ᠰᠢᠷ᠎ᠠ ᠲᠣᠰᠤ ᠰᠢᠷ᠎ᠠ ᠳᠤᠰᠦ ᠪᠣᠯ ᠮᠣᠩᠭᠤᠯᠴᠤᠳ ᠤᠨ ᠠᠯᠳᠠᠷᠳᠦ ᠴᠠᠭᠠᠨ ᠢᠳᠡᠭᠡᠨ᠂ ᠦᠵᠦᠮᠦᠴᠢᠨ ᠴᠠᠭᠠᠨ ᠢᠳᠡᠭᠡᠨ ᠤ ᠣᠬᠢ ᠮᠦᠨ᠃ ᠲᠡᠷᠡ | ᠦᠵᠦᠮᠦᠴᠢᠨ ᠳᠤ ᠲᠠᠬᠢᠯᠭ᠎ᠠ ᠲᠠᠶᠢᠯᠠᠯᠭ᠎ᠠ ᠶᠢᠨ ᠳᠦᠷᠦᠬᠦᠨ ᠳᠤ ᠤᠷᠤᠵᠦ᠂ ᠡᠷᠭᠦᠯ ᠪᠠᠷᠢᠯ ᠤᠨ ᠳᠦᠷᠦᠬᠦᠨ ᠳᠤ ᠶᠠᠪᠤᠳᠠᠭ᠃ ᠵᠤᠯᠠ ᠬᠦᠵᠢ ᠠᠰᠠᠭᠠᠵᠦ᠂ ᠪᠡᠯᠡᠭ | ᠳᠡᠮᠪᠡᠷᠡᠯ ᠤᠨ ᠳᠡᠭᠡᠳᠦ ᠳᠤ ᠬᠡᠷᠡᠭᠯᠡᠭᠳᠡᠳᠡᠭ᠂ ᠢᠳᠡᠭᠡᠨ ᠤᠮᠳᠠᠭᠠᠨ ᠤ ᠳᠡᠭᠡᠳᠦ᠂ ᠪᠡᠯᠭᠡᠳᠡᠯ ᠪᠠ ᠬᠡᠷᠡᠭᠰᠡᠯ ᠤᠨ ᠬᠤᠣᠰ ᠬᠡᠷᠡᠭᠴᠡᠭᠡᠳᠦ ᠴᠠᠭᠠᠨ ᠢᠳᠡᠭᠡᠨ ᠪᠤᠯᠤᠨ᠎ᠠ᠃ | ᠰᠢᠷ᠎ᠠ ᠲᠤᠰᠣ ᠶᠢᠨ ᠬᠡᠷᠡᠭᠴᠡᠭᠡ ᠲᠤᠩ ᠤᠯᠠᠨ᠂ ᠦᠵᠦᠮᠦᠴᠢᠨ ᠮᠣᠩᠭᠤᠯᠴᠤᠳ ᠲᠦᠢᠯ ᠤᠨ ᠨᠠᠷᠢᠯᠢᠭ ᠦᠢᠯᠡᠳᠪᠦᠷᠢᠯᠡᠭᠰᠡᠨ ᠰᠢᠷ᠎ᠠ ᠳᠤᠰᠦ ᠪᠠᠨ ᠰᠢᠯ | ᠱᠠᠭᠠᠵᠠᠩ᠂ ᠸᠠᠭᠠᠷ ᠵᠡᠷᠭᠡ ᠪᠣᠳᠤᠩ ᠰᠠᠪᠠ ᠪᠤᠯᠤᠨ ᠭᠦᠵᠡᠭᠡ ᠳᠤ ᠰᠠᠪᠠᠯᠠᠭᠠᠳ ᠵᠢᠯ ᠤᠨ ᠳᠦᠷᠪᠡᠨ ᠤᠯᠠᠷᠢᠯ ᠳᠤ ᠬᠠᠳᠠᠭᠠᠯᠵᠦ ᠬᠡᠷᠡᠭᠯᠡᠳᠡᠭ᠃ ᠳᠡᠲᠡᠨ ᠴᠠᠢ ᠳᠠᠭᠠᠨ | ᠰᠢᠷ᠎ᠠ ᠲᠤᠰᠦ ᠪᠠᠨ ᠬᠢᠵᠦ᠂ ᠴᠠᠢ ᠶᠢᠨ ᠪᠤᠳᠠᠭ᠎ᠠ ᠪᠠᠨ ᠰᠢᠷ᠎ᠠ ᠲᠤᠰᠦ ᠪᠠᠷ ᠵᠢᠭᠤᠷᠠᠵᠦ ᠢᠳᠡᠳᠡᠭ᠃ ᠬᠤᠭᠤᠯᠨ ᠱᠦᠯᠦᠨ ᠲᠡᠭᠡᠨ ᠰᠢᠷ᠎ᠠ ᠲᠤᠰᠦ ᠰᠠᠮᠤᠷᠬᠤ ᠪᠠ ᠰᠢᠷ᠎ᠠ | ᠲᠤᠰᠦ ᠪᠠᠷ ᠠᠮᠤᠰᠤ᠂ ᠲᠤᠬᠤᠯᠠᠢ ᠬᠢᠵᠦ ᠢᠳᠡᠳᠡᠭ᠃ ᠡᠮ ᠤᠨ ᠬᠦᠯᠦᠭ ᠲᠤ ᠰᠢᠷ᠎ᠠ ᠲᠤᠰᠦ ᠤᠷᠤᠭᠤᠯᠵᠦ᠂ ᠤᠯᠠᠨ ᠵᠦᠢᠯ ᠤᠨ ᠡᠪᠡᠳᠴᠢᠨ ᠡᠮᠬᠡᠭ ᠢ ᠵᠠᠰᠠᠳᠠᠭ᠃ | ᠰᠦᠰᠦᠭ ᠪᠢᠰᠢᠷᠡᠯ ᠢᠶᠠᠨ ᠰᠢᠷ᠎ᠠ ᠲᠤᠰᠦ ᠪᠠᠷ ᠬᠦᠢᠴᠡᠳᠬᠡᠵᠦ᠂ ᠰᠢᠷ᠎ᠠ ᠲᠤᠰᠦ ᠪᠠᠷ ᠵᠤᠯᠠ ᠠᠰᠠᠭᠠᠳᠠᠭ᠃ ᠨᠠᠰᠤᠲᠠᠨ ᠨᠢᠯᠬ᠎ᠠ᠂ ᠬᠦᠨᠳᠦᠳᠦ ᠵᠤᠴᠢᠳ ᠢᠶᠠᠨ ᠰᠢᠷ᠎ᠠ | ᠲᠤᠰᠣ ᠪᠠᠷ ᠡᠷᠬᠢᠵᠦ ᠲᠤᠬᠤᠨᠢᠭᠤᠯᠵᠦ ᠦᠵᠡᠳᠡᠭ ᠲᠤᠯᠠ ᠰᠢᠷ᠎ᠠ ᠲᠤᠰᠦ ᠡᠷᠬᠢᠮ ᠪᠡᠯᠡᠭ ᠲᠤ ᠶᠠᠪᠤᠳᠠᠭ᠃ ᠡᠶᠢᠮᠦ ᠠᠴᠠ ᠰᠢᠷ᠎ᠠ ᠳᠤᠰᠦ ᠪᠣᠯ ᠪᠡᠯᠭᠡ ᠳᠡᠮᠪᠡᠷᠢᠯ ᠤᠨ | ᠳᠡᠭᠡᠳᠦ᠂ ᠦᠵᠦᠮᠦᠴᠢᠨ ᠴᠠᠭᠠᠨ ᠢᠳᠡᠭᠡᠨ ᠤ ᠣᠬᠢ ᠮᠦᠨ᠃ | |