ᠴᠡᠷᠡᠨ ᠤ ᠲᠤᠪᠴᠢ ᠨᠠᠮᠳᠠᠷ᠄ | ᠴᠡᠷᠡᠨ ᠪᠤᠯ ᠬᠦᠯᠦᠨ ᠪᠤᠶᠢᠷ ᠬᠤᠳᠠ ᠶᠢᠨ ᠰᠢᠨ᠎ᠠ ᠪᠠᠷᠭᠤ ᠵᠡᠬᠦᠨ ᠬᠤᠰᠢᠭᠤᠨ ᠤ ᠪᠠᠶ᠋ᠬᠠᠠᠭᠤᠯᠠ ᠭᠠᠴᠠᠭ᠎ᠠ ᠶᠢᠨ ᠪᠠᠷᠠᠭᠤᠨ ᠪᠡᠶ᠎ᠠ ᠪᠠᠷ ᠨᠤᠲᠤᠭ ᠲᠠᠢ᠂ | ᠪᠤᠷᠢᠶᠠᠳ ᠠᠷᠠᠳ ᠤᠨ ᠳᠠᠭᠤᠤ ᠶᠢᠨ ᠠᠩᠬᠠᠨ ᠤ ᠪᠦᠯᠦᠭ ᠤᠨ ᠤᠷᠤᠨ ᠤ ᠳᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠦᠪᠯᠡᠨ ᠤᠯᠠᠮᠵᠢᠯᠠᠭᠴᠢ ᠪᠤᠯᠤᠨ᠎ᠠ᠃ | ᠠᠷᠠᠳ ᠤᠨ ᠲᠠᠭᠤᠤ ᠶᠢᠨ ᠠᠶᠠᠯᠭᠤ ᠬᠦᠭᠵᠢᠮ ᠤᠨ ᠨᠦᠯᠦᠭᠡ ᠶᠢ ᠬᠦᠷᠲᠡᠵᠦ ᠠᠪᠤ ᠡᠵᠢ ᠶᠢᠨ ᠢᠶᠠᠨ ᠠᠷᠠᠳ ᠤᠨ ᠲᠠᠭᠤᠤ ᠶᠢᠨ ᠠᠪᠢᠶᠠᠰ ᠪᠢᠯᠢᠭ ᠢ ᠦᠪᠯᠡᠭᠰᠡᠨ ᠢᠶᠠᠷ | ᠲᠦᠷᠦᠯᠬᠢ ᠶᠢᠨ ᠠᠪᠴᠤ ᠵᠠᠶᠠᠭᠠᠬᠰᠠᠨ ᠬᠤᠭᠤᠯᠠᠢ ᠰᠠᠶᠢᠳᠠᠢ ᠵᠡᠷᠬᠡ ᠲᠠᠪᠠᠭᠤᠯᠢᠬ ᠨᠢ ᠪᠦᠬᠦ ᠲᠠᠯ᠎ᠠ ᠶᠢᠨ ᠨᠦᠬᠦᠴᠡᠯ ᠢ ᠪᠦᠷᠢᠯᠳᠦᠬᠦᠯᠵᠤ᠂ ᠲᠡᠬᠦᠨ ᠢ ᠲᠠᠭᠤᠴᠢᠨ | ᠪᠤᠯᠬᠤ ᠵᠠᠮ ᠳᠤ ᠬᠦᠲᠦᠯᠦᠭᠳᠡᠵᠡᠢ᠃ | ᠴᠡᠷᠡᠨ ᠢ 7 ᠨᠠᠰᠤᠨ ᠳᠤᠨᠢ ᠡᠳᠡᠨᠡᠶᠢᠬᠢᠨ ᠡᠸᠠᠩᠬᠢ ᠬᠤᠰᠢᠭᠤᠨ ᠤ ᠰᠢᠨᠡᠬᠡᠨ ᠪᠠᠷᠠᠭᠤᠨ ᠰᠤᠮᠤᠨ ᠤ ᠪᠠᠶᠠᠨᠬᠤᠰᠢᠭᠤ ᠭᠠᠴᠠᠭᠠᠨ ᠳᠤ ᠨᠡᠬᠦᠵᠤ ᠢᠷᠡᠬᠡᠳ | ᠪᠠᠶᠢᠬᠰᠠᠨ ᠢᠶᠠᠨ ᠲᠡᠷᠡ 1970 ᠤᠨ ᠳᠤ ᠬᠠᠶᠢᠯᠠᠷ ᠲᠠᠬᠢ ᠨᠢᠬᠡᠳᠦᠬᠡᠷ ᠲᠤᠮᠳᠠᠳᠤ ᠰᠤᠷᠭᠠᠭᠤᠯᠢ ᠳᠤ ᠤᠷᠤᠵᠤ ᠰᠤᠷᠤᠯᠴᠠᠨ᠂ ᠰᠤᠷᠭᠠᠭᠤᠯᠢ ᠶᠢᠨ ᠤᠷᠠᠨ ᠰᠠᠶᠢᠬᠠᠨ ᠤ | ᠠᠩᠬᠢ ᠶᠢᠨ ᠢᠳᠡᠪᠬᠢᠳᠡᠨ ᠪᠤᠯᠵᠤ᠂ ᠲᠠᠭᠤᠯᠠᠵᠤ ᠪᠦᠵᠢᠭᠯᠡᠬᠦ᠂ ᠲᠤᠬᠯᠠᠯᠳᠠ ᠬᠦᠳᠦᠯᠬᠦ ᠮᠡᠳᠦ ᠶᠢᠨ ᠵᠦᠢᠯ ᠤᠨ ᠠᠪᠢᠶᠠᠰ ᠢ ᠪᠦᠷᠢᠯᠳᠦᠬᠦᠯᠵᠤ᠂ 1974 ᠤᠨ ᠳᠤ | 19 ᠨᠠᠰᠤᠳᠠᠢ ᠵᠢᠯ ᠳᠡᠭᠡᠨ ᠡᠸᠠᠩᠬᠢ ᠬᠤᠰᠢᠭᠤᠨ ᠤ ᠤᠯᠠᠭᠠᠨᠮᠦ᠋ᠴᠢᠷ ᠲᠤ ᠲᠠᠭᠤᠴᠢᠨ ᠢᠶᠠᠷ ᠰᠢᠯᠭᠠᠵᠤ ᠤᠷᠤᠵᠠᠢ᠃ ᠲᠡᠬᠡᠬᠡᠳ ᠤᠷᠠᠯᠢᠬ ᠤᠨ ᠠᠪᠢᠶᠠᠰ ᠢᠶᠠᠨ ᠲᠡᠬᠦᠰ | ᠪᠠᠳᠠᠷᠠᠭᠤᠯᠤᠨ ᠤᠷᠳᠤ ᠶᠢᠨ ᠲᠠᠭᠤᠤ ᠪᠠᠨ ᠲᠠᠭᠤᠯᠠᠵᠤ ᠲᠤᠬᠯᠠᠵᠤ ᠪᠦᠲᠦᠨ ᠨᠢᠬᠡ ᠵᠢᠯ ᠪᠤᠯᠵᠤ ᠪᠠᠶᠢᠳᠠᠯ᠎ᠠ ᠲᠦᠷᠬᠦᠮ ᠤᠨ ᠡᠵᠢ ᠨᠢ ᠪᠤᠰᠤᠳ ᠲᠠᠢ ᠬᠠᠮᠳᠤ ᠮᠤᠷᠢ | ᠤᠨᠤᠨ ᠬᠠᠯᠬ᠎ᠠ ᠮᠤᠩᠭᠤᠯ ᠳᠤ ᠤᠴᠢᠬᠰᠠᠨ ᠢᠶᠠᠷ ᠭᠠᠷᠤᠯ ᠮᠠᠭᠤ ᠶᠢᠨ ᠮᠠᠯᠠᠭᠠᠢ ᠤᠷᠤᠢ ᠤᠷᠤᠭᠤ ᠨᠢ ᠬᠦᠮᠦᠷᠢᠨ ᠢᠷᠡᠵᠤ ᠲᠡᠬᠦᠨ ᠤ ᠤᠷᠠᠯᠢᠬ ᠤᠨ ᠵᠠᠮ ᠢ | ᠲᠠᠰᠤᠯᠴᠢᠬᠠᠬᠤ ᠰᠢᠬᠠᠪᠠ᠃ | ᠴᠡᠷᠡᠨ ᠳᠤ ᠠᠪᠴᠤ ᠬᠡᠯᠡᠪᠡᠯ ᠤᠷᠠᠯᠢᠬ ᠤᠨ ᠠᠶᠠᠨ ᠢᠶᠠᠨ ᠡᠯᠬᠦᠭᠰᠡᠨ ᠠᠩᠬᠠᠨ ᠤ ᠡᠳᠦᠷ ᠠᠴᠠ ᠪᠠᠨ ᠠᠪᠤᠭᠠᠳ ︽ᠠᠭᠤᠯᠠ ᠶᠢᠨ ᠤᠷᠤᠢ︾ ᠶᠢ | ᠪᠠᠭᠳᠠᠭᠠᠬᠰᠠᠨ ᠤᠯᠠᠨ ᠠᠷᠪᠢᠨ ᠬᠡᠯᠪᠡᠷᠢ ᠰᠲ᠋ᠢᠯᠢ ᠶᠢᠨ ᠠᠷᠠᠳ ᠤᠨ ᠲᠠᠭᠤᠤ ᠪᠠᠨ ᠬᠦᠮᠦᠨ ᠵᠤᠨ ᠤ ᠰᠡᠳᠬᠢᠯ ᠳᠤ ᠬᠦᠷᠳᠡᠯ᠎ᠠ ᠲᠠᠭᠤᠯᠠᠵᠤ ᠶᠠᠪᠤᠬᠰᠠᠨ ᠨᠢ | ᠤᠮᠤᠬᠰᠢᠯ ᠲᠠᠢ᠃ ᠬᠡᠬᠦ ᠳᠡᠭᠡᠨ ᠲᠤᠰᠬᠠᠢ ᠮᠡᠷᠬᠡᠵᠢᠯ ᠪᠤᠯᠪᠠᠰᠤᠷᠠᠯ ᠬᠦᠷᠳᠡᠵᠤ ᠦᠪᠡᠷ ᠤᠨ ᠮᠡᠷᠭᠡᠵᠢᠯ ᠤᠨ ᠲᠦᠪᠰᠢᠨ ᠢᠶᠠᠨ ᠲᠡᠬᠡᠭᠰᠢᠯᠡᠬᠦᠯᠬᠦ ᠶᠢ ᠬᠦᠰᠡᠭᠰᠡᠨ ᠲᠡᠬᠦᠨ ᠤ | ᠪᠤᠳᠤᠯ ᠵᠤᠷᠢᠯ ᠨᠢ ᠦᠨᠡᠬᠡᠷ ᠲᠡᠷᠡ ᠵᠢᠯ ᠪᠡᠶᠡᠯᠡᠭᠳᠡᠭᠰᠡᠡ ᠢ ᠲᠡᠷᠡ ᠤᠳᠤ ᠪᠤᠯᠳᠠᠯ᠎ᠠ ᠲᠤᠳᠤ ᠴᠡᠬᠡᠵᠢᠯᠡᠭᠰᠡᠬᠡᠷ ᠪᠢᠯᠡ᠃ ᠲᠡᠷᠡ ᠨᠢ ᠴᠡᠷᠡᠨ ᠤ ᠤᠯᠠᠭᠠᠨᠮᠦ᠋ᠴᠢᠷ ᠲᠤ | ᠠᠵᠢᠯᠯᠠᠬᠰᠠᠨ ᠤ ᠭᠤᠷᠪᠠᠳᠠᠬᠢ ᠵᠢᠯ ᠨᠢ ᠪᠠᠶᠢᠬᠰᠠᠨ ᠪᠢᠯᠡ᠃ ᠤᠳᠤᠷᠢᠳᠤᠯᠭ᠎ᠠ ᠨᠢ ᠦᠪᠡᠷ ᠤᠨ ᠪᠠᠶ᠎ᠠ ᠪᠠᠷ ᠢᠶᠠᠨ ᠲᠡᠬᠦᠨ ᠢ ᠲᠠᠭᠠᠭᠤᠯᠤᠨ ᠠᠯᠳᠠᠷᠳᠤ ᠲᠠᠭᠤᠴᠢᠨ | ᠪᠤᠶᠠᠨᠳᠡᠯᠬᠡᠷ ᠲᠤ ᠱᠠᠪᠢ ᠰᠤᠷᠭᠠᠬᠤ ᠪᠠᠷ ᠬᠦᠬᠡᠬᠤᠳᠠ ᠳᠤ ᠬᠦᠷᠬᠡᠵᠤ ᠤᠴᠢᠭᠰᠠᠨ ᠶᠤᠮ ᠪᠠᠶᠢᠵᠠᠢ᠃ ᠲᠤᠬᠠᠢ ᠶᠢᠨ ᠦᠶ᠎ᠠ ᠳᠤ ᠦᠪᠦᠷ ᠮᠤᠩᠭᠤᠯ ᠤᠨ ᠤᠷᠠᠯᠢᠬ ᠤᠨ | ᠰᠤᠷᠭᠠᠭᠤᠯᠢ ᠳᠤ ᠪᠠᠭᠰᠢᠯᠠᠵᠤ ᠪᠠᠶᠢᠬᠰᠠᠨ ᠪᠤᠶᠠᠨᠳᠡᠯᠬᠡᠷ ᠡᠷᠳᠡᠮ ᠢ ᠨᠢ ᠰᠤᠷᠬᠤ ᠬᠡᠳ ᠨᠤᠳᠤᠭ ᠠᠴᠠ ᠨᠢ ᠬᠦᠷᠦᠯᠴᠡᠨ ᠢᠷᠡᠭᠰᠡᠨ ᠡᠨᠡ ᠬᠦ ᠭᠤᠶᠤ ᠬᠡᠦᠬᠡᠨ ᠢ ᠲᠤᠩ | ᠬᠦᠬᠡᠷᠦᠬᠦ᠋ᠢᠯᠡᠨ ᠡᠨᠡᠷᠢᠵᠤ᠂ ᠲᠠᠭᠤᠯᠠᠬᠤᠢ ᠶᠢᠨ ᠤᠬᠠᠭᠠᠨ ᠤ ᠦᠨᠳᠦᠰᠦᠨ ᠤᠨᠤᠯ ᠠᠴᠠ ᠡᠬᠢᠯᠡᠨ ᠰᠢᠰᠲ᠋ᠧᠮ ᠲᠠᠢ ᠵᠢᠭᠠᠵᠤ ᠰᠤᠷᠭᠠᠵᠠᠢ᠃ ︽ᠲᠠᠭᠤᠯᠠᠬᠤ ᠳᠠᠭᠠᠨ | ᠠᠮᠢᠰᠬᠤᠭ᠎ᠠ ᠠᠪᠬᠤ᠂ ᠨᠠᠮᠢᠶ᠎ᠠ ᠶᠢ ᠨᠢ ᠭᠠᠷᠭᠠᠬᠤ᠂ ᠰᠢᠷᠭᠤᠭᠤᠯᠬᠤ᠂ ᠴᠠᠶᠢᠷᠠᠭᠤᠯᠬᠤ᠂ ᠲᠤᠳᠤᠷᠠᠭᠤᠯᠬᠤ᠂ ᠰᠢᠷᠤᠩᠬᠠᠢᠢᠯᠠᠬᠤ᠂ ᠤᠶᠠᠩᠭᠠᠯᠠᠬᠤ ᠬᠡᠭᠴᠢ ᠴᠤ ᠬᠤᠪᠢ | ᠬᠤᠪᠢᠨ ᠤ ᠪᠠᠨ ᠶᠤᠰᠤ ᠭᠤᠷᠢᠮ ᠲᠠᠢ ᠪᠦᠬᠡᠳ ᠬᠤᠭᠤᠯᠠᠢ ᠶᠢᠨ ᠴᠢᠳᠠᠯ᠂ ᠤᠬᠠᠭᠠᠨ ᠤ ᠢᠳᠡ ᠶᠢ ᠴᠢᠩᠭ᠎ᠠ ᠰᠢᠯᠭᠠᠳᠠᠬ ᠡᠷᠳᠡᠮ ᠪᠠᠶᠢᠯ᠎ᠠ᠃ ᠠᠳᠡ ᠠᠴᠠ ᠪᠢ | ᠦᠪᠡᠷ ᠤᠨ ᠬᠤᠵᠢᠮ ᠤᠨ ᠤᠷᠠᠯᠢᠬ ᠤᠨ ᠠᠮᠢᠳᠤᠷᠠᠯ ᠤᠨ ᠢᠶᠠᠨ ᠪᠠᠳᠤ ᠰᠠᠭᠤᠷᠢ ᠶᠢ ᠲᠠᠯᠪᠢᠬᠰᠠᠨ ᠪᠢᠯᠡ︾ ᠬᠡᠵᠤ ᠴᠡᠷᠡᠨ ᠡᠷᠬᠢᠴᠡᠬᠦᠯᠦᠨ ᠶᠠᠷᠢᠵᠦ ᠪᠠᠶᠢᠯ᠎ᠠ᠃ | ᠤᠯᠠᠨ ᠵᠢᠯ ᠢᠶᠠᠷ ᠤᠷᠳᠤ ᠶᠢᠨ ᠲᠠᠭᠤᠤ ᠲᠠᠭᠤᠯᠠᠵᠤ ᠶᠠᠪᠤᠬᠰᠠᠨ ᠴᠡᠷᠡᠨ ᠤ ᠦᠵᠡᠬᠦ ᠪᠠᠷ ᠪᠤᠷᠢᠶᠠᠳ ᠤᠷᠳᠤ ᠶᠢᠨ ᠲᠠᠭᠤᠤ ᠨᠢ ᠦᠬᠡ᠂ ᠠᠶᠠᠯᠭᠤ᠂ | ᠴᠤᠴᠠᠯᠭᠠ᠂ ᠨᠠᠮᠢᠶ᠎ᠠ᠂ ᠨᠤᠭᠤᠯᠪᠤᠷᠢ ᠵᠡᠷᠭᠡ ᠪᠠᠷ ᠢᠶᠠᠨ ᠤᠨᠴᠠᠯᠢᠬᠳᠠᠬᠤ ᠪᠤᠯᠬᠤᠷ ᠵᠠᠪᠠᠯ ᠦᠬᠡ ᠶᠢ ᠲᠤᠳᠤ ᠭᠠᠷᠭᠠᠵᠤ᠂ ᠠᠶᠠᠯᠭᠤ ᠶᠢ ᠢᠯᠭᠤᠮ ᠢᠯᠡᠷᠡᠬᠦᠯᠬᠦ ᠬᠡᠷᠡᠭᠳᠡᠢ᠃ | ︽ᠪᠤᠬᠳᠠ ᠶᠢᠨ ᠬᠤᠶᠠᠷ ᠵᠠᠭᠠᠯ︾᠂ ︽ᠤᠭᠤᠴᠠ ᠶᠢᠨ ᠲᠠᠭᠤᠤ︾᠂ ︽ᠬᠠᠤᠬᠢᠶᠠ ᠰᠢᠯᠢ︾᠂ ︽ᠬᠡᠷᠦᠬᠡᠳᠡᠢ ᠬᠡᠬᠡ︾᠂ ︽ᠦᠨᠦᠴᠢᠨ ᠴᠠᠭᠠᠨ ᠪᠤᠳᠤᠭᠤ︾ | ᠵᠡᠷᠭᠡ ᠪᠤᠷᠢᠶᠠᠳ ᠤᠷᠳᠤ ᠶᠢᠨ ᠲᠠᠭᠤᠤ ᠶᠢᠨ ᠲᠦᠯᠦᠬᠡᠯᠡᠭᠴᠢ ᠪᠦᠲᠦᠬᠡᠯ ᠨᠢ ᠬᠦᠡᠭᠭᠡᠨ ᠠᠪᠰᠠᠷ ᠴᠤᠪᠤᠭᠤ ᠴᠤᠯᠬᠢᠨ ᠪᠤᠭᠤᠨᠢ ᠲᠠᠭᠤᠤ ᠪᠠᠨ ᠪᠤᠳᠤᠪᠠᠯ ᠠᠶ᠎ᠠ ᠨᠢ ᠨᠡᠩ | ᠨᠠᠮ ᠲᠦᠯᠬᠡᠨ ᠤᠶᠠᠬᠠᠨ ᠨᠠᠮᠢᠶ᠎ᠠ ᠲᠠᠢ ᠰᠤᠨᠤᠰᠳᠠᠵᠤ᠂ ᠴᠢᠮᠡᠭᠯᠡᠯ ᠠᠶ᠎ᠠ᠂ ᠨᠤᠭᠤᠯᠤᠭ᠎ᠠ ᠬᠦᠭ ᠤᠯᠠᠨ ᠪᠦᠬᠡᠳ ᠠᠶ᠎ᠠ ᠨᠢ ᠢᠷᠠᠭᠤ᠂ ᠦᠭᠡ ᠨᠢ ᠠᠮᠢᠳᠤᠯᠢᠬ᠂ | ᠤᠳᠬ᠎ᠠ ᠬᠦᠨ ᠢᠶᠠᠷ ᠢᠶᠠᠨ ᠤᠨᠴᠠᠯᠢᠬᠳᠠᠳᠠᠬ᠃ | ᠪᠤᠷᠢᠶᠠᠳ ᠤᠷᠳᠤ ᠶᠢᠨ ᠲᠠᠭᠤᠤ ᠳᠠᠭᠠᠨ ᠪᠤᠢ ᠪᠦᠬᠦᠢ ᠤᠶᠤᠨ ᠤᠬᠠᠭᠠᠨ ᠠᠪᠢᠶᠠᠰ ᠴᠢᠳᠠᠪᠤᠷᠢ ᠪᠠᠨ ᠵᠤᠷᠢᠭᠤᠯᠤᠬᠰᠠᠨ ᠡᠨᠡ ᠬᠦ ᠵᠢᠷᠠᠨ ᠲᠠᠪᠤᠲᠠᠢ | ᠲᠠᠭᠤᠴᠢᠨ ᠤ ᠬᠠᠶᠢᠷ᠎ᠠ ᠬᠠᠷᠢᠭᠤᠴᠠᠯᠭ᠎ᠠ ᠶᠢᠨ ᠬᠦᠴᠦᠨ ᠪᠦᠬᠦᠢ ᠬᠡᠷᠡᠴᠢ ᠵᠢᠱᠢᠶ᠎ᠠ ᠪᠤᠯᠵᠤ᠂ ᠨᠡᠩ ᠴᠤ 2008 ᠤᠨ ᠳᠤ ᠦᠪᠡᠷᠳᠡᠬᠡᠨ ᠵᠠᠰᠠᠬᠤ ᠤᠷᠤᠨ ᠤ | ᠲᠡᠰ ᠤᠨ ᠪᠤᠳᠠᠰ ᠤᠨ ᠪᠤᠰᠤ ᠰᠤᠶᠤᠯ ᠤᠨ ᠦᠪ ᠪᠤᠯᠬᠤ ᠪᠤᠷᠢᠶᠠᠳ ᠠᠷᠠᠳ ᠤᠨ ᠤᠷᠳᠤ ᠶᠢᠨ ᠲᠠᠭᠤᠤ ᠶᠢᠨ ᠲᠦᠯᠦᠬᠡᠯᠡᠭᠴᠢ ᠴᠢᠨᠠᠷᠳᠠᠢ ᠦᠪᠯᠡᠨ ᠤᠯᠠᠮᠵᠢᠯᠠᠬᠴᠢ ᠶᠢᠨ | ᠠᠯᠳᠠᠷ ᠢ ᠬᠦᠷᠳᠡᠵᠤ᠂ ᠤᠯᠠᠨ ᠠᠷᠪᠢᠨ ᠠᠷᠠᠳ ᠤᠨ ᠲᠠᠭᠤᠤ ᠶᠢᠨ ᠴᠤᠮᠤᠬ ᠢᠶᠠᠨ ᠬᠡᠪᠯᠡᠬᠦᠯᠦᠭᠰᠡᠨ ᠪᠠ ᠤᠷᠤᠨ᠂ ᠬᠤᠳᠠ᠂ ᠬᠤᠰᠢᠭᠤ ᠶᠢᠨ ᠴᠢᠬᠤᠯᠠ ᠪᠦᠬᠦᠢ ᠪᠠᠶᠠᠷ | ᠲᠤᠷᠠᠰᠬᠠᠯ ᠬᠤᠷᠠᠯ ᠴᠤᠬᠯᠠᠭᠠᠨ ᠤ ᠲᠤᠬᠯᠠᠯᠳᠠ ᠳᠤ ᠤᠷᠤᠯᠴᠠᠵᠤ ᠲᠤᠬᠯᠬᠠᠰᠠᠨ ᠨᠢ ᠲᠡᠬᠦᠨ ᠤ ᠡᠨᠡ ᠬᠦ ᠠᠯᠢ ᠪᠦᠬᠦᠢ ᠠᠪᠢᠶᠠᠰ ᠴᠢᠳᠠᠪᠤᠷᠢ ᠪᠠᠨ ᠵᠤᠷᠢᠭᠤᠯᠵᠤ ᠠᠯᠳᠠᠷ | ᠬᠦᠨᠳᠤ ᠶᠢ ᠨᠢ ᠬᠤᠪᠢᠶᠠᠯᠴᠠᠵᠤ ᠢᠷᠡᠭᠰᠡᠨ ᠠᠷᠠᠳ ᠤᠨ ᠲᠠᠭᠤᠤ ᠶᠢᠨ ᠦᠢᠯᠡᠰ ᠲᠡᠭᠡᠨ ᠵᠢᠳᠬᠦᠵᠤ ᠶᠠᠪᠤᠬᠤ ᠵᠤᠷᠢᠬ ᠤᠬᠠᠭᠠᠨ ᠢ ᠨᠢ ᠤᠯᠠᠮ ᠡᠷᠴᠢᠯᠡᠨ ᠬᠦᠪᠴᠢᠯᠡᠵᠡᠢ᠃ | |