ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠯᠪᠠᠨ ᠬᠠᠤᠯᠢᠴᠢ ᠶᠢᠨ ᠬᠠᠮᠢᠶᠠᠷᠤᠯᠲᠠ ᠵᠢᠨ ᠬᠡᠷᠡᠭᠵᠢᠭᠦᠯᠬᠦ ᠠᠷᠭ᠎ᠠ
ᠨᠡᠶᠢᠲᠡᠯᠡᠭᠰᠡᠨ ᠴᠠᠭ᠄
2023/8/1
       ᠠᠷᠪᠠᠨ ᠳᠦᠷᠪᠡᠳᠦᠭᠡᠷ ᠵᠦᠢᠯ ᠤᠯᠤᠰ ᠤᠨ ᠨᠢᠭᠡᠳᠦᠯᠲᠡᠶ ᠬᠠᠤᠯᠢ ᠴᠠᠭᠠᠵᠠ ᠶᠢᠨ ᠠᠵᠢᠯ ᠮᠡᠷᠭᠡᠵᠢᠯ ᠤᠨ ᠬᠢᠷᠢ ᠭᠡᠮ ᠤᠨ ᠳᠦᠷᠢᠮ ᠢ ᠬᠡᠷᠡᠭᠵᠢᠭᠦᠯᠬᠦ ᠠᠴᠠ ᠡᠮᠦᠨ᠎ᠡ ᠨᠢᠭᠡᠨᠲᠡ ᠬᠠᠤᠯᠢ ᠴᠠᠭᠠᠵᠠ ᠶᠢᠨ ᠵᠥᠪᠯᠡᠭᠴᠢ ᠪᠣᠯᠤᠭᠰᠠᠨ ᠪᠣᠯᠪᠠᠴᠤ ᠬᠠᠤᠯᠢ ᠶᠣᠰᠣᠭᠠᠷ ᠬᠠᠤᠯᠢ ᠴᠠᠭᠠᠵᠠ ᠶᠢᠨ ᠠᠵᠢᠯ ᠮᠡᠷᠭᠡᠵᠢᠯ ᠤᠨ ᠬᠢᠷᠢ ᠬᠡᠮ ᠪᠤᠶᠤ ᠬᠠᠤᠯᠢᠴᠢ ᠶᠢᠨ ᠬᠢᠷᠢ ᠭᠡᠮ ᠣᠯᠤᠭᠰᠠᠨ ᠦᠭᠡᠶ ᠬᠥᠮᠦᠰ᠂ ᠳᠣᠣᠷ᠎ᠠ ᠵᠢᠭᠰᠠᠭᠠᠭᠰᠠᠨ ᠨᠥᠬᠦᠴᠡᠯ ᠤᠳ ᠢ ᠬᠠᠮᠲᠤ ᠳᠤ ᠨᠢ ᠪᠦᠷᠢᠯᠳᠦᠭᠦᠯᠵᠦ᠂ ᠬᠠᠤᠯᠢ ᠴᠠᠭᠠᠵᠠ ᠶᠢᠨ ᠶᠠᠮᠤᠨ ᠤ ᠬᠢᠨᠠᠨ ᠰᠢᠯᠭᠠᠯᠲᠠ ᠳᠤ ᠬᠢᠷᠢ ᠲᠡᠩᠴᠡᠭᠰᠡᠨ ᠪᠤᠯ ︵ᠬᠠᠤᠯᠢ ᠴᠠᠭᠠᠵᠠ ᠶᠢᠨ ᠶᠠᠮᠤᠨ ᠤ ᠬᠢᠨᠠᠨ ᠰᠢᠯᠭᠠᠬᠤ ᠨᠠᠷᠢᠨ ᠳᠦᠷᠢᠮ ᠢ ᠨᠡᠶᠢᠲᠡᠯᠡᠭᠰᠡᠨ ᠤ ᠳᠠᠷᠠᠭ᠎ᠠ ᠭᠤᠶᠤᠴᠢᠯᠠᠨ ᠮᠡᠳᠡᠭᠦᠯᠵᠦ ᠪᠣᠯᠤᠨ᠎ᠠ︶ ᠠᠯᠪᠠᠨ ᠬᠠᠤᠯᠢᠴᠢ ᠶᠢᠨ ᠦᠨᠡᠮᠯᠡᠯ ᠣᠯᠭᠤᠵᠤ ᠪᠣᠯᠤᠨ᠎ᠠ᠄ ︵ᠨᠢᠭᠡ︶ ᠨᠠᠮ ᠵᠠᠰᠠᠭ ᠤᠨ ᠪᠠᠶᠢᠭᠤᠯᠭ᠎ᠠ᠂ ᠠᠷᠠᠳ ᠤᠨ ᠪᠦᠯᠬᠦᠮ ᠳᠤ ᠬᠠᠤᠯᠢ ᠴᠠᠭᠠᠵᠠ ᠶᠢᠨ ᠵᠥᠪᠯᠡᠭᠴᠢ ᠪᠣᠯᠣᠭᠠᠳ ᠪᠦᠬᠦᠯᠢ ᠠᠷᠪᠠᠨ ᠲᠠᠪᠤᠨ ᠵᠢᠯ ᠪᠣᠯᠤᠭᠰᠠᠨ ᠪᠠᠶᠢᠬᠤ︔ ︵ᠬᠤᠶᠠᠷ︶ ᠳᠡᠭᠡᠳᠦ ᠵᠡᠷᠭᠡ ᠶᠢᠨ ᠰᠤᠷᠭᠠᠭᠤᠯᠢ ᠶᠢᠨ ᠬᠠᠤᠯᠢ ᠶᠢᠨ ᠤᠬᠠᠭᠠᠨ ᠤ ᠲᠥᠷᠥᠯ ᠤᠨ ᠵᠢᠩᠬᠢᠨᠢ ᠠᠩᠭᠢ ᠶᠢᠨ ᠰᠤᠷᠤᠯᠭ᠎ᠠ ᠶᠢᠨ ᠨᠠᠮᠲᠠᠷ ᠲᠠᠢ ᠪᠥᠭᠡᠳ ᠤᠶᠤᠲᠠᠨ ᠵᠢᠴᠢ ᠲᠡᠭᠦᠨ ᠠᠴᠠ ᠳᠡᠭᠡᠭᠰᠢᠬᠢ ᠡᠷᠳᠡᠮ ᠤᠨ ᠴᠣᠯᠠ  ᠲᠠᠢ ᠪᠤᠶᠤ ᠳᠡᠭᠡᠳᠦ ᠵᠡᠷᠭᠡ ᠶᠢᠨ ᠰᠤᠷᠭᠠᠭᠤᠯᠢ ᠶᠢᠨ ᠬᠠᠤᠯᠢ ᠶᠢᠨ ᠤᠬᠠᠭᠠᠨ ᠤ ᠲᠥᠷᠥᠯ ᠤᠨ ᠪᠤᠰᠤ ᠵᠢᠩᠬᠢᠨᠢ ᠠᠩᠭᠢ ᠵᠢᠴᠢ ᠲᠡᠭᠦᠨ ᠠᠴᠠ ᠳᠡᠭᠡᠭᠰᠢᠬᠢ ᠰᠤᠷᠤᠯᠭ᠎ᠠ ᠶᠢᠨ ᠨᠠᠮᠲᠠᠷ ᠲᠠᠢ ᠪᠥᠭᠡᠳ ᠬᠠᠤᠯᠢ ᠴᠠᠭᠠᠵᠠ ᠶᠢᠨ ᠮᠠᠰᠲ᠋ᠧᠷ᠂ ᠬᠠᠤᠯᠢ ᠶᠢᠨ ᠤᠬᠠᠭᠠᠨ ᠤ ᠮᠠᠰᠲ᠋ᠧᠷ ᠵᠢᠴᠢ ᠲᠡᠭᠦᠨ ᠠᠴᠠ ᠳᠡᠭᠡᠭᠰᠢᠬᠢ ᠡᠷᠳᠡᠮ ᠤᠨ ᠴᠣᠯᠠ ᠤᠯᠤᠭᠰᠠᠨ ᠪᠤᠶᠤ ᠪᠤᠰᠤᠳ ᠵᠣᠬᠢᠴᠠᠩᠭᠤᠶ ᠡᠷᠳᠡᠮ ᠤᠨ ᠴᠣᠯᠠ ᠤᠯᠤᠭᠰᠠᠨ ᠪᠠᠶᠢᠬᠤ︔ ︵ᠭᠤᠷᠪᠠ︶ ᠳᠡᠭᠡᠳᠦ ᠵᠡᠷᠭᠡ ᠶᠢᠨ ᠮᠡᠷᠭᠡᠵᠢᠯ ᠤᠨ ᠴᠣᠯᠠ ᠲᠠᠢ ᠪᠤᠶᠤ ᠠᠳᠠᠯᠢ ᠲᠠᠰ ᠤᠨ ᠲᠤᠰᠬᠠᠶ ᠮᠡᠷᠭᠡᠵᠢᠯ ᠤᠨ ᠬᠢᠷᠢ ᠬᠡᠮᠵᠢᠶ᠎ᠡ ᠲᠠᠢ ᠪᠠᠶᠢᠬᠤ ᠬᠡᠷᠡᠭᠲᠡᠢ᠃ ᠡᠮᠦᠨ᠎ᠡ ᠵᠤᠷᠪᠤᠰᠯᠠᠭᠰᠠᠨ ᠲᠣᠭᠲᠠᠭᠠᠯ ᠶᠣᠰᠣᠭᠠᠷ ᠠᠯᠪᠠᠨ ᠲᠤᠰᠢᠶᠠᠯᠲᠤ ᠬᠠᠤᠯᠢᠴᠢ ᠶᠢᠨ ᠦᠨᠡᠮᠯᠡᠯ ᠣᠯᠤᠭᠰᠠᠨ ᠬᠥᠮᠦᠰ ᠤᠤᠯ ᠨᠢᠭᠡᠴᠢ ᠠᠴᠠ ᠪᠠᠨ ᠰᠠᠯᠤᠭᠰᠠᠨ ᠤ ᠳᠠᠷᠠᠭ᠎ᠠ ᠨᠡᠶᠢᠭᠡᠮ ᠤᠨ ᠬᠠᠤᠯᠢᠴᠢ ᠶᠢᠨ ᠠᠵᠢᠯ ᠡᠷᠬᠢᠯᠡᠬᠦ ᠪᠠᠷ ᠭᠤᠶᠤᠴᠢᠯᠠᠭᠰᠠᠨ ᠪᠠᠶᠢᠪᠠᠯ᠂ ᠤᠯᠤᠰ ᠤᠨ ᠨᠢᠭᠡᠳᠦᠯᠲᠡᠶ ᠬᠠᠤᠯᠢ ᠴᠠᠭᠠᠵᠠ ᠶᠢᠨ ᠠᠵᠢᠯ ᠮᠡᠷᠭᠡᠵᠢᠯ ᠤᠨ ᠬᠢᠷᠢ ᠭᠡᠮ ᠤᠨ ᠲᠦᠷᠢᠮ ᠤᠨ ᠬᠤᠯᠪᠣᠭᠳᠠᠯ ᠪᠦᠬᠦᠢ ᠲᠣᠭᠲᠠᠭᠠᠯ ᠳᠤ ᠨᠡᠶᠢᠴᠡᠭᠰᠡᠨ ᠪᠠᠶᠢᠬᠤ ᠬᠡᠷᠡᠭᠲᠡᠶ᠃        ᠭᠤᠷᠪᠠᠳᠤᠭᠠᠷ ᠪᠦᠯᠦᠭ ᠭᠤᠤᠯ ᠡᠭᠦᠷᠭᠡ ᠬᠠᠷᠢᠭᠤᠴᠠᠯᠭ᠎ᠠ       ᠠᠷᠪᠠᠨ ᠲᠠᠪᠤᠳᠤᠭᠠᠷ ᠵᠦᠢᠯ ᠠᠯᠪᠠᠨ ᠬᠠᠤᠯᠢᠴᠢ ᠨᠢ ᠪᠠᠶᠢᠭ᠎ᠠ ᠨᠢᠭᠡᠴᠢ ᠶᠢᠨ ᠢᠶᠠᠨ ᠨᠠᠶᠢᠳᠠᠯᠭ᠎ᠠ ᠶᠢ ᠬᠦᠯᠢᠶᠡᠬᠦ ᠪᠤᠶᠤ ᠵᠢᠭᠠᠨ ᠲᠤᠮᠢᠯᠠᠯᠲᠠ ᠪᠠᠷ ᠳᠣᠣᠷ᠎ᠠ ᠵᠢᠭᠰᠠᠭᠠᠭᠰᠠᠨ ᠬᠠᠤᠯᠢ ᠴᠠᠭᠠᠵᠠ ᠶᠢᠨ ᠬᠡᠷᠡᠭ ᠶᠠᠪᠤᠳᠠᠯ ᠢ ᠭᠦᠢᠴᠡᠳᠬᠡᠵᠦ ᠪᠣᠯᠤᠨ᠎ᠠ᠄ ︵ᠨᠢᠭᠡ︶ ᠪᠠᠶᠢᠭ᠎ᠠ ᠨᠢᠭᠡᠴᠢ ᠶᠢᠨ ᠴᠢᠬᠤᠯᠠ ᠶᠡᠭᠡ ᠤᠴᠢᠷ ᠶᠠᠪᠤᠳᠠᠯ ᠢ ᠶᠠᠷᠢᠯᠴᠠᠨ ᠲᠣᠭᠲᠠᠭᠠᠬᠤ ᠳᠤ ᠬᠠᠤᠯᠢ ᠴᠠᠭᠠᠵᠠ ᠶᠢᠨ ᠰᠠᠨᠠᠯ ᠬᠠᠩᠭᠠᠨ᠎ᠠ︔ ︵ᠬᠤᠶᠠᠷ︶ ᠬᠠᠤᠯᠢ ᠴᠠᠭᠠᠵᠠ ᠬᠠᠤᠯᠢ ᠲᠣᠭᠲᠠᠭᠠᠯ ᠤᠨ ᠳᠦᠷᠢᠮ ᠲᠣᠭᠲᠠᠭᠠᠯ ᠤᠨ ᠲᠥᠰᠦᠯ᠂ ᠨᠠᠮ ᠤᠨ ᠳᠣᠲᠣᠭᠠᠳᠤ ᠶᠢᠨ ᠬᠠᠤᠯᠢ ᠲᠣᠭᠲᠠᠭᠠᠯ ᠤᠨ ᠲᠥᠰᠦᠯ ᠪᠠ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠢ ᠬᠦᠷᠭᠡᠵᠦ ᠬᠢᠨᠠᠭᠤᠯᠬᠤ ᠨᠤᠤᠷᠠᠭ ᠢ ᠲᠤᠭᠤᠷᠪᠢᠨ ᠪᠢᠴᠢᠬᠦ᠂ ᠨᠤᠲᠠᠯᠠᠬᠤ ᠳᠤ ᠤᠷᠤᠯᠴᠠᠨ᠎ᠠ︔ ︵ᠭᠤᠷᠪᠠ︶ ᠬᠠᠮᠲᠤᠷᠠᠨ ᠠᠵᠢᠯᠯᠠᠬᠤ ᠲᠥᠷᠥᠯ ᠵᠦᠢᠯ ᠢ ᠬᠡᠯᠡᠯᠴᠡᠬᠦ᠂ ᠭᠠᠳᠠᠭᠰᠢ ᠳᠠᠭᠠᠭᠠᠴᠢᠯᠠᠯᠲᠠ ᠵᠠᠷᠯᠠᠬᠤ᠂ ᠵᠠᠰᠠᠭ ᠤᠨ ᠣᠷᠳᠣᠨ ᠤ ᠬᠤᠳᠠᠯᠳᠤᠨ ᠠᠪᠬᠤ ᠵᠡᠷᠭᠡ ᠤᠴᠢᠷ ᠶᠠᠪᠤᠳᠠᠯ ᠳᠤ ᠣᠷᠣᠯᠴᠠᠵᠤ᠂ ᠴᠢᠬᠤᠯᠠ ᠬᠠᠤᠯᠢ ᠴᠠᠭᠠᠵᠠ ᠶᠢᠨ ᠪᠢᠴᠢᠭ ᠬᠠᠷ᠎ᠠ ᠪᠤᠶᠤ ᠭᠡᠷ᠎ᠡ᠂ ᠬᠡᠯᠡᠯᠴᠡᠭᠡᠷ ᠢ ᠲᠤᠭᠤᠷᠪᠢᠨ ᠪᠢᠴᠢᠬᠦ᠂ ᠵᠠᠰᠠᠪᠤᠷᠢ ᠣᠷᠣᠭᠤᠯᠬᠤ᠂ ᠬᠢᠨᠠᠨ ᠬᠠᠷᠭᠤᠭᠤᠯᠤᠨ᠎ᠠ︔ ︵ᠲᠦᠷᠪᠡ︶ ᠵᠠᠬᠢᠳᠠᠯ ᠰᠤᠷᠪᠤᠯᠵᠢᠯᠠᠯ ᠢ ᠬᠦᠯᠢᠶᠡᠨ ᠠᠪᠬᠤ᠂ ᠵᠥᠷᠢᠴᠡᠯ ᠢ ᠡᠶᠡᠳᠡᠭᠦᠯᠦᠨ ᠰᠢᠢᠳᠪᠦᠷᠢᠯᠡᠬᠦ᠂ ᠬᠠᠤᠯᠢ ᠴᠠᠭᠠᠵᠠ ᠳᠤ ᠬᠤᠯᠪᠣᠭᠳᠠᠭᠰᠠᠨ ᠵᠠᠷᠭᠤ ᠳᠤ ᠬᠤᠯᠪᠣᠭᠳᠠᠭᠰᠠᠨ ᠬᠡᠷᠡᠭ ᠢ ᠰᠢᠢᠳᠪᠦᠷᠢᠯᠡᠬᠦ᠂ ᠭᠡᠨᠡᠳᠲᠡ ᠡᠭᠦᠰᠦᠭᠰᠡᠨ ᠬᠡᠷᠡᠭ ᠢ ᠰᠢᠢᠳᠪᠦᠷᠢᠯᠡᠬᠦ᠂ ᠵᠠᠰᠠᠭ ᠤᠨ ᠣᠷᠳᠣᠨ ᠤ ᠮᠡᠳᠡᠭᠡ ᠵᠠᠩᠭᠢ ᠶᠢ ᠢᠯᠡ ᠪᠣᠯᠭᠠᠬᠤ᠂ ᠤᠯᠤᠰ ᠤᠨ ᠲᠥᠯᠥᠪᠦᠷᠢ ᠥᠭᠬᠦ ᠵᠡᠷᠭᠡ ᠠᠵᠢᠯ ᠳᠤ ᠤᠷᠤᠯᠴᠠᠨ᠎ᠠ︔ ︵ᠲᠠᠪᠤ︶ ᠵᠠᠰᠠᠭ ᠵᠠᠬᠢᠷᠭᠠᠨ ᠤ ᠰᠢᠢᠳᠬᠡᠯ ᠲᠣᠷᠭᠠᠭᠤᠯᠢ ᠶᠢ ᠬᠢᠨᠠᠨ ᠬᠠᠷᠭᠤᠭᠤᠯᠬᠤ᠂ ᠵᠠᠰᠠᠭ ᠵᠠᠬᠢᠷᠭᠠᠨ ᠤ ᠲᠤᠭᠲᠠᠭᠠᠯᠲᠠ᠂ ᠵᠠᠰᠠᠭ ᠵᠠᠬᠢᠷᠭᠠᠨ ᠤ ᠳᠠᠬᠢᠨ ᠵᠥᠪᠯᠡᠬᠦ᠂ ᠵᠠᠰᠠᠭ ᠵᠠᠬᠢᠷᠭᠠᠨ ᠤ ᠵᠠᠷᠭᠤ ᠵᠡᠷᠭᠡ ᠠᠵᠢᠯ ᠳᠤ ᠤᠷᠤᠯᠴᠠᠨ᠎ᠠ ︔ ︵ᠵᠢᠷᠭᠤᠭ᠎ᠠ︶ ︽ᠬᠡᠨ ᠬᠠᠤᠯᠢ ᠬᠡᠷᠡᠭᠵᠢᠭᠦᠯᠪᠡᠯ ᠬᠡᠨ ᠬᠠᠤᠯᠢ ᠲᠦᠭᠡᠮᠡᠯᠵᠢᠭᠦᠯᠬᠦ︾ ᠬᠠᠤᠯᠢ ᠲᠦᠭᠡᠮᠡᠯᠵᠢᠭᠦᠯᠬᠦ ᠬᠠᠷᠢᠭᠤᠴᠠᠯᠭ᠎ᠠ ᠶᠢᠨ ᠳᠦᠷᠢᠮ ᠢ ᠨᠠᠶᠢᠳᠠᠪᠤᠷᠢᠵᠢᠭᠤᠯᠵᠤ᠂ ᠬᠠᠤᠯᠢ ᠲᠦᠭᠡᠮᠡᠯᠵᠢᠭᠦᠯᠬᠦ ᠤᠬᠠᠭᠤᠯᠭ᠎ᠠ ᠬᠥᠮᠦᠵᠢᠯ ᠢ ᠦᠷᠨᠢᠭᠦᠯᠦᠨ᠎ᠡ︔ ︵ᠲᠤᠯᠤᠭ᠎ᠠ︶ ᠢᠷᠭᠡᠨ ᠤ ᠬᠡᠷᠡᠭ ᠤᠨ ᠵᠠᠷᠭᠤᠯᠳᠤᠬᠤ ᠪᠠ ᠡᠶᠡᠳᠡᠭᠦᠯᠬᠦ᠂ ᠬᠥᠨᠳᠡᠯᠡᠨ ᠠᠴᠠ ᠲᠠᠰᠤᠯᠬᠤ ᠵᠡᠷᠭᠡ ᠬᠠᠤᠯᠢ ᠴᠠᠭᠠᠵᠠ ᠶᠢᠨ ᠬᠡᠷᠡᠭ ᠶᠠᠪᠤᠳᠠᠯ ᠢ ᠰᠢᠢᠳᠪᠦᠷᠢᠯᠡᠨ᠎ᠡ︔ ︵ᠨᠠᠢᠮᠠ︶ ᠪᠠᠶᠢᠭ᠎ᠠ ᠨᠢᠭᠡᠴᠢ ᠶᠢᠨ ᠨᠠᠶᠢᠳᠠᠭᠰᠠᠨ ᠪᠤᠶᠤ ᠵᠢᠭᠠᠨ ᠲᠣᠮᠢᠯᠠᠭᠰᠠᠨ ᠪᠤᠰᠤᠳ ᠬᠠᠤᠯᠢ ᠴᠠᠭᠠᠵᠠ ᠶᠢᠨ ᠬᠡᠷᠡᠭ ᠶᠠᠪᠤᠳᠠᠯ᠃        ᠠᠷᠪᠠᠨ ᠵᠢᠷᠭᠤᠳᠤᠭᠠᠷ ᠵᠦᠢᠯ ᠠᠯᠪᠠᠨ ᠬᠠᠤᠯᠢᠴᠢ ᠬᠠᠤᠯᠢ ᠶᠣᠰᠣᠭᠠᠷ ᠠᠭᠤᠯᠵᠠᠬᠤ᠂ ᠡᠪᠬᠡᠮᠡᠯ ᠦᠵᠡᠬᠦ᠂ ᠪᠠᠶᠢᠴᠠᠭᠠᠵᠤ ᠭᠡᠷᠡᠴᠢ ᠠᠪᠬᠤ ᠪᠠ ᠠᠰᠠᠭᠤᠬᠤ᠂ ᠲᠤᠯᠭᠠᠨ ᠭᠡᠷᠡᠴᠢᠯᠡᠬᠦ᠂ ᠮᠠᠷᠭᠤᠯᠳᠤᠬᠤ᠂ ᠥᠮᠥᠭᠯᠡᠬᠦ ᠵᠡᠷᠭᠡ ᠡᠷᠬᠡ  ᠲᠠᠢ ᠪᠠᠶᠢᠵᠤ᠂ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠬᠦ ᠲᠠᠢ ᠬᠤᠯᠪᠣᠭᠳᠠᠬᠤ ᠮᠡᠳᠡᠭᠡ ᠵᠠᠩᠭᠢ᠂ ᠪᠢᠴᠢᠭ ᠮᠠᠲ᠋ᠧᠷᠢᠶᠠᠯ᠂ ᠮᠠᠲ᠋ᠧᠷᠢᠶᠠᠯ ᠪᠠ ᠪᠤᠰᠤᠳ ᠡᠷᠬᠡᠪᠰᠢ ᠬᠢᠬᠦ ᠠᠵᠢᠯ ᠤᠨ ᠡᠷᠬᠡ ᠲᠤᠰᠢᠶᠠᠯ᠂ ᠨᠥᠬᠦᠴᠡᠯ ᠢ ᠤᠯᠬᠤ ᠡᠷᠬᠡ ᠲᠠᠢ᠃ ᠠᠯᠪᠠᠨ ᠬᠠᠤᠯᠢᠴᠢ ᠨᠢ ᠪᠠᠶᠢᠭ᠎ᠠ ᠨᠢᠭᠡᠴᠢ ᠶᠢᠨ ᠢᠶᠠᠨ ᠬᠠᠮᠢᠶᠠᠷᠤᠯᠲᠠ᠂ ᠬᠢᠨᠠᠯᠲᠠ ᠶᠢ ᠬᠦᠯᠢᠶᠡᠵᠦ᠂ ᠨᠠᠶᠢᠳᠠᠯᠭ᠎ᠠ ᠪᠤᠶᠤ ᠵᠢᠭᠠᠨ ᠲᠤᠮᠢᠯᠠᠯᠲᠠ ᠶᠢ ᠦᠨᠳᠦᠰᠦᠯᠡᠨ ᠬᠠᠤᠯᠢ ᠴᠠᠭᠠᠵᠠ ᠶᠢᠨ ᠬᠡᠷᠡᠭ ᠶᠠᠪᠤᠳᠠᠯ ᠢ ᠭᠦᠢᠴᠡᠳᠬᠡᠵᠦ᠂ ᠬᠠᠤᠯᠢ ᠴᠠᠭᠠᠵᠠ ᠶᠢᠨ ᠲᠦᠯᠦᠪᠦᠷᠢᠲᠦ ᠦᠢᠯᠡᠴᠢᠯᠡᠭᠡ ᠬᠢᠵᠦ ᠪᠣᠯᠬᠤ ᠦᠭᠡᠶ᠂ ᠬᠠᠤᠯᠢᠴᠢ ᠶᠢᠨ ᠬᠡᠷᠡᠭ ᠡᠷᠬᠢᠯᠡᠬᠦ ᠭᠠᠵᠠᠷ ᠵᠡᠷᠭᠡ ᠬᠠᠤᠯᠢ ᠴᠠᠭᠠᠵᠠ ᠶᠢᠨ ᠦᠢᠯᠡᠴᠢᠯᠡᠭᠡᠨ ᠤ ᠪᠠᠶᠢᠭᠤᠯᠤᠮᠵᠢ ᠳᠤ ᠲᠤᠰᠢᠶᠠᠯ ᠬᠠᠪᠰᠤᠷᠭᠠᠨ ᠡᠭᠦᠷᠭᠡᠯᠡᠵᠦ ᠪᠣᠯᠬᠤ ᠦᠭᠡᠶ᠃ ᠠᠯᠪᠠᠨ ᠬᠠᠤᠯᠢᠴᠢ ᠨᠢ ᠬᠠᠤᠯᠢᠴᠢ ᠶᠢᠨ ᠬᠤᠪᠢ ᠪᠠᠷ ᠪᠠᠶᠢᠭ᠎ᠠ ᠨᠢᠭᠡᠴᠢ ᠠᠴᠠ ᠪᠠᠨ ᠭᠠᠳᠠᠨᠠᠬᠢ ᠵᠠᠷᠭᠤ ᠪᠤᠶᠤ ᠵᠠᠷᠭᠤ ᠶᠢᠨ ᠪᠤᠰᠤ ᠬᠠᠤᠯᠢ ᠴᠠᠭᠠᠵᠠ ᠶᠢᠨ ᠬᠡᠷᠡᠭ ᠶᠠᠪᠤᠳᠠᠯ ᠢ ᠭᠦᠢᠴᠡᠳᠬᠡᠵᠦ ᠪᠣᠯᠬᠤ ᠦᠭᠡᠶ᠃        ᠠᠷᠪᠠᠨ ᠳᠣᠯᠣᠳᠤᠭᠠᠷ ᠵᠦᠢᠯ ᠠᠯᠪᠠᠨ ᠬᠠᠤᠯᠢᠴᠢ ᠶᠢᠨ ᠪᠠᠶᠢᠭ᠎ᠠ ᠨᠢᠭᠡᠴᠢ ᠨᠢ ᠤᠯᠤᠰ ᠤᠨ ᠬᠤᠯᠪᠤᠭᠳᠠᠯ ᠪᠦᠬᠦᠢ ᠲᠣᠭᠲᠠᠭᠠᠯ ᠶᠣᠰᠣᠭᠠᠷ ᠰᠢᠢᠳᠪᠦᠷᠢᠲᠦ ᠪᠣᠳᠣᠯᠭ᠎ᠠ ᠶᠢᠨ ᠬᠠᠤᠯᠢ ᠶᠣᠰᠣᠴᠢ ᠴᠢᠨᠠᠷ ᠢ ᠬᠢᠨᠠᠨ ᠪᠠᠶᠢᠴᠠᠭᠠᠬᠤ ᠲᠣᠭᠲᠠᠴᠠ ᠶᠢ ᠪᠠᠶᠢᠭᠤᠯᠤᠨ ᠪᠦᠷᠢᠨᠰᠢᠭᠦᠯᠵᠦ᠂ ᠠᠯᠪᠠᠨ ᠬᠠᠤᠯᠢᠴᠢ ᠶᠢᠨ ᠰᠢᠢᠳᠪᠦᠷᠢᠲᠦ ᠪᠣᠳᠣᠯᠭ᠎ᠠ ᠲᠣᠭᠲᠠᠭᠠᠬᠤ ᠳᠤ ᠣᠷᠣᠯᠴᠠᠬᠤ ᠶᠠᠪᠤᠴᠠ᠂ ᠬᠠᠤᠯᠢ ᠴᠠᠭᠠᠵᠠ ᠶᠢᠨ ᠰᠠᠨᠠᠯ ᠳᠤᠷᠠᠳᠬᠤ ᠶᠢ ᠬᠠᠤᠯᠢ ᠶᠣᠰᠣᠭᠠᠷ ᠰᠢᠢᠳᠪᠦᠷᠢᠲᠦ ᠪᠣᠳᠣᠯᠭ᠎ᠠ ᠲᠣᠭᠲᠠᠭᠠᠬᠤ ᠶᠢᠨ ᠴᠢᠬᠤᠯᠠ ᠳᠡᠰ ᠳᠠᠷᠠᠭᠠᠯᠠᠯ ᠪᠣᠯᠭᠠᠨ᠎ᠠ᠃ ᠠᠯᠪᠠᠨ ᠬᠠᠤᠯᠢᠴᠢ ᠶᠢᠨ ᠪᠠᠶᠢᠭ᠎ᠠ ᠨᠢᠭᠡᠴᠢ ᠨᠢ ᠴᠢᠬᠤᠯᠠ ᠶᠡᠭᠡ ᠤᠴᠢᠷ ᠶᠠᠪᠤᠳᠠᠯ ᠢ ᠶᠠᠷᠢᠯᠴᠠᠵᠤ ᠲᠤᠭᠲᠠᠭᠠᠬᠤ ᠠᠴᠠ ᠡᠮᠦᠨ᠎ᠡ᠂ ᠠᠯᠪᠠᠨ ᠬᠠᠤᠯᠢᠴᠢ ᠶᠢᠨ ᠬᠠᠤᠯᠢ ᠴᠠᠭᠠᠵᠠ ᠶᠢᠨ ᠰᠠᠨᠠᠯ ᠢ ᠰᠣᠨᠣᠰᠬᠤ ᠬᠡᠷᠡᠭᠲᠡᠢ᠃ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ ᠠᠯᠪᠠᠨ ᠬᠠᠤᠯᠢᠴᠢ ᠶᠢᠨ ᠬᠠᠤᠯᠢ ᠴᠠᠭᠠᠵᠠ ᠶᠢᠨ ᠰᠠᠨᠠᠯ ᠢ ᠰᠣᠨᠣᠰᠬᠤ ᠶᠣᠰᠣᠲᠠᠶ ᠪᠠᠶᠢᠲᠠᠯ᠎ᠠ ᠰᠣᠨᠣᠰᠤᠭᠰᠠᠨ ᠦᠭᠡᠶ ᠤᠴᠢᠷ ᠶᠠᠪᠤᠳᠠᠯ ᠡᠰᠡᠬᠦᠯ᠎ᠡ ᠠᠯᠪᠠᠨ ᠬᠠᠤᠯᠢᠴᠢ ᠶᠢᠨ ᠬᠠᠤᠯᠢ ᠳᠤ ᠨᠡᠶᠢᠴᠡᠬᠦ ᠦᠭᠡᠶ ᠭᠡᠵᠦ ᠦᠵᠡᠭᠰᠡᠨ ᠤᠴᠢᠷ ᠶᠠᠪᠤᠳᠠᠯ ᠢ ᠶᠠᠷᠢᠯᠴᠠᠭᠤᠯᠬᠤ ᠪᠠᠷ ᠲᠤᠰᠢᠶᠠᠬᠤ᠂ ᠲᠣᠭᠲᠠᠭᠠᠯ ᠭᠠᠷᠭᠠᠵᠤ ᠪᠣᠯᠬᠤ ᠦᠭᠡᠶ᠃ ᠠᠯᠪᠠᠨ ᠲᠤᠰᠢᠶᠠᠯᠲᠤ ᠬᠠᠤᠯᠢᠴᠢ ᠶᠢᠨ ᠠᠵᠢᠯᠯᠠᠵᠤ ᠪᠠᠶᠢᠭ᠎ᠠ ᠨᠢᠭᠡᠴᠢ ᠨᠢ ᠬᠤᠯᠪᠣᠭᠳᠠᠯ ᠪᠦᠬᠦᠢ ᠬᠠᠤᠯᠢ ᠴᠠᠭᠠᠵᠠ ᠬᠠᠤᠯᠢ ᠲᠣᠭᠲᠠᠭᠠᠯ ᠳᠦᠷᠢᠮ ᠲᠣᠭᠲᠠᠭᠠᠯ ᠤᠨ ᠡᠬᠡ ᠨᠤᠤᠷᠠᠭ᠂ ᠨᠠᠮ ᠤᠨ ᠳᠣᠲᠣᠭᠠᠳᠤ ᠶᠢᠨ ᠬᠠᠤᠯᠢ ᠲᠣᠭᠲᠠᠭᠠᠯ ᠤᠨ ᠡᠬᠡ ᠨᠤᠤᠷᠠᠭ ᠪᠠ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠢ ᠬᠦᠷᠭᠡᠵᠦ ᠬᠢᠨᠠᠭᠤᠯᠬᠤ ᠡᠬᠡ ᠨᠤᠤᠷᠠᠭ ᠢ ᠲᠤᠭᠤᠷᠪᠢᠨ ᠨᠤᠲᠠᠯᠠᠬᠤ ᠳᠤ ᠠᠯᠪᠠᠨ ᠬᠠᠤᠯᠢᠴᠢ ᠶᠢ ᠣᠷᠣᠯᠴᠠᠭᠤᠯᠬᠤ ᠪᠤᠶᠤ ᠲᠡᠭᠦᠨ ᠤ ᠬᠠᠤᠯᠢ ᠴᠠᠭᠠᠵᠠ ᠶᠢᠨ ᠰᠠᠨᠠᠯ ᠢ ᠰᠣᠨᠣᠰᠬᠤ ᠬᠡᠷᠡᠭᠲᠡᠶ᠃        ᠠᠷᠪᠠᠨ ᠨᠠᠢᠮᠠᠳᠤᠭᠠᠷ ᠵᠦᠢᠯ ᠠᠯᠪᠠᠨ ᠬᠠᠤᠯᠢᠴᠢ ᠶᠢᠨ ᠪᠠᠶᠢᠭ᠎ᠠ ᠨᠢᠭᠡᠴᠢ ᠨᠢ ᠠᠯᠪᠠᠨ ᠬᠠᠤᠯᠢᠴᠢ ᠶᠢᠨ ᠴᠢᠬᠤᠯᠠ ᠬᠤᠷᠠᠯ ᠳᠤ ᠰᠤᠯᠠ ᠣᠷᠣᠯᠴᠠᠬᠤ᠂ ᠪᠢᠴᠢᠭ ᠮᠠᠲ᠋ᠧᠷᠢᠶᠠᠯ ᠢ ᠪᠠᠶᠢᠴᠠᠭᠠᠨ ᠦᠵᠡᠬᠦ᠂ ᠬᠠᠤᠯᠢ ᠴᠠᠭᠠᠵᠠ ᠶᠢᠨ ᠰᠠᠨᠠᠯ ᠭᠠᠷᠭᠠᠬᠤ᠂ ᠬᠠᠮᠢᠶ᠎ᠠ ᠪᠦᠬᠦᠢ ᠪᠢᠴᠢᠭ ᠬᠠᠷ᠎ᠠ ᠶᠢ ᠬᠢᠨᠠᠨ ᠭᠠᠷ ᠤᠨ ᠦᠰᠦᠭ ᠵᠢᠷᠤᠬᠤ ᠠᠵᠢᠯ ᠤᠨ ᠴᠤᠪᠤᠷᠠᠯ ᠪᠣᠯᠤᠨ ᠲᠥᠷᠢᠮ ᠤᠨ ᠲᠤᠬᠢᠷᠠᠭᠤᠯᠤᠯᠳᠠ ᠶᠢ ᠪᠦᠷᠢᠨᠰᠢᠭᠦᠯᠵᠦ᠂ ᠴᠢᠬᠤᠯᠠ ᠪᠦᠬᠦᠢ ᠠᠯᠪᠠᠯᠠᠬᠤ ᠨᠥᠬᠦᠴᠡᠯ ᠪᠠ ᠵᠠᠷᠤᠳᠠᠯ ᠤᠨ ᠳᠡᠮᠵᠢᠯᠭᠡ ᠬᠠᠩᠭᠠᠵᠤ᠂ ᠠᠯᠪᠠᠨ ᠬᠠᠤᠯᠢᠴᠢ ᠶᠢᠨ ᠬᠠᠤᠯᠢ ᠶᠣᠰᠣᠭᠠᠷ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ ᠶᠢ ᠪᠠᠲᠤᠯᠠᠬᠤ ᠬᠡᠷᠡᠭᠲᠡᠢ᠃        ᠠᠷᠪᠠ ᠶᠢᠰᠦᠳᠦᠭᠡᠷ ᠵᠦᠢᠯ ᠠᠯᠪᠠᠨ ᠬᠠᠤᠯᠢᠴᠢ ᠨᠢ ᠬᠠᠤᠯᠢᠴᠢ ᠶᠢᠨ ᠨᠡᠶᠢᠭᠡᠮᠯᠢᠭ ᠲᠤ ᠣᠷᠣᠵᠤ᠂ ᠭᠡᠰᠢᠭᠦᠨ ᠤ ᠡᠷᠬᠡ ᠶᠢ ᠡᠳ᠋ᠯᠡᠬᠦ ᠮᠦᠷᠲᠡᠭᠡᠨ ᠭᠡᠰᠢᠭᠦᠨ ᠤ ᠡᠭᠦᠷᠭᠡ ᠪᠠᠨ ᠭᠦᠢᠴᠡᠳᠬᠡᠬᠦ ᠬᠡᠷᠡᠭᠲᠡᠶ᠃ ᠲᠥᠪ ᠤᠨ ᠨᠠᠮ ᠵᠠᠰᠠᠭ ᠤᠨ ᠪᠠᠶᠢᠭᠤᠯᠭ᠎ᠠ ᠪᠠ ᠠᠷᠠᠳ ᠤᠨ ᠪᠦᠯᠬᠦᠮ ᠤᠨ ᠠᠯᠪᠠᠨ ᠬᠠᠤᠯᠢᠴᠢ ᠪᠦᠬᠦ ᠤᠯᠤᠰ ᠤᠨ ᠬᠠᠤᠯᠢᠴᠢ ᠶᠢᠨ ᠨᠡᠶᠢᠭᠡᠮᠯᠢᠭ ᠲᠤ ᠤᠷᠤᠨ᠎ᠠ᠃ ᠥᠪᠡᠷᠲᠡᠭᠡᠨ ᠵᠠᠰᠠᠬᠤ ᠣᠷᠣᠨ ᠤ ᠱᠠᠲᠤ ᠵᠢᠴᠢ ᠲᠡᠭᠦᠨ ᠠᠴᠠ ᠳᠣᠷᠣᠭᠰᠢᠬᠢ ᠨᠠᠮ ᠵᠠᠰᠠᠭ ᠤᠨ ᠪᠠᠶᠢᠭᠤᠯᠭ᠎ᠠ ᠪᠣᠯᠤᠨ ᠠᠷᠠᠳ ᠤᠨ ᠪᠦᠯᠬᠦᠮ ᠤᠨ ᠠᠯᠪᠠᠨ ᠬᠠᠤᠯᠢᠴᠢ᠂ ᠲᠥᠪ ᠤᠨ ᠨᠠᠮ ᠵᠠᠰᠠᠭ ᠤᠨ ᠪᠠᠶᠢᠭᠤᠯᠭ᠎ᠠ ᠪᠣᠯᠤᠨ ᠠᠷᠠᠳ ᠤᠨ ᠪᠦᠯᠬᠦᠮ ᠤᠨ ᠣᠷᠣᠨ ᠨᠤᠲᠤᠭ ᠲᠤ ᠪᠠᠶᠢᠭ᠎ᠠ ᠡᠯ᠎ᠡ ᠱᠠᠲᠤᠨ ᠤ ᠰᠢᠭᠤᠳ ᠬᠠᠷᠢᠶ᠎ᠠ ᠬᠠᠮᠢᠶᠠᠷᠤᠯᠲᠠ ᠶᠢᠨ ᠨᠢᠭᠡᠴᠢ ᠪᠣᠯᠤᠨ ᠲᠤᠮᠢᠯᠠᠨ ᠰᠠᠭᠤᠯᠭᠠᠭᠰᠠᠨ ᠨᠢᠭᠡᠴᠢ ᠶᠢᠨ ᠠᠯᠪᠠᠨ ᠬᠠᠤᠯᠢᠴᠢ ᠨᠢ ᠥᠪᠡᠷᠲᠡᠭᠡᠨ ᠵᠠᠰᠠᠬᠤ ᠣᠷᠣᠨ ᠤ ᠬᠠᠤᠯᠢᠴᠢ ᠶᠢᠨ ᠨᠡᠶᠢᠭᠡᠮᠯᠢᠭ ᠲᠤ ᠤᠷᠤᠵᠤ᠂ ᠠᠶᠢᠮᠠᠭ ᠬᠤᠲᠠ ᠠᠴᠠ ᠳᠣᠷᠣᠭᠰᠢᠬᠢ ᠨᠠᠮ ᠵᠠᠰᠠᠭ ᠤᠨ ᠪᠠᠶᠢᠭᠤᠯᠭ᠎ᠠ ᠪᠣᠯᠤᠨ ᠠᠷᠠᠳ ᠤᠨ ᠪᠦᠯᠬᠦᠮ ᠤᠨ ᠠᠯᠪᠠᠨ ᠬᠠᠤᠯᠢᠴᠢ ᠨᠢ ᠠᠶᠢᠮᠠᠭ ᠬᠤᠲᠠ ᠶᠢᠨ ᠬᠠᠤᠯᠢᠴᠢ ᠶᠢᠨ ᠨᠡᠶᠢᠭᠡᠮᠯᠢᠭ ᠲᠤ ᠤᠷᠤᠨ᠎ᠠ᠃ ᠵᠡᠷᠭᠡ ᠳᠤ ᠨᠢ ᠥᠪᠡᠷᠲᠡᠭᠡᠨ ᠵᠠᠰᠠᠬᠤ ᠣᠷᠣᠨ ᠤ ᠬᠠᠤᠯᠢᠴᠢ ᠶᠢᠨ ᠨᠡᠶᠢᠭᠡᠮᠯᠢᠭ ᠤᠨ ᠭᠡᠰᠢᠭᠦᠨ ᠪᠤᠯᠬᠤ ᠳᠤ ᠬᠦᠷᠪᠡᠯ᠂ ᠠᠯᠪᠠᠨ ᠬᠠᠤᠯᠢᠴᠢ ᠶᠢᠨ ᠨᠡᠶᠢᠭᠡᠮᠯᠢᠭ ᠤᠨ ᠰᠦᠢᠳᠬᠡᠯ ᠢ ᠪᠠᠶᠢᠭ᠎ᠠ ᠨᠢᠭᠡᠴᠢ ᠠᠴᠠ ᠡᠭᠦᠷᠭᠡᠯᠡᠨ᠎ᠡ᠃        ᠳᠥᠷᠪᠡᠳᠦᠭᠡᠷ ᠪᠦᠯᠦᠭ ᠬᠢᠨᠠᠯᠲᠠ ᠲᠠᠯᠪᠢᠬᠤ ᠪᠠ ᠬᠠᠮᠢᠶᠠᠷᠬᠤ        ᠬᠤᠷᠢᠳᠤᠭᠠᠷ ᠵᠦᠢᠯ ᠨᠠᠮ ᠵᠠᠰᠠᠭ ᠤᠨ ᠪᠠᠶᠢᠭᠤᠯᠭ᠎ᠠ ᠪᠣᠯᠤᠨ ᠠᠷᠠᠳ ᠤᠨ ᠪᠦᠯᠬᠦᠮ ᠤᠳ ᠲᠤᠰ ᠨᠢᠭᠡᠴᠢ ᠶᠢᠨ ᠢᠶᠠᠨ ᠠᠯᠪᠠᠨ ᠬᠠᠤᠯᠢᠴᠢ ᠶᠢ ᠰᠢᠯᠢᠨ ᠰᠣᠩᠭᠤᠬᠤ ᠪᠠ ᠬᠠᠮᠢᠶᠠᠷᠬᠤ ᠠᠵᠢᠯ ᠢ ᠬᠠᠷᠢᠭᠤᠴᠠᠨ᠎ᠠ᠃        ᠬᠤᠷᠢᠨ ᠨᠢᠭᠡᠳᠦᠭᠡᠷ ᠵᠦᠢᠯ ᠠᠯᠪᠠᠨ ᠬᠠᠤᠯᠢᠴᠢ ᠶᠢᠨ ᠪᠠᠶᠢᠭ᠎ᠠ ᠨᠢᠭᠡᠴᠢ ᠶᠢᠨ ᠬᠠᠤᠯᠢ ᠴᠠᠭᠠᠵᠠ ᠶᠢᠨ ᠠᠵᠢᠯ ᠤᠨ ᠡᠭᠦᠷᠭᠡ ᠬᠠᠷᠢᠭᠤᠴᠠᠯᠭ᠎ᠠ ᠶᠢ ᠡᠭᠦᠷᠭᠡᠯᠡᠵᠦ ᠪᠠᠶᠢᠭ᠎ᠠ ᠰᠠᠯᠠᠭ᠎ᠠ ᠮᠥᠴᠢᠷ ᠨᠢ ᠲᠤᠰ ᠨᠢᠭᠡᠴᠢ ᠶᠢᠨ ᠢᠶᠠᠨ ᠠᠯᠪᠠᠨ ᠬᠠᠤᠯᠢᠴᠢ ᠶᠢᠨ ᠡᠳᠦᠷ ᠲᠤᠲᠤᠮ ᠤᠨ ᠲᠤᠬᠠᠶᠢᠯᠠᠭᠰᠠᠨ ᠠᠵᠢᠯ ᠤᠨ ᠬᠠᠮᠢᠶᠠᠷᠤᠯᠲᠠ ᠶᠢ ᠡᠭᠦᠷᠭᠡᠯᠡᠵᠦ᠂ ᠬᠡᠷᠡᠭᠴᠡᠭᠡ ᠪᠠᠨ ᠦᠨᠳᠦᠰᠦᠯᠡᠨ ᠲᠤᠰ ᠨᠢᠭᠡᠴᠢ ᠶᠢᠨ ᠢᠶᠠᠨ ᠠᠯᠪᠠᠨ ᠬᠠᠤᠯᠢᠴᠢ ᠶᠢ ᠨᠢᠭᠡᠳᠦᠯᠲᠡᠶ ᠲᠦᠯᠦᠪᠯᠡᠨ ᠲᠣᠬᠢᠷᠠᠭᠤᠯᠬᠤ ᠪᠠ ᠬᠡᠷᠡᠭᠯᠡᠵᠦ᠂ ᠬᠠᠤᠯᠢ ᠴᠠᠭᠠᠵᠠ ᠶᠢᠨ ᠬᠡᠷᠡᠭ ᠶᠠᠪᠤᠳᠠᠯ ᠢ ᠵᠢᠭᠠᠨ ᠲᠣᠮᠢᠯᠠᠬᠤ᠂ ᠳᠠᠭᠠᠭᠠᠨ ᠭᠦᠢᠴᠡᠳᠬᠡᠬᠦ᠂ ᠬᠠᠷᠢᠭᠤ ᠲᠤᠰᠬᠠᠬᠤ᠂ ᠰᠢᠮᠳᠠᠭᠤᠯᠤᠨ ᠭᠦᠢᠴᠡᠳᠬᠡᠬᠦ ᠵᠡᠷᠭᠡ ᠠᠵᠢᠯ ᠤᠨ ᠴᠤᠪᠤᠷᠠᠯ ᠢ ᠲᠣᠭᠲᠠᠭᠠᠬᠤ ᠶᠢᠨ ᠬᠠᠮᠲᠤ ᠲᠡᠭᠦᠯᠳᠡᠷᠵᠢᠭᠦᠯᠬᠦ ᠬᠡᠷᠡᠭᠲᠡᠶ᠃ ᠨᠠᠮ ᠵᠠᠰᠠᠭ ᠤᠨ ᠪᠠᠶᠢᠭᠤᠯᠭ᠎ᠠ ᠪᠣᠯᠤᠨ ᠠᠷᠠᠳ ᠤᠨ ᠪᠦᠯᠬᠦᠮ ᠨᠢ ᠠᠵᠢᠯ ᠤᠨ ᠬᠡᠷᠡᠭᠴᠡᠭᠡ ᠪᠠᠨ ᠦᠨᠳᠦᠰᠦᠯᠡᠵᠦ᠂ ᠲᠤᠰ ᠰᠢᠰᠲ᠋ᠧᠮ ᠤᠨ ᠢᠶᠠᠨ ᠠᠯᠪᠠᠨ ᠬᠠᠤᠯᠢᠴᠢ ᠶᠢᠨ ᠠᠵᠢᠯ ᠤᠨ ᠨᠢᠭᠡᠳᠦᠯᠲᠡᠶ ᠵᠢᠯᠣᠭᠤᠳᠬᠤ ᠪᠠ ᠬᠠᠮᠢᠶᠠᠷᠬᠤ ᠪᠠᠨ ᠴᠢᠩᠭᠠᠳᠬᠠᠵᠤ᠂ ᠬᠠᠷᠢᠶ᠎ᠠ ᠪᠦᠬᠦᠢ ᠡᠯ᠎ᠡ ᠨᠢᠭᠡᠴᠢ ᠶᠢᠨ ᠬᠤᠭᠤᠷᠣᠨᠳᠣ ᠠᠯᠪᠠᠨ ᠬᠠᠤᠯᠢᠴᠢ ᠶᠢ ᠨᠢᠭᠡᠳᠦᠯᠲᠡᠶ ᠲᠥᠯᠥᠪᠯᠡᠨ ᠲᠣᠬᠢᠷᠠᠭᠤᠯᠬᠤ ᠪᠠ ᠬᠡᠷᠡᠭᠯᠡᠨ᠎ᠡ᠃ ᠠᠯᠪᠠᠨ ᠲᠤᠰᠢᠶᠠᠯᠲᠤ ᠬᠠᠤᠯᠢᠴᠢ ᠨᠢ ᠬᠠᠤᠯᠢᠴᠢ ᠶᠢᠨ ᠬᠤᠪᠢ ᠪᠠᠷ ᠠᠵᠢᠯᠯᠠᠵᠤ ᠪᠠᠶᠢᠭ᠎ᠠ ᠨᠢᠭᠡᠴᠢ ᠪᠠᠨ ᠲᠥᠯᠥᠭᠡᠯᠡᠨ ᠵᠠᠷᠭᠤᠯᠳᠤᠬᠤ᠂ ᠬᠥᠨᠳᠡᠯᠡᠨ ᠠᠴᠠ ᠲᠠᠰᠤᠯᠬᠤ ᠵᠡᠷᠭᠡ ᠬᠠᠤᠯᠢ ᠴᠠᠭᠠᠵᠠ ᠶᠢᠨ ᠠᠵᠢᠯ ᠬᠢᠬᠦ ᠦᠶᠡᠰ᠂ ᠰᠢᠯᠵᠢᠭᠦᠯᠦᠨ ᠲᠣᠬᠢᠷᠠᠭᠤᠯᠬᠤ ᠪᠠ ᠬᠡᠷᠡᠭᠯᠡᠬᠦ ᠶᠢ ᠬᠠᠷᠢᠭᠤᠴᠠᠬᠤ ᠨᠢᠭᠡᠴᠢ ᠨᠢ ᠬᠡᠷᠡᠭᠴᠡᠭᠡ ᠪᠠᠨ ᠦᠨᠳᠦᠰᠦᠯᠡᠨ ᠲᠡᠭᠦᠨ ᠳᠤ ᠨᠠᠶᠢᠳᠠᠯᠭ᠎ᠠ ᠶᠢᠨ ᠠᠯᠪᠠᠨ ᠵᠠᠬᠢᠳᠠᠯ ᠪᠢᠴᠢᠵᠦ ᠥᠭᠬᠦ ᠬᠡᠷᠡᠭᠲᠡᠶ᠃        ᠬᠤᠷᠢᠨ ᠬᠤᠶᠠᠳᠤᠭᠠᠷ ᠵᠦᠢᠯ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠪᠠᠶᠢᠭᠤᠯᠭ᠎ᠠ ᠨᠢ ᠠᠯᠪᠠᠨ ᠬᠠᠤᠯᠢᠴᠢ ᠶᠢᠨ ᠪᠠᠶᠢᠭ᠎ᠠ ᠨᠢᠭᠡᠴᠢ ᠶᠢᠨ ᠬᠠᠮᠲᠤ ᠠᠯᠪᠠᠨ ᠬᠠᠤᠯᠢᠴᠢ ᠶᠢᠨ ᠳᠠᠩᠰᠠ ᠡᠪᠬᠡᠮᠡᠯ ᠪᠠᠶᠢᠭᠤᠯᠵᠤ᠂ ᠠᠯᠪᠠᠨ ᠬᠠᠤᠯᠢᠴᠢ ᠶᠢᠨ ᠣᠨ ᠤ ᠬᠢᠨᠠᠨ ᠰᠢᠯᠭᠠᠯᠲᠠ ᠬᠢᠭᠰᠡᠨ᠂ ᠬᠥᠬᠢᠭᠦᠯᠦᠨ ᠱᠠᠩᠨᠠᠭᠰᠠᠨ᠂ ᠵᠠᠯᠬᠠᠭᠠᠨ ᠴᠡᠭᠡᠷᠯᠡᠭᠦᠯᠦᠭᠰᠡᠨ᠂ ᠪᠣᠯᠪᠠᠰᠤᠷᠠᠭᠤᠯᠤᠯ ᠳᠤ ᠤᠷᠤᠯᠴᠠᠭᠰᠠᠨ ᠵᠡᠷᠭᠡ ᠪᠠᠶᠢᠳᠠᠯ ᠢ ᠳᠠᠩᠰᠠ ᠡᠪᠬᠡᠮᠡᠯ ᠳᠤ ᠲᠡᠮᠳᠡᠭᠯᠡᠨ ᠣᠷᠣᠭᠤᠯᠬᠤ ᠬᠡᠷᠡᠭᠲᠡᠶ᠃        ᠬᠤᠷᠢᠨ ᠭᠤᠷᠪᠠᠳᠤᠭᠠᠷ ᠵᠦᠢᠯ ᠠᠯᠪᠠᠨ ᠬᠠᠤᠯᠢᠴᠢ ᠶᠢᠨ ᠪᠠᠶᠢᠭ᠎ᠠ ᠨᠢᠭᠡᠴᠢ ᠨᠢ ᠲᠤᠰ ᠨᠢᠭᠡᠴᠢ ᠶᠢᠨ ᠠᠯᠪᠠᠨ ᠬᠠᠤᠯᠢᠴᠢ ᠳᠤ ᠤᠨ ᠬᠢᠨᠠᠨ ᠰᠢᠯᠭᠠᠯᠲᠠ ᠬᠢᠵᠦ᠂ ᠲᠡᠭᠦᠨ ᠤ ᠬᠠᠤᠯᠢ ᠴᠠᠭᠠᠵᠠ ᠬᠠᠤᠯᠢ ᠲᠣᠭᠲᠠᠭᠠᠯ ᠪᠣᠯᠤᠨ ᠠᠵᠢᠯ ᠮᠡᠷᠭᠡᠵᠢᠯ ᠤᠨ ᠶᠣᠰᠣ ᠮᠣᠷᠠᠯ ᠢ ᠵᠢᠷᠤᠮᠯᠠᠭᠰᠠᠨ᠂ ᠠᠵᠢᠯ ᠤᠨ ᠪᠠᠶᠢᠷᠢ ᠶᠢᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠭᠰᠡᠨ᠂ ᠬᠠᠤᠯᠢ ᠴᠠᠭᠠᠵᠠ ᠶᠢᠨ ᠠᠵᠢᠯ ᠢ ᠡᠷᠬᠢᠯᠡᠭᠰᠡᠨ ᠲᠤᠭ᠎ᠠ ᠬᠡᠮᠵᠢᠶ᠎ᠡ ᠪᠣᠯᠤᠨ ᠴᠢᠨᠠᠷ ᠴᠢᠨᠰᠠᠭ᠎ᠠ ᠵᠡᠷᠭᠡ ᠲᠠᠯ᠎ᠠ ᠶᠢᠨ ᠪᠠᠶᠢᠳᠠᠯ ᠢ ᠭᠤᠤᠯᠳᠠᠯᠭ᠎ᠠ ᠲᠠᠢ ᠬᠢᠨᠠᠨ ᠰᠢᠯᠭᠠᠵᠤ᠂ ᠲᠤᠰᠢᠶᠠᠯ ᠳᠤ ᠪᠠᠨ ᠲᠡᠩᠴᠡᠭᠰᠡᠨ᠂ ᠲᠤᠰᠢᠶᠠᠯ ᠳᠤ ᠪᠠᠨ ᠦᠨᠳᠦᠰᠦᠨ ᠳᠤ ᠪᠠᠨ ᠳᠣᠭᠢᠷᠬᠠᠰᠠᠨ ᠪᠤᠶᠤ ᠲᠤᠰᠢᠶᠠᠯ ᠳᠤ ᠪᠠᠨ ᠦᠯᠦ ᠲᠡᠩᠴᠡᠭᠰᠡᠨ ᠬᠢᠨᠠᠨ ᠰᠢᠯᠭᠠᠯᠲᠠ ᠶᠢᠨ ᠵᠡᠷᠭᠡ ᠲᠠᠰ ᠤᠨ ᠰᠠᠨᠠᠯ ᠳᠤᠷᠠᠳᠬᠤ ᠶᠢᠨ ᠬᠠᠮᠲᠤ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠪᠠᠶᠢᠭᠤᠯᠭ᠎ᠠ ᠳᠤ ᠮᠡᠳᠡᠭᠦᠯᠦᠨ ᠬᠦᠷᠭᠡᠵᠦ ᠳᠠᠩᠰᠠᠯᠠᠭᠤᠯᠬᠤ ᠬᠡᠷᠡᠭᠲᠡᠢ᠃        ᠬᠤᠷᠢᠨ ᠳᠥᠷᠪᠡᠳᠦᠭᠡᠷ ᠵᠦᠢᠯ ᠠᠯᠪᠠᠨ ᠬᠠᠤᠯᠢᠴᠢ ᠶᠢᠨ ᠪᠠᠶᠢᠭ᠎ᠠ ᠨᠢᠭᠡᠴᠢ᠂ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠪᠠᠶᠢᠭᠤᠯᠭ᠎ᠠ᠂ ᠬᠠᠤᠯᠢᠴᠢ ᠶᠢᠨ ᠨᠡᠶᠢᠭᠡᠮᠯᠢᠭ ᠨᠢ ᠠᠯᠪᠠᠨ ᠬᠠᠤᠯᠢᠴᠢ ᠶᠢᠨ ᠲᠤᠬᠠᠶᠢᠯᠠᠭᠰᠠᠨ ᠠᠵᠢᠯ ᠤᠨ ᠪᠣᠯᠪᠠᠰᠤᠷᠠᠭᠤᠯᠤᠯ ᠤᠨ ᠲᠥᠷᠢᠮ ᠪᠠᠶᠢᠭᠤᠯᠵᠤ᠂ ᠠᠯᠪᠠᠨ ᠬᠠᠤᠯᠢᠴᠢ ᠶᠢᠨ ᠪᠣᠯᠪᠠᠰᠤᠷᠠᠭᠤᠯᠤᠯ ᠤᠨ ᠲᠥᠯᠥᠪᠯᠡᠭᠡ ᠲᠣᠭᠲᠠᠭᠠᠵᠤ᠂ ᠠᠯᠪᠠᠨ ᠬᠠᠤᠯᠢᠴᠢ ᠳᠤ ᠲᠥᠷᠥ ᠶᠢᠨ ᠪᠣᠳᠣᠯᠭ᠎ᠠ ᠶᠢᠨ ᠣᠨᠣᠯ ᠤᠨ ᠪᠣᠯᠪᠠᠰᠤᠷᠠᠭᠤᠯᠤᠯ ᠪᠣᠯᠤᠨ ᠬᠠᠤᠯᠢ ᠴᠠᠭᠠᠵᠠ ᠶᠢᠨ ᠪᠣᠳᠠᠲᠤ ᠠᠵᠢᠯ ᠤᠨ ᠤᠷ᠎ᠠ ᠮᠡᠷᠭᠡᠰᠢᠯ ᠤᠨ ᠪᠣᠯᠪᠠᠰᠤᠷᠠᠭᠤᠯᠤᠯ ᠦᠷᠨᠢᠭᠦᠯᠬᠦ ᠬᠡᠷᠡᠭᠲᠡᠢ᠃        ᠬᠤᠷᠢᠨ ᠲᠠᠪᠤᠳᠤᠭᠠᠷ ᠵᠦᠢᠯ ᠠᠯᠪᠠᠨ ᠬᠠᠤᠯᠢᠴᠢ ᠶᠢᠨ ᠪᠠᠶᠢᠭ᠎ᠠ ᠨᠢᠭᠡᠴᠢ᠂ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠪᠠᠶᠢᠭᠤᠯᠭ᠎ᠠ᠂ ᠬᠠᠤᠯᠢᠴᠢ ᠶᠢᠨ ᠨᠡᠶᠢᠭᠡᠮᠯᠢᠭ ᠨᠢ ᠠᠯᠪᠠᠨ ᠬᠠᠤᠯᠢᠴᠢ ᠶᠢ ᠬᠥᠬᠢᠭᠦᠯᠦᠨ ᠰᠠᠶᠢᠰᠢᠶᠠᠬᠤ ᠳᠦᠷᠢᠮ ᠢ ᠪᠠᠶᠢᠭᠤᠯᠤᠨ ᠪᠦᠷᠢᠨᠰᠢᠭᠦᠯᠵᠦ᠂ ᠠᠵᠢᠯᠴᠢ ᠬᠢᠴᠢᠶᠡᠩᠭᠦᠶ ᠪᠠᠷ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠭᠰᠡᠨ᠂ ᠢᠯᠡᠷᠡᠯ ᠨᠢ ᠰᠢᠯᠢᠳᠡᠭ᠂ ᠬᠤᠪᠢ ᠨᠡᠮᠡᠷᠢ ᠨᠢ ᠳᠤᠪᠤᠶᠢᠮ᠎ᠠ ᠪᠤᠯᠬᠤ ᠠᠯᠪᠠᠨ ᠬᠠᠤᠯᠢᠴᠢ ᠶᠢ ᠬᠥᠬᠢᠭᠦᠯᠦᠨ ᠰᠠᠶᠢᠰᠢᠶᠠᠵᠤ᠂ ᠠᠵᠢᠯ ᠤᠨ ᠠᠮᠵᠢᠯᠲᠠ ᠪᠦᠲᠦᠮᠵᠢ ᠶᠢ ᠰᠢᠯᠭᠠᠨ ᠦᠨᠡᠯᠡᠬᠦ᠂ ᠰᠢᠯᠢᠳᠡᠭ ᠪᠠ ᠲᠡᠷᠢᠭᠦᠨ ᠤ ᠬᠢ ᠶᠢ ᠰᠢᠯᠭᠠᠷᠠᠭᠤᠯᠬᠤ᠂ ᠴᠢᠳᠠᠪᠤᠷᠢᠲᠠᠨ ᠢᠶᠠᠷ ᠪᠠᠲᠤᠯᠠᠨ ᠲᠠᠨᠢᠯᠴᠠᠭᠤᠯᠬᠤ᠂ ᠺᠠᠳ᠋ᠷ ᠢᠶᠠᠷ ᠰᠢᠯᠢᠨ ᠳᠡᠪᠰᠢᠭᠦᠯᠬᠦ ᠵᠡᠷᠭᠡ ᠲᠠᠯ᠎ᠠ ᠪᠠᠷ ᠤᠷᠮᠠᠰᠢᠭᠤᠯᠬᠤ ᠬᠡᠷᠡᠭᠲᠡᠶ᠃        ᠲᠠᠪᠤᠳᠤᠭᠠᠷ ᠪᠦᠯᠦᠭ ᠳᠠᠭᠠᠯᠳᠤᠭᠤᠯᠤᠯ ᠳᠦᠷᠢᠮ        ᠬᠤᠷᠢᠨ ᠵᠢᠷᠭᠤᠳᠤᠭᠠᠷ ᠵᠦᠢᠯ ᠬᠠᠤᠯᠢ ᠴᠠᠭᠠᠵᠠ᠂ ᠬᠠᠤᠯᠢ ᠲᠣᠭᠲᠠᠭᠠᠯ ᠠᠴᠠ ᠡᠷᠬᠡ ᠣᠯᠭᠤᠭᠰᠠᠨ ᠣᠯᠠᠨ ᠨᠡᠶᠢᠲᠡ ᠶᠢᠨ ᠬᠡᠷᠡᠭ ᠶᠠᠪᠤᠳᠠᠯ ᠤᠨ ᠬᠠᠮᠢᠶᠠᠷᠤᠯᠲᠠ ᠶᠢᠨ ᠡᠭᠦᠷᠭᠡ ᠴᠢᠳᠠᠪᠤᠷᠢ ᠲᠠᠢ ᠠᠵᠢᠯ ᠦᠢᠯᠡᠰ ᠤᠨ ᠨᠢᠭᠡᠴᠢ᠂ ᠨᠡᠶᠢᠭᠡᠮ ᠤᠨ ᠪᠦᠯᠬᠦᠮ ᠵᠢᠴᠢ ᠪᠤᠰᠤᠳ ᠵᠣᠬᠢᠶᠠᠨ ᠪᠠᠶᠢᠭᠤᠯᠤᠯᠲᠠ᠂ ᠲᠤᠰ ᠠᠷᠭ᠎ᠠ ᠪᠠᠷ ᠯᠠᠪᠯᠠᠯᠲᠠ ᠪᠣᠯᠭᠠᠨ ᠠᠯᠪᠠᠨ ᠬᠠᠤᠯᠢᠴᠢ ᠲᠤᠬᠢᠷᠠᠭᠤᠯᠵᠦ ᠪᠣᠯᠤᠨ᠎ᠠ᠃        ᠬᠤᠷᠢᠨ ᠳᠣᠯᠣᠳᠤᠭᠠᠷ ᠵᠦᠢᠯ ᠲᠣᠰ ᠬᠡᠷᠡᠭᠵᠢᠭᠦᠯᠬᠦ ᠠᠷᠭ᠎ᠠ ᠶᠢ ᠥᠪᠥᠷ ᠮᠣᠩᠭᠤᠯ ᠤᠨ ᠬᠠᠤᠯᠢ ᠴᠠᠭᠠᠵᠠ ᠶᠢᠨ ᠲᠢᠩᠬᠢᠮ ᠠᠴᠠ ᠬᠠᠷᠢᠭᠤᠴᠠᠨ ᠲᠠᠶᠢᠯᠪᠤᠷᠢᠯᠠᠨ᠎ᠠ᠃       ᠬᠤᠷᠢᠨ ᠨᠠᠢᠮᠠᠳᠤᠭᠠᠷ ᠵᠦᠢᠯ ᠲᠤᠰ ᠠᠷᠭ᠎ᠠ ᠶᠢ 2019 ᠣᠨ ᠤ 10 ᠰᠠᠷ᠎ᠠ ᠶᠢᠨ 1 ᠤ ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠃ ᠤᠤᠯ ᠤᠨ ︽ᠠᠯᠪᠠᠨ ᠬᠠᠤᠯᠢᠴᠢ ᠶᠢᠨ ᠲᠤᠬᠠᠶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠡᠷᠡᠭᠵᠢᠭᠦᠯᠬᠦ ᠠᠷᠭ᠎ᠠ︾ ᠶᠢ ᠬᠠᠮᠲᠤ ᠳᠤ ᠨᠢ ᠬᠦᠴᠦᠨ ᠦᠭᠡᠶ ᠪᠣᠯᠭᠠᠨ᠎ᠠ᠃       ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠠᠤᠯᠢ ᠴᠠᠭᠠᠵᠠ ᠶᠢᠨ ᠲᠢᠩᠬᠢᠮ ᠤᠨ ᠤᠤᠯ ᠤᠨ ᠳᠠᠷᠤᠮᠠᠯᠯᠠᠨ ᠲᠠᠷᠬᠠᠭᠠᠭᠰᠠᠨ ᠠᠯᠪᠠᠨ ᠬᠠᠤᠯᠢᠴᠢ ᠶᠢᠨ ᠲᠣᠭᠲᠠᠭᠠᠯ ᠨᠢ ᠲᠤᠰ ᠠᠷᠭ᠎ᠠ ᠲᠠᠢ ᠨᠢᠭᠡᠳᠦᠯ ᠦᠭᠡᠢ ᠪᠠᠶᠢᠪᠠᠯ᠂ ᠲᠤᠰ ᠠᠷᠭ᠎ᠠ ᠪᠠᠷ ᠪᠠᠷᠢᠮᠵᠢᠶ᠎ᠠ ᠪᠣᠯᠭᠠᠨ᠎ᠠ᠃
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠬᠠᠤᠯᠢ ᠴᠠᠭᠠᠵᠠ ᠶᠢᠨ ᠲᠢᠩᠬᠢᠮ