︽ᠴᠢᠨᠳᠠᠮᠤᠨᠢ ᠡᠷᠳᠡᠨᠢ︾ ᠭᠡᠷ ᠪᠦᠯᠢ ᠶᠢᠨ ᠬᠢᠨ ᠤ ᠨᠠᠨᠳᠢᠨ ᠰᠠᠶᠢᠬᠠᠨ ᠪᠡᠯᠡᠭ
ᠨᠡᠶᠢᠲᠡᠯᠡᠭᠰᠡᠨ ᠴᠠᠭ᠄
2023/8/29
             — ᠬᠠᠶᠢᠯᠠᠷ ᠲᠠᠬᠢ ᠨᠢᠭᠡᠳᠦᠭᠡᠷ ᠳᠤᠮᠳᠠᠳᠦ ᠰᠤᠷᠭᠠᠭᠤᠯᠢ ᠪᠠᠶᠢᠭᠤᠯᠤᠭᠳᠠᠭᠰᠠᠨ ᠵᠠᠭᠤᠨ ᠵᠢᠯ ᠤᠨ ᠤᠢ ᠶᠢᠨ ᠪᠠᠶᠠᠷ ᠲᠤ ᠵᠤᠷᠢᠭᠤᠯᠪᠠ       ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ 100 ᠵᠢᠯ ᠤᠨ ᠬᠠᠪᠤᠷ ᠨᠠᠮᠤᠷ ᠢ ᠠᠷᠤ ᠳᠠᠭᠠᠨ ᠤᠷᠭᠢᠵᠦ᠂ ᠨᠡᠶᠢᠭᠡᠮ ᠨᠡᠶᠢᠳᠡ ᠳᠤ ᠲᠦᠮᠡ ᠪᠤᠮ ᠢᠶᠠᠷ ᠲᠣᠭᠠᠯᠠᠭᠳᠠᠬᠤ ᠰᠣᠳᠣᠨ ᠠᠪᠢᠶᠠᠰᠲᠤ ᠡᠷᠳᠡᠮᠲᠡᠨ ᠴᠢᠳᠠᠪᠤᠷᠢᠲᠠᠨ ᠢ ᠬᠥᠮᠥᠵᠢᠭᠦᠯᠦᠭᠰᠡᠨ ᠶᠤᠮ᠃ ᠳᠡᠳᠡᠨ ᠤ ᠳᠤᠮᠳᠠ ᠠᠴᠠ ᠰᠢᠨ᠎ᠡ ᠪᠠᠷᠭᠤ ᠵᠡᠭᠦᠨ ᠬᠤᠰᠢᠭᠤᠨ ᠳᠤ ᠨᠤᠲᠤᠭ ᠲᠠᠢ ᠠᠯᠳᠠᠷᠲᠤ ᠳᠠᠭᠤᠴᠢᠨ ᠠᠭᠰᠠᠨ ᠪᠦᠷᠢᠨᠪᠠᠶᠠᠷ ᠭᠤᠸᠠᠢ ᠤᠯᠠᠨ ᠰᠠᠶᠢᠬᠠᠨ ᠳᠠᠭᠤᠤ ᠤᠷᠠᠯᠢᠭ ᠤᠨ ᠪᠦᠲᠦᠭᠡᠯ ᠢᠶᠠᠨ ᠠᠷᠠᠳ ᠲᠦᠮᠡᠨ ᠳᠡᠭᠡᠨ ᠦᠯᠡᠳᠡᠭᠡᠵᠦ ᠣᠲᠣᠭᠰᠠᠨ ᠨᠢᠭᠡᠨ ᠪᠢᠯᠡ᠃ ᠪᠦᠷᠢᠨᠪᠠᠶᠠᠷ ᠠᠭᠰᠠᠨ ᠠᠮᠢᠳᠤ ᠰᠡᠷᠡᠭᠦᠨ ᠪᠠᠶᠢᠬᠤ ᠳᠠᠭᠠᠨ ᠭᠡᠷ ᠪᠦᠯᠢ ᠪᠠᠷ ᠢᠶᠠᠨ︽ᠴᠢᠨᠳᠠᠮᠤᠨᠢ ᠡᠷᠳᠡᠨᠢ︾ᠬᠡᠮᠡᠬᠦ ᠳᠠᠭᠤᠤ ᠪᠠᠷ ᠢᠶᠠᠨ ᠮᠠᠰᠢᠳᠠ ᠠᠯᠳᠠᠷᠰᠢᠵᠤ᠂ ᠲᠡᠭᠦᠨ ᠤ ᠭᠡᠷ ᠪᠦᠯᠢ ᠶᠢᠨ ᠬᠢᠨ ᠢ ᠨᠡᠶᠢᠳᠡ ᠳᠠᠶᠠᠭᠠᠷ ︽ᠴᠢᠨᠳᠠᠮᠤᠨᠢ ᠡᠷᠳᠡᠨᠢ ᠶᠢᠨ ᠭᠡᠷ ᠪᠦᠯᠢ︾ᠬᠡᠮᠡᠳᠡᠭ ᠪᠣᠯᠤᠭᠰᠠᠨ ᠶᠤᠮ᠃ ᠬᠡᠳᠦᠶᠢᠪᠡᠷ ᠬᠥᠮᠥᠨ ᠨᠢ ᠥᠩᠭᠡᠷᠡᠵᠦ ᠣᠲᠣᠭᠰᠠᠨ ᠴᠸ ᠲᠡᠭᠦᠨ ᠢ ᠰᠡᠳᠬᠢᠯ ᠵᠢᠷᠦᠬᠡᠨ ᠳᠡᠭᠡᠨ ᠮᠥᠩᠬᠡᠯᠡᠭᠰᠡᠨ ᠠᠷᠠᠳ ᠲᠦᠮᠡᠨ ᠪᠠ ᠭᠡᠷ ᠪᠦᠯᠢ ᠶᠢᠨ ᠬᠢᠨ ᠨᠢ ᠲᠡᠭᠦᠨ ᠤ ᠨᠡᠷ᠎ᠡ ᠠᠯᠳᠠᠷ ᠢ ᠥᠨᠢᠳᠡ ᠡᠷᠭᠦᠵᠦ ᠶᠠᠪᠤᠬᠤ ᠨᠢ ᠯᠠᠪᠲᠠᠢ᠃
640.jpg
       ᠡᠶᠢᠨ ᠬᠦ 8 ᠰᠠᠷ᠎ᠠ ᠶᠢᠨ 25 ᠤ ᠡᠳᠦᠷ ᠤᠨ ᠦᠳᠡ ᠶᠢᠨ ᠡᠮᠦᠨ᠎ᠡ᠂ ᠲᠡᠭᠦᠨ ᠤ ᠬᠠᠶᠢᠷᠠᠲᠤ ᠭᠡᠷᠭᠡᠢ ᠪᠤᠯᠬᠤ ᠠᠯᠳᠠᠷᠲᠤ ᠳᠠᠭᠤᠴᠢᠨ ᠤᠷᠠᠨ᠎ᠠ ᠠᠴᠠ ᠬᠠᠶᠢᠯᠠᠷ  ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠪᠠᠶᠢᠭᠤᠯᠤᠭᠳᠠᠭᠰᠠᠨ 100 ᠵᠢᠯ ᠤᠨ ᠤᠢ ᠶᠢᠨ ᠪᠠᠶᠠᠷ ᠢ ᠲᠣᠬᠢᠶᠠᠯᠳᠤᠭᠤᠯᠤᠨ ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠳᠤ︽ᠳᠠᠭᠤᠴᠢᠨ ᠪᠦᠷᠢᠨᠪᠠᠶᠠᠷ ᠤᠨ ᠬᠢᠨ ᠵᠠᠭᠤᠨ ᠵᠢᠯ ᠤᠨ ᠪᠤᠭᠤᠷᠤᠯ ᠡᠬᠡ ᠰᠤᠷᠭᠠᠭᠤᠯᠢ ᠳᠠᠭᠠᠨ ᠲᠠᠯᠠᠷᠬᠠᠯ ᠳᠡᠪᠰᠢᠭᠦᠯᠬᠦ ᠶᠣᠰᠣᠯᠠᠯ︾ ᠬᠢᠵᠦ᠂ ᠠᠯᠳᠠᠷᠲᠤ ᠳᠠᠭᠤᠴᠢᠨ ᠪᠦᠷᠢᠨᠪᠠᠶᠠᠷ ᠤᠷᠠᠨ᠎ᠠ ᠶᠢᠨ ᠬᠡᠪᠯᠡᠭᠦᠯᠦᠭᠰᠡᠨ ᠨᠣᠮ ᠪᠠ CD ᠴᠣᠮᠤᠭ᠂ ᠵᠠᠯᠠᠭᠤ ᠳᠠᠭᠤᠴᠢᠨ ᠠᠭᠤᠳᠠᠮ ᠤᠨ CD ᠴᠣᠮᠤᠭ᠂ ︽ᠴᠢᠨᠳᠠᠮᠤᠨᠢ ᠡᠷᠳᠡᠨᠢ︾ CD ᠴᠣᠮᠤᠭ ᠪᠠ ᠠᠷᠠᠳ ᠤᠨ ᠵᠣᠭᠤᠰ ᠲᠦᠮᠡᠨ ᠲᠥᠭᠦᠷᠢᠭ ᠢ ᠡᠬᠡ ᠰᠤᠷᠭᠠᠭᠤᠯᠢ ᠳᠠᠭᠠᠨ ᠪᠡᠯᠡᠭᠯᠡᠪᠡ᠃
640 (1).jpg
       ᠶᠣᠰᠣᠯᠠᠯ ᠳᠤ ᠳᠠᠭᠤᠴᠢᠨ ᠪᠦᠷᠢᠨᠪᠠᠶᠠᠷ ᠠᠭᠰᠠᠨ ᠤ ᠲᠦᠷᠦᠭᠰᠡᠨ ᠳᠡᠭᠦᠦ ᠪᠦᠷᠢᠨᠪᠠᠲᠤ᠂ ᠳᠡᠭᠦᠦ ᠪᠡᠷᠢ ᠨᠠᠷᠠᠨᠭᠡᠷᠡᠯ  ᠦᠷ᠎ᠡ ᠬᠡᠦᠬᠡᠳ ᠤᠳ ᠲᠠᠢ ᠪᠠᠨ᠂ ᠲᠦᠷᠦᠯ ᠤᠨ ᠳᠡᠭᠦᠦ ᠪᠤᠯᠬᠤ ᠠᠯᠳᠠᠷᠲᠤ ᠵᠦᠴᠦᠭᠡᠴᠢᠨ ᠰᠠᠶᠢᠰᠢᠩᠭ᠎ᠠ᠂ ᠳᠠᠭᠤᠴᠢᠨ ᠪᠦᠷᠢᠨᠪᠠᠶᠠᠷ ᠠᠭᠰᠠᠨ ᠤ ᠳᠣᠲᠣᠨᠣ ᠶᠢᠨ ᠨᠠᠶᠢᠵᠠ ᠠᠯᠳᠠᠷᠲᠤ ᠳᠠᠭᠤᠴᠢᠨ ᠳᠤᠯᠵᠢᠨ ᠨᠠᠷ ᠬᠦᠷᠦᠯᠴᠡᠨ ᠢᠷᠡᠵᠦ ᠰᠡᠳᠬᠢᠯ ᠢᠶᠠᠨ ᠭᠦᠢᠴᠡᠭᠡᠨ᠂ ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠬᠠᠮᠢᠶ᠎ᠠ ᠪᠦᠬᠦᠢ ᠤᠳᠤᠷᠢᠳᠤᠯᠭ᠎ᠠ ᠨᠠᠷ ᠳᠡᠳᠡᠨ ᠤ ᠰᠡᠳᠬᠢᠯ ᠢᠶᠠᠨ ᠰᠢᠩᠭᠡᠭᠡᠭᠰᠡᠨ ᠨᠠᠨᠳᠢᠨ ᠰᠠᠶᠢᠬᠠᠨ ᠪᠡᠯᠡᠭ ᠢ ᠨᠢ ᠳᠤᠰᠤᠨ ᠠᠪᠤᠯ᠎ᠠ᠃
640 (2).jpg
       ᠡᠨᠡ ᠬᠦ ᠠᠵᠢᠯᠯᠠᠭ᠎ᠠ ᠳᠡᠭᠡᠷ᠎ᠡ ᠵᠠᠯᠠᠭᠤ ᠳᠠᠭᠤᠴᠢᠨ ᠠᠯᠳᠠᠨᠵᠠᠭᠠᠨ ︽ᠮᠡᠷᠭᠡᠯ ᠭᠤᠣᠯ︾ ᠬᠡᠮᠡᠬᠦ ᠳᠠᠭᠤᠤ ᠪᠠᠨ ᠡᠷᠭᠦᠵᠦ᠂ ᠠᠯᠳᠠᠷᠲᠤ ᠳᠠᠭᠤᠴᠢᠨ ᠤᠷᠠᠨ᠎ᠠ ᠪᠠᠭᠰᠢ ᠰᠤᠷᠤᠬᠴᠢᠳ ᠢᠶᠠᠨ ᠳᠠᠭᠠᠭᠤᠯᠤᠨ᠂ ᠪᠦᠷᠢᠨᠪᠠᠶᠠᠷ ᠠᠭᠰᠠᠨ ᠤ ︽ᠬᠠᠪᠤᠷ ᠢᠷᠡᠯ᠎ᠠ︾ ᠬᠡᠮᠡᠬᠦ ᠳᠠᠭᠤᠤ ᠶᠢ ᠳᠠᠭᠤᠯᠠᠵᠤ᠂ ᠡᠬᠡ ᠰᠤᠷᠭᠠᠭᠤᠯᠢ ᠪᠠᠨ ᠦᠶ᠎ᠡ ᠶᠢᠨ ᠦᠶ᠎ᠡ ᠳᠤ ᠥᠩᠭᠡᠵᠢᠨ ᠳᠡᠭᠵᠢᠷᠡᠵᠦ᠂ ᠵᠢᠯ ᠤᠨ ᠵᠢᠯ ᠳᠤ ᠵᠢᠷᠭᠠᠯᠠᠩ ᠪᠢᠯᠬᠠᠮ᠎ᠠ ᠪᠠᠶᠢᠬᠤ ᠶᠢ ᠬᠦᠰᠡᠨ ᠪᠡᠯᠭᠡᠳᠡᠯ᠎ᠡ᠃
640 (3).jpg
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ