ᠤᠲᠠᠰᠤᠲᠤ ᠬᠤᠭᠤᠷ ᠤᠨ ᠡᠭᠡᠰᠢᠭ | ᠣᠯᠠᠨ ᠤ ᠰᠣᠨᠣᠷ ᠲᠤ ᠴᠡᠩᠭᠡᠯ ᠰᠢᠦ | ᠤᠯᠠᠭᠠᠨ ᠨᠠᠷᠠᠨ ᠤ ᠲᠤᠶᠠᠭ᠎ᠠ | ᠥᠩ ᠶᠢᠷᠲᠢᠨᠴᠦ ᠳᠤ ᠰᠢᠮ᠎ᠡ ᠰᠢᠦ | | | ᠡᠨᠡ ᠶᠢᠷᠲᠢᠨᠴᠦ ᠬᠠᠷᠠᠩᠭᠤᠢ ᠪᠠᠶᠢᠬᠤ ᠳᠤ | ᠢᠯᠴᠢ ᠬᠠᠩᠭᠠᠭᠰᠠᠨ ᠨᠢ ᠨᠠᠷᠠ ᠰᠢᠦ | ᠥᠷᠭᠡᠨ ᠲᠦᠮᠡᠨ ᠵᠦᠳᠡᠵᠦ ᠪᠠᠶᠢᠬᠤ ᠳᠤ | ᠡᠷᠭᠦᠭᠡᠳ ᠠᠪᠤᠭᠰᠠᠨ ᠨᠢ ᠨᠠᠮ ᠮᠢᠨᠢ ᠰᠢᠦ | | | ᠠᠶᠤᠯᠲᠤ ᠳᠠᠶᠢᠰᠤᠨ ᠤ ᠳᠠᠷᠤᠯᠠᠯ ᠳᠣᠣᠷ᠎ᠠ | ᠠᠷᠪᠠᠨ ᠲᠠᠮᠤ ᠶᠢ ᠠᠮᠰᠠᠭᠰᠠᠨ | ᠠᠷᠠᠳ ᠣᠯᠠᠨ ᠢᠶᠠᠨ ᠠᠪᠤᠷᠠᠭᠰᠠᠨ | ᠠᠭᠤᠤ ᠠᠴᠢ ᠶᠢ ᠨᠢ ᠮᠠᠷᠲᠠᠬᠤ ᠦᠭᠡᠢ | | | ᠡᠪ ᠬᠠᠮᠲᠤ ᠨᠠᠮ ᠭᠡᠳᠡᠭ ᠪᠣᠯ | ᠡᠪ ᠨᠢᠭᠡᠳᠦᠯ ᠤᠨ ᠪᠡᠯᠭᠡᠳᠡᠯ ᠰᠢᠦ | ᠬᠠᠮᠲᠤᠷᠠᠵᠤ ᠲᠡᠮᠡᠴᠡᠯ ᠬᠢᠪᠡᠯ | ᠬᠠᠮᠤᠭ ᠪᠦᠭᠦᠨ ᠢ ᠢᠯᠠᠳᠠᠭ ᠰᠢᠦ | | | ᠬᠦᠴᠦᠲᠦ ᠳᠠᠶᠢᠰᠤᠨ ᠢ ᠢᠯᠠᠭᠰᠠᠨ | ᠬᠦᠴᠦ ᠨᠢ ᠬᠠᠮᠢᠭ᠎ᠠ ᠪᠤᠢ ᠭᠡᠪᠡᠯ | ᠬᠥᠮᠥᠨ ᠠᠷᠠᠳ ᠲᠠᠢ ᠪᠠᠨ ᠬᠤᠯᠪᠣᠯᠳᠤᠭᠰᠠᠨ | ᠪᠦᠯᠬᠦᠮᠳᠡᠯ ᠨᠢᠭᠲᠠᠷᠠᠯ ᠠᠴᠠ ᠢᠷᠡᠯ ᠲᠠᠢ | | | ᠵᠡᠪᠰᠡᠭᠲᠦ ᠳᠠᠶᠢᠰᠤᠨ ᠢ ᠳᠠᠷᠤᠭᠰᠠᠨ | ᠵᠣᠷᠢᠭ ᠨᠢ ᠶᠠᠭᠤᠨ ᠠᠴᠠ ᠢᠷᠡᠪᠡ ᠭᠡᠪᠡᠯ | ᠵᠣᠪᠠᠯᠠᠩᠲᠤ ᠠᠷᠠᠳ ᠢ ᠠᠪᠤᠷᠠᠭᠰᠠᠨ | ᠵᠣᠷᠢᠯᠲᠠ ᠬᠦᠰᠡᠯ ᠠᠴᠠ ᠡᠭᠦᠰᠦᠯ ᠲᠠᠢ | | | ᠬᠦᠴᠢᠷ ᠵᠣᠪᠠᠭᠤᠷᠢᠲᠤ ᠠᠷᠠᠳ ᠢ | ᠬᠥᠲᠥᠯᠥᠨ ᠳᠠᠭᠠᠭᠤᠯᠵᠤ ᠤᠳᠤᠷᠢᠳᠤᠭᠰᠠᠨ | ᠬᠦᠰᠡᠯᠡᠩᠲᠦ ᠨᠡᠶᠢᠭᠡᠮ ᠢ ᠪᠠᠶᠢᠭᠤᠯᠬᠤ ᠪᠠᠷ | ᠬᠦᠴᠦᠯᠡᠨ ᠲᠡᠮᠡᠴᠡᠭᠰᠡᠨ ᠡᠪ ᠬᠠᠮᠲᠤ ᠨᠠᠮ | | | ᠡᠩ ᠳᠡᠯᠡᠬᠡᠢ ᠶᠢᠨ ᠥᠷᠥᠴᠡᠨ ᠳᠤ | ᠡᠩᠬᠡ ᠶᠢᠨ ᠨᠠᠷᠠᠨ ᠮᠠᠨᠳᠤᠯ᠎ᠠ | ᠡᠪ ᠬᠠᠮᠲᠤ ᠨᠠᠮ ᠤᠨ ᠠᠴᠢ ᠪᠠᠷ | ᠡᠬᠡ ᠤᠯᠤᠰ ᠮᠢᠨᠢ ᠬᠦᠴᠦᠷᠬᠡᠭᠵᠢᠯᠡ | | | ᠳᠣᠷᠣᠨᠠᠳᠠᠬᠢᠨ ᠤ ᠣᠭᠲᠠᠷᠭᠤᠢ ᠳᠤ | ᠮᠥᠩᠬᠡ ᠶᠢᠨ ᠨᠠᠷᠠᠨ ᠰᠠᠴᠤᠷᠠᠯ᠎ᠠ | ᠳᠣᠮᠳᠠᠳᠣ ᠶᠢᠨ ᠠᠭᠤᠳᠠᠮ ᠨᠤᠲᠤᠭ ᠲᠤ | ᠲᠠᠪᠤᠨ ᠣᠳᠣᠲᠤ ᠲᠤᠭ ᠨᠠᠮᠢᠷᠠᠨ᠎ᠠ | | | ᠡᠨᠡ ᠰᠠᠶᠢᠬᠠᠨ ᠨᠡᠶᠢᠭᠡᠮ ᠳᠤ | ᠢᠷᠭᠡᠨ ᠪᠦᠭᠦᠨ ᠡᠷᠬᠡ ᠴᠢᠯᠦᠭᠡᠲᠡᠢ | ᠡᠯᠢᠭᠡᠨ ᠬᠠᠶᠢᠷᠠᠲᠤ ᠡᠬᠡ ᠤᠯᠤᠰ ᠲᠤ ᠮᠢᠨᠢ | ᠡᠯ᠎ᠡ ᠦᠨᠳᠦᠰᠦᠲᠡᠨ ᠪᠦᠯᠬᠦᠮᠳᠡᠯ ᠲᠠᠢ | | | ᠥᠭᠡᠷᠡᠴᠢᠯᠡᠯᠲᠡ ᠬᠢᠵᠦ ᠴᠢᠯᠦᠭᠡᠲᠡᠢ ᠶᠠᠪᠤᠯᠴᠠᠨ | ᠠᠵᠤ ᠠᠬᠤᠢ ᠨᠡᠶᠢᠭᠡᠮ ᠢ ᠬᠥᠭᠵᠢᠭᠦᠯᠦᠯᠡ | ᠠᠷᠭ᠎ᠠ ᠪᠦᠭᠦᠨ ᠢ ᠰᠦᠪᠡᠭᠴᠢᠯᠡᠨ | ᠠᠷᠠᠳ ᠤᠨ ᠠᠮᠢᠳᠤᠷᠠᠯ ᠢ ᠰᠠᠶᠢᠵᠢᠷᠠᠭᠤᠯᠤᠯᠠ | | | ᠠᠷᠪᠠᠨ ᠳ᠋ᠦᠩᠰᠢᠭᠤᠷ ᠠᠷᠠᠳ | ᠠᠨᠠᠷ ᠤᠨ ᠦᠷ᠎ᠡ ᠰᠢᠭ ᠪᠦᠯᠬᠦᠮᠳᠡᠶ᠎ᠡ | ᠠᠭᠤᠤ ᠨᠠᠮ ᠤᠨ ᠵᠢᠯᠣᠭᠤᠳᠤᠯᠭ᠎ᠠ ᠪᠠᠷ | ᠠᠮᠵᠢᠯᠲᠠ ᠵᠢᠳᠬᠦᠯ ᠭᠠᠷᠭᠠᠶ᠎ᠠ᠃ | | |