︽ᠣᠲᠣ ᠬᠢᠯᠢ ᠬᠠᠮᠠᠭᠠᠯᠠᠭᠴᠢ ᠥᠨᠢᠮᠥ᠋ᠩᠬᠡ ᠲᠠᠶᠢᠰᠠᠨ ᠳᠤ ᠭᠠᠷᠴᠤ ᠱᠠᠩᠨᠠᠯ ᠭᠠᠷᠳᠠᠨ᠎ᠠ ᠁︾ ᠣᠶᠢᠷ᠎ᠠ ᠳᠤ ᠪᠣᠯᠤᠭᠰᠠᠨ ᠰᠢᠯᠢ ᠶᠢᠨ ᠭᠤᠣᠯ ᠬᠢᠯᠢ ᠶᠢᠨ | ᠬᠠᠮᠠᠭᠠᠯᠠᠯᠲᠠ ᠶᠢᠨ ᠰᠠᠯᠪᠤᠷᠢ ᠠᠩᠭᠢ ᠶᠢᠨ ᠭᠡᠷᠡᠯᠲᠦᠣ᠋ᠳᠤ ᠲᠣᠮᠢᠯᠠᠭᠰᠠᠨ ᠰᠠᠯᠪᠤᠷᠢ ᠶᠢᠨ ᠡᠷᠭᠢᠯᠡᠭᠰᠡᠨ ︽ᠬᠢᠯᠢᠴᠢᠳ ᠤᠨ ᠨᠠᠭᠠᠳᠤᠮ︾ ᠳᠡᠭᠡᠷ᠎ᠡ ᠬᠥᠲᠥᠯᠥᠭᠴᠢ ᠠᠴᠠ | ᠡᠶᠢᠨ ᠬᠦ ᠵᠠᠷᠯᠠᠬᠤ ᠳᠤ ᠤᠯᠠᠨ ᠤ ᠳᠤᠮᠳᠠ ᠠᠴᠠ ᠲᠤᠷᠠᠩᠬᠠᠢ ᠪᠤᠯᠪᠠᠴᠤ ᠰᠢᠷᠪᠦᠰᠦᠯᠢᠭ ᠥᠨᠳᠥᠷ ᠡᠷ᠎ᠡ ᠲᠠᠪ ᠬᠢᠨ ᠪᠣᠰᠣᠭᠠᠳ ᠲᠡᠷᠢᠭᠦᠯᠡᠭᠴᠢ ᠶᠢᠨ ᠲᠠᠶᠢᠰᠠᠨ ᠳᠤ | ᠠᠯᠬᠤᠨ ᠭᠠᠷᠤᠯ᠎ᠠ᠃ | ᠰᠢᠯᠢᠳᠡᠭ ᠬᠢᠯᠢ ᠬᠠᠮᠠᠭᠠᠯᠠᠭᠴᠢ ᠥᠨᠢᠮᠥ᠋ᠩᠬᠡ | ︽ᠲᠡᠷᠡ ᠪᠣᠯ ᠰᠢᠯᠭᠠᠷᠠᠭᠰᠠᠨ ᠬᠢᠯᠢ ᠬᠠᠮᠠᠭᠠᠯᠠᠭᠴᠢ ᠪᠠᠷ ᠪᠠᠷᠠᠬᠤ ᠦᠭᠡᠢ ᠪᠠᠰᠠ ᠰᠢᠯᠢᠳᠡᠭ ᠨᠠᠮ ᠤᠨ ᠭᠡᠰᠢᠭᠦᠨ᠂ ᠰᠢᠯᠢᠳᠡᠭ ᠪᠠᠶᠠᠵᠢᠯ ᠤᠨ ᠳᠠᠭᠠᠭᠤᠯᠤᠭᠴᠢ | ᠶᠤᠮ᠃ ᠦᠵᠡᠬᠦ ᠳᠤ ᠲᠤᠷᠠᠩᠬᠠᠢ ᠪᠤᠯᠪᠠᠴᠤ ᠳᠣᠲᠣᠷᠯᠢᠭ ᠰᠢᠵᠠᠷᠠᠭᠤᠨ ᠨᠢᠭᠡᠨ ᠰᠢᠤ︾ ᠭᠡᠵᠦ ᠭᠡᠷᠡᠯᠲᠦᠣ᠋ᠳᠤ ᠰᠤᠮᠤᠨ ᠤ ᠳᠡᠳ᠋ ᠰᠤᠮᠤᠨ ᠳᠠᠷᠤᠭ᠎ᠠ᠂ ᠮᠥᠨ ᠥᠨᠢᠮᠥ᠋ᠩᠬᠡ | ᠶᠢᠨ ᠬᠢᠨ ᠤ ᠪᠠᠶᠢᠭ᠎ᠠ ᠬᠥᠭᠵᠢᠯᠲᠤᠶᠠᠭ᠎ᠠ ᠭᠠᠴᠠᠭᠠᠨ ᠤ ᠨᠢᠭᠡᠳᠦᠭᠡᠷ ᠱᠦᠵᠢ ᠵᠠᠳᠠᠮᠪᠠ ᠶᠠᠷᠢᠨ᠎ᠠ᠃ | ︽ᠨᠡᠬᠡᠷᠡᠨ ᠰᠢᠤ᠂ ᠰᠢᠯᠢᠳᠡᠭ ᠰᠠᠶᠢᠬᠠᠨ ᠵᠠᠩ ᠰᠤᠷᠲᠠᠯ ᠭᠡᠭᠴᠢ ᠭᠡᠷ ᠪᠦᠯᠢ ᠶᠢᠨ ᠬᠥᠮᠦᠵᠢᠯ ᠤᠯᠠᠮᠵᠢᠯᠠᠯ ᠪᠢᠯᠡ᠃ ᠥᠨᠢᠮᠥ᠋ᠩᠬᠡ ᠶᠢᠨ ᠬᠢᠨ ᠴᠦ ᠡᠨᠡ ᠤᠯᠠᠮᠵᠢᠯᠠᠯ ᠢᠶᠠᠨ | ᠰᠠᠶᠢᠬᠠᠨ ᠥᠪᠯᠡᠵᠦ ᠶᠠᠪᠤᠭ᠎ᠠ ᠤᠯᠤᠰ ᠠ᠋︾ ᠭᠡᠵᠦ ᠭᠡᠷᠡᠯᠲᠦᠣ᠋ᠳᠤ ᠬᠢᠯᠢ ᠶᠢᠨ ᠲᠣᠮᠢᠯᠠᠭᠰᠠᠨ ᠰᠠᠯᠪᠤᠷᠢ ᠶᠢᠨ ᠳᠠᠷᠤᠭ᠎ᠠ ᠪᠤᠶᠠᠨ ᠪᠣᠯᠣᠨ ᠵᠠᠳᠠᠮᠪᠠ ᠶᠠᠷᠢᠯᠴᠠᠬᠤ ᠶᠢᠨ | ᠵᠠᠪᠰᠠᠷ᠂ ᠥᠨᠢᠮᠥ᠋ᠩᠬᠡ ᠶᠢᠨ ᠬᠢᠨ ᠪᠣᠯ ᠭᠤᠷᠪᠠᠨ ᠦᠶ᠎ᠡ ᠪᠠᠷ ᠢᠶᠠᠨ ᠬᠢᠯᠢ ᠳᠤ ᠨᠤᠲᠤᠭᠰᠢᠵᠤ᠂ ᠡᠬᠡ ᠤᠯᠤᠰ ᠤᠨ ᠢᠶᠠᠨ ᠲᠠᠷᠬᠠᠨ ᠬᠢᠯᠢ ᠶᠢ ᠰᠠᠬᠢᠭᠰᠠᠭᠠᠷ ᠪᠠᠶᠢᠭ᠎ᠠ | ᠦᠨᠡᠨ ᠤᠴᠠᠷᠠᠯ ᠦᠢᠯᠡ ᠶᠠᠪᠤᠳᠠᠯ ᠢ ᠪᠢᠳᠡᠨ ᠤ ᠡᠮᠦᠨ᠎ᠡ ᠳᠡᠯᠭᠡᠵᠦ ᠪᠢᠯᠡ᠃ | 1948 ᠣᠨ ᠳᠤ᠂ ᠥᠨᠢᠮᠥ᠋ᠩᠬᠡ ᠶᠢᠨ ᠨᠠᠭᠠᠴᠤ ᠡᠪᠦᠭᠡ ᠥᠯᠵᠡᠶᠢᠰᠦ᠋ᠷᠦᠩ ᠢᠷᠠᠭᠤ ᠠᠯᠳᠠᠷᠲᠠᠢ ᠪᠠᠷ ᠴᠡᠷᠢᠭ ᠲᠤ ᠡᠯᠰᠡᠭᠳᠡᠵᠦ᠂ ᠡᠷᠡᠮᠡᠬᠡᠢ ᠲᠠᠶᠢᠴᠢᠨ | ᠮᠣᠷᠢᠲᠤ ᠴᠡᠷᠢᠭ ᠤᠨ ᠪᠠᠶᠢᠯᠳᠤᠭᠴᠢ ᠪᠣᠯᠵᠠᠢ᠃ ᠲᠡᠷᠡ ᠪᠠᠶᠢᠯᠳᠤᠭᠴᠢ ᠶᠠᠪᠤᠬᠤ ᠳᠠᠭᠠᠨ ᠠᠷᠠᠳ ᠤᠨ ᠴᠢᠯᠦᠭᠡᠯᠡᠬᠦ ᠲᠠᠶᠢᠨ ᠳᠤ ᠤᠷᠤᠯᠴᠠᠵᠦ ᠥᠩᠭᠡᠷᠡᠭᠰᠡᠨ ᠪᠥᠭᠡᠳ | ᠪᠠᠰᠠ ᠬᠤᠪᠢᠰᠬᠠᠯ ᠤᠨ ᠡᠰᠡᠷᠭᠦᠴᠦᠳ ᠪᠠ ᠳᠡᠭᠡᠷᠡᠮ ᠢ ᠤᠰᠠᠳᠬᠠᠬᠤ ᠲᠤᠯᠤᠯᠳᠤᠭᠠᠨ ᠳᠤ ᠴᠦ ᠢᠳᠡᠪᠬᠢᠯᠡᠨ ᠤᠷᠤᠯᠴᠠᠵᠦ᠂ ᠤᠷᠢᠳ ᠬᠤᠵᠢᠳ ᠭᠤᠷᠪᠠᠳᠤᠭᠠᠷ | ᠲᠡᠰ ᠤᠨ ᠭᠠᠪᠢᠶ᠎ᠠ ᠨᠢᠭᠡ ᠤᠳᠠᠭ᠎ᠠ᠂ ᠬᠤᠶᠠᠳᠤᠭᠠᠷ ᠲᠡᠰ ᠤᠨ ᠭᠠᠪᠢᠶ᠎ᠠ ᠨᠢᠭᠡ ᠤᠳᠠᠭ᠎ᠠ ᠪᠠᠶᠢᠭᠤᠯᠵᠤ ᠪᠠᠰᠠ ᠬᠤᠸᠠᠪᠧᠢ ᠣᠷᠣᠨ ᠢ ᠴᠢᠯᠦᠭᠡᠯᠡᠬᠦ ᠳᠠᠶᠢᠯᠠᠯᠳᠤᠭᠠᠨ ᠤ | ᠳᠤᠷᠠᠰᠬᠠᠯ ᠤᠨ ᠲᠡᠮᠳᠡᠭ ᠢ ᠬᠦᠷᠲᠡᠵᠦ ᠪᠢᠯᠡ᠃ ᠥᠨᠢᠳᠡ ᠬᠠᠭᠤᠴᠢᠷᠠᠰᠢ ᠦᠭᠡᠢ ᠢᠷᠠᠭᠤ ᠠᠯᠳᠠᠷ ᠰᠢᠭ᠋ ᠢᠶᠠᠨ ᠬᠡᠵᠢᠶᠡᠳᠡ ᠭᠢᠯᠠᠯᠵᠠᠬᠤ ᠭᠠᠪᠢᠶᠠᠨ ᠲᠡᠮᠳᠡᠭ ᠤᠳ ᠨᠢ | ᠤᠳᠤᠮ ᠬᠤᠶᠢᠴᠢ ᠦᠶ᠎ᠡ ᠳᠤᠨᠢ ᠤᠯᠠᠮᠵᠢᠯᠠᠨ ᠬᠠᠳᠠᠭᠠᠯᠠᠭᠳᠠᠵᠤ᠂ ᠥᠩᠭᠡᠷᠡᠭᠰᠡᠨ ᠲᠡᠦᠬᠡ ᠶᠢᠨ ᠢᠷᠠᠭᠤ ᠳᠤᠷᠠᠳᠬᠠᠯ ᠬᠢᠭᠡᠳ ᠥᠩᠭᠡ ᠬᠡᠷᠡᠯᠳᠦ ᠬᠤᠪᠢᠰᠬᠠᠯ ᠤᠨ | ᠤᠳᠤᠮᠰᠢᠯ ᠢ ᠥᠭᠦᠯᠡᠨ᠎ᠡ᠃ | ᠥᠨᠢᠮᠥ᠋ᠩᠬᠡ ᠥᠪᠡᠷ ᠤᠨ ᠡᠵᠢ ᠲᠠᠷᠮ᠎ᠠ ᠨᠠᠰᠤᠲᠠᠨ ᠤ ᠲᠤᠬᠠᠢ ᠡᠷᠭᠢᠴᠡᠭᠦᠯᠬᠦ ᠳᠡᠭᠡᠨ᠄ ︽ᠮᠢᠨᠤ ᠡᠵᠢ ᠪᠣᠯ ︿ᠱᠠᠩᠬᠠᠢ ᠶᠢᠨ ᠥᠨᠥᠴᠢᠨ ᠬᠡᠦᠬᠡᠳ﹀᠂ ᠡᠳᠦᠭᠡ | ᠤᠯᠠᠨ ᠢᠶᠠᠷ ᠢᠶᠠᠨ ︿ᠤᠯᠤᠰ ᠤᠨ ᠬᠡᠦᠬᠡᠳ﹀ ᠭᠡᠵᠦ ᠬᠠᠯᠠᠮᠵᠢᠯᠠᠨ ᠳᠠᠭᠤᠳᠠᠬᠤ ᠪᠣᠯᠪᠠ︾᠃ | ᠥᠨᠢᠮᠥ᠋ᠩᠬᠡ ᠶᠢᠨ ᠡᠵᠢ ᠲᠠᠷᠮ᠎ᠠ ᠪᠣᠯ 1960 ᠣᠨ ᠳᠤ ᠲᠦᠷᠦᠵᠠᠢ᠃ ᠤᠢ ᠭᠦᠷᠦᠭᠡ ᠦᠭᠡᠢ ᠪᠠᠶᠢᠬᠤ ᠳᠠᠭᠠᠨ ᠥᠪᠥᠷ ᠮᠣᠩᠭᠤᠯ ᠳᠤ ᠢᠷᠡᠵᠦ᠂ ᠠᠩᠬ᠎ᠠ | ᠮᠠᠯᠴᠢᠨ ᠲᠤᠯᠮ᠎ᠠ ᠶᠢᠨ ᠬᠢᠨ ᠳᠤ ᠦᠷᠡᠴᠢᠯᠡᠭᠳᠡᠪᠡ᠃ ᠲᠡᠷᠡ ᠦᠶ᠎ᠡ ᠳᠤ ᠲᠤᠯᠮ᠎ᠠ ᠭᠤᠸᠠᠢ ᠨᠢᠭᠡᠨᠲᠡ ᠳᠥᠴᠢ ᠭᠠᠷᠤᠭᠰᠠᠨ ᠪᠥᠭᠡᠳ ᠬᠥᠯ ᠮᠠᠭᠤᠲᠠᠢ ᠪᠣᠯᠬᠤᠷ ᠨᠢᠯᠬ᠎ᠠ | ᠲᠠᠷᠮ᠎ᠠ ᠶᠢ ᠥᠰᠬᠡᠵᠦ ᠪᠣᠶᠢᠵᠢᠭᠤᠯᠬᠤ ᠳᠤ ᠬᠦᠴᠢᠷᠳᠡᠬᠦ ᠨᠢ ᠮᠡᠳᠡᠭᠡᠵᠢ ᠬᠡᠷᠡᠭ᠃ | ᠲᠡᠭᠡᠲᠡᠯ᠎ᠡ 1962 ᠣᠨ ᠤ ᠵᠢᠯ᠂ ᠥᠯᠵᠡᠶᠢᠰᠦ᠋ᠷᠦᠩ ᠭᠤᠸᠠᠢ ᠲᠤᠯᠮ᠎ᠠ ᠶᠢᠨ ᠬᠢᠨ ᠳᠤ ᠠᠶᠢᠯᠴᠢᠯᠠᠬᠤ ᠪᠠᠷ ᠬᠦᠷᠬᠦ ᠳᠤ ᠲᠡᠨᠲᠦᠷ ᠮᠥᠨᠳᠥᠷ ᠬᠥᠯ ᠳᠤ ᠣᠷᠣᠵᠤ | ᠪᠠᠶᠢᠭᠰᠠᠨ ᠪᠢᠴᠢᠬᠠᠨ ᠲᠠᠷᠮ᠎ᠠ ᠬᠦᠳᠡᠷ ᠲᠣᠮᠣ ᠥᠯᠵᠡᠶᠢᠰᠦ᠋ᠷᠦᠩ ᠠᠴᠠ ᠥᠴᠥᠬᠡᠨ ᠴᠦ ᠪᠦᠱᠦᠭᠦᠷᠭᠡᠭᠰᠡᠨ ᠦᠭᠡᠢ ᠪᠥᠭᠡᠳ ᠡᠪᠦᠷ ᠳᠡᠭᠡᠷ᠎ᠡ ᠨᠢ ᠰᠠᠭᠤᠭᠠᠳ ︽ᠠᠪᠤ | ᠠ᠋᠂ ᠠᠪᠤ ᠠ᠋︾ ᠭᠡᠵᠦ ᠳᠠᠭᠤᠳᠠᠵᠤ ᠭᠠᠷᠤᠭᠰᠠᠨ ᠭᠡᠨ᠎ᠡ᠃ ᠢᠩᠭᠢᠭᠡᠳ ᠲᠤᠯᠮ᠎ᠠ ᠭᠤᠸᠠᠢ ᠦᠷᠡᠴᠢᠯᠡᠵᠦ ᠠᠪᠤᠭᠰᠠᠨ ᠪᠤᠯᠪᠠᠴᠤ ᠥᠪᠡᠷ ᠤᠨ ᠲᠦᠷᠦᠭᠰᠡᠨ ᠦᠷ᠎ᠡ ᠪᠠᠨ | ᠮᠡᠲᠦ ᠰᠠᠨᠠᠳᠠᠭ ᠥᠬᠢᠨ ᠲᠠᠷᠮ᠎ᠠ ᠪᠠᠨ ᠥᠯᠵᠡᠶᠢᠰᠦ᠋ᠷᠦᠩ ᠳᠤ ᠦᠷᠡᠴᠢᠯᠡᠭᠦᠯᠦᠨ ᠥᠭᠴᠡᠢ᠃ | ᠤᠬᠠᠭ᠎ᠠ ᠣᠷᠣᠭᠰᠠᠨ ᠴᠠᠭ ᠠᠴᠠ ᠪᠠᠨ ᠠᠪᠤᠭᠠᠳ ᠪᠢᠴᠢᠬᠠᠨ ᠲᠠᠷᠮ᠎ᠠ ᠠᠪᠤ ᠥᠯᠵᠡᠶᠢᠰᠦ᠋ᠷᠦᠩ ᠤᠨ ᠢᠶᠠᠨ ᠬᠠᠳᠠᠨ ᠪᠠᠲᠤ ᠴᠡᠷᠢᠭ ᠬᠥᠮᠥᠨ ᠤ ᠡᠷᠡᠮᠡᠭ | ᠵᠣᠷᠢᠮᠠᠭ ᠰᠢᠯᠤᠭᠤᠨ ᠰᠢᠳᠤᠷᠭᠤ ᠵᠠᠩ ᠠᠷᠠᠨᠰᠢᠨ ᠳᠤ ᠭᠦᠨ ᠨᠥᠯᠥᠭᠡᠯᠡᠭᠳᠡᠵᠡᠢ᠃ ᠬᠤᠵᠢᠮ ᠨᠢ 13 ᠨᠠᠰᠤᠲᠠᠢ ᠲᠠᠷᠮ᠎ᠠ ᠠᠪᠤ ᠡᠵᠢ ᠶᠢᠨ ᠢᠶᠠᠨ ᠵᠥᠪᠰᠢᠶᠡᠷᠡᠯ | ᠳᠡᠮᠵᠢᠯᠭᠡ ᠳᠣᠣᠷ᠎ᠠ ᠡᠷᠦᠭᠡ ᠶᠢᠨ ᠴᠡᠷᠢᠭ ᠲᠤ ᠣᠷᠣᠵᠤ᠂ ᠮᠣᠷᠢ ᠤᠨᠤᠬᠤ᠂ ᠫᠤᠤ ᠬᠠᠷᠪᠤᠬᠤ᠂ ᠰᠡᠯᠡᠮ᠎ᠡ ᠪᠠᠷ ᠴᠠᠪᠴᠢᠬᠤ ᠵᠡᠷᠭᠡ ᠶᠢ ᠪᠣᠯᠪᠠᠰᠤᠷᠠᠵᠤ ᠪᠠᠶᠢᠭᠰᠠᠨ ᠶᠤᠮ᠃ | 1978 ᠣᠨ ᠳᠤ᠂ ᠲᠠᠷᠮ᠎ᠠ ᠡᠷᠦᠭᠡ ᠶᠢᠨ ᠴᠡᠷᠢᠭ ᠲᠤ ᠬᠠᠮᠲᠤ ᠶᠠᠪᠤᠵᠤ ᠪᠠᠶᠢᠭᠰᠠᠨ ᠬᠡᠰᠢᠭᠲᠦ ᠯᠦᠭᠡ ᠠᠶᠢᠯ ᠭᠡᠷ ᠪᠣᠯᠪᠠ᠃ ︽ᠲᠡᠷᠡ ᠦᠶ᠎ᠡ ᠶᠢᠨ ᠡᠷᠦᠭᠡ | ᠶᠢᠨ ᠴᠡᠷᠢᠭ ᠤᠨ ᠪᠣᠯᠪᠠᠰᠤᠷᠠᠯ ᠦᠨᠡᠬᠡᠷ ᠬᠡᠴᠡᠭᠦᠦ ᠬᠠᠯᠠᠲᠠᠢ ᠪᠠᠶᠢᠭᠰᠠᠨ ᠠ᠋᠂ ᠪᠢ ᠨᠠᠰᠤ ᠪᠠᠭ᠎ᠠ ᠪᠠᠶᠢᠭᠰᠠᠨ ᠪᠣᠯᠬᠤᠷ ᠨᠥᠬᠦᠷ ᠮᠢᠨᠢ ᠨᠠᠮ᠎ᠠ ᠶᠢ ᠪᠠᠶᠢᠩᠭᠤ ᠬᠠᠪᠰᠤᠷᠴᠤ | ᠲᠤᠰᠠᠯᠠᠳᠠᠭ᠂ ᠬᠤᠵᠢᠮ ᠨᠢ ᠪᠢᠳᠠ ᠭᠡᠷ ᠪᠦᠯᠢ ᠪᠤᠯᠤᠯᠴᠠᠬᠰᠠ ᠠ᠋︾ ᠭᠡᠵᠦ ᠤᠳᠤ ᠡᠷᠢᠶᠡᠨ ᠬᠤᠳᠠ ᠳᠤ ᠦᠳᠡᠯᠦᠭᠡ ᠨᠠᠰᠤ ᠪᠠᠨ ᠠᠮᠤᠷ ᠵᠢᠷᠭᠠᠯᠲᠠᠢ ᠥᠩᠭᠡᠷᠡᠭᠦᠯᠵᠦ | ᠰᠠᠭᠤᠭ᠎ᠠ ᠲᠠᠷᠮ᠎ᠠ ᠭᠤᠸᠠᠢ ᠲᠤᠬᠠᠢ ᠶᠢᠨ ᠦᠶ᠎ᠡ ᠶᠢᠨ ᠪᠠᠶᠢᠳᠠᠯ ᠢᠶᠠᠨ ᠡᠷᠭᠢᠴᠡᠭᠦᠯᠦᠨ ᠳᠤᠷᠠᠰᠪᠠ᠃ 1981 ᠣᠨ ᠳᠤ᠂ ᠡᠨᠡ ᠬᠦ ᠬᠢᠯᠢ ᠬᠢᠵᠠᠭᠠᠷ ᠣᠷᠣᠨ ᠤ ᠰᠢᠨᠡᠬᠡᠨ | ᠭᠡᠷ ᠪᠦᠯᠢ ᠠᠵᠠ ᠵᠢᠷᠭᠠᠯᠲᠠᠢ ᠪᠠᠷ ᠦᠷ᠎ᠡ ᠶᠢᠨ ᠵᠤᠯᠠᠢ ᠦᠨᠦᠷᠯᠡᠵᠦ ᠬᠥᠪᠡᠭᠦᠨ ᠲᠠᠢ ᠪᠣᠯᠤᠭᠰᠠᠨ ᠨᠢ ᠪᠢᠴᠢᠬᠠᠨ ᠥᠨᠢᠮᠥ᠋ᠩᠬᠡ ᠪᠠᠶᠢᠯ᠎ᠠ᠃ ᠡᠨᠡ ᠳᠤᠮᠳᠠ ᠲᠠᠷᠮ᠎ᠠ | ᠭᠤᠸᠠᠢ ᠪᠠᠰᠠ ᠬᠥᠭᠵᠢᠯᠲᠤᠶᠠᠭ᠎ᠠ ᠭᠠᠴᠠᠭᠠᠨ ᠳᠠᠭᠠᠨ ᠡᠮᠡᠭᠲᠡᠶᠢᠴᠦᠳ ᠤᠨ ᠬᠤᠯᠪᠤᠭ᠎ᠠ ᠶᠢᠨ ᠡᠷᠭᠢᠯᠡᠭᠴᠢ ᠶᠢᠨ ᠠᠵᠢᠯ ᠢ ᠬᠠᠷᠢᠭᠤᠴᠠᠨ ᠬᠢᠵᠦ ᠪᠠᠶᠢᠭᠰᠠᠨ ᠪᠥᠭᠡᠳ | ᠠᠵᠢᠯ ᠦᠢᠯᠡᠰ ᠲᠡᠭᠡᠨ ᠰᠢᠭᠤᠷᠬᠠᠢ ᠪᠣᠯᠬᠤᠷ ᠭᠦᠳᠡᠯᠮᠦᠷᠢ ᠶᠢᠨ ᠵᠢᠱᠢᠶᠡᠴᠢ ᠪᠠ ︽3·8 ·8 ᠶᠢᠨ ᠤᠯᠠᠭᠠᠨ ᠲᠤᠭᠴᠢ︾ ᠵᠡᠷᠭᠡ ᠢᠷᠠᠭᠤ ᠠᠯᠳᠠᠷ ᠢ ᠬᠦᠷᠲᠡᠵᠦ | ᠥᠩᠭᠡᠷᠡᠭᠰᠡᠨ ᠶᠤᠮ᠃ ︽ᠮᠢᠨᠤ ᠨᠠᠭᠠᠴᠤ ᠡᠪᠦᠭᠡ ᠪᠣᠯ ᠤᠨᠠᠭᠠᠨ ᠪᠠᠭ᠎ᠠ ᠶᠢᠨ ᠳᠤᠷᠠᠳᠬᠠᠯ ᠳᠤ ᠬᠦᠳᠡᠷ ᠴᠢᠭᠢᠷᠠᠭ ᠪᠡᠶ᠎ᠡ ᠲᠠᠢ᠂ ᠠᠵᠢᠯ ᠶᠠᠪᠤᠳᠠᠯ ᠳᠤ ᠮᠠᠰᠢ ᠰᠢᠭᠤᠷᠬᠠᠢ | ᠪᠠᠶᠢᠭᠰᠠᠨ ᠶᠤᠮ᠃ ᠪᠢᠳᠡ ᠲᠡᠭᠦᠨ ᠤ ᠭᠠᠪᠢᠶᠠᠨ ᠲᠡᠮᠳᠡᠭ ᠢ ᠪᠠᠶᠢᠩᠭᠤ ᠱᠣᠬᠤᠭᠤᠷᠬᠠᠨ ᠲᠣᠭᠯᠠᠳᠠᠭ ᠪᠠᠶᠢᠯ᠎ᠠ᠃ ᠮᠢᠨᠤ ᠡᠵᠢ ᠪᠣᠯ ᠲᠤᠶᠢᠯ ᠤᠨ ᠠᠵᠢᠯᠴᠢ ᠭᠦᠳᠡᠯᠮᠦᠷᠢᠴᠢ | ᠪᠥᠭᠡᠳ ᠬᠥᠳᠡᠭᠡᠪᠦᠷᠢ ᠪᠣᠷᠣᠭᠵᠢᠭᠤᠨ ᠬᠥᠮᠥᠨ᠂ ᠲᠡᠷᠡ ᠬᠦᠴᠢᠷ ᠵᠣᠪᠠᠭᠤᠷᠢ ᠶᠢ ᠰᠢᠳᠤ ᠵᠠᠭᠤᠨ ᠲᠡᠰᠪᠦᠷᠢᠯᠡᠵᠦ᠂ ᠠᠶᠢᠯ ᠪᠦᠯᠢ ᠦᠷ᠎ᠡ ᠬᠡᠦᠬᠡᠳ ᠢᠶᠠᠨ ᠳᠣᠳᠣᠮᠳᠠᠨ | ᠥᠰᠬᠡᠭᠰᠡᠨ ᠠ᠋︾ ᠭᠡᠵᠦ ᠥᠨᠢᠮᠥ᠋ᠩᠬᠡ ᠬᠡᠯᠡᠨ᠎ᠡ᠃ | ᠭᠤᠷᠪᠠᠨ ᠦᠶ᠎ᠡ ᠶᠢᠨ ᠬᠥᠮᠥᠨ ᠤ ᠤᠴᠠᠷᠠᠯ ᠦᠢᠯᠡ ᠶᠠᠪᠤᠳᠠᠯ ᠦᠯᠢᠭᠡᠷ ᠮᠡᠲᠦ ᠦᠨᠡᠨ ᠲᠡᠦᠬᠡ ᠶᠢ ᠬᠦᠦᠷᠨᠢᠨ᠎ᠡ᠃ ᠡᠨᠡ ᠦᠶ᠎ᠡ ᠳᠤ ᠪᠤᠶᠠᠨ᠄︽ᠰᠢᠯᠢᠳᠡᠭ ᠤᠯᠠᠮᠵᠢᠯᠠᠯ | ᠬᠤᠪᠢᠰᠬᠠᠯᠲᠤ ᠤᠳᠤᠮᠰᠢᠯ ᠭᠡᠭᠴᠢ ᠶᠠᠭᠤᠲᠠᠢ ᠰᠠᠶᠢᠬᠠᠨ ᠪᠠᠶᠢᠨ᠎ᠠ᠂ ᠮᠠᠨ ᠤ ᠥᠨᠢᠮᠥ᠋ᠩᠬᠡ ᠪᠣᠯ ᠰᠢᠯᠢᠳᠡᠭ ᠬᠢᠯᠢ ᠬᠠᠮᠠᠭᠠᠯᠠᠭᠴᠢ ᠪᠥᠭᠡᠳ ᠪᠠᠰᠠ ᠴᠤ ᠡᠷᠢᠶᠡᠨ ᠬᠤᠳᠠ | ᠶᠢᠨ ᠨᠠᠮ ᠤᠨ ᠭᠡᠰᠢᠭᠦᠨ ᠤ ᠭᠤᠣᠯᠳᠠᠯᠭᠠᠲᠤ ᠡᠷᠦᠭᠡ᠂ ᠬᠢᠯᠢ ᠶᠢᠨ ᠬᠠᠮᠠᠭᠠᠯᠠᠯᠲᠠ ᠶᠢᠨ ᠡᠷᠦᠭᠡ᠂ ᠲᠠᠯ᠎ᠠ ᠨᠤᠲᠤᠭ ᠤᠨ 110 ︿ᠭᠤᠷᠪᠠ ᠬᠠᠮᠲᠤᠷᠠᠭᠰᠠᠨ ᠡᠷᠦᠭᠡ﹀ | ᠶᠢᠨ ᠰᠢᠯᠢᠳᠡᠭ ᠲᠥᠯᠥᠭᠡᠯᠡᠭᠴᠢ ᠶᠤᠮ︾ ᠭᠡᠯᠡ᠃ | ᠰᠢᠯᠢ ᠶᠢᠨ ᠭᠤᠣᠯ ᠤᠨ ᠲᠠᠯ᠎ᠠ ᠨᠤᠲᠤᠭ ᠤᠨ ᠦᠢ ᠤᠯᠠᠨ ᠨᠠᠮ ᠤᠨ ᠭᠡᠰᠢᠭᠦᠨ ᠤ ᠭᠤᠣᠯᠳᠠᠯᠭᠠᠲᠤ ᠡᠷᠦᠭᠡ ᠯᠦᠭᠡ ᠠᠳᠠᠯᠢ ᠪᠠᠷ ᠡᠳᠦᠭᠡ ᠥᠨᠢᠮᠥ᠋ᠩᠬᠡ | ︽ᠨᠠᠮ ᠤᠨ ᠡᠭᠦᠷ ᠬᠢᠭᠡᠳ ᠨᠠᠮ ᠤᠨ ᠭᠡᠰᠢᠭᠦᠨ ᠤᠯᠠᠨ ᠲᠦᠮᠡᠨ ᠯᠦᠭᠡ ᠬᠠᠷᠢᠯᠴᠠᠬᠤ︾ ᠬᠤᠯᠪᠣᠭᠠᠰᠤ ᠶᠢᠨ ᠦᠢᠯᠡᠳᠦᠯ ᠢ ᠪᠠᠳᠠᠷᠠᠭᠤᠯᠵᠤ᠂ ᠬᠠᠷᠢᠶ᠎ᠠ ᠬᠠᠮᠢᠶᠠᠷᠤᠯᠲᠠ ᠶᠢᠨ | ᠣᠷᠣᠨ ᠤ ᠪᠠᠨ 18 ᠡᠷᠦᠭᠡ ᠶᠢᠨ 53 ᠮᠠᠯᠴᠢᠨ ᠢᠶᠠᠨ ᠲᠠᠶᠢᠴᠢᠯᠠᠨ ᠬᠢᠯᠢ ᠬᠢᠵᠠᠭᠠᠷ ᠣᠷᠣᠨ ᠢᠶᠠᠨ ᠥᠨᠢᠷ ᠲᠠᠩᠰᠤᠭ ᠪᠣᠯᠭᠠᠨ ᠪᠦᠲᠦᠭᠡᠨ ᠪᠠᠶᠢᠭᠤᠯᠬᠤ ᠶᠢᠨ | ᠲᠥᠯᠥᠭᠡ ᠮᠡᠷᠡᠶᠢᠨ ᠴᠢᠷᠮᠠᠶᠢᠵᠤ ᠶᠠᠪᠤᠨ᠎ᠠ᠃ | ᠥᠨᠢᠮᠥ᠋ᠩᠬᠡ ᠶᠢᠨ ᠰᠠᠭᠤᠷᠢᠰᠢᠯ ᠲᠤᠮᠳᠠᠳᠤ ᠮᠣᠩᠭᠤᠯ ᠤᠨ ᠬᠢᠯᠢ ᠶᠢᠨ ᠱᠤᠭᠤᠮ ᠠᠴᠠ 5 ᠺᠢᠯᠣᠮᠧᠲᠷ ᠵᠠᠶᠢᠲᠠᠢ ᠪᠠᠶᠢᠷᠢᠯᠠᠵᠤ ᠪᠠᠶᠢᠳᠠᠭ᠃ ᠣᠶᠢᠷ᠎ᠠ ᠶᠢᠨ | ᠵᠢᠯ ᠤᠳ ᠲᠤ ᠨᠠᠭᠠᠰᠢ ᠴᠠᠭᠠᠰᠢ ᠵᠣᠷᠴᠢᠬᠤ ᠲᠡᠷᠭᠡ ᠬᠥᠰᠬᠡ ᠬᠥᠮᠥᠨ ᠬᠠᠷ᠎ᠠ ᠣᠯᠠᠰᠢᠷᠠᠭᠰᠠᠨ ᠪᠠᠶᠢᠳᠠᠯ ᠳᠤ ᠵᠣᠷᠢᠭᠤᠯᠤᠨ ᠲᠡᠷᠡ ᠥᠪᠡᠷ ᠤᠨ ᠲᠣᠣᠷ ᠬᠦᠷᠢᠶᠡᠨ ᠤ | ᠪᠠᠨ ᠵᠠᠬ᠎ᠠ ᠳᠤ ᠬᠢᠨᠠᠭᠤᠷ ᠲᠤᠷᠠᠨ ᠤᠭᠰᠠᠷᠠᠭᠰᠠᠨ ᠪᠠᠶᠢᠨ᠎ᠠ᠃ ᠬᠡᠳᠦᠨ ᠵᠢᠯ ᠤᠨ ᠳᠣᠲᠣᠷ᠎ᠠ ᠲᠡᠷᠡ 2000 ᠭᠠᠷᠤᠢ ᠤᠳᠠᠭ᠎ᠠ ᠪᠠᠶᠢᠳᠠᠯ ᠢ ᠮᠡᠳᠡᠭᠦᠯᠵᠦ᠂ ᠲᠤᠬᠠᠢ ᠶᠢᠨ | ᠭᠠᠵᠠᠷ ᠲᠤ ᠰᠠᠭᠤᠭ᠎ᠠ ᠴᠡᠷᠢᠭ ᠴᠠᠭᠳᠠᠭ᠎ᠠ ᠨᠠᠷ ᠤᠨ ᠬᠠᠮᠲᠤᠷᠠᠭᠰᠠᠨ ᠰᠡᠷᠭᠡᠶᠢᠯᠡᠯᠲᠡ ᠪᠠ ᠲᠣᠭᠤᠷᠢᠨ ᠴᠠᠭᠳᠠᠬᠤ ᠠᠵᠢᠯᠯᠠᠭ᠎ᠠ ᠳᠤ 80 ᠭᠠᠷᠤᠢ ᠤᠳᠠᠭ᠎ᠠ ᠤᠷᠤᠯᠴᠠᠵᠦ᠂ | 60 ᠭᠠᠷᠤᠢ ᠤᠳᠠᠭ᠎ᠠ ᠰᠦᠪᠡᠭᠴᠢ ᠬᠠᠩᠭᠠᠵᠤ᠂ ᠪᠠᠰᠠ ᠬᠠᠤᠯᠢ ᠪᠤᠰᠤ ᠪᠠᠷ ᠡᠪᠡᠰᠦᠨ ᠦᠨᠳᠦᠰᠦ ᠡᠮ ᠤᠨ ᠤᠷᠭᠤᠮᠠᠯ ᠮᠠᠯᠲᠠᠭᠴᠢᠳ ᠢ 80 ᠭᠠᠷᠤᠢ ᠬᠥᠮᠥᠨ | ᠤᠳᠠᠭ᠎ᠠ ᠬᠤᠷᠢᠭᠯᠠᠨ ᠪᠤᠴᠠᠭᠠᠪᠠ᠃ ᠡᠭᠦᠨ ᠠᠴᠠ ᠭᠠᠳᠠᠨ᠎ᠠ᠂ ᠲᠡᠷᠡ ᠪᠠᠰᠠ ︽ᠭᠡᠷ ᠪᠦᠯᠢ ᠶᠢᠨ ᠮᠠᠯᠵᠢᠯ ᠤᠨ ᠲᠠᠯᠠᠪᠠᠢ︾ ᠡᠷᠭᠢᠯᠡᠭᠰᠡᠨ ᠪᠠ ᠵᠢᠭᠤᠯᠴᠢᠯᠠᠯ ᠤᠨ ᠦᠢᠯᠡᠰ | ᠢᠶᠠᠷ ᠤᠷᠤᠯᠭ᠎ᠠ ᠪᠠᠨ ᠨᠡᠮᠡᠭᠳᠡᠭᠦᠯᠪᠡ᠃ ᠲᠡᠷᠡ ᠣᠶᠢᠷ᠎ᠠ ᠬᠠᠪᠢ ᠶᠢᠨ ᠳᠣᠣᠷ᠎ᠠ ᠤᠷᠤᠯᠭ᠎ᠠ ᠲᠠᠢ ᠬᠥᠮᠥᠰ ᠢ ᠳᠠᠭᠠᠭᠤᠯᠤᠨ ᠬᠠᠮᠲᠤ ᠪᠠᠷ ᠴᠢᠨᠡᠭᠡᠯᠢᠭᠵᠢᠬᠦ ᠵᠠᠮ ᠢ ᠬᠠᠶᠢᠨ | ᠰᠦᠪᠡᠭᠴᠢᠯᠡᠵᠡᠢ᠃ ᠭᠡᠷ ᠪᠦᠯᠢ ᠶᠢᠨ ᠬᠥᠮᠦᠵᠢᠯ ᠪᠣᠯ ᠨᠢᠭᠡ ᠬᠥᠮᠥᠨ ᠤ ᠦᠰᠤᠨ ᠪᠣᠶᠢᠵᠢᠬᠤ ᠳᠤ ᠰᠠᠭᠤᠷᠢ ᠪᠤᠯᠬᠤ ᠰᠤᠷᠭᠠᠨ ᠬᠥᠮᠦᠵᠢᠯ ᠪᠢᠯᠡ᠃ ᠥᠨᠢᠮᠥ᠋ᠩᠬᠡ | ᠥᠪᠡᠷ ᠤᠨ ᠪᠣᠳᠠᠲᠤ ᠦᠢᠯᠡᠳᠦᠯᠭᠡ ᠪᠠᠷ ᠢᠶᠠᠨ ᠣᠶᠢᠷ᠎ᠠ ᠬᠠᠪᠢ ᠶᠢᠨ ᠬᠥᠮᠥᠰ ᠪᠣᠯᠣᠨ ᠥᠪᠡᠷ ᠤᠨ ᠦᠷ᠎ᠡ ᠬᠡᠦᠬᠡᠳ ᠢᠶᠠᠨ ᠨᠥᠯᠥᠭᠡᠯᠡᠵᠦ᠂ ᠭᠡᠷ ᠨᠤᠲᠤᠭ ᠬᠢᠯᠢ | ᠬᠢᠵᠠᠭᠠᠷ ᠣᠷᠣᠨ ᠢᠶᠠᠨ ᠰᠠᠬᠢᠨ ᠬᠠᠮᠠᠭᠠᠯᠠᠵᠤ᠂ ᠰᠠᠶᠢᠨ ᠰᠠᠶᠢᠬᠠᠨ ᠥᠨᠢᠷ ᠵᠢᠷᠭᠠᠯᠲᠤ ᠠᠮᠢᠳᠤᠷᠠᠯ ᠢ ᠪᠦᠲᠦᠭᠡᠨ ᠪᠠᠶᠢᠭᠤᠯᠬᠤ ᠬᠦᠰᠡᠯ ᠮᠥᠷᠥᠭᠡᠳᠦᠯ ᠤᠨ ᠣᠴᠢ ᠶᠢ | ᠬᠢᠯᠢ ᠶᠢᠨ ᠪᠠᠭᠤᠴᠠᠨ ᠠᠴᠠ ᠴᠠᠭᠢᠯᠤᠭᠤᠯᠤᠬᠰᠠᠭᠠᠷ ᠪᠠᠶᠢᠨ᠎ᠠ ᠁ | | |