ᠥᠨᠢ ᠤᠳᠠᠭᠠᠨ ᠤᠯᠠᠮᠵᠢᠯᠠᠯ ᠲᠠᠢ᠂ ᠳᠡᠯᠭᠡᠷ ᠪᠠᠶᠠᠨ ᠳᠤᠮᠳᠠᠳᠤ ᠶᠢᠨ ᠰᠢᠯᠢᠳᠡᠭ ᠤᠯᠠᠮᠵᠢᠯᠠᠯᠳᠤ ᠰᠤᠶᠤᠯ ᠳᠤ ᠭᠦᠨ ᠵᠤᠵᠠᠭᠠᠨ ᠦᠵᠡᠯ ᠰᠠᠨᠠᠭ᠎ᠠ ᠶᠢᠨ | ᠣᠶᠢᠯᠠᠭᠠᠭᠳᠠᠬᠤᠨ᠂ ᠦᠷᠳᠡᠭ ᠤᠨ ᠦᠵᠡᠯᠲᠡ ᠪᠠ ᠦᠨᠳᠦᠰᠦᠲᠡᠨ ᠤ ᠵᠣᠷᠢᠭ ᠰᠠᠨᠠᠭ᠎ᠠ ᠠᠭᠤᠯᠤᠭᠳᠠᠵᠤ ᠪᠠᠶᠢᠳᠠᠭ ᠠᠴᠠ ᠲᠡᠭᠦᠨ ᠢ ᠰᠤᠷᠴᠤ ᠤᠯᠠᠮᠵᠢᠯᠠᠬᠤ ᠨᠢ | ᠪᠢᠳᠡᠨ ᠤ ᠰᠣᠶᠣᠯ ᠤᠨ ᠢᠲᠡᠭᠡᠯ ᠢᠶᠠᠨ ᠪᠠᠳᠤᠳᠬᠠᠵᠤ᠂ ᠪᠦᠬᠦᠯᠢ ᠴᠤᠭᠴᠠ ᠶᠢᠨ ᠬᠡᠪ ᠴᠢᠨᠠᠷ ᠢᠶᠠᠨ ᠳᠡᠭᠡᠭᠰᠢᠯᠡᠭᠦᠯᠵᠦ᠂ ᠨᠡᠶᠢᠬᠡᠮ ᠤᠨ ᠬᠦᠭᠵᠢᠯᠳᠡ᠂ ᠨᠡᠶᠢᠭᠡᠮ ᠤᠨ | ᠡᠶ᠎ᠡ ᠵᠣᠬᠢᠴᠠᠯ ᠢ ᠠᠬᠢᠭᠤᠯᠬᠤ ᠳᠤ ᠮᠠᠰᠢ ᠢᠳᠡᠪᠬᠢ ᠦᠢᠯᠡᠳᠦᠯ ᠦᠵᠡᠬᠦᠯᠳᠡᠭ᠃ ᠡᠶᠢᠨ ᠬᠦ ᠤᠯᠤᠰ ᠢᠷᠡᠭᠡᠳᠦᠢ ᠪᠤᠯᠤᠭᠰᠠᠨ ᠵᠠᠯᠠᠭᠤᠴᠤᠳ ᠪᠠᠭᠠᠴᠤᠳ ᠲᠠᠭᠠᠨ | ᠳᠤᠮᠳᠠᠳᠤ ᠶᠢ ᠰᠢᠯᠢᠳᠡᠭ ᠤᠯᠠᠮᠵᠢᠯᠠᠯᠲᠤ ᠰᠣᠶᠣᠯ ᠤᠨ ᠬᠥᠮᠦᠵᠢᠯ ᠢ ᠭᠦᠨᠵᠡᠭᠡᠢ ᠥᠷᠨᠢᠭᠦᠯᠵᠦ᠂ ᠲᠡᠳᠡᠨ ᠤ ᠬᠠᠷᠠᠬᠠᠨ ᠪᠠᠭ᠎ᠠ ᠠᠴᠠ ᠪᠠᠨ ᠵᠥᠪ ᠦᠵᠡᠯᠲᠡ᠂ | ᠠᠮᠢᠳᠤᠷᠠᠬᠤᠢ ᠶᠢ ᠦᠵᠡᠯᠲᠡ᠂ ᠦᠷᠳᠡᠭ ᠤᠨ ᠦᠵᠡᠯᠲᠡ ᠲᠠᠢ ᠬᠦᠮᠦᠵᠢᠬᠦ ᠪᠠ ᠰᠠᠶᠢᠨ ᠰᠠᠶᠢᠬᠠᠨ ᠦᠵᠡᠯ ᠰᠠᠨᠠᠭ᠎ᠠ ᠬᠡᠪ ᠪᠤᠯᠪᠠᠰᠤᠷᠠᠯ ᠢ ᠪᠦᠷᠢᠯᠳᠦᠬᠦᠯᠬᠦ᠂ ᠨᠡᠶᠢᠬᠡᠮ | ᠵᠢᠷᠤᠮ ᠤᠨ ᠭᠤᠤᠯᠯᠠᠭᠴᠢ ᠦᠷᠳᠡᠭ ᠤᠨ ᠦᠵᠡᠯᠳᠡ ᠶᠢ ᠪᠤᠳᠠᠳᠠᠢ ᠳᠤ ᠦᠢᠯᠡᠳᠦᠯᠭᠡᠵᠢᠭᠦᠯᠬᠦ ᠶᠢ ᠠᠬᠢᠭᠤᠯᠪᠠᠯ ᠵᠤᠬᠢᠨ᠎ᠠ᠃ | ᠰᠢᠯᠢᠳᠡᠭ ᠤᠯᠠᠮᠵᠢᠯᠠᠯᠳᠤ ᠰᠤᠶᠤᠯ ᠢᠶᠠᠨ ᠵᠠᠯᠠᠭᠤᠴᠤᠳ ᠪᠠᠭᠠᠴᠤᠳ ᠲᠤ ᠰᠠᠶᠢᠳᠤᠷ ᠤᠯᠠᠮᠵᠢᠯᠠᠬᠤ ᠳᠤ ᠳᠡᠳᠡᠨ ᠤ ᠨᠠᠰᠤᠨ ᠤ ᠤᠨᠴᠠᠯᠢᠭ ᠲᠤ ᠳᠤᠬᠢᠷᠠᠭᠤᠯᠵᠤ | ᠦᠪᠯᠡᠨ ᠤᠯᠠᠮᠵᠢᠯᠠᠭᠤᠯᠬᠤ ᠳᠤᠳᠤᠷᠬᠠᠢ ᠬᠠᠷᠠᠯᠳᠠ ᠳᠤᠭᠳᠠᠭᠠᠵᠤ᠂ ᠦᠪᠯᠡᠨ ᠤᠯᠠᠮᠵᠢᠯᠠᠬᠤ ᠠᠷᠭ᠎ᠠ ᠵᠠᠮ ᠤᠨ ᠳᠠᠯ᠎ᠠ ᠪᠠᠷ ᠤᠯᠠᠨ ᠶᠠᠩᠵᠤ ᠶᠢᠨ ᠠᠮᠢᠳᠤᠯᠢᠭ | ᠬᠡᠯᠪᠡᠷᠢ ᠶᠢ ᠰᠦᠪᠡᠭᠴᠢᠯᠡᠵᠦ ᠪᠤᠯᠤᠨ᠎ᠠ᠃ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠠᠪᠴᠤ ᠬᠡᠯᠡᠪᠡᠯ ᠰᠤᠷᠭᠠᠭᠤᠯᠢ ᠶᠢᠨ ᠳᠤᠷ᠎ᠠ ᠰᠤᠨᠢᠷᠬᠠᠯᠳᠤ | ᠬᠢᠴᠢᠶᠡᠯ ᠨᠡᠬᠡᠬᠡᠬᠦ ᠳᠡᠭᠡᠨ ᠰᠤᠷᠭᠠᠭᠤᠯᠢ ᠪᠠ ᠰᠤᠷᠤᠭᠴᠢ ᠶᠢᠨ ᠪᠤᠳᠠᠳᠤ ᠪᠠᠶᠢᠳᠠᠯ ᠠᠴᠠ ᠪᠠᠨ ᠡᠭᠦᠰᠴᠦ ᠤᠯᠠᠮᠵᠢᠯᠠᠯᠳᠤ ᠶᠤᠰᠤ ᠰᠤᠷᠳᠠᠬᠤᠨ᠂ ᠵᠠᠩ ᠵᠠᠩᠰᠢᠯ᠂ ᠤᠷᠠᠨ | ᠪᠢᠴᠢᠯᠬᠡ᠂ ᠳᠠᠭᠤᠤ ᠤᠷᠠᠯᠢᠭ᠂ ᠭᠠᠷ ᠤᠷᠠᠯᠠᠯ᠂ ᠳᠤᠮᠳᠠᠳᠤ ᠶᠢᠨ ᠰᠤᠩᠭᠤᠳᠠᠭ ᠵᠤᠬᠢᠶᠠᠯ ᠤᠨ ᠰᠤᠨᠢᠷᠬᠠᠯ ᠮᠡᠳᠤ ᠶᠢᠨ ᠤᠯᠠᠨ ᠡᠰᠢᠳᠤ ᠤᠯᠠᠮᠵᠢᠯᠠᠯᠳᠤ ᠰᠤᠶᠤᠯ ᠤᠨ | ᠠᠭᠤᠯᠭ᠎ᠠ ᠶᠢ ᠪᠠᠶᠠᠯᠢᠭᠵᠢᠭᠤᠯᠵᠤ᠂ ᠰᠤᠷᠤᠯᠴᠠᠪᠠᠯ ᠵᠤᠬᠢᠬᠤ ᠳᠤᠭᠳᠠᠭᠰᠠᠨ ᠴᠠᠭ ᠢ ᠪᠠᠳᠤᠯᠠᠵᠤ ᠪᠤᠯᠤᠨ᠎ᠠ᠃ ᠰᠤᠷᠭᠠᠭᠤᠯᠢ ᠶᠢᠨ ᠡᠳᠦᠷ ᠳᠤᠳᠤᠮ ᠤᠨ ᠵᠢᠭᠠᠨ | ᠰᠤᠷᠭᠠᠯᠳᠠ ᠳᠤ ᠪᠠᠭᠰᠢ ᠨᠠᠷ ᠰᠢᠯᠢᠳᠡᠭ ᠤᠯᠠᠮᠵᠢᠯᠠᠯᠳᠤ ᠰᠤᠶᠤᠯ ᠤᠨ ᠬᠦᠮᠦᠵᠢᠯ ᠤᠨ ᠦᠢᠯᠡᠳᠦᠯᠭᠡᠵᠢᠭᠦᠯᠦᠭᠴᠢ ᠪᠤᠯᠵᠤ᠂ ᠬᠡᠯᠡ ᠪᠢᠴᠢᠭ᠂ ᠲᠡᠦᠬᠡ᠂ ᠶᠤᠰᠤ | ᠰᠤᠷᠳᠠᠬᠤᠨ ᠪᠠ ᠬᠠᠤᠯᠢ ᠪᠠᠷ ᠵᠠᠰᠠᠬᠤᠢ᠂ ᠤᠷᠠᠯᠢᠭ ᠪᠠ ᠳᠠᠮᠢᠷ ᠤᠨ ᠬᠢᠴᠢᠶᠡᠯ ᠳᠡᠭᠡᠨ ᠰᠢᠯᠢᠳᠡᠭ ᠤᠯᠠᠮᠵᠢᠯᠠᠯᠳᠤ ᠰᠤᠶᠤᠯ ᠤᠨ ᠬᠦᠮᠦᠵᠢᠯ ᠢ ᠠᠭᠤᠰᠬᠠᠵᠤ᠂ | ᠰᠤᠷᠤᠭᠴᠢᠳ ᠲᠠᠭᠠᠨ ᠰᠢᠯᠢᠳᠡᠭ ᠰᠤᠶᠤᠯ ᠤᠨ ᠤᠬᠢ ᠰᠢᠮ᠎ᠡ ᠶᠢ ᠬᠦᠷᠳᠡᠬᠡᠵᠤ ᠪᠤᠯᠤᠨ᠎ᠠ᠃ ᠰᠤᠷᠭᠠᠭᠤᠯᠢ ᠨᠢ ᠪᠠᠰᠠ ᠦᠢᠯᠡᠳᠦᠯᠬᠡ ᠶᠢᠨ ᠬᠢᠴᠢᠶᠡᠯ ᠢ ᠢᠯᠡᠬᠦᠬᠡᠨ | ᠲᠦᠰᠦᠪᠯᠡᠵᠦ᠂ ᠰᠤᠷᠭᠠᠭᠤᠯᠢ ᠶᠢᠨ ᠰᠤᠶᠤᠯ ᠤᠨ ᠨᠠᠶᠢᠷ᠂ ᠮᠡᠳᠡᠯᠬᠡ ᠶᠢᠨ ᠤᠷᠤᠯᠳᠤᠭᠠᠨ᠂ ᠤᠷᠠᠨ ᠰᠠᠶᠢᠬᠠᠨ ᠤ ᠳᠤᠭᠯᠠᠯᠳᠠ᠂ ᠳᠠᠮᠢᠷ ᠤᠨ ᠬᠦᠳᠡᠯᠬᠡᠬᠡᠨ ᠮᠡᠳᠤ ᠶᠢᠨ | ᠡᠯ᠎ᠠ ᠵᠦᠢᠯ ᠤᠨ ᠭᠤᠤᠯ ᠰᠡᠳᠦᠪᠳᠤ ᠬᠦᠳᠡᠯᠬᠡᠬᠡᠨ ᠡᠷᠬᠢᠯᠡᠬᠦ ᠳᠡᠭᠡᠨ ᠰᠢᠯᠢᠳᠡᠭ ᠤᠯᠠᠮᠵᠢᠯᠠᠯᠳᠤ ᠰᠤᠶᠤᠯ ᠤᠨ ᠬᠦᠮᠦᠵᠢᠯ ᠢ ᠠᠭᠤᠰᠬᠠᠵᠤ᠂ ᠰᠤᠷᠤᠭᠴᠢᠳ ᠤᠨ | ᠤᠷᠤᠯᠴᠠᠯᠭ᠎ᠠ ᠶᠢ ᠲᠠᠶᠢᠴᠢᠯᠠᠵᠤ᠂ ᠤᠯᠠᠮᠵᠢᠯᠠᠯᠳᠤ ᠰᠤᠶᠤᠯ ᠢ ᠰᠤᠷᠤᠯᠴᠠᠨ ᠤᠯᠠᠮᠵᠢᠯᠠᠬᠤ ᠤᠷᠮ᠎ᠠ ᠪᠠᠬ᠎ᠠ ᠶᠢ ᠨᠢ ᠬᠦᠭᠵᠢᠬᠡᠵᠦ ᠪᠤᠯᠤᠨ᠎ᠠ᠃ | ᠶᠡᠭᠡ ᠳᠡᠬᠡᠳᠤ ᠰᠤᠷᠭᠠᠭᠤᠯᠢ ᠨᠢ ᠤᠶᠤᠳᠠᠳ ᠲᠤ ᠰᠢᠯᠢᠳᠡᠭ ᠤᠯᠠᠮᠵᠢᠯᠠᠯᠳᠤ ᠰᠤᠶᠤᠯ ᠤᠨ ᠬᠦᠮᠦᠵᠢᠯ ᠬᠦᠷᠳᠡᠬᠡᠬᠦ ᠳᠡᠭᠡᠨ ᠰᠢᠨ᠎ᠠ ᠶᠢ ᠡᠬᠦᠳᠬᠦ ᠪᠠ | ᠦᠢᠯᠡᠳᠦᠯᠬᠡ ᠶᠢᠨ ᠠᠵᠢᠯᠯᠠᠭ᠎ᠠ ᠳᠤ ᠤᠷᠤᠯᠴᠠᠬᠤ ᠶᠢ ᠴᠢᠬᠤᠯᠠᠴᠢᠯᠠᠵᠤ ᠠᠮᠢᠳᠤᠯᠢᠭ ᠪᠤᠳᠠᠳᠠᠢ ᠬᠦᠮᠦᠵᠢᠯ ᠬᠦᠷᠳᠡᠬᠡᠬᠦ ᠶᠢ ᠴᠢᠬᠤᠯᠠᠴᠢᠯᠠᠵᠤ ᠪᠤᠯᠤᠨ᠎ᠠ᠃ ᠵᠢᠱᠢᠶᠡᠯᠡᠪᠡᠯ | ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠦᠨᠳᠦᠰᠦᠳᠡᠨ ᠤ ᠪᠦᠯᠬᠦᠮᠳᠡᠯ ᠳᠠᠪᠰᠢᠯᠳᠠ ᠶᠢᠨ ᠵᠢᠱᠢᠶ᠎ᠠ ᠦᠵᠡᠬᠦᠯᠬᠦ ᠠᠩᠬᠢ ᠶᠢᠨ 56 ᠤᠶᠤᠳᠠᠨ | ᠤᠷᠴᠢᠮᠬᠠᠨ ᠦᠪᠦᠷ ᠮᠤᠩᠭᠤᠯ ᠤᠨ ᠲᠡᠦᠬᠡᠨ ᠳᠤᠷᠠᠰᠬᠠᠯᠳᠤ ᠵᠦᠢᠯᠡᠰ ᠢ ᠤᠷᠤᠯᠨᠨ ᠦᠬᠦᠯᠡᠵᠦ ᠳᠠᠨᠢᠯᠴᠠᠭᠤᠯᠬᠤ ᠠᠵᠢᠯᠯᠠᠭ᠎ᠠ ᠳᠤ ᠤᠷᠤᠯᠴᠠᠭᠠᠳ ᠬᠦᠮᠦᠨ ᠪᠦᠬᠦᠨ | ᠮᠠᠰᠢ ᠶᠡᠭᠡ ᠤᠯᠤᠯᠳᠠ ᠲᠦᠷᠦᠭᠳᠡᠯ ᠲᠠᠢ ᠪᠤᠯᠤᠭᠰᠠᠨ ᠶᠤᠮ᠃ ᠳᠡᠦᠬᠡ ᠶᠢᠨ ᠳᠤᠷᠠᠰᠬᠠᠯᠳᠤ ᠵᠦᠢᠯᠡᠰ ᠢ ᠳᠤᠭᠠᠴᠢᠯᠠᠭᠤᠯᠤᠨ ᠳᠠᠨᠢᠯᠴᠠᠭᠤᠯᠬᠤ ᠠᠵᠢᠯᠯᠠᠭ᠎ᠠ ᠨᠢ | ᠵᠠᠯᠠᠭᠤᠴᠤᠳ ᠤᠨ ᠬᠦᠯᠢᠶᠡᠨ ᠠᠪᠬᠤ ᠳᠤᠷ᠎ᠠ ᠰᠤᠨᠢᠷᠬᠠᠯ ᠳᠤ ᠨᠡᠶᠢᠴᠡᠭᠰᠡᠨ ᠠᠴᠠ ᠵᠠᠯᠠᠭᠤᠴᠤᠳ ᠲᠧ ᠶᠡᠭᠡ ᠪᠠᠷ ᠬᠦᠷᠢᠶᠡᠯᠡᠭᠳᠡᠵᠦ ᠳᠤᠰᠬᠠᠯ ᠰᠠᠶᠢᠳᠠᠢ ᠪᠠᠶᠢᠵᠤ᠂ | ᠰᠤᠷᠤᠭᠴᠢᠳ ᠲᠤ ᠳᠤᠮᠳᠠᠳᠤ ᠶᠢᠨ ᠤᠯᠠᠮᠵᠢᠯᠠᠯᠳᠤ ᠰᠤᠶᠤᠯ᠂ ᠳᠤᠮᠳᠠᠳᠤ ᠶᠢᠨ ᠪᠤᠯᠪᠠᠰᠤᠨ ᠢ ᠤᠶᠢᠯᠠᠭᠠᠭᠤᠯᠬᠤ ᠠᠮᠢᠳᠤᠯᠢᠭ ᠬᠦᠮᠦᠵᠢᠯ ᠬᠦᠷᠳᠡᠬᠡᠵᠦ ᠴᠢᠳᠠᠭᠰᠠᠨ | ᠪᠠᠶᠢᠨ᠎ᠠ᠃ ᠵᠠᠯᠠᠭᠤᠴᠤᠳ ᠪᠠᠭᠠᠴᠤᠳ ᠲᠧ ᠰᠢᠯᠢᠳᠡᠭ ᠤᠯᠠᠮᠵᠢᠯᠠᠯᠳᠤ ᠰᠤᠶᠤᠯ ᠤᠨ ᠬᠦᠮᠦᠵᠢᠯ ᠬᠦᠷᠳᠡᠬᠡᠬᠦ ᠳᠡᠭᠡᠨ ᠪᠠᠰᠠ ᠦᠢᠯᠡᠳᠦᠯᠬᠡ ᠶᠢ ᠴᠢᠬᠤᠯᠠᠴᠢᠯᠠᠭᠰᠠᠨ | ᠬᠤᠶᠡᠳᠡᠬᠢ ᠬᠢᠴᠢᠶᠡᠯ ᠤᠨ ᠲᠠᠩᠬᠢᠮ ᠢ ᠨᠡᠬᠡᠬᠡᠵᠦ ᠪᠤᠯᠤᠨ᠎ᠠ᠃ ᠰᠤᠷᠤᠭᠴᠢᠳ ᠢ ᠰᠣᠶᠣᠯ ᠤᠨ ᠦᠯᠡᠳᠡᠭᠳᠡᠯ᠂ ᠬᠠᠭᠤᠴᠢ ᠪᠠᠭᠤᠷᠢ᠂ ᠮᠦᠽᠧᠢ᠂ ᠲᠡᠦᠬᠡᠳᠤ ᠬᠥᠮᠥᠰ ᠤᠨ | ᠬᠠᠭᠤᠴᠢᠨ ᠰᠠᠭᠤᠴᠠ ᠮᠡᠳᠤ ᠭᠠᠵᠠᠷ ᠢᠶᠠᠷ ᠰᠤᠳᠤᠯᠤᠨ ᠰᠤᠷᠤᠯᠴᠠᠭᠤᠯᠵᠤ᠂ ᠰᠤᠷᠤᠭᠴᠢᠳ ᠲᠤ ᠦᠨᠡᠨ ᠪᠣᠳᠠᠲᠤ ᠠᠬᠤᠢ ᠪᠠᠶᠢᠳᠠᠯ ᠠᠴᠠ ᠲᠡᠦᠬᠡ ᠰᠣᠶᠣᠯ ᠢ | ᠣᠶᠢᠯᠠᠭᠠᠭᠤᠯᠵᠤ᠂ ᠠᠮᠢᠳᠤᠯᠢᠭ ᠦᠢᠯᠡᠳᠦᠯᠭᠡ ᠪᠠᠷ ᠳᠠᠮᠵᠢᠭᠤᠯᠤᠨ᠂ ᠰᠢᠯᠢᠳᠡᠭ ᠤᠯᠠᠮᠵᠢᠯᠠᠯᠲᠤ ᠰᠣᠶᠣᠯ ᠤᠨ ᠲᠤᠬᠠᠢ ᠣᠶᠢᠯᠠᠭᠠᠯᠲᠠ ᠪᠠ ᠮᠡᠳᠡᠷᠡᠮᠵᠢ ᠶᠢ ᠨᠢ | ᠭᠦᠨᠵᠡᠭᠡᠶᠢᠷᠡᠭᠦᠯᠵᠦ ᠪᠣᠯᠣᠨ᠎ᠠ᠃ | ᠰᠢᠯᠢᠳᠡᠭ ᠤᠯᠠᠮᠵᠢᠯᠠᠯᠳᠤ ᠰᠤᠶᠤᠯ ᠨᠢ ᠬᠦᠮᠦᠨ ᠪᠤᠯᠬᠤ ᠶᠢᠨ ᠶᠤᠰᠤ ᠤᠴᠢᠷ ᠢ ᠤᠬᠠᠭᠠᠷᠠᠭᠤᠯᠵᠤ᠂ ᠤᠶᠤᠨ ᠢ ᠨᠡᠭᠡᠭᠡᠨ ᠤᠷᠤᠭᠰᠢ ᠳᠠᠪᠰᠢᠬᠤ ᠬᠦᠴᠦᠨ | ᠴᠢᠳᠠᠯ ᠤᠯᠭᠤᠳᠠᠭ ᠪᠤᠯᠬᠤᠷ ᠵᠠᠯᠠᠭᠤᠴᠤᠳ ᠪᠠᠭᠠᠴᠤᠳ ᠲᠠᠭᠠᠨ ᠰᠢᠯᠢᠳᠡᠭ ᠤᠯᠠᠮᠵᠢᠯᠠᠯᠳᠤ ᠰᠤᠶᠤᠯ ᠢᠶᠠᠨ ᠰᠠᠶᠢᠳᠤᠷ ᠬᠦᠷᠳᠡᠭᠡᠵᠦ ᠶᠠᠪᠤᠶ᠎ᠠ᠃ |