ᠮᠤᠩᠭᠤᠯᠴᠤᠤᠨ ︽ᠤᠨᠠᠭᠰᠠᠨ ᠰᠢᠷᠤᠢ ᠪᠤᠯ ᠠᠯᠲᠠ ᠶᠤᠮ︾ ᠬᠡᠵᠤ ᠥᠷ᠎ᠡ ᠬᠤᠶᠢᠴᠢᠰ ᠲᠤ ᠪᠠᠨ ᠵᠠᠬᠢᠵᠤ ᠰᠤᠷᠭᠠᠳᠠᠭ᠃ ᠭᠠᠵᠠᠷ ᠰᠢᠷᠤᠢ ᠪᠠᠨ ᠠᠯᠲᠠ ᠪᠠᠷ | ᠵᠥᠢᠷᠯᠡᠳᠡᠭ ᠤᠨ ᠤᠴᠢᠷ ᠶᠤᠰᠤ ᠨᠢ ᠭᠠᠵᠠᠷ ᠰᠢᠷᠤᠢ ᠶᠢᠨ ᠦᠪᠡᠷ ᠤᠨ ᠦᠷᠲᠡᠭ᠂ ᠬᠡᠷᠡᠭᠯᠡᠬᠡᠨ ᠤ ᠦᠷᠲᠡᠭ ᠢ ᠠᠯᠢ ᠡᠷᠲᠡ ᠠᠴᠠ ᠤᠬᠠᠭᠠᠷᠠᠵᠤ ᠲᠠᠨᠢᠭᠰᠠᠨ ᠳᠤ | ᠪᠠᠶᠢᠭ᠎ᠠ ᠶᠤᠮ᠃ ᠮᠠᠯᠴᠢᠨ ᠬᠥᠮᠥᠨ ᠶᠠᠮᠠᠷ ᠨᠢᠬᠡᠨ ᠤᠴᠢᠷ ᠰᠢᠯᠲᠠᠭᠠᠨ ᠢᠶᠠᠷ ᠡᠳ᠋ ᠬᠦᠷᠦᠩᠬᠡ ᠥᠬᠡᠢ᠂ ᠮᠠᠯ ᠤᠨᠤᠭ᠎ᠠ ᠥᠬᠡᠢ᠂ ᠮᠦᠩᠬᠦ ᠵᠤᠭᠤᠰ ᠥᠬᠡᠢ ᠪᠤᠯᠵᠤ | ᠮᠡᠳᠡᠨ᠎ᠡ᠂ ᠡᠨᠡ ᠪᠣᠯ ᠲᠥᠷ ᠴᠠᠭ ᠤᠨ ᠬᠥᠴᠢᠷᠳᠡᠯ ᠲᠡᠳᠥᠢ᠂ ᠬᠠᠷᠢᠨ ᠨᠤᠲᠤᠭ ᠤᠰᠤ ᠥᠬᠡᠢ ᠪᠠᠶᠢᠵᠤ ᠪᠤᠯᠬᠤ ᠥᠬᠡᠢ᠂ ᠨᠤᠳᠤᠭ ᠤᠰᠤ ᠥᠬᠡᠢ ᠪᠤᠯᠬᠤ ᠳᠤ | ᠬᠥᠷᠪᠡᠯ ᠠᠮᠢᠳᠤᠷᠠᠬᠤ ᠶᠢᠨ ᠠᠷᠭ᠎ᠠ ᠥᠬᠡᠢ ᠪᠤᠯᠤᠨ᠎ᠠ ᠬᠡᠵᠥ ᠥᠵᠡᠳᠡᠭ᠃ ᠡᠶᠢᠮᠥ ᠠᠴᠠ ᠮᠤᠩᠭᠤᠯᠴᠤᠤᠨ ᠠᠯᠠᠭᠠᠨ ᠴᠢᠨᠡᠬᠡᠨ ᠨᠤᠳᠤᠭ ᠢᠶᠠᠨ ᠴᠦ ᠠᠯᠠᠭ ᠨᠢᠳᠥ ᠠᠮᠢ | ᠪᠡᠶ᠎ᠡ ᠲᠠᠢ ᠪᠠᠨ ᠬᠤᠯᠪᠤᠵᠤ ᠬᠠᠶᠢᠷᠠᠯᠠᠨ ᠬᠠᠮᠠᠭᠠᠯᠠᠵᠤ ᠢᠷᠡᠭᠰᠡᠨ ᠥᠥᠬᠡ ᠲᠡᠥᠬᠡᠲᠡᠢ ᠶᠤᠮ᠃ ᠮᠤᠩᠭᠤᠯᠴᠤᠤᠨ ᠤᠨ ᠮᠠᠯᠵᠢᠬᠤ ᠰᠤᠶᠤᠯ ᠤᠨ ᠥᠨᠳᠥᠰᠥᠨ ᠬᠡᠷᠡᠭᠰᠡᠯ | ᠪᠣᠯ ᠭᠠᠵᠠᠷ ᠰᠢᠷᠤᠢ᠂ ᠦᠬᠡᠷ᠎ᠡ ᠪᠠᠷ ᠬᠡᠯᠡᠪᠡᠯ ᠨᠤᠲᠤᠭ ᠪᠡᠯᠴᠢᠬᠡᠷ ᠪᠤᠯᠤᠨ᠎ᠠ᠃ ᠨᠤᠲᠤᠭ ᠪᠡᠯᠴᠢᠬᠡᠷ ᠲᠠᠢ ᠪᠣᠯ ᠮᠠᠯ ᠰᠥᠷᠥᠭ ᠲᠠᠢ ᠪᠤᠯᠵᠤ ᠪᠤᠯᠤᠨ᠎ᠠ᠂ ᠮᠠᠯ | ᠰᠥᠷᠥᠭ ᠲᠠᠢ ᠪᠠᠨ ᠪᠣᠯ ᠠᠮᠢᠳᠤᠷᠠᠯ ᠢᠶᠠᠨ ᠠᠷᠭᠠᠴᠠᠭᠠᠵᠤ᠂ ᠠᠯᠭᠤᠷ ᠠᠭᠠᠵᠢᠮ ᠢᠶᠠᠷ ᠳᠡᠭᠵᠢᠷᠡᠵᠥ ᠳᠡᠶᠢᠯᠥᠨ᠎ᠡ ᠬᠡᠵᠤ ᠢᠲᠡᠬᠡᠳᠡᠭ᠂ ᠲᠡᠬᠡᠬᠦ ᠳᠤ ᠪᠠᠨ ᠨᠤᠳᠤᠭ | ᠪᠡᠯᠴᠢᠬᠡᠷ ᠪᠤᠯ ᠠᠩᠬᠠᠳᠠᠭᠴᠢ᠂ ᠮᠠᠯ ᠰᠥᠷᠥᠭ ᠪᠤᠯ ᠬᠤᠶᠠᠳᠠᠭᠴᠢ ᠬᠡᠵᠥ ᠥᠵᠡᠳᠡᠭ᠃ | ᠨᠡᠬᠦᠳᠡᠯ ᠮᠠᠯᠵᠢᠯ ᠤᠨ ᠠᠷᠭ᠎ᠠ ᠤᠬᠠᠭᠠᠨ ᠪᠣᠯ ᠤᠷᠲᠤ ᠤᠳᠠᠭᠠᠨ ᠤᠨ ᠵᠢᠯ ᠤᠨ ᠮᠠᠯᠵᠢᠯ ᠰᠤᠶᠤᠯ ᠤᠨ ᠤᠶᠢᠯᠡᠳᠥᠯᠬᠡ ᠶᠢᠨ ᠶᠠᠪᠤᠴᠠ ᠳᠤ | ᠬᠤᠷᠠᠮᠳᠤᠭᠤᠯᠤᠭᠰᠠᠨ ᠥᠨᠢ ᠮᠦᠩᠬᠡ ᠶᠢᠨ ᠬᠤᠪᠤᠷ ᠨᠠᠨᠳᠢᠨ ᠰᠢᠨᠵᠢᠯᠡᠬᠦ ᠤᠬᠠᠭᠠᠨᠴᠢ ᠠᠷᠭ᠎ᠠ ᠮᠡᠷᠬᠡᠵᠢᠯ ᠪᠤᠶᠤ ᠤᠯᠠᠮᠵᠢᠯᠠᠯᠲᠤ ᠦᠪ ᠰᠤᠶᠤᠯ᠂ ᠥᠨᠡᠲᠥ ᠶᠡᠭᠡ ᠦᠪ | ᠬᠦᠷᠦᠩᠬᠡ ᠪᠠᠶᠢᠭ᠎ᠠ ᠳᠤ ᠤᠷᠤᠰᠢᠨ᠎ᠠ᠃ ᠠᠮᠢ ᠠᠬᠤᠢ ᠪᠠᠨ ᠬᠠᠮᠠᠭᠠᠯᠠᠨ᠂ ᠮᠠᠯ ᠰᠥᠷᠥᠭ ᠢᠶᠠᠨ ᠦᠨᠢᠷ ᠦᠰᠬᠡᠵᠤ᠂ ᠠᠳᠠᠯ ᠠᠮᠢᠳᠤᠷᠠᠯ ᠢᠶᠠᠨ ᠰᠡᠶᠢᠵᠢᠷᠠᠭᠤᠯᠤᠨᠠ᠃ | ᠪᠤᠳᠠᠲᠡᠢ ᠤᠶᠢᠯᠡ ᠠᠵᠢᠯᠯᠠᠭ᠎ᠠ ᠶᠢᠨ ᠶᠠᠪᠤᠴᠠ ᠳᠤ ᠪᠠᠶᠢᠭᠠᠯᠢ ᠠᠬᠤᠢ ᠶᠢᠨ ᠪᠤᠰᠤᠤᠨᠴᠢ ᠵᠢᠮ᠎ᠡ ᠶᠤᠰᠤ ᠶᠢ ᠬᠥᠨᠳᠥᠤᠨᠬᠡᠵᠤ᠂ ᠪᠤᠰᠤᠤᠨᠴᠢ ᠵᠢᠮ᠎ᠡ ᠶᠤᠰᠤ ᠪᠠᠷ | ᠠᠵᠢᠯᠯᠠᠬᠤ ᠶᠢ ᠪᠠᠷᠢᠮᠲᠠᠯᠠᠨ᠂ ᠵᠢᠯ ᠤᠨ ᠲᠦᠷᠪᠡᠨ ᠤᠯᠠᠷᠢᠯ ᠳᠤ ᠡᠪᠡᠰᠥ ᠪᠡᠯᠴᠢᠬᠡᠷ᠂ ᠤᠰᠤ ᠴᠠᠰᠥ ᠪᠠᠨ ᠳᠠᠭᠠᠵᠤ᠂ ᠬᠥᠮᠥᠨ ᠲᠠᠢ᠂ ᠮᠠᠯ ᠲᠠᠢ ᠪᠠᠨ ᠨᠡᠬᠦᠳᠡᠯᠯᠡᠵᠤ | ᠠᠮᠢᠳᠤᠷᠠᠳᠠᠭ ᠪᠢᠯᠠ᠃ ᠦᠨᠦᠳᠥᠷ ᠪᠢᠳᠡ ᠦᠩᠬᠡᠷᠡᠭᠰᠡᠨ ᠤ ᠨᠡᠬᠦᠳᠠᠯ ᠮᠠᠯᠵᠢᠯ᠂ ᠨᠡᠬᠦᠳᠡᠯ ᠠᠮᠢᠳᠤᠷᠠᠯ ᠤᠨ ᠢᠶᠠᠨ ᠤᠯᠠ ᠮᠦᠷ ᠢ ᠠᠵᠢᠭᠯᠠᠨ ᠰᠢᠨᠵᠢᠬᠦ ᠳᠤ | ᠤᠶᠢᠯᠡᠤᠨᠪᠥᠷᠢᠯᠡᠯ ᠤᠨ ᠬᠡᠷᠡᠭᠰᠡᠯ ᠪᠠ ᠠᠮᠢᠳᠤᠷᠠᠯ ᠤᠨ ᠬᠡᠷᠡᠭᠰᠡᠯ ᠨᠢ ᠴᠦ ᠪᠦᠷ ᠭᠠᠵᠠᠷ ᠨᠤᠲᠤᠭ᠂ ᠠᠮᠢ ᠠᠬᠤᠢ ᠪᠠᠨ ᠬᠠᠮᠠᠭᠠᠯᠠᠬᠤ ᠪᠠᠷ ᠤᠷᠢᠳᠠᠴᠢ ᠨᠦᠬᠦᠴᠡᠯ | ᠪᠤᠯᠭᠠᠭᠰᠠᠨ ᠵᠤᠬᠢᠬᠤ ᠬᠡᠮᠵᠢᠶᠡᠨ ᠤ ᠰᠢᠨᠵᠢᠯᠡᠬᠦ ᠤᠬᠠᠭᠠᠨᠴᠢ᠂ ᠳᠥᠬᠦᠮ ᠠᠪᠰᠠᠷᠬᠠᠨ ᠡᠳ᠋ᠯᠡᠯ ᠬᠡᠷᠡᠭᠰᠡᠯ ᠪᠠᠶᠢᠭ᠎ᠠ ᠶᠢ ᠲᠤᠳᠤᠷᠬᠠᠢ ᠤᠯᠵᠤ ᠬᠠᠷᠠᠨ᠎ᠠ᠃ | ᠦᠪᠡᠷᠰᠡᠤᠨ ᠤᠨ ᠤᠷᠤᠨ ᠰᠠᠭᠤᠴᠠ ᠪᠠᠨ ᠬᠥᠷᠲᠡᠯ᠎ᠡ ᠨᠤᠳᠤᠭ ᠤᠨ ᠢᠶᠠᠨ ᠮᠤᠳᠤ ᠪᠤᠷᠭᠠᠰᠤ᠂ ᠮᠠᠯ ᠤᠨ ᠢᠶᠠᠨ ᠨᠤᠤᠰᠤ ᠬᠢᠯᠭᠠᠰᠤ ᠪᠠᠷ ᠡᠬᠦᠳᠥᠨ | ᠪᠦᠲᠥᠬᠡᠭᠰᠡᠨ ᠢᠶᠠᠷ ᠦᠪᠡᠷ ᠤᠨ ᠦᠷᠳᠡᠭ ᠢᠶᠠᠷ ᠳᠤᠤᠷ᠎ᠠ᠂ ᠬᠡᠷᠡᠭᠯᠡᠬᠡᠨ ᠤ ᠦᠷᠳᠡᠭ ᠢᠶᠠᠷ ᠦᠨᠳᠥᠷ᠂ ᠤᠯᠠᠷᠢᠯ ᠤᠨ ᠤᠨᠴᠠᠯᠢᠭ ᠲᠤ ᠲᠤᠬᠢᠷᠠᠭᠤᠯᠤᠨ ᠵᠠᠷᠤᠵᠤ | ᠬᠡᠷᠡᠭᠯᠡᠵᠤ ᠪᠤᠯᠳᠠᠭ᠂ ᠬᠦᠢᠲᠡᠨ ᠳᠤ ᠳᠤᠯᠠᠭᠠᠨ᠂ ᠬᠠᠯᠠᠭᠤᠨ ᠳᠤ ᠰᠡᠷᠢᠬᠦᠨ᠂ ᠰᠡᠯᠬᠢ ᠪᠤᠷᠤᠭᠠᠨ ᠠᠴᠠ ᠠᠶᠤᠳᠠᠭ ᠥᠬᠡᠢ᠂ ᠠᠪᠴᠤ ᠶᠠᠪᠤᠬᠤ ᠳᠤ ᠬᠦᠩᠬᠡᠨ | ᠠᠪᠰᠠᠷᠬᠠᠨ᠂ ᠪᠠᠷᠢᠵᠤ ᠪᠤᠰᠬᠠᠬᠤ᠂ ᠪᠠᠭᠤᠯᠭᠠᠬᠤ᠂ ᠠᠴᠢᠬᠤ ᠳᠤ ᠳᠦᠬᠦᠮ ᠪᠠᠶᠢᠳᠠᠭ ᠢᠶᠠᠷ ᠢᠶᠠᠨ ᠲᠡᠯᠡᠬᠡᠢ ᠨᠡᠶᠢᠲᠡ ᠶᠢᠨ ᠠᠩᠬᠠᠷᠤᠯ ᠳᠤ ᠬᠥᠷᠴᠥ ᠪᠤᠢ︔ | ᠮᠠᠯ ᠤᠨ ᠢᠶᠠᠨ ᠬᠠᠰᠢᠶ᠎ᠠ ᠰᠠᠷᠠᠪᠴᠢᠨ ᠳᠤ ᠰᠢᠷᠤᠢ ᠴᠢᠯᠠᠭᠤ ᠬᠡᠷᠡᠭᠰᠡᠬᠦ ᠥᠬᠡᠢ᠂ ᠤᠳᠠ ᠪᠤᠷᠭᠠᠰᠤ ᠪᠠᠷ ᠵᠠᠮᠪᠠ ᠬᠥᠷᠥᠵᠤ ᠬᠡᠷᠡᠭᠯᠡᠳᠡᠭ᠂ ᠨᠡᠬᠦᠬᠦ ᠳᠤ ᠪᠠᠨ ᠬᠤᠮᠢᠭᠠᠤᠨ | ᠶᠠᠪᠤᠴᠢᠬᠠᠨ᠎ᠠ︔ ᠤᠯᠠᠭ᠎ᠠ ᠲᠡᠷᠬᠡ ᠪᠠᠨ ᠠᠭᠤᠯᠠ ᠶᠢᠨ ᠢᠶᠠᠨ ᠮᠤᠳᠤ ᠪᠠᠷ ᠰᠢᠭᠠᠴᠢᠬᠠᠨᠠ᠂ ᠬᠥᠷᠳᠥ ᠶᠢ ᠨᠢ ᠬᠥᠷᠲᠡᠯ᠎ᠡ ᠭᠠᠵᠠᠷ ᠨᠤᠳᠤᠭ ᠲᠤ ᠬᠠᠯᠠ ᠥᠬᠡᠢ ᠬᠡᠵᠤ | ᠮᠤᠳᠤ ᠪᠠᠷ ᠤᠶᠢᠯᠡᠳᠥᠭᠰᠡᠨ ᠪᠠᠶᠢᠳᠠᠭ︔ ᠨᠡᠬᠦᠳᠠᠯ ᠪᠠᠭᠤᠳᠠᠯ ᠬᠢᠬᠦ ᠳᠤ ᠪᠠᠨ ᠬᠠᠰᠠᠭ ᠤᠨ ᠢᠶᠠᠨ ᠬᠠᠭᠤᠴᠢᠨ ᠮᠦᠷ ᠢᠶᠠᠷ ᠶᠠᠪᠤᠬᠤ ᠥᠬᠡᠢ᠂ ᠭᠤᠤᠳᠠᠴᠢᠬᠠᠨᠠ᠂ | ᠬᠠᠯᠴᠠᠭᠠᠶᠢᠷᠠᠴᠢᠬᠠᠨᠠ ᠬᠡᠵᠤ ᠦᠬᠡᠷ᠎ᠡ ᠭᠠᠵᠠᠷ ᠢᠶᠠᠷ ᠶᠠᠪᠤᠳᠠᠭ︔ ᠵᠠᠷᠤᠵᠤ ᠬᠡᠷᠡᠭᠯᠡᠭᠰᠡᠨ ᠤᠶᠠᠭ᠎ᠠ᠂ ᠪᠤᠯᠠᠭᠠᠷᠢ᠂ ᠭᠠᠳᠠᠰᠤ ᠶᠢᠨ ᠢᠶᠠᠨ ᠤᠷᠤ ᠨᠥᠬᠡ ᠶᠢ ᠵᠠᠪᠠᠯ | ᠴᠢᠭᠵᠢᠵᠥ ᠪᠦᠭᠯᠡᠳᠡᠭ᠂ ᠴᠢᠭᠵᠢᠬᠦ ᠥᠬᠡᠢ ᠪᠣᠯ ᠡᠵᠢ ᠲᠡᠯᠡᠬᠡᠢ ᠡᠮᠵᠡᠭᠯᠡᠨ᠎ᠡ ᠬᠡᠳᠡᠭ︔ ᠨᠡᠬᠦᠵᠤ ᠶᠠᠪᠤᠬᠤ ᠳᠤ ᠪᠠᠨ ᠬᠡᠷ ᠤᠨ ᠢᠶᠠᠨ ᠪᠠᠭᠤᠴᠠᠨ ᠲᠡᠬᠡᠷᠡᠬᠢ ᠬᠤᠭ | ᠨᠤᠪᠰᠢ ᠶᠢ ᠥᠯᠡᠳᠡᠬᠡᠯ ᠥᠬᠡᠢ ᠱᠥᠬᠦᠷᠳᠡᠵᠥ ᠴᠡᠪᠡᠷᠯᠡᠳᠡᠭ ᠶᠤᠰᠤ ᠭᠤᠷᠢᠮ ᠲᠠᠢ ᠪᠠᠶᠢᠳᠠᠭ᠃ ᠡᠳᠡᠬᠡᠷ ᠰᠡᠶᠢᠬᠠᠨ ᠬᠡᠪ ᠰᠤᠷᠲᠡᠯ᠂ ᠵᠠᠩ ᠳᠠᠤᠨᠬᠠᠯ ᠨᠢ ᠪᠦᠷ ᠪᠠᠶᠢᠭᠠᠯᠢ | ᠠᠬᠤᠢ᠂ ᠨᠤᠲᠤᠭ ᠤᠰᠤ ᠪᠠᠨ ᠬᠠᠮᠠᠭᠠᠯᠠᠬᠤ ᠳᠤ ᠠᠰᠢᠭᠲᠠᠢ᠂ ᠤᠳᠤ ᠴᠦ ᠬᠡᠰᠡᠨ ᠰᠤᠷᠤᠯᠴᠠᠭᠤᠰᠢᠲᠡᠢ ᠰᠢᠯᠢᠳᠡᠭ ᠵᠥᠢᠯᠡᠰ ᠪᠤᠯᠬᠤ ᠶᠣᠮ᠃ | | |