ᠬᠦᠳᠡᠷᠴᠢᠯᠠᠭᠤ
ᠨᠡᠶᠢᠲᠡᠯᠡᠭᠰᠡᠨ ᠴᠠᠭ᠄
2023/7/11
20230711-1.jpg
              ᠬᠦᠳᠡᠷᠴᠢᠯᠠᠭᠤ ᠶᠢᠨ ᠲᠤᠪᠴᠢ ᠨᠠᠮᠳᠠᠷ᠄      1956 ᠤᠨ ᠳᠤ ᠬᠠᠭᠤᠴᠢᠨ ᠪᠠᠷᠭᠤ ᠬᠤᠰᠢᠭᠤᠨ ᠤ ᠪᠠᠷᠠᠭᠤᠨ ᠦᠵᠤᠬᠦᠷ ᠰᠤᠮᠤ ᠶᠢᠨ ᠦᠵᠦᠬᠦᠷ ᠭᠠᠴᠠᠭᠠᠨ ᠤ ᠮᠠᠯᠴᠢᠨ ᠬᠤᠨᠢᠳᠠᠨ ᠬᠤᠷᠯᠠᠳ ᠬᠠᠯᠠ ᠶᠢᠨ ᠴᠦᠢᠵᠢᠯᠵᠡᠪ ᠤᠨ ᠬᠦᠪᠡᠬᠦᠨ ᠪᠤᠯᠵᠤ ᠵᠠᠶᠠᠭᠠᠵᠠᠢ᠃ ᠱᠠᠰᠢᠨ ᠰᠢᠲᠦᠯᠭᠡ᠂ ᠰᠦᠮ᠎ᠡ ᠭᠡᠶᠢᠳ ᠢ ᠮᠤᠬᠤᠷ ᠪᠢᠰᠢᠷᠡᠯ ᠭᠡᠵᠤ ᠤᠷᠤ ᠮᠦᠷ ᠦᠭᠡᠢ ᠪᠤᠯᠭᠠᠭᠰᠠᠨ ᠲᠡᠷᠡ ᠬᠦ ᠴᠠᠭ ᠦᠶ᠎ᠡ ᠳᠤ ᠦᠰᠴᠦ ᠲᠤᠷᠨᠢᠭᠰᠠᠨ ᠲᠡᠷᠡ ᠪᠠᠷ ᠮᠠᠯ ᠤᠨ ᠢᠶᠠᠨ ᠬᠤᠶᠢᠨ᠎ᠡ ᠠᠴᠠ ᠶᠠᠪᠤᠵᠤ᠂ ᠱᠠᠰᠢᠨ ᠰᠢᠳᠦᠯᠬᠡ ᠭᠡᠳᠡᠭ ᠲᠤ ᠤᠢᠢᠷᠠᠳᠤᠭ᠎ᠠ ᠦᠭᠡᠢ ᠡᠷ᠎ᠠ ᠶᠢᠨ ᠴᠡᠭᠡᠯ ᠳᠤ ᠬᠦᠷᠴᠡᠢ᠃ ᠲᠡᠭᠡᠷ᠎ᠠ ᠵᠠᠭᠤᠨ ᠤ ᠵᠢᠷᠠᠭᠠᠳ ᠤᠨ ᠤ ᠰᠡᠬᠦᠯᠴᠢ ᠠᠴᠠ ᠬᠦᠳᠡᠷᠴᠢᠯᠠᠭᠤ ᠪᠡᠶ᠎ᠡ ᠮᠠᠭᠤᠳᠠᠢ ᠪᠤᠯᠵᠤ᠂ ᠠᠳᠡ ᠳᠡᠨᠳᠡ ᠤᠯᠠᠨᠳᠡ ᠦᠵᠡᠬᠦᠯᠵᠤ ᠡᠮ ᠲᠠᠩ ᠴᠦ ᠤᠯᠠᠨ ᠤᠤᠭᠤᠭᠰᠠᠨ ᠪᠤᠯᠪᠠᠴᠦ ᠢᠯᠠᠷᠢᠰᠢᠵᠤ ᠴᠢᠳᠠᠭ᠎ᠠ ᠦᠭᠡᠢ᠃        ᠳᠡᠬᠡᠷ᠎ᠡ ᠵᠠᠭᠤᠨ ᠤ ᠲᠠᠯᠠᠭᠠᠳ ᠤᠨ ᠤ ᠡᠬᠢ ᠪᠠᠷ ᠨᠤᠲᠤᠭ ᠤᠨ ᠬᠢᠨᠢ ᠨᠠᠰᠤᠳᠡᠳ ᠨᠢ ᠲᠡᠬᠦᠨ ᠳᠤ ᠪᠦᠭᠡ ᠭᠡᠵᠤ ᠪᠠᠭ᠎ᠠ ᠰᠠᠭ᠎ᠠ ᠶᠠᠭᠤᠮ᠎ᠠ ᠶᠠᠷᠢᠳᠠᠭ ᠪᠤᠯᠤᠭᠰᠠᠨ ᠴᠦ ᠴᠠᠭ ᠲᠦᠷᠦ ᠶᠢᠨ ᠰᠢᠯᠳᠡᠭᠠᠨ ᠠᠴᠠ ᠲᠡᠷᠡ ᠢᠳᠡᠭᠡᠬᠦ ᠢᠳᠡᠭᠡᠬᠦ ᠦᠭᠡᠢ ᠶᠢᠨ ᠬᠤᠭᠤᠷᠤᠨᠳᠦ ᠶᠠᠪᠤᠵᠠᠢ᠃ ᠬᠤᠵᠢᠮ ᠨᠢ ᠬᠠᠶᠢᠯᠠᠷ ᠤᠨ ᠢᠮᠢᠨ ᠭᠤᠤᠯ ᠤᠨ ᠪᠠᠷᠠᠭᠤᠨᠳᠡᠬᠢ ᠲᠡᠮᠤᠷ ᠵᠠᠮ ᠤᠨ ᠤᠢᠢᠷᠠᠯᠴᠠᠭ᠎ᠠ ᠪᠠᠶᠢᠭᠰᠠᠨ ᠬᠢᠳᠡᠳ ᠡᠮᠨᠡᠯᠭᠡ ᠶᠢᠨ ᠨᠢᠭᠡᠨ ᠶᠠᠰᠤ ᠪᠠᠷᠢᠶᠠᠴᠢ ᠳᠤ ᠬᠦᠷᠴᠦ ᠦᠵᠡᠬᠦᠯᠦᠭᠰᠡᠨ ᠳᠤ᠂ ᠡᠨᠡ ᠶᠠᠰᠤ ᠪᠠᠷᠢᠶᠠᠴᠢ ᠲᠡᠪᠡᠨᠠ ᠵᠡᠬᠦᠦ ᠪᠠᠷ ᠲᠡᠬᠦᠨ ᠤ ᠬᠤᠷᠤᠭᠤᠨ ᠤ ᠬᠢᠨᠢ ᠰᠠᠯᠠᠭ᠎ᠠ ᠪᠦᠬᠦᠳᠡ ᠳᠤᠨᠢ ᠬᠠᠳᠬᠤᠵᠤ᠂ ᠬᠦᠯᠭᠡ ᠪᠠᠷ ᠤᠡᠭᠭᠤᠳ ᠢ ᠨᠢ ᠳᠠᠭᠤᠳᠠᠵᠤ ᠦᠭᠴᠡᠢ᠃ ᠬᠦᠳᠡᠷᠴᠢᠯᠡᠭᠤ ᠲᠤᠰ ᠶᠠᠰᠤ ᠪᠠᠷᠢᠶᠠᠴᠢ ᠳᠤ ᠰᠠᠷ᠎ᠠ ᠬᠢᠷᠢᠳᠡᠢ ᠰᠠᠭᠤᠭᠠᠳ ᠬᠦᠯ ᠳᠤ ᠤᠷᠤᠵᠠᠢ᠃ ᠲᠡᠬᠦᠨ ᠢ ᠨᠤᠲᠤᠭ ᠲᠠᠭᠠᠨ ᠪᠤᠴᠠᠬᠤ ᠳᠤᠨᠢ ᠡᠨᠡ ᠶᠠᠰᠤ ᠪᠠᠷᠢᠶᠠᠴᠢ᠄ ︽ᠲᠡᠨ ᠤ ᠨᠤᠲᠤᠭ ᠲᠤ ᠨᠢᠭᠡᠨ ᠬᠠᠰᠢᠷ ᠪᠦᠭᠡ ᠪᠤᠢ᠂ ᠴᠢ ᠲᠡᠷᠡ ᠬᠦᠮᠦᠨ ᠢ ᠡᠷᠢᠵᠤ ᠤᠴᠢᠭᠠᠳ ᠪᠠᠭᠰᠢ ᠪᠠᠷᠢᠵᠤ᠂ ᠪᠦᠭᠡ ᠶᠢᠨ ᠤᠭ ᠢᠶᠠᠨ ᠰᠡᠷᠬᠦᠭᠡᠵᠤ᠂ ᠭᠤᠷᠪᠠᠨ ᠵᠢᠯ ᠳᠠᠷᠠᠭᠠᠯᠠᠨ ᠲᠡᠭᠷᠢ ᠲᠠᠬᠢᠯᠭ᠎ᠠ᠂ ᠭᠠᠯ ᠲᠠᠬᠢᠯᠭ᠎ᠠ᠂ ᠯᠤᠤᠰ ᠲᠠᠬᠢᠯᠭ᠎ᠠ᠂ ᠤᠪᠤᠭ᠎ᠠ ᠲᠠᠬᠢᠯᠭ᠎ᠠ ᠭᠢᠵᠤ ᠶᠠᠪᠤᠪᠠᠯ ᠴᠢᠨᠤ ᠡᠨᠡ ᠡᠪᠡᠳᠴᠢᠨ ᠡᠳᠡᠭᠡᠷᠡᠵᠤ ᠴᠢᠳᠠᠨ᠎ᠠ︾ ᠭᠡᠵᠤ ᠬᠡᠯᠡᠵᠤ ᠶᠠᠪᠤᠭᠤᠯᠵᠠᠢ᠃ ᠬᠦᠯ ᠳᠤ ᠤᠷᠤᠭᠰᠠᠨ ᠬᠦᠳᠡᠷᠴᠢᠯᠠᠭᠤ ᠭᠤᠸᠠᠢ ᠲᠡᠬᠦᠨ ᠤ ᠡᠨᠡ ᠦᠭᠡ ᠶᠢ ᠦᠨᠡᠮᠰᠢᠵᠤ᠂ ᠨᠤᠲᠤᠭ ᠲᠠᠭᠠᠨ ᠬᠠᠷᠢᠭᠰᠠᠨ ᠤ ᠪᠠᠨ ᠰᠡᠬᠦᠯᠡᠷ ᠰᠤᠷᠠᠭᠯᠠᠭᠰᠠᠭᠠᠷ ᠪᠠᠶᠢᠵᠤ᠂ ᠰᠢᠨ᠎ᠡ ᠪᠠᠷᠭᠤ ᠵᠡᠬᠦᠨ ᠬᠤᠰᠢᠭᠤᠨ ᠤ ᠴᠠᠭᠠᠨ ᠪᠠᠯᠭᠠᠰᠤᠨ ᠳᠤ ᠦᠨᠡᠭᠡᠷ ᠨᠢᠭᠡᠨ ᠡᠷᠢᠶᠡᠬᠡᠨ ᠬᠠᠯᠠ ᠲᠠᠢ ᠫᠦᠷᠪᠤ ᠭᠡᠬᠦ ᠪᠦᠭᠡ ᠪᠠᠶᠢᠬᠤ ᠶᠢ ᠤᠯᠵᠤ ᠮᠡᠳᠡᠪᠡ᠃ 1994 ᠤᠨ ᠳᠤ ᠬᠦᠳᠡᠷᠴᠢᠯᠠᠭᠤ ᠬᠠᠭᠤᠴᠢᠨ ᠤ ᠶᠤᠰᠤ ᠪᠠᠷ ᠫᠦᠷᠪᠦ ᠪᠦᠭᠡ ᠶᠢ ᠪᠠᠭᠰᠢ ᠪᠠᠷᠢᠵᠤ᠂ ᠤᠯᠠᠮᠵᠢᠯᠠᠯᠲᠦ ᠮᠠᠶ᠋ᠢᠭ ᠤᠨ ᠲᠡᠭᠷᠢ ᠲᠠᠬᠢᠯᠭ᠎ᠠ᠂ ᠭᠠᠯ ᠲᠠᠬᠢᠯᠭ᠎ᠠ ᠶᠢᠨ ᠶᠤᠰᠤᠯᠠᠯ ᠶᠠᠪᠤᠭᠤᠯᠪᠠ᠃ ᠫᠦᠷᠪᠦ ᠪᠦᠭᠡ ᠲᠤᠮ ᠰᠢᠪᠰᠢᠯᠭᠡ ᠭᠢᠵᠤ᠂ ᠬᠦᠵᠢ ᠭᠠᠨᠭ᠍ᠭ᠎ᠠ ᠤᠭᠤᠬᠢᠭᠤᠯᠵᠤ ᠬᠦᠳᠡᠷᠴᠢᠯᠠᠭᠤ ᠳᠤ ᠷᠠᠰᠢᠶᠠᠯᠠᠬᠤ ᠵᠠᠰᠠᠯ ᠬᠢᠵᠤ ᠦᠭᠬᠦᠭᠡᠳ ᠪᠡᠷᠴᠢᠳ ᠢ ᠨᠢ ᠬᠦᠭᠡᠭᠡᠵᠤ ᠡᠪᠡᠳᠴᠢᠨ ᠢ ᠨᠢ ᠠᠷᠢᠯᠭᠠᠵᠤ ᠦᠭᠪᠡ᠃ ᠬᠡᠯᠡᠪᠡᠯ ᠪᠠᠰᠠ ᠰᠤᠨᠢᠨ᠂ ᠪᠠᠭᠰᠢ ᠪᠠᠨ ᠲᠠᠨᠢᠵᠤ ᠤᠡᠭᠭᠤᠳ ᠢᠶᠠᠨ ᠪᠠᠭᠤᠯᠭᠠᠭᠰᠠᠨ ᠬᠦᠳᠡᠷᠴᠢᠯᠠᠭᠤ ᠶᠢᠨ ᠤᠳᠠᠭᠠᠨ ᠵᠢᠯ ᠤᠨ ᠡᠪᠡᠳᠴᠢᠨ ᠨᠢ ᠤᠷᠤ ᠦᠬᠡᠢ ᠠᠷᠢᠯᠵᠤ᠂ ᠡᠷᠡᠬᠦᠯ ᠬᠦᠮᠦᠨ ᠪᠤᠯᠪᠠ᠃ ᠡᠷᠡᠬᠦᠯ ᠪᠡᠶ᠎ᠡ ᠤᠯᠤᠭᠰᠠᠨ ᠬᠦᠳᠡᠷᠴᠢᠯᠠᠭᠤ ︽ᠦᠪᠡᠷ ᠢᠶᠠᠨ ᠪᠡᠶ᠎ᠠ ᠡᠷᠡᠬᠦᠯ᠂ ᠭᠡᠷ ᠤᠨ ᠬᠦᠮᠦᠰ ᠮᠢᠨᠢ ᠰᠠᠷᠠᠭᠤᠯ ᠪᠠᠶᠢᠵᠤ ᠪᠠᠶᠢᠪᠠᠯ ᠪᠤᠯᠴᠢᠬᠠᠨ᠎ᠠ︾ ᠭᠡᠵᠤ ᠪᠤᠳᠤᠭᠠᠳ ᠪᠦᠭᠡ ᠪᠤᠯᠵᠤ ᠡᠪᠡᠳᠴᠢᠨ ᠦᠵᠡᠵᠤ ᠶᠠᠪᠤᠭ᠎ᠠ ᠦᠭᠡᠢ᠂ ᠵᠦᠪᠬᠡᠨ ᠰᠠᠳᠤᠨ ᠲᠦᠷᠦᠯ ᠨᠢ ᠬᠦᠷᠦᠭᠡᠳ ᠢᠷᠡᠪᠡᠯ ᠬᠦᠯ ᠭᠠᠷ ᠢ ᠨᠢ ᠢᠯᠢᠵᠤ ᠨᠤᠬᠤᠯᠠᠵᠤ ᠦᠭᠳᠡᠭ ᠪᠠᠶᠢᠪᠠ᠃       ᠲᠡᠷᠡ ᠦᠶ᠎ᠡ ᠳᠤ ᠨᠤᠲᠤᠭ ᠤᠨ ᠵᠤᠨ ᠲᠦᠮᠡᠨ ᠤ ᠤᠯᠠᠩᠭᠢ ᠨᠢ ᠲᠡᠬᠦᠨ ᠢ ᠢᠳᠡᠭᠡᠬᠦ ᠦᠭᠡᠢ ᠪᠠᠶᠢᠵᠤ᠂ ᠡᠯᠳᠡᠪ ᠡᠰᠡᠨ ᠢᠶᠠᠷ ᠶᠠᠷᠢᠳᠠᠭ ᠪᠤᠯᠬᠤᠷ ᠲᠡᠷᠡ ᠪᠠᠶᠢᠴᠢᠬᠠᠶ᠎ᠠ ᠭᠡᠵᠤ ᠪᠤᠳᠤᠭᠰᠠᠨ ᠴᠢᠨᠢ ᠪᠠᠶᠢᠵᠤ ᠤᠤ ᠳ᠋ᠠ︕ ᠦᠨᠤᠬᠢ ᠡᠪᠡᠳᠴᠢᠨ ᠨᠢ ᠲᠠᠬᠢᠨ ᠬᠦᠳᠡᠯᠵᠤ᠂ ᠮᠤᠷᠢ ᠤᠨᠤᠪᠠᠯ ᠮᠤᠷᠢᠨ ᠠᠴᠠ ᠪᠠᠨ ᠬᠠᠶᠠᠭᠳᠠᠵᠤ᠂ ᠵᠠᠮ ᠠᠯᠬᠤᠪᠠᠯ ᠵᠠᠮ ᠳᠠᠭᠠᠨ ᠤᠢᠢᠴᠢᠭᠠᠳ ᠬᠡᠪ ᠤᠨ ᠠᠮᠢᠳᠤᠷᠠᠯ ᠢᠶᠠᠨ ᠦᠷᠬᠦᠯᠵᠢᠯᠡᠬᠦᠯᠵᠤ ᠴᠢᠳᠠᠬᠤ ᠦᠭᠡᠢ ᠪᠤᠯᠪᠠ᠃ ᠠᠷᠭ᠎ᠠ ᠪᠠᠨ ᠪᠠᠷᠠᠭᠰᠠᠨ ᠬᠦᠳᠡᠷᠴᠢᠯᠠᠭᠤ ᠭᠤᠸᠠᠢ ︽ᠪᠢ ᠪᠦᠭᠡ ᠪᠤᠯᠵᠤ ᠲᠤᠮ ᠰᠢᠪᠰᠢᠯᠭᠡ ᠬᠢᠨ᠎ᠡ︾ ᠭᠡᠵᠤ ᠦᠴᠢᠭ ᠢᠶᠠᠨ ᠦᠭᠬᠦᠭᠰᠡᠨ ᠬᠤᠶᠢᠨ᠎ᠠ ᠰᠠᠶ᠋ᠢ ᠵᠦᠭᠰᠢᠷᠡᠭᠰᠡᠨ ᠭᠡᠨ᠎ᠡ᠃ ᠡᠬᠦᠨ ᠠᠴᠠ ᠰᠡᠬᠦᠯᠡᠷ ᠬᠦᠳᠡᠷᠴᠢᠯᠠᠭᠤ ᠨᠢᠭᠡᠨ ᠰᠡᠳᠬᠢᠯ ᠢᠶᠠᠷ ᠪᠦᠭᠡ ᠪᠤᠯᠵᠤ᠂ ᠮᠠᠯᠴᠢᠨ ᠲᠦᠮᠡᠨ ᠤ ᠪᠠᠨ ᠡᠪᠡᠳᠴᠢᠨ ᠲᠠᠬᠤᠯ ᠢ ᠠᠷᠢᠯᠭᠠᠨ᠂ ᠳᠡᠳᠡᠨᠤᠰ ᠤᠨ ᠤᠶᠤᠨ ᠰᠠᠨᠠᠭᠠᠨ ᠤ ᠳᠠᠶᠢᠳᠬᠤᠷᠠᠭᠤᠯᠤᠯ ᠪᠤᠯᠵᠤ ᠶᠠᠪᠤᠭᠰᠠᠨ ᠠᠴᠠ ᠠᠭᠠᠵᠢᠮ ᠢᠶᠠᠷ ᠤᠯᠠᠨ ᠤ ᠪᠠᠨ ᠳᠤᠮᠳᠠ ︽ᠬᠦᠳᠡᠭᠡ ᠪᠦᠭᠡ︾ ᠭᠡᠵᠤ ᠠᠯᠳᠠᠷᠰᠢᠪᠠ᠃       ᠤᠳᠤ ᠬᠦᠳᠡᠭᠡ ᠪᠦᠭᠡ ᠡᠪᠡᠳᠴᠢᠨ ᠦᠵᠡᠬᠦ᠂ ᠦᠵᠡᠯᠭᠡ ᠲᠦᠯᠭᠡ ᠦᠵᠡᠬᠦ ᠠᠴᠠ ᠭᠠᠳᠠᠨ᠎ᠠ ᠬᠤᠰᠢᠭᠤ ᠰᠤᠮᠤᠨ ᠤ ᠪᠠᠨ ᠤᠪᠤᠭ᠎ᠠ ᠳᠠᠬᠢᠯᠭ᠎ᠠ ᠶᠢ ᠡᠷᠬᠢᠯᠡᠨ ᠶᠠᠪᠤᠭᠳᠠᠭᠤᠯᠵᠤ᠂ ᠪᠠᠷᠭᠤ ᠶᠢᠨ ᠡᠯ᠎ᠠ ᠤᠪᠤᠭ ᠬᠠᠯᠠ ᠶᠢᠨ ᠤᠪᠤᠭ᠎ᠠ ᠲᠠᠬᠢᠯᠭ᠎ᠠ ᠳᠤ ᠡᠷᠬᠢᠯᠡᠭᠴᠢ ᠪᠠᠷ ᠵᠠᠯᠠᠭᠳᠠᠵᠤ᠂ ᠪᠠᠷᠭᠤ ᠪᠦᠭᠡ ᠶᠢᠨ ᠤᠳᠤᠷᠢᠳᠤᠨ ᠳᠠᠭᠠᠭᠤᠯᠤᠭᠴᠢ ᠲᠤᠯᠤᠭᠠᠢᠢᠯᠠᠭᠴᠢ ᠪᠦᠭᠡ ᠪᠤᠯᠵᠠᠢ᠃       2010 ᠤᠨ ᠤ ᠦᠶ᠎ᠡ ᠪᠠᠷ ᠬᠦᠳᠡᠭᠡ ᠪᠦᠭᠡ ᠤᠷᠤᠰ ᠤᠨ ᠪᠤᠷᠢᠶᠠᠳ ᠲᠤ ᠪᠤᠯᠤᠭᠰᠠᠨ ᠨᠠᠢᠮᠠᠨ ᠤᠯᠤᠰ ᠤᠨ ᠪᠦᠭᠡ ᠶᠢᠨ ᠤᠷᠤᠯᠳᠤᠭᠠᠨ ᠳᠤ ᠤᠷᠤᠯᠴᠠᠵᠤ ᠱᠠᠩᠨᠠᠯ ᠬᠦᠷᠳᠡᠵᠤ ᠢᠷᠡᠭᠰᠡᠨ ᠠᠴᠠ ᠨᠠᠭᠠᠰᠢ ᠲᠡᠬᠦᠨ ᠤ ᠨᠡᠷ᠎ᠠ ᠨᠦᠯᠦᠭᠡ ᠨᠢ ᠨᠡᠩ ᠴᠦ ᠮᠠᠨᠳᠤᠵᠤ᠂ ᠬᠦᠯᠦᠨ ᠪᠤᠶᠢᠷ ᠠᠴᠠ ᠭᠠᠳᠠᠨ᠎ᠠ ᠰᠢᠯᠢ ᠶᠢᠨ ᠭᠤᠤᠯ᠂ ᠤᠷᠳᠤᠰ ᠵᠡᠷᠭᠡ ᠭᠠᠵᠠᠷ ᠤᠨ ᠬᠦᠮᠦᠰ ᠴᠦ ᠬᠦᠳᠡᠭᠡ ᠪᠦᠭᠡ ᠶᠢ ᠪᠠᠳᠡᠷᠢᠨ ᠢᠷᠡᠳᠡᠭ ᠪᠤᠯᠵᠠᠢ᠃        ᠬᠦᠳᠡᠭᠡ ᠪᠦᠭᠡ ᠪᠠᠰᠠ ᠠᠳᠠᠯᠢ ᠪᠤᠰᠤ ᠦᠨᠳᠦᠰᠦᠳᠡᠨ ᠤ ᠱᠠᠪᠢ ᠡᠯᠰᠡᠨ᠂ ᠦᠨᠳᠦᠰᠦᠳᠡᠨ ᠤ ᠪᠦᠯᠬᠦᠮᠳᠡᠯ ᠪᠠ ᠦᠨᠳᠦᠰᠦᠳᠡᠨ ᠤ ᠰᠤᠶᠤᠯ ᠤᠨ ᠨᠡᠶᠢᠯᠡᠭ ᠬᠦᠭᠵᠢᠯᠳᠡ ᠶᠢ ᠠᠬᠢᠭᠤᠯᠵᠤ ᠪᠤᠢ᠃ ᠤᠳᠤᠬᠠᠨ ᠳᠤ ᠬᠦᠯᠦᠨ ᠪᠤᠶᠢᠷ ᠲᠤ ᠨᠡᠯᠢᠶᠡᠳ ᠨᠡᠷ᠎ᠠ ᠨᠦᠯᠦᠭᠡ ᠲᠠᠢ ᠳᠠᠭᠤᠷ ᠦᠨᠳᠦᠰᠦᠳᠡᠨ ᠤ ᠢᠳᠤᠭᠠᠨ ᠰᠠᠴᠡᠩᠭᠤᠸ᠎ᠠ᠂ ᠡᠸᠡᠩᠭᠢ ᠦᠨᠳᠦᠰᠦᠳᠡᠨ ᠤ ᠢᠳᠤᠭᠠᠨ ᠰᠠᠷᠠᠨ᠎ᠠ᠂ ᠪᠠᠷᠭᠤ ᠪᠦᠭᠡ ᠪᠠᠶᠠᠷᠳᠦ ᠨᠠᠷ ᠪᠤᠯ ᠪᠦᠷ ᠬᠦᠳᠡᠭᠡ ᠪᠦᠭᠡ ᠶᠢᠨ ᠱᠠᠪᠢ ᠪᠤᠯᠬᠤ ᠶᠤᠮ᠃       ᠡᠬᠦᠨ ᠠᠴᠠ ᠭᠠᠳᠠᠨ᠎ᠠ ᠰᠸᠢᠰ ᠠᠴᠠ ᠶᠠᠫᠤᠨ ᠳᠤ ᠬᠦᠷᠴᠦ ᠨᠤᠲᠤᠭᠰᠢᠭᠰᠠᠨ ᠪᠦᠭᠡ ᠮᠦᠷᠬᠦᠯ ᠤᠨ ᠰᠤᠶᠤᠯ ᠰᠤᠳᠤᠯᠤᠭᠠᠴᠢ᠂ ᠡᠷᠳᠡᠮᠳᠡᠨ᠂ ᠶᠠᠫᠤᠨ ᠤ ᠨᠠᠨᠽᠠᠨ ᠶᠡᠭᠡ ᠰᠤᠷᠭᠠᠭᠤᠯᠢ ᠶᠢᠨ ᠰᠤᠶᠤᠯ ᠬᠦᠮᠦᠨ ᠵᠦᠢ ᠶᠢᠨ ᠮᠡᠷᠭᠡᠵᠢᠯ ᠤᠨ ᠳᠡᠳ᠋ ᠫᠷᠦᠹᠧᠰᠰᠤᠷ ᠺᠧᠨᠧᠴ · ᠫᠧᠳ᠋ᠷ ᠭᠤᠸᠠᠢ ᠬᠦᠳᠡᠭᠡ ᠪᠦᠭᠡ ᠳᠤ ᠤᠯᠠᠨ ᠵᠢᠯ ᠳᠠᠷᠠᠭᠠᠯᠠᠨ ᠮᠦᠷᠳᠡᠯ ᠰᠤᠷᠪᠤᠯᠵᠢᠯᠠᠭ᠎ᠠ ᠬᠢᠵᠤ ᠪᠤᠢ︔ ᠤᠷᠳᠤᠰ ᠨᠤᠲᠤᠭᠲᠠᠢ ᠵᠤᠷᠢᠭᠳᠤ ᠭᠡᠳᠡᠭ ᠵᠠᠯᠠᠭᠤ ᠲᠡᠬᠦᠨ ᠢ ᠲᠠᠪᠤ ᠵᠢᠷᠭᠤᠭᠠᠨ ᠵᠢᠯ ᠳᠠᠭᠠᠵᠤ ᠪᠠᠷᠢᠮᠳᠠᠳᠤ ᠺᠢᠨᠣ᠋ ᠶᠢᠨ ᠲᠦᠷᠰᠦ ᠪᠢᠴᠢᠯᠭᠡ ᠬᠢᠪᠠ︔ ᠦᠪᠤᠷ ᠮᠤᠩᠭᠤᠯ ᠤᠨ ᠮᠤᠩᠭᠤᠯ ᠤᠳᠤᠨ ᠲᠧᠯᠸᠢᠰ ᠤᠨ ︽ᠰᠤᠶᠤᠯ ᠡᠷᠳᠡᠨᠢ︾ ᠫᠷᠦᠭᠷᠡᠮ ᠳᠤ ᠬᠦᠳᠡᠭᠡ ᠪᠦᠭᠡ ᠶᠢᠨ ᠱᠠᠪᠢ ᠰᠠᠷᠠᠨ᠎ᠠ ᠶᠢᠨ ᠰᠢᠲᠦᠭᠡᠨ ᠰᠠᠭᠤᠯᠭᠠᠬᠤ ᠶᠤᠰᠤᠯᠠᠯ ᠢ ᠡᠷᠬᠢᠯᠡᠨ ᠶᠠᠪᠤᠭᠳᠠᠭᠤᠯᠤᠭᠰᠠᠨ ᠲᠤᠬᠠᠢ ᠤᠯᠠᠨ᠎ᠠ ᠮᠡᠳᠡᠭᠡᠯᠡᠪᠡ ᠁       ᠬᠦᠳᠡᠭᠡ ᠪᠦᠭᠡ ᠢᠡᠭᠭᠢᠵᠤ ᠤᠯᠠᠨ ᠵᠢᠯ ᠤᠶᠤᠨ ᠮᠡᠳᠡᠷᠡᠯ ᠤᠨ ᠡᠮᠵᠡᠭᠯᠡᠯ᠂ ᠶᠠᠰᠤᠨ ᠤ ᠪᠡᠷᠳᠡᠯ᠂ ᠶᠠᠭᠤᠮᠠᠨ ᠤ ᠠᠳᠡᠯ ᠵᠡᠷᠭᠡ ᠲᠠᠯ᠎ᠡ ᠶᠢᠨ ᠵᠠᠰᠠᠯᠭ᠎ᠠ ᠬᠢᠭᠰᠡᠨ ᠠᠴᠠ ᠭᠠᠳᠠᠨ᠎ᠠ ᠪᠦᠭᠡ ᠮᠦᠷᠬᠦᠯ ᠤᠨ ᠶᠤᠰᠤᠯᠠᠯ᠂ ᠠᠯᠬᠤᠮ ᠳᠠᠷᠠᠭ᠎ᠠ᠂ ᠪᠦᠭᠡ ᠶᠢᠨ ᠳᠠᠭᠤᠳᠠᠯᠭ᠎ᠠ᠂ ᠪᠦᠭᠡ ᠶᠢᠨ ᠡᠮᠦᠰᠭᠡᠯ ᠵᠠᠰᠠᠯ ᠵᠡᠷᠭᠡ ᠶᠢ ᠡᠬᠦᠳᠦᠨ ᠪᠦᠲᠦᠭᠡᠯᠴᠢ ᠪᠠᠷ ᠤᠯᠠᠮᠵᠢᠯᠠᠨ ᠬᠦᠭᠵᠢᠬᠦᠯᠵᠤ᠂ ᠬᠦᠯᠦᠨ ᠪᠤᠶᠢᠷ ᠤᠨ ᠲᠤᠬᠠᠢ ᠶᠢᠨ ᠭᠠᠵᠠᠷ ᠤᠷᠤᠨ ᠤ ᠠᠷᠠᠳ ᠤᠨ ᠰᠢᠳᠦᠯᠭᠡ ᠶᠢᠨ ᠰᠤᠶᠤᠯ ᠢ ᠤᠯᠠᠮᠵᠢᠯᠠᠨ ᠬᠦᠭᠵᠢᠬᠦᠯᠬᠦ᠂ ᠬᠦᠯᠦᠨ ᠪᠤᠶᠢᠷ ᠢᠶᠠᠨ ᠭᠠᠳᠠᠭᠰᠢ ᠤᠬᠠᠭᠤᠯᠬᠤ ᠳᠤ ᠦᠪᠡᠷ ᠤᠨ ᠭᠡᠬᠦ ᠬᠤᠪᠢ ᠨᠡᠮᠡᠷᠢ ᠪᠠᠨ ᠦᠵᠡᠬᠦᠯᠵᠤ ᠢᠷᠡᠵᠡᠢ᠃       ᠬᠦᠳᠡᠭᠡ ᠪᠦᠭᠡ ᠶᠢᠨ ᠡᠨᠡ ᠬᠦ ᠤᠯᠠᠮᠵᠢᠯᠠᠯᠳᠦ ᠰᠤᠶᠤᠯ ᠢᠶᠠᠨ ᠤᠯᠠᠨ ᠤ ᠰᠤᠨᠤᠷ ᠲᠤ ᠦᠷᠳᠦᠬᠦᠯᠵᠤ᠂ ᠦᠨᠳᠦᠰᠦᠳᠡᠨ ᠤ ᠪᠦᠯᠬᠦᠮᠳᠡᠯ ᠲᠠᠪᠰᠢᠯᠳᠡ ᠶᠢᠨ ᠠᠵᠢᠯ ᠳᠤ ᠬᠦᠴᠦᠨ ᠢᠶᠠᠨ ᠨᠡᠮᠡᠷᠢᠯᠡᠵᠤ ᠶᠠᠪᠤᠭ᠎ᠠ ᠳᠤᠨᠢ ᠬᠤᠳᠠ ᠬᠤᠰᠢᠭᠤᠨ ᠤ ᠬᠠᠮᠢᠶ᠎ᠠ ᠪᠦᠬᠦᠢ ᠰᠠᠯᠠᠭ᠎ᠠ ᠮᠦᠴᠢᠷ ᠠᠴᠠ ᠬᠦᠳᠡᠭᠡ ᠪᠦᠭᠡ ᠳᠤ ︽ᠬᠦᠯᠦᠨ ᠪᠤᠶᠢᠷ ᠬᠤᠳᠠ ᠶᠢᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠪᠠᠷᠭᠤ ᠪᠦᠭᠡ ᠶᠢᠨ ᠡᠮᠦᠰᠭᠡᠯ ᠪᠤᠯᠤᠨ ᠬᠡᠷᠡᠭᠰᠡᠯ ᠤᠨ ᠲᠦᠯᠦᠭᠡᠯᠡᠭᠴᠢ ᠦᠪᠯᠡᠨ ᠤᠯᠠᠮᠵᠢᠯᠠᠭᠴᠢ︾ ︽ᠬᠦᠯᠦᠨ ᠪᠤᠶᠢᠷ ᠬᠤᠳᠠ ᠶᠢᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠯᠦᠭᠡᠯᠡᠭᠴᠢ ᠦᠪᠯᠡᠨ ᠤᠯᠠᠮᠵᠢᠯᠠᠭᠴᠢ︾ ︽ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠪᠠᠷᠭᠤ ᠪᠦᠭᠡ ᠶᠢᠨ ᠵᠠᠩ ᠦᠢᠯᠡ ᠶᠢᠨ ᠬᠤᠰᠢᠭᠤᠨ ᠤ ᠲᠡᠰ ᠤᠨ ᠲᠦᠯᠦᠭᠡᠯᠡᠭᠴᠢ ᠴᠢᠨᠠᠷᠲᠠᠢ ᠦᠪᠯᠡᠨ ᠤᠯᠠᠮᠵᠢᠯᠠᠭᠴᠢ︾ ᠵᠡᠷᠭᠡ ᠦᠨᠡᠮᠯᠡᠯ ᠭᠠᠷᠳᠠᠭᠤᠯᠵᠤ᠂ ᠲᠡᠬᠦᠨ ᠳᠤ ᠵᠤᠷᠢᠭᠵᠢᠭᠤᠯᠤᠯ ᠪᠠ ᠬᠦᠬᠢᠬᠦᠯᠦᠯ ᠪᠤᠯᠭᠠᠵᠠᠢ᠃
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ