᠮᠡᠲᠦ ᠠᠯᠳᠠᠷᠲᠤ ᠪᠦᠲᠦᠭᠡᠯ ᠲᠤᠭᠤᠷᠪᠢᠵᠤ᠂ ᠮᠣᠩᠭᠤᠯ ᠰᠣᠶᠣᠯ ᠤᠨ ᠲᠠᠯ᠎ᠠ ᠪᠠᠷ ᠮᠠᠰᠢ ᠦᠨᠡᠲᠡᠢ ᠮᠡᠳᠡᠭᠡᠯᠡᠯ ᠦᠯᠡᠳᠡᠭᠡᠭᠰᠡᠨ ᠪᠠᠶᠢᠨ᠎ᠠ᠃       ᠲᠡᠷᠡ ᠮᠣᠩᠭᠤᠯ ᠤᠨ ᠲᠤᠬᠠᠢ ︽ᠮᠣᠩᠭᠤᠯ ᠤᠨ ᠮᠠᠶᠢᠬᠠᠨ ᠳᠤ︾᠂ ︽ᠶᠠᠪᠤᠨ᠎ᠠ︾᠂ ︽ᠪᠤᠷᠬᠠᠳ ᠪᠠ ᠡᠷᠡᠴᠦᠦᠯ︾ ᠭᠡᠬᠦ ᠮᠡᠲᠦᠴᠢᠯᠡᠨ ᠨᠣᠮ ᠤᠳ ᠢ ᠪᠢᠴᠢᠵᠦ᠂ ᠳᠡᠯᠡᠬᠡᠢ ᠶᠢᠨ ᠤᠯᠠᠨ ᠬᠡᠯᠡᠨ᠎ᠡ ᠣᠷᠴᠢᠭᠤᠯᠤᠭᠳᠠᠵᠠᠢ᠃ ︽ᠲᠠᠯᠳᠠ ᠮᠣᠩᠭᠤᠯ︾ ᠭᠡᠬᠦ ᠡᠨᠡ ᠨᠣᠮ ᠢ ᠠᠮᠧᠷᠢᠺᠠ ᠶᠢᠨ ︽ᠠᠳ᠋ᠸᠧᠠ - ᠲᠦᠷᠡᠰ ᠶᠦᠨᠯᠢᠮᠢᠲ᠋ᠧᠳᠧ︾ ᠬᠡᠪᠯᠡᠯ ᠤᠨ ᠭᠠᠵᠠᠷ ᠬᠡᠪᠯᠡᠭᠰᠡᠨ ᠡᠬᠡ ᠠᠴᠠ ᠣᠷᠴᠢᠭᠤᠯᠤᠨ ᠪᠠᠭᠤᠯᠭᠠᠪᠠ᠃ ᠳᠡᠭᠡᠷᠡᠬᠢ ᠬᠤᠶᠠᠷ ᠲᠡᠮᠳᠡᠭᠯᠡᠯ ᠠᠴᠠ ᠦᠵᠡᠪᠡᠯ᠄ ︽ᠮᠣᠩᠭᠤᠯ ᠤᠨ ᠭᠡᠷ ᠣᠷᠣᠨ︾ - ︽ᠮᠣᠩᠭᠤᠯ ᠤᠨ ᠮᠠᠶᠢᠬᠠᠨ ᠳᠤ︾᠂ ︽ᠮᠣᠩᠭᠤᠯ ᠬᠥᠮᠥᠨ ᠪᠠ ᠪᠤᠷᠬᠠᠳ︾ - ︽ᠪᠤᠷᠬᠠᠳ ᠪᠠ ᠡᠷᠡᠴᠦᠦᠯ︾ - ︽ᠮᠣᠩᠭᠤᠯ ᠤᠨ ᠪᠤᠷᠬᠠᠳ ᠪᠠ ᠡᠷᠡᠴᠦᠦᠯ︾ ᠬᠤᠶᠠᠷ ᠨᠣᠮ ᠬᠡᠳᠦᠨ ᠶᠠᠩᠵᠤ ᠪᠠᠷ ᠣᠷᠴᠢᠭᠤᠯᠤᠭᠳᠠᠨ ᠬᠡᠪᠯᠡᠭᠳᠡᠭᠰᠡᠨ ᠪᠠᠶᠢᠨ᠎ᠠ᠃ ᠤᠳᠤ ᠣᠯᠳᠠᠭᠳᠠᠭ᠎ᠠ ᠦᠭᠡᠢ ᠨᠣᠮ ᠨᠤᠭᠤᠳ ᠨᠢ᠄       ︽ᠮᠣᠩᠭᠤᠯᠴᠤᠳ ᠤᠨ ᠳᠠᠭᠤᠤ ᠬᠥᠭᠵᠢᠮ︾᠂ ︽ᠶᠠᠪᠤᠨ᠎ᠠ︾᠂ ︽ᠮᠣᠩᠭᠤᠯ ᠤᠨ ᠮᠠᠶᠢᠬᠠᠨ ᠳᠤ︾ ᠵᠡᠷᠭᠡ ᠭᠤᠷᠪᠠᠨ ᠨᠣᠮ ᠪᠣᠯᠣᠨ᠎ᠠ᠃ ᠬᠢᠲᠠᠳ ᠣᠷᠴᠢᠭᠤᠯᠭ᠎ᠠ ᠶᠢᠨ ᠨᠣᠮ ᠳᠣᠲᠣᠷ᠎ᠠ ᠠᠴᠠ ᠴᠤ ᠭᠡᠰᠡᠨ ᠬᠠᠶᠢᠯᠲᠠ ᠬᠢᠵᠦ ᠪᠣᠯᠣᠨ᠎ᠠ᠃       ᠨᠡᠷᠡᠳᠦ ᠶᠢᠨ ᠨᠠᠨᠳᠢᠨ ᠠᠶᠠᠯᠭᠤ ᠶᠢ ᠲᠦᠮᠡᠨ᠎ᠡ ᠦᠯᠡᠳᠡᠭᠡᠭᠰᠡᠨ ᠲᠤᠬᠠᠢ ᠪᠢ ᠴᠢᠳᠠᠨ ᠶᠠᠳᠠᠨ ᠡᠪᠯᠡᠭᠦᠯᠦᠭᠰᠡᠨ ᠢ ᠮᠡᠷᠭᠡᠳ ᠲᠤᠩᠭᠠᠮᠤ⁈                                                              ᠵᠣᠬᠢᠶᠠᠭᠴᠢ᠄  ᠪᠤᠷᠱᠢ ᠶᠢᠨ ᠲᠦᠮᠡᠨ  
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ