ᠠᠷᠪᠠᠨ ᠭᠤᠷᠪᠠᠳᠤᠭᠠᠷ ᠵᠦᠢᠯ ᠨᠠᠮ ᠤᠨ ᠰᠦᠯᠳᠡ ᠨᠠᠮ ᠤᠨ ᠲᠤᠭ ᠵᠢᠴᠢ ᠲᠡᠭᠦᠨ ᠤ ᠵᠢᠷᠤᠭ ᠳᠦᠷᠰᠦ ᠶᠢ ᠳᠣᠣᠷᠠᠬᠢ ᠵᠦᠢᠯ ᠳᠤ ᠬᠡᠷᠡᠭᠯᠡᠵᠦ ᠪᠣᠯᠬᠤ ᠦᠭᠡᠢ᠄ | ︵ᠨᠢᠭᠡ︶ ᠲᠠᠸᠠᠷ ᠤᠨ ᠲᠡᠮᠳᠡᠭ᠂ ᠲᠤᠰᠬᠠᠢ ᠠᠰᠢᠭ ᠤᠨ ᠡᠷᠬᠡ ᠣᠯᠭᠤᠭᠰᠠᠨ ᠭᠠᠳᠠᠷ ᠳᠦᠷᠰᠦ ᠶᠢᠨ ᠵᠢᠷᠤᠭ ᠲᠥᠯᠥᠪᠯᠡᠭᠡ ᠪᠠ ᠬᠤᠳᠠᠯᠳᠤᠭᠠᠨ ᠤ ᠵᠠᠷ︔ | ︵ᠬᠤᠶᠠᠷ︶ ᠬᠤᠪᠢ ᠬᠥᠮᠦᠨ ᠤ ᠠᠵᠢᠯᠯᠠᠭ᠎ᠠ︔ | ︵ᠭᠤᠷᠪᠠ︶ ᠬᠤᠪᠢ ᠬᠥᠮᠦᠨ ᠤ ᠲᠠᠯᠠᠪᠤᠷ᠂ ᠬᠤᠪᠢ ᠬᠥᠮᠦᠨ ᠤ ᠰᠦᠯᠵᠢᠶᠡᠨ ᠤ ᠣᠷᠣᠨ ᠵᠠᠢ ᠶᠢᠨ ᠲᠡᠮᠳᠡᠭ ᠢᠯᠡᠷᠬᠡᠢᠯᠡᠯ ᠤᠨ ᠡᠳ᠋︔ | ︵ᠳᠥᠷᠪᠡ︶ ᠬᠤᠪᠢ ᠬᠥᠮᠦᠨ ᠤ ᠡᠳᠦᠷ ᠲᠤᠲᠤᠮ ᠤᠨ ᠬᠡᠷᠡᠭᠰᠡᠯ᠂ ᠡᠳᠦᠷ ᠲᠤᠲᠤᠮ ᠤᠨ ᠠᠮᠢᠳᠤᠷᠠᠯ ᠤᠨ ᠲᠠᠪᠢᠯᠭ᠎ᠠ ᠪᠠᠶᠢᠷᠢᠯᠠᠭᠤᠯᠤᠯᠲᠠ︔ | ︵ᠲᠠᠪᠤ︶ ᠪᠤᠰᠤᠳ ᠲᠣᠬᠢᠷᠠᠬᠤ ᠦᠭᠡᠢ ᠲᠠᠯᠠᠪᠤᠷ᠂ ᠪᠠᠶᠢᠳᠠᠯ ᠪᠠ ᠣᠷᠴᠢᠨ᠃ | ᠠᠷᠪᠠᠨ ᠳᠥᠷᠪᠡᠳᠦᠭᠡᠷ ᠵᠦᠢᠯ ᠨᠠᠮ ᠤᠨ ᠰᠦᠯᠳᠡ ᠨᠠᠮ ᠤᠨ ᠲᠤᠭ ᠳᠡᠭᠡᠷ᠎ᠡ ᠶᠠᠮᠠᠷᠪᠠ ᠦᠰᠦᠭ ᠪᠢᠴᠢᠭ᠂ ᠲᠡᠮᠳᠡᠭ ᠪᠠ ᠵᠢᠷᠤᠭ ᠳᠦᠷᠰᠦ ᠵᠡᠷᠭᠡ ᠶᠢ ᠨᠡᠮᠡᠵᠦ | ᠪᠣᠯᠬᠤ ᠦᠭᠡᠢ᠂ ᠡᠪᠳᠡᠷᠡᠭᠰᠡᠨ᠂ ᠭᠬᠢᠷᠲᠦᠭᠰᠡᠨ᠂ ᠥᠩᠭᠡ ᠨᠢ ᠤᠨᠠᠭᠰᠠᠨ ᠨᠠᠮ ᠤᠨ ᠰᠦᠯᠳᠡ ᠨᠠᠮ ᠤᠨ ᠲᠤᠭ ᠢ ᠬᠡᠷᠡᠭᠯᠡᠵᠦ ᠪᠣᠯᠬᠤ ᠦᠭᠡᠢ᠂ ᠲᠤᠰ ᠳᠦᠷᠢᠮ ᠳᠤ | ᠳᠠᠭᠠᠯᠳᠤᠭᠤᠯᠤᠭᠰᠠᠨ ᠦᠢᠯᠡᠳᠬᠦ ᠠᠷᠭ᠎ᠠ ᠶᠢᠨ ᠲᠤᠳᠤᠷᠬᠠᠶᠢᠯᠠᠯᠲᠠ ᠳᠤ ᠨᠡᠶᠢᠴᠡᠬᠦ ᠦᠭᠡᠢ ᠶᠠᠮᠠᠷᠪᠠ ᠨᠠᠮ ᠤᠨ ᠰᠦᠯᠳᠡ ᠨᠠᠮ ᠤᠨ ᠲᠤᠭ ᠢ ᠦᠢᠯᠡᠳᠴᠦ ᠬᠡᠷᠡᠭᠯᠡᠵᠦ | ᠪᠣᠯᠬᠤ ᠦᠭᠡᠢ᠃ ᠲᠣᠩᠭᠤᠷᠠᠭᠤᠯᠤᠨ ᠡᠯᠭᠦᠬᠦ᠂ ᠲᠣᠩᠭᠤᠷᠠᠭᠤᠯᠤᠨ ᠬᠠᠳᠬᠤᠬᠤ ᠪᠤᠶᠤ ᠨᠠᠮ ᠤᠨ ᠰᠦᠯᠳᠡ ᠨᠠᠮ ᠤᠨ ᠲᠤᠭ ᠤᠨ ᠨᠡᠷ᠎ᠡ ᠬᠦᠨᠳᠦ ᠶᠢ ᠬᠤᠬᠢᠷᠠᠭᠤᠯᠬᠤ | ᠪᠤᠰᠤᠳ ᠬᠡᠯᠪᠡᠷᠢ ᠪᠠᠷ ᠨᠠᠮ ᠤᠨ ᠰᠦᠯᠳᠡ ᠨᠠᠮ ᠤᠨ ᠲᠤᠭ ᠢ ᠡᠯᠭᠦᠵᠦ᠂ ᠬᠡᠷᠡᠭᠯᠡᠵᠦ ᠪᠣᠯᠬᠤ ᠦᠭᠡᠢ᠃ ᠨᠠᠮ ᠤᠨ ᠰᠦᠯᠳᠡ ᠨᠠᠮ ᠤᠨ ᠲᠤᠭ ᠢ ᠳᠤᠷ᠎ᠠ ᠪᠠᠷ ᠢᠶᠠᠨ | ᠬᠠᠶᠠᠵᠤ ᠪᠣᠯᠬᠤ ᠦᠭᠡᠢ᠃ ᠡᠪᠳᠡᠷᠡᠭᠰᠡᠨ᠂ ᠭᠬᠢᠷᠲᠦᠭᠰᠡᠨ᠂ ᠥᠩᠭᠡ ᠨᠢ ᠤᠨᠠᠭᠰᠠᠨ᠂ ᠥᠰᠥᠭ ᠪᠢᠴᠢᠭ ᠪᠠ ᠲᠡᠮᠳᠡᠭ ᠬᠠᠲᠠᠭᠰᠠᠨ ᠵᠡᠷᠭᠡ ᠦᠢᠯᠡᠳᠴᠦ ᠬᠡᠷᠡᠭᠯᠡᠬᠦ | ᠲᠣᠭᠲᠠᠭᠠᠯ ᠳᠤ ᠨᠡᠶᠢᠴᠡᠬᠦ ᠦᠭᠡᠢ ᠨᠠᠮ ᠤᠨ ᠰᠦᠯᠳᠡ ᠨᠠᠮ ᠤᠨ ᠲᠤᠭ ᠢ ᠲᠣᠭᠲᠠᠭᠠᠯ ᠶᠣᠰᠣᠭᠠᠷ ᠬᠤᠷᠢᠶᠠᠨ ᠠᠪᠴᠤ ᠰᠢᠢᠳᠪᠦᠷᠢᠯᠡᠬᠦ ᠬᠡᠷᠡᠭᠲᠡᠢ᠃ ᠨᠠᠮ ᠤᠨ | ᠳᠣᠲᠣᠭᠠᠳᠤ ᠳᠤ ᠴᠢᠬᠤᠯᠠ ᠶᠡᠭᠡ ᠪᠡᠯᠭᠡᠯᠡᠬᠦ᠂ ᠳᠤᠷᠠᠰᠬᠠᠬᠤ ᠠᠵᠢᠯᠯᠠᠭ᠎ᠠ ᠥᠷᠨᠢᠭᠦᠯᠦᠭᠰᠡᠨ ᠤ ᠳᠠᠷᠠᠭ᠎ᠠ᠂ ᠬᠡᠨ ᠲᠠᠷᠬᠠᠭᠠᠭᠰᠠᠨ ᠪᠣᠯ ᠬᠡᠨ ᠬᠠᠷᠢᠭᠤᠴᠠᠬᠤ ᠵᠠᠷᠴᠢᠮ | ᠶᠣᠰᠣᠭᠠᠷ᠂ ᠬᠤᠯᠪᠣᠭᠳᠠᠯ ᠪᠦᠬᠦᠢ ᠨᠢᠭᠡᠴᠢ ᠠᠴᠠ ᠠᠵᠢᠯᠯᠠᠭ᠎ᠠ ᠶᠢᠨ ᠲᠤᠬᠠᠢ ᠶᠢᠨ ᠲᠠᠯᠠᠪᠤᠷ ᠲᠤ ᠬᠡᠷᠡᠭᠯᠡᠭᠰᠡᠨ ᠨᠠᠮ ᠤᠨ ᠰᠦᠯᠳᠡ ᠨᠠᠮ ᠤᠨ ᠲᠤᠭ ᠢ ᠪᠤᠴᠠᠭᠠᠨ ᠠᠪᠬᠤ | ᠪᠤᠶᠤ ᠵᠣᠬᠢᠰᠲᠠᠢ ᠰᠢᠢᠳᠪᠦᠷᠢᠯᠡᠬᠦ ᠬᠡᠷᠡᠭᠲᠡᠢ᠃ | ᠠᠷᠪᠠᠨ ᠲᠠᠪᠤᠳᠤᠭᠠᠷ ᠵᠦᠢᠯ ᠨᠠᠮ ᠤᠨ ᠭᠡᠰᠢᠭᠦᠨ ᠨᠠᠰᠤ ᠪᠠᠷᠠᠭᠰᠠᠨ ᠤ ᠳᠠᠷᠠᠭ᠎ᠠ᠂ ᠨᠠᠮ ᠤᠨ ᠭᠡᠰᠢᠭᠦᠨ ᠤ ᠵᠣᠬᠢᠶᠠᠨ ᠪᠠᠶᠢᠭᠤᠯᠤᠯᠲᠠ ᠶᠢᠨ ᠬᠠᠷᠢᠴᠠᠭ᠎ᠠ ᠶᠢᠨ | ᠪᠠᠢᠭ᠎ᠠ ᠨᠢᠭᠡᠴᠢ ᠶᠢᠨ ᠬᠤᠯᠪᠣᠭᠳᠠᠯ ᠪᠦᠬᠦᠢ ᠬᠢᠨᠠᠨ ᠵᠥᠪᠰᠢᠶᠡᠷᠡᠬᠦ ᠡᠷᠬᠡ ᠮᠠᠲᠠᠯ ᠲᠠᠢ ᠦᠨᠳᠦᠰᠦᠨ ᠱᠠᠲᠤᠨ ᠤ ᠨᠠᠮ ᠤᠨ ᠬᠤᠷᠢᠶ᠎ᠠ ᠪᠠᠷ ᠵᠥᠪᠰᠢᠶᠡᠷᠡᠭᠦᠯᠦᠭᠡᠳ᠂ | ᠨᠠᠮ ᠤᠨ ᠲᠤᠭ ᠢ ᠲᠡᠭᠦᠨ ᠤ ᠴᠢᠨᠳᠠᠷ ᠪᠤᠶᠤ ᠴᠢᠨᠳᠠᠷ ᠤᠨ ᠬᠠᠢᠷᠴᠠᠭ ᠳᠡᠭᠡᠷ᠎ᠡ ᠪᠦᠲᠡᠭᠡᠵᠦ ᠪᠣᠯᠤᠨ᠎ᠠ᠂ ᠭᠡᠪᠡᠴᠦ ᠨᠠᠮ ᠤᠨ ᠲᠤᠭ ᠢ ᠭᠠᠵᠠᠷ ᠲᠠᠢ ᠬᠦᠷᠦᠯᠴᠡᠭᠦᠯᠵᠦ | ᠪᠣᠯᠬᠤ ᠦᠭᠡᠢ᠂ ᠴᠢᠨᠳᠠᠷ ᠢ ᠨᠢ ᠳᠠᠭᠠᠭᠤᠯᠤᠨ ᠰᠢᠲᠠᠭᠠᠨ ᠳᠡᠭᠳᠡᠭᠡᠵᠦ ᠪᠣᠯᠬᠤ ᠦᠭᠡᠢ᠂ ᠴᠢᠨᠳᠠᠷ ᠤᠨ ᠬᠠᠢᠷᠴᠠᠭ ᠢ ᠨᠢ ᠳᠠᠭᠠᠭᠤᠯᠤᠨ ᠣᠷᠣᠰᠢᠭᠤᠯᠵᠤ ᠪᠣᠯᠬᠤ ᠦᠭᠡᠢ᠃ | ᠠᠷᠪᠠᠨ ᠵᠢᠷᠭᠤᠳᠤᠭᠠᠷ ᠵᠦᠢᠯ ᠰᠦᠯᠵᠢᠶ᠎ᠡ᠂ ᠬᠡᠪᠯᠡᠭᠳᠡᠬᠦᠨ ᠵᠡᠷᠭᠡ ᠳᠤ ᠨᠠᠮ ᠤᠨ ᠰᠦᠯᠳᠡ ᠨᠠᠮ ᠤᠨ ᠲᠤᠭ ᠤᠨ ᠵᠢᠷᠤᠭ ᠳᠦᠷᠰᠦ ᠶᠢ ᠬᠡᠷᠡᠭᠯᠡᠬᠦ ᠳᠡᠭᠡᠨ | ᠢᠯᠡᠷᠬᠡᠢ ᠪᠠᠢᠷᠢᠨ ᠳᠤ ᠲᠠᠯᠪᠢᠬᠤ ᠬᠡᠷᠡᠭᠲᠡᠢ᠃ ᠰᠦᠯᠵᠢᠶ᠎ᠡ᠂ ᠬᠡᠪᠯᠡᠭᠳᠡᠬᠦᠨ ᠵᠡᠷᠭᠡ ᠳᠤ ᠬᠡᠷᠡᠭᠯᠡᠬᠦ ᠨᠠᠮ ᠤᠨ ᠰᠦᠯᠳᠡ ᠨᠠᠮ ᠤᠨ ᠲᠤᠭ ᠤᠨ ᠵᠢᠷᠤᠭ ᠳᠦᠷᠰᠦ ᠶᠢᠨ | ᠪᠠᠷᠢᠮᠵᠢᠶ᠎ᠠ ᠬᠡᠪᠯᠡᠯ ᠢ ᠡᠪ ᠬᠠᠮᠲᠤ ᠨᠠᠮ ᠤᠨ ᠭᠡᠰᠢᠭᠦᠨ ᠤ ᠰᠦᠯᠵᠢᠶ᠎ᠡ ᠪᠠ ᠳᠤᠮᠳᠠᠳᠤ ᠤᠯᠤᠰ ᠤᠨ ᠡᠪ ᠬᠠᠮᠲᠤ ᠨᠠᠮ ᠤᠨ ᠰᠣᠨᠢᠨ ᠮᠡᠳᠡᠭᠡᠨ ᠤ ᠰᠦᠯᠵᠢᠶ᠎ᠡ ᠳᠤ | ᠨᠡᠢᠲᠡᠯᠡᠨ᠎ᠡ᠃ | ᠠᠷᠪᠠᠨ ᠳᠣᠯᠣᠳᠤᠭᠠᠷ ᠵᠦᠢᠯ ᠨᠠᠮ ᠤᠨ ᠰᠦᠯᠳᠡ ᠨᠠᠮ ᠤᠨ ᠲᠤᠭ ᠤᠨ ᠮᠡᠳᠡᠯᠭᠡ ᠶᠢ ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ᠂ ᠨᠠᠮ ᠤᠨ | ᠭᠡᠰᠢᠭᠦᠨ ᠤ ᠬᠥᠮᠦᠵᠢᠯ ᠪᠣᠯᠪᠠᠰᠤᠷᠠᠯ᠂ ᠨᠠᠮ ᠳᠤ ᠣᠷᠣᠬᠤ ᠢᠳᠡᠪᠬᠢᠲᠡᠨ ᠤ ᠪᠣᠯᠪᠠᠰᠤᠷᠠᠯ ᠵᠡᠷᠭᠡ ᠶᠢᠨ ᠴᠢᠬᠤᠯᠠ ᠠᠭᠤᠯᠭ᠎ᠠ ᠪᠣᠯᠭᠠᠬᠤ ᠬᠡᠷᠡᠭᠲᠡᠢ᠃ ᠡᠯ᠎ᠡ ᠱᠠᠲᠤᠨ ᠤ | ᠨᠠᠮ ᠤᠨ ᠵᠣᠬᠢᠶᠠᠨ ᠪᠠᠶᠢᠭᠤᠯᠤᠯᠲᠠ ᠨᠢ ᠨᠠᠮ ᠤᠨ ᠭᠡᠰᠢᠭᠦᠨ᠂ ᠡᠪ ᠬᠠᠮᠲᠤ ᠵᠠᠯᠠᠭᠤᠴᠤᠳ ᠤᠨ ᠡᠪᠯᠡᠯ ᠤᠨ ᠭᠡᠰᠢᠭᠦᠨ᠂ ᠪᠠᠭᠠᠴᠤᠳ ᠤᠨ ᠬᠤᠰᠢᠭᠤᠴᠢ ᠠᠩᠭᠢ ᠶᠢᠨ | ᠭᠡᠰᠢᠭᠦᠨ ᠪᠠ ᠠᠷᠠᠳ ᠣᠯᠠᠨ ᠢ ᠰᠤᠷᠭᠠᠨ ᠬᠥᠮᠦᠵᠢᠭᠦᠯᠵᠦ᠂ ᠨᠠᠮ ᠤᠨ ᠰᠦᠯᠳᠡ ᠨᠠᠮ ᠤᠨ ᠲᠤᠭ ᠤᠨ ᠲᠡᠦᠬᠡ ᠪᠠ ᠵᠣᠷᠢᠭ ᠰᠠᠨᠠᠭᠠᠨ ᠤ ᠠᠭᠤᠯᠤᠭᠳᠠᠬᠤᠨ ᠢ | ᠣᠢᠯᠠᠭᠠᠭᠤᠯᠵᠤ᠂ ᠨᠠᠮ ᠤᠨ ᠰᠦᠯᠳᠡ ᠨᠠᠮ ᠤᠨ ᠲᠤᠭ ᠵᠢᠴᠢ ᠲᠡᠭᠦᠨ ᠤ ᠵᠢᠷᠤᠭ ᠳᠦᠷᠰᠦ ᠶᠢ ᠤᠬᠠᠮᠰᠠᠷ ᠠᠴᠠ ᠪᠠᠨ ᠵᠢᠷᠤᠮᠵᠢᠭᠤᠯᠤᠨ ᠬᠡᠷᠡᠭᠯᠡᠵᠦ᠂ ᠨᠠᠮ ᠤᠨ | ᠰᠦᠯᠳᠡ ᠨᠠᠮ ᠤᠨ ᠲᠤᠭ ᠢ ᠬᠦᠨᠳᠦᠳᠬᠡᠨ ᠬᠠᠢᠷᠠᠯᠠᠬᠤ ᠬᠡᠷᠡᠭᠲᠡᠢ᠃ ᠡᠯ᠎ᠡ ᠰᠣᠨᠢᠨ ᠮᠡᠳᠡᠭᠡᠯᠡᠯ᠂ ᠬᠡᠪᠯᠡᠯ ᠤᠨ ᠨᠢᠭᠡᠴᠢ ᠨᠠᠮ ᠤᠨ ᠰᠦᠯᠳᠡ ᠨᠠᠮ ᠤᠨ ᠲᠤᠭ ᠤᠨ | ᠲᠤᠬᠠᠢ ᠮᠡᠳᠡᠯᠭᠡ ᠶᠢᠨ ᠤᠬᠠᠭᠤᠯᠭ᠎ᠠ ᠪᠠᠨ ᠴᠢᠩᠭᠠᠳᠬᠠᠵᠤ᠂ ᠵᠢᠷᠤᠮᠵᠢᠭᠰᠠᠨ ᠨᠠᠮ ᠤᠨ ᠰᠦᠯᠳᠡ ᠨᠠᠮ ᠤᠨ ᠲᠤᠭ ᠤᠨ ᠵᠢᠷᠤᠭ ᠲᠠᠢ ᠮᠡᠳᠡᠭᠡ ᠪᠠ ᠭᠡᠷᠡᠯ ᠵᠢᠷᠤᠭ ᠢ | ᠮᠡᠳᠡᠭᠡᠯᠡᠬᠦ ᠪᠠ ᠬᠡᠷᠡᠭᠯᠡᠵᠦ᠂ ᠨᠠᠮ ᠤᠨ ᠳᠦᠷᠢ ᠲᠥᠷᠬᠦ ᠶᠢ ᠬᠠᠮᠠᠭᠠᠯᠠᠬᠤ ᠬᠡᠷᠡᠭᠲᠡᠢ᠃ | ᠠᠷᠪᠠᠨ ᠨᠠᠢᠮᠠᠳᠤᠭᠠᠷ ᠵᠦᠢᠯ ᠨᠠᠮ ᠤᠨ ᠰᠦᠯᠳᠡ ᠨᠠᠮ ᠤᠨ ᠲᠤᠭ ᠢ ᠲᠤᠰ ᠳᠦᠷᠢᠮ ᠳᠤ ᠳᠠᠭᠠᠯᠳᠤᠭᠤᠯᠤᠭᠰᠠᠨ ᠳᠤᠮᠳᠠᠳᠤ ᠤᠯᠤᠰ ᠤᠨ ᠡᠪ ᠬᠠᠮᠲᠤ ᠨᠠᠮ ᠤᠨ | ᠨᠠᠮ ᠤᠨ ᠰᠦᠯᠳᠡ ᠨᠠᠮ ᠤᠨ ᠲᠤᠭ ᠢ ᠵᠣᠬᠢᠶᠠᠨ ᠦᠢᠯᠡᠳᠬᠦ ᠠᠷᠭ᠎ᠠ ᠶᠢᠨ ᠲᠤᠳᠤᠷᠬᠠᠶᠢᠯᠠᠯᠲᠠ ᠶᠣᠰᠣᠭᠠᠷ ᠦᠢᠯᠡᠳᠬᠦ ᠬᠡᠷᠡᠭᠲᠡᠢ᠃ ᠦᠢᠯᠡᠳᠬᠦ ᠠᠵᠤ ᠠᠬᠤᠶᠢᠯᠠᠯ ᠢ | ᠮᠣᠵᠢ ︵ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ︶ ᠶᠢᠨ ᠨᠠᠮ ᠤᠨ ᠬᠤᠷᠢᠶᠠᠨ ᠤ ᠵᠣᠬᠢᠶᠠᠨ ᠪᠠᠢᠭᠤᠯᠬᠤ ᠬᠡᠯᠲᠡᠰ ᠠᠴᠠ ᠦᠢᠯᠡᠳᠪᠦᠷᠢᠯᠡᠯ ᠤᠨ | ᠬᠢᠷᠢ ᠭᠡᠮ ᠲᠠᠢ ᠠᠵᠤ ᠠᠬᠤᠶᠢᠯᠠᠯ ᠤᠨ ᠳᠤᠮᠳᠠ ᠠᠴᠠ ᠲᠣᠭᠲᠠᠭᠠᠨ᠎ᠠ᠃ ᠶᠠᠮᠠᠷᠪᠠ ᠨᠢᠭᠡᠴᠢ ᠪᠠ ᠬᠤᠪᠢ ᠬᠥᠮᠦᠨ ᠵᠥᠪᠰᠢᠶᠡᠷᠡᠭᠦᠯᠦᠭᠰᠡᠨ ᠦᠭᠡᠢ ᠪᠠᠷ ᠨᠠᠮ ᠤᠨ | ᠰᠦᠯᠳᠡ ᠨᠠᠮ ᠤᠨ ᠲᠤᠭ ᠢ ᠳᠤᠷ᠎ᠠ ᠪᠠᠷ ᠢᠶᠠᠨ ᠵᠣᠬᠢᠶᠠᠨ ᠦᠢᠯᠡᠳᠴᠦ ᠪᠣᠯᠬᠤ ᠦᠭᠡᠢ᠃ | ᠠᠷᠪᠠ ᠶᠢᠰᠦᠳᠦᠭᠡᠷ ᠵᠦᠢᠯ ᠨᠠᠮ ᠤᠨ ᠰᠦᠯᠳᠡ ᠨᠠᠮ ᠤᠨ ᠲᠤᠭ ᠢ ᠵᠠᠷᠴᠢᠮ ᠳᠡᠭᠡᠷ᠎ᠡ ᠪᠠᠨ ᠲᠥᠪᠯᠡᠷᠡᠭᠦᠯᠦᠨ ᠲᠣᠬᠢᠷᠠᠭᠤᠯᠵᠤ ᠲᠠᠷᠬᠠᠭᠠᠵᠤ᠂ ᠨᠢᠭᠡ ᠨᠠᠮ ᠤᠨ | ᠬᠤᠷᠢᠶ᠎ᠠ ᠳᠤ ᠨᠢᠭᠡ ᠨᠠᠮ ᠤᠨ ᠰᠦᠯᠳᠡ ᠲᠠᠢ᠂ ᠨᠢᠭᠡ ᠨᠠᠮ ᠤᠨ ᠡᠭᠦᠷ ᠲᠤ ᠨᠢᠭᠡ ᠨᠠᠮ ᠤᠨ ᠲᠤᠭ ᠲᠠᠢ ᠪᠠᠢᠯᠭᠠᠵᠤ᠂ ᠬᠡᠷᠡᠭᠰᠡᠬᠦ ᠵᠠᠷᠤᠳᠠᠯ ᠢ ᠨᠠᠮ ᠤᠨ | ᠰᠦᠢᠳᠬᠡᠯ ᠠᠴᠠ ᠭᠠᠷᠭᠠᠵᠤ ᠪᠣᠯᠤᠨ᠎ᠠ᠃ | ᠬᠤᠷᠢᠳᠤᠭᠠᠷ ᠵᠦᠢᠯ ᠡᠯ᠎ᠡ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠨᠢ ᠨᠠᠮ ᠤᠨ ᠰᠦᠯᠳᠡ ᠨᠠᠮ ᠤᠨ ᠲᠤᠭ ᠤᠨ ᠨᠡᠷ᠎ᠡ ᠬᠦᠨᠳᠦ ᠶᠢ ᠬᠠᠮᠠᠭᠠᠯᠠᠬᠤ | ᠶᠠᠪᠤᠳᠠᠯ ᠢ ᠨᠢᠭᠡ ᠵᠦᠢᠯ ᠤᠨ ᠤᠯᠤᠰ ᠲᠥᠷᠥ ᠶᠢᠨ ᠡᠭᠦᠷᠭᠡ ᠪᠣᠯᠭᠠᠵᠤ᠂ ᠭᠤᠣᠯ ᠴᠣᠭᠴᠠ ᠶᠢᠨ ᠬᠠᠷᠢᠭᠤᠴᠠᠯᠭ᠎ᠠ ᠪᠠᠨ ᠦᠨᠡᠨ ᠬᠦ ᠭᠦᠢᠴᠡᠳᠬᠡᠬᠦ ᠬᠡᠷᠡᠭᠲᠡᠢ᠃ | ᠰᠢᠶᠠᠨ ᠤ ᠱᠠᠲᠤᠨ ᠠᠴᠠ ᠳᠡᠭᠡᠭᠰᠢᠬᠢ ᠨᠠᠮ ᠤᠨ ᠬᠤᠷᠢᠶᠠᠨ ᠤ ᠵᠣᠬᠢᠶᠠᠨ ᠪᠠᠢᠭᠤᠯᠬᠤ ᠰᠠᠯᠠᠭ᠎ᠠ ᠮᠥᠴᠢᠷ ᠲᠤᠰ ᠭᠠᠵᠠᠷ ᠣᠷᠣᠨ ᠲᠤᠰ ᠪᠠᠶᠢᠭᠤᠯᠭ᠎ᠠ ᠨᠢᠭᠡᠴᠢ ᠲᠤᠰ | ᠰᠢᠰᠲ᠋ᠧᠮ ᠤᠨ ᠢᠶᠠᠨ ᠨᠠᠮ ᠤᠨ ᠰᠦᠯᠳᠡ ᠨᠠᠮ ᠤᠨ ᠲᠤᠭ ᠤᠨ ᠡᠯ᠎ᠡ ᠵᠦᠢᠯ ᠤᠨ ᠠᠵᠢᠯ ᠤᠨ ᠬᠢᠨᠠᠯᠲᠠ ᠬᠠᠮᠢᠶᠠᠷᠤᠯᠲᠠ ᠶᠢᠨ ᠬᠠᠷᠢᠭᠤᠴᠠᠯᠭ᠎ᠠ ᠪᠠᠨ ᠭᠦᠢᠴᠡᠳᠬᠡᠵᠦ᠂ | ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠲᠠᠢ ᠬᠠᠮᠲᠤᠷᠠᠨ ᠨᠠᠮ ᠤᠨ ᠰᠦᠯᠳᠡ ᠨᠠᠮ ᠤᠨ ᠲᠤᠭ ᠤᠨ ᠦᠢᠯᠡᠳᠪᠦᠷᠢᠯᠡᠯ᠂ ᠪᠣᠷᠣᠯᠠᠭᠤᠯᠭ᠎ᠠ | ᠪᠠ ᠬᠤᠳᠠᠯᠳᠤᠭᠠᠨ ᠤ ᠬᠡᠷᠡᠭᠯᠡᠯᠲᠡ ᠶᠢᠨ ᠲᠤᠬᠠᠢ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠬᠤ ᠬᠡᠷᠡᠭᠲᠡᠢ᠃ ᠨᠠᠮ ᠤᠨ ᠰᠦᠯᠳᠡ ᠨᠠᠮ ᠤᠨ ᠲᠤᠭ ᠤᠨ ᠦᠢᠯᠡᠳᠬᠦᠨ ᠢ | ᠬᠠᠤᠯᠢ ᠪᠤᠰᠤ ᠪᠠᠷ ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠠᠵᠤ ᠠᠬᠤᠶᠢᠯᠠᠯ ᠪᠠ ᠬᠤᠪᠢ ᠬᠥᠮᠦᠨ᠂ ᠲᠤᠰ ᠳᠦᠷᠢᠮ ᠢ ᠵᠥᠷᠢᠴᠡᠨ ᠨᠠᠮ ᠤᠨ ᠰᠦᠯᠳᠡ ᠨᠠᠮ ᠤᠨ | ᠲᠤᠭ ᠵᠢᠴᠢ ᠲᠡᠭᠦᠨ ᠤ ᠵᠢᠷᠤᠭ ᠳᠦᠷᠰᠦ ᠶᠢ ᠬᠡᠷᠡᠭᠯᠡᠭᠰᠡᠨ ᠠᠵᠢᠯᠯᠠᠭ᠎ᠠ ᠶᠢ ᠰᠢᠭᠦᠮᠵᠢᠯᠡᠨ ᠰᠤᠷᠭᠠᠵᠤ᠂ ᠴᠠᠭ ᠲᠤᠬᠠᠢ ᠳᠤᠨᠢ ᠵᠠᠯᠠᠷᠠᠭᠤᠯᠵᠤ᠂ ᠦᠢᠯᠡ ᠪᠠᠶᠢᠳᠠᠯ ᠨᠢ | ᠬᠦᠨᠳᠦ ᠨᠣᠴᠢᠲᠠᠢ ᠪᠤᠶᠤ ᠵᠠᠯᠠᠷᠠᠭᠤᠯᠬᠤ ᠦᠭᠡᠢ ᠪᠠᠶᠢᠪᠠᠯ᠂ ᠬᠠᠮᠢᠶ᠎ᠠ ᠪᠦᠬᠦᠢ ᠲᠣᠭᠲᠠᠭᠠᠯ ᠶᠣᠰᠣᠭᠠᠷ ᠰᠢᠢᠳᠪᠦᠷᠢᠯᠡᠵᠦ᠂ ᠬᠠᠤᠯᠢ ᠶᠢ ᠵᠥᠷᠢᠴᠡᠵᠦ ᠶᠠᠯ᠎ᠠ ᠬᠢᠭᠰᠡᠨ | ᠰᠡᠵᠢᠭᠯᠡᠯᠲᠡᠢ ᠪᠠᠶᠢᠪᠠᠯ ᠬᠠᠤᠯᠢ ᠶᠣᠰᠣᠭᠠᠷ ᠰᠢᠢᠳᠪᠦᠷᠢᠯᠡᠨ᠎ᠡ᠃ | ᠬᠤᠷᠢᠨ ᠨᠢᠭᠡᠳᠦᠭᠡᠷ ᠵᠦᠢᠯ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠠ ᠲᠤᠰ ᠳᠦᠷᠢᠮ ᠢ ᠦᠨᠳᠦᠰᠦᠯᠡᠵᠦ᠂ ᠬᠠᠮᠢᠶ᠎ᠠ ᠪᠦᠬᠦᠢ ᠲᠣᠭᠲᠠᠭᠠᠯ ᠢ | ᠲᠣᠭᠲᠠᠭᠠᠵᠤ ᠪᠣᠯᠤᠨ᠎ᠠ᠃ | ᠬᠤᠷᠢᠨ ᠬᠤᠶᠠᠳᠤᠭᠠᠷ ᠵᠦᠢᠯ ᠨᠠᠮ ᠤᠨ ᠭᠡᠰᠢᠭᠦᠨ ᠤ ᠰᠦᠯᠳᠡ ᠲᠡᠮᠳᠡᠭ ᠪᠣᠯ ᠨᠠᠮ ᠤᠨ ᠭᠡᠰᠢᠭᠦᠨ ᠤ ᠪᠡᠶ᠎ᠡ ᠶᠢᠨ ᠭᠠᠷᠤᠯ ᠤᠨ ᠪᠡᠯᠭᠡ ᠲᠡᠮᠳᠡᠭ ᠮᠥᠨ᠂ | ᠲᠡᠭᠦᠨ ᠢ ᠵᠣᠬᠢᠶᠠᠨ ᠦᠢᠯᠡᠳᠬᠦ᠂ ᠬᠡᠷᠡᠭᠯᠡᠬᠦ᠂ ᠬᠠᠮᠢᠶᠠᠷᠬᠤ ᠲᠤᠬᠠᠢ ᠠᠰᠲᠠᠭᠠᠨ ᠲᠣᠭᠲᠠᠭᠠᠨ᠎ᠠ᠃ | ᠬᠤᠷᠢᠨ ᠭᠤᠷᠪᠠᠳᠤᠭᠠᠷ ᠵᠦᠢᠯ ᠲᠤᠰ ᠳᠦᠷᠢᠮ ᠢ ᠲᠥᠪ ᠤᠨ ᠵᠣᠬᠢᠶᠠᠨ ᠪᠠᠢᠭᠤᠯᠬᠤ ᠬᠡᠯᠲᠡᠰ ᠠᠴᠠ ᠬᠠᠷᠢᠭᠤᠴᠠᠨ ᠲᠠᠶᠢᠯᠪᠤᠷᠢᠯᠠᠨ᠎ᠠ᠃ | ᠬᠤᠷᠢᠨ ᠳᠥᠷᠪᠡᠳᠦᠭᠡᠷ ᠵᠦᠢᠯ ᠲᠤᠰ ᠳᠦᠷᠢᠮ ᠢ ᠨᠡᠢᠲᠡᠯᠡᠭᠰᠡᠨ ᠡᠳᠦᠷ ᠠᠴᠠ ᠡᠬᠢᠯᠡᠨ ᠬᠡᠷᠡᠭᠵᠢᠭᠦᠯᠦᠨ᠎ᠡ᠃ ᠡᠭᠦᠨ ᠠᠴᠠ ᠡᠮᠦᠨ᠎ᠡ ᠨᠡᠢᠲᠡᠯᠡᠭᠰᠡᠨ ᠨᠠᠮ ᠤᠨ | ᠰᠦᠯᠳᠡ ᠨᠠᠮ ᠤᠨ ᠲᠤᠭ ᠤᠨ ᠲᠤᠬᠠᠢ ᠲᠣᠭᠲᠠᠭᠠᠯ ᠤᠨ ᠳᠣᠲᠣᠷ᠎ᠠ ᠲᠤᠰ ᠳᠦᠷᠢᠮ ᠲᠠᠢ ᠨᠢᠭᠡᠳᠦᠯ ᠦᠭᠡᠢ ᠲᠠᠯ᠎ᠠ ᠪᠠᠶᠢᠪᠠᠯ ᠲᠤᠰ ᠳᠦᠷᠢᠮ ᠤᠨ ᠶᠣᠰᠣᠭᠠᠷ | ᠬᠡᠷᠡᠭᠵᠢᠭᠦᠯᠦᠨ᠎ᠡ᠃ | |