ᠲᠠᠪᠤᠨ ᠬᠤᠰᠢᠭᠤ ᠮᠠᠯ ᠤᠨ ᠠᠰᠢᠭ ᠰᠢᠮ᠎ᠡ ᠲᠠᠩᠰᠤᠭ ᠪᠠᠶᠠᠨ ᠪᠠᠶᠢᠵᠥ᠂ ᠮᠠᠯᠴᠢᠳ ᠮᠠᠨᠢ ᠰᠥ᠋ ᠮᠢᠬ᠎ᠠ ᠶᠢ ᠨᠢ ᠰᠢᠮᠡᠲᠤ ᠢᠳᠡᠭᠡᠨ ᠪᠤᠯᠭᠠᠵᠤ ᠴᠢᠳᠠᠭᠰᠠᠨ ᠢᠶᠠᠷ | ᠪᠠᠷᠠᠬᠤ ᠦᠬᠡᠢ᠂ ᠤᠷ᠎ᠠ ᠮᠡᠷᠭᠡᠵᠢᠯ ᠤᠷᠠᠯᠢᠭ ᠰᠡᠳᠬᠢᠬᠦᠢ ᠪᠠᠷ ᠢᠶᠠᠨ ᠠᠷᠠᠰᠤ᠂ ᠨᠤᠤᠰᠤ᠂ ᠳᠡᠯ᠂ ᠰᠡᠭᠦᠯ᠂ ᠶᠠᠰᠤ ᠬᠡᠬᠦᠴᠢᠯᠡᠨ ᠪᠤᠰᠤᠳ ᠠᠰᠢᠭ ᠰᠢᠮ᠎ᠠ ᠶᠢ ᠴᠥ | ᠠᠮᠢᠳᠤᠷᠠᠯ ᠦᠢᠯᠡᠳᠪᠦᠷᠢᠯᠡᠯ ᠲᠤᠮᠲᠠ ᠪᠠᠨ ᠠᠰᠢᠬᠯᠠᠵᠥ ᠢᠷᠡᠪᠠ᠃ ᠨᠡᠩ ᠢᠯᠠᠩᠭᠤᠶ᠎ᠠ ᠰᠤᠷᠠᠭ ᠴᠢᠮᠡᠭᠡ᠂ ᠲᠧᠭᠨᠢᠭ ᠮᠡᠷᠭᠡᠵᠢᠯ ᠬᠥᠭᠵᠢᠭᠰᠡᠨ ᠥᠨᠥᠲᠤᠷ ᠮᠠᠯᠴᠢᠳ | ᠮᠠᠨᠢ ᠮᠡᠳᠡᠯᠭᠡ ᠮᠡᠷᠭᠡᠵᠢᠯ ᠰᠤᠷᠴᠤ ᠡᠵᠡᠮᠰᠢᠨ᠂ ᠮᠠᠯ ᠤᠨ ᠠᠰᠢᠭ ᠰᠢᠮ᠎ᠠ ᠶᠢ ᠤᠯᠠᠨ ᠲᠠᠯ᠎ᠠ ᠪᠠᠷ ᠨᠠᠷᠢᠯᠢᠭᠵᠢᠭᠤᠯᠤᠨ ᠡᠳ᠋ᠰᠢᠬᠦᠯᠵᠥ᠂ ᠠᠵᠤ ᠠᠬᠤᠢ ᠶᠢᠨ | ᠤᠷᠤᠯᠭ᠎ᠠ ᠪᠠᠨ ᠨᠡᠮᠡᠭᠲᠡᠬᠦᠯᠬᠦ ᠪᠤᠯᠵᠠᠢ᠃ ᠨᠠᠷᠠᠨᠴᠡᠴᠡᠭ ᠪᠤᠯ ᠡᠬᠦᠨ ᠤ ᠨᠢᠭᠡ ᠵᠢᠱᠢᠶ᠎ᠠ ᠶᠣᠮ᠃ | ᠶᠡᠷᠥᠨᠢ ᠤᠢᠢᠷ᠎ᠠ ᠶᠢᠨ ᠵᠢᠯ ᠢᠶᠠᠷ ᠮᠠᠯᠴᠢᠳ ᠬᠤᠨᠢᠨ ᠤ ᠰᠡᠬᠦᠯ ᠤᠨ ᠥᠭᠡᠬᠦᠨ ᠰᠠᠪᠤᠡᠭ᠂ ᠴᠢᠨᠠᠭᠰᠢᠯᠠᠨ ᠠᠷᠭᠠᠯ ᠤᠨ ᠬᠥᠵᠢ ᠵᠡᠷᠭᠡ ᠰᠢᠨ᠎ᠠ ᠪᠥᠲᠥᠭᠡᠭᠲᠡᠬᠦᠨ | ᠥᠢᠯᠡᠳᠴᠥ᠂ ᠠᠰᠢᠭᠯᠠᠵᠥ ᠴᠢᠲᠠᠬᠤ ᠥᠭᠡᠢ ᠠᠴᠠ ᠬᠠᠶᠠᠭᠲᠠᠮᠠᠯ ᠪᠤᠯᠵᠥ ᠪᠠᠶᠢᠭᠰᠠᠨ ᠵᠥᠢᠯ ᠲᠠᠬᠢᠨ ᠡᠷᠲᠡᠨᠢ ᠪᠤᠯᠤᠨ ᠬᠤᠪᠢᠷᠠᠵᠥ᠂ ᠠᠵᠤ ᠠᠬᠤᠢ᠂ ᠠᠮᠢ ᠠᠬᠤᠢ | ᠵᠡᠷᠭᠡ ᠤᠯᠠᠨ ᠲᠠᠯ᠎ᠠ ᠶᠢᠨ ᠥᠷ᠎ᠠ ᠠᠰᠢᠭ ᠡᠬᠦᠳᠴᠥ ᠪᠠᠶᠢᠭ᠎ᠠ ᠰᠠᠶᠢᠬᠠᠨ ᠠᠵᠢᠯᠯᠠᠭ᠎ᠠ ᠵᠠᠯᠭᠠᠭ᠎ᠠ ᠢᠯᠡᠷᠡᠵᠥ ᠪᠠᠶᠢᠨ᠎ᠠ᠃ ᠡᠨᠡ ᠨᠢ ᠮᠠᠯᠴᠢᠳ ᠤᠨ ᠥᠵᠡᠯᠲᠡ | ᠲᠠᠨᠢᠯᠲᠠ ᠶᠢᠨ ᠰᠢᠨᠡᠴᠢᠯᠡᠯᠲᠠ᠂ ᠠᠮᠢᠲᠤᠷᠠᠯ ᠠᠬᠤᠢ ᠪᠠᠨ ᠲᠤᠲᠤᠮᠲᠠᠬᠤ ᠤᠬᠠᠭᠠᠨ ᠤ ᠲᠡᠭᠡᠭᠰᠢᠯᠡᠯᠲᠡ ᠶᠢᠨ ᠢᠯᠡᠷᠡᠯ᠂ ᠥᠷ᠎ᠠ ᠳ᠋ᠥᠡᠭ ᠮᠥᠨ᠃ ᠠᠵᠤ ᠠᠬᠤᠢ | ᠬᠥᠭᠵᠢᠵᠥ᠂ ᠠᠷᠠᠳ ᠤᠯᠠᠨ ᠤ ᠠᠮᠢᠲᠤᠷᠠᠯ ᠤᠨ ᠲᠥᠪᠰᠢᠨ ᠨᠡᠶᠢᠲᠡᠮ ᠲᠡᠭᠡᠭᠰᠢᠯᠡᠭᠰᠡᠨ ᠥᠨᠥᠲᠤᠷ ᠮᠠᠯᠴᠢᠳ ᠲᠤ ᠮᠠᠯ ᠤᠨ ᠠᠰᠢᠭ ᠰᠢᠮ᠎ᠠ ᠶᠢ ᠨᠠᠷᠢᠯᠢᠬᠵᠢᠭᠤᠯᠤᠨ | ᠠᠰᠢᠭᠯᠠᠬᠤ ᠱᠠᠭᠠᠷᠲᠠᠯᠭ᠎ᠠ ᠪᠠᠶᠢᠬᠤ ᠥᠭᠡᠢ ᠴᠥ ᠪᠤᠯᠬᠤ ᠶᠤᠮ᠃ ᠬᠡᠪᠡᠴᠥ ᠨᠠᠷᠠᠨᠴᠡᠴᠡᠭ ᠮᠡᠲᠥ ᠥᠷᠬᠦᠯᠵᠢ ᠰᠢᠨ᠎ᠠ ᠶᠢ ᠰᠡᠳᠬᠢᠵᠥ᠂ ᠰᠢᠨ᠎ᠠ ᠶᠢ ᠰᠤᠷᠤᠯᠴᠠᠬᠤ ᠶᠢ | ᠡᠷᠬᠢᠮᠯᠡᠲᠡᠭ ᠨᠢᠭᠡ ᠪᠥᠯᠥᠭ ᠬᠥᠮᠥᠰ ᠲᠤᠰᠬᠠᠢᠢᠯᠠᠨ ᠪᠤᠯᠪᠠᠰᠤᠷᠠᠯ ᠰᠤᠷᠤᠯᠴᠠᠯᠭ᠎ᠠ ᠳᠤ ᠤᠷᠤᠯᠴᠠᠨ ᠮᠡᠲᠡᠯᠭᠡ ᠮᠡᠷᠭᠡᠵᠢᠯ ᠰᠤᠷᠴᠥ᠂ ᠥᠢᠯᠡᠲᠥᠯᠭᠡ ᠲᠤᠮᠲᠠ ᠥᠪᠡᠷ ᠤᠨ | ᠴᠢᠲᠠᠪᠤᠷᠢ ᠪᠤᠯᠭᠠᠨ ᠡᠵᠡᠮᠰᠢᠵᠥ᠂ ᠠᠮᠢᠲᠤᠷᠠᠯ ᠠᠬᠤᠢ ᠳᠤ ᠪᠠᠨ ᠥᠢᠯᠡᠴᠢᠯᠡᠬᠦᠯᠵᠥ ᠪᠠᠶᠢᠭ᠎ᠠ ᠶᠤᠮ᠃ | ᠡᠨᠡ ᠨᠢ ᠶᠠᠲᠠᠭᠤ ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠬᠤ ᠪᠠ ᠬᠥᠲᠡᠭᠡ ᠲᠤᠰᠬᠤᠨ ᠢ ᠬᠥᠭᠵᠢᠬᠦᠯᠥᠨ ᠮᠠᠨᠲᠤᠭᠤᠯᠵᠥ ᠪᠠᠶᠢᠭ᠎ᠠ ᠥᠶ᠎ᠠ ᠳᠤ | ᠬᠦᠮᠤᠰ ᠲᠤ ᠶᠠᠭᠤ ᠨᠢᠭᠡ ᠶᠢ ᠰᠡᠳᠬᠢᠬᠦᠯᠤᠨᠡ᠃ ᠬᠥᠴᠢᠷᠲᠡᠯᠲᠡᠢ ᠥᠶ᠎ᠠ ᠳᠤ ᠭᠠᠲᠠᠨ᠎ᠠ ᠲᠠᠯ᠎ᠠ ᠶᠢᠨ ᠲᠤᠰᠠᠯᠠᠮᠵᠢ ᠲᠡᠮᠵᠢᠯᠭᠡ ᠵᠤᠬᠢᠬᠤ ᠬᠡᠮᠵᠢᠶᠡᠨ ᠳᠤ ᠴᠢᠬᠤᠯᠠᠲᠠᠢ | ᠪᠤᠯᠪᠠᠴᠥ ᠰᠢᠢᠳᠪᠤᠷᠢᠯᠡᠭᠴᠢ ᠴᠢᠨᠠᠷᠲᠠᠢ ᠬᠥᠲᠡᠯᠭᠡᠬᠦ ᠬᠥᠴᠥᠨ ᠨᠢ ᠬᠠᠰᠢᠯᠠ ᠥᠪᠡᠷ ᠤᠨ ᠪᠡᠶ᠎ᠠ ᠳᠤ ᠪᠠᠶᠢᠵᠥ᠂ ᠪᠢᠲᠠᠨ ᠳᠤ ᠰᠡᠳᠬᠢᠬᠦ ᠴᠢᠲᠠᠪᠤᠷᠢ᠂ ᠠᠵᠢᠭᠯᠠᠬᠤ | ᠴᠢᠲᠠᠪᠤᠷᠢ᠂ ᠮᠠᠭᠠᠳᠯᠠᠬᠤ ᠴᠢᠲᠠᠪᠤᠷᠢ᠂ ᠡᠬᠦᠳᠤᠨ ᠪᠦᠳᠤᠭᠡᠬᠦ ᠴᠢᠳᠠᠪᠤᠷᠢ᠂ ᠲᠡᠷᠡᠴᠢᠯᠡᠨ ᠲᠠᠰᠤᠷᠠᠯᠲᠠ ᠥᠭᠡᠢ ᠰᠤᠷᠤᠯᠴᠠᠬᠤ ᠴᠢᠲᠠᠪᠤᠷᠢ ᠪᠠᠨ ᠲᠡᠭᠡᠭᠰᠢᠯᠡᠬᠦᠯᠬᠦ | ᠶᠠᠪᠤᠳᠠᠯ ᠱᠠᠭᠠᠷᠳᠠᠭᠳᠠᠨᠡ᠃ | |