— ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠰᠤᠷᠭᠠᠭᠤᠯᠢ ᠪᠠᠶᠢᠭᠤᠯᠤᠭᠳᠠᠭᠰᠠᠨ ᠵᠠᠭᠤᠨ ᠵᠢᠯ ᠤᠨ ᠤᠢ ᠶᠢᠨ ᠪᠠᠶᠠᠷ ᠢᠶᠠᠨ ᠪᠡᠯᠭᠡᠯᠡᠬᠦ | ᠠᠵᠢᠯᠯᠠᠭ᠎ᠠ ᠥᠷᠨᠢᠭᠦᠯᠪᠡ | ᠵᠠᠭᠤᠨ ᠵᠢᠯ ᠤᠨ ᠵᠣᠷᠢᠭ ᠰᠠᠨᠠᠭ᠎ᠠ ᠶᠢ ᠦᠷᠭᠦᠯᠵᠢᠯᠡᠭᠦᠯᠵᠦ᠂ ᠰᠤᠷᠭᠠᠨ ᠬᠥᠮᠦᠵᠢᠯ ᠤᠨ ᠰᠢᠨ᠎ᠡ ᠠᠶᠠᠨ ᠳᠤ ᠬᠦᠰᠡᠯ ᠵᠡᠭᠦᠳᠦ ᠪᠠᠨ ᠲᠡᠷᠭᠡᠯᠰᠢᠭᠦᠯᠦᠨᠡᠮ᠃ 8 | ᠰᠠᠷ᠎ᠠ ᠶᠢᠨ 26 ᠤ ᠡᠳᠦᠷ᠂ ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠰᠤᠷᠭᠠᠭᠤᠯᠢ ᠪᠠᠶᠢᠭᠤᠯᠤᠭᠳᠠᠭᠰᠠᠨ 100 ᠵᠢᠯ ᠤᠨ ᠤᠢ ᠶᠢᠨ ᠪᠠᠶᠠᠷ ᠢᠶᠠᠨ | ᠪᠡᠯᠭᠡᠯᠡᠬᠦ ᠠᠵᠢᠯᠯᠠᠭ᠎ᠠ ᠥᠷᠨᠢᠭᠦᠯᠪᠡ᠃ | | | ᠬᠤᠷᠠᠯ ᠳᠤ ᠣᠷᠣᠯᠴᠠᠬᠰᠠᠨ ᠤᠳᠤᠷᠢᠳᠤᠯᠭ᠎ᠠ ᠪᠣᠯᠣᠨ ᠡᠯ᠎ᠡ ᠡᠲᠡᠭᠡᠳ ᠤᠨ ᠬᠦᠨᠳᠦᠲᠦ ᠵᠣᠴᠢᠳ᠂ ᠰᠤᠷᠤᠯᠭ᠎ᠠ ᠶᠢᠨ ᠬᠠᠨᠢᠲᠠᠳ ᠬᠠᠶᠢᠯᠠᠷ ᠲᠠᠬᠢ ᠨᠢᠭᠡᠳᠦᠭᠡᠷ | ᠳᠤᠮᠳᠠᠳᠤ ᠰᠤᠷᠭᠠᠭᠤᠯᠢ ᠶᠢᠨ ᠵᠠᠭᠤᠨ ᠵᠢᠯ ᠤᠨ ᠤᠢ ᠶᠢᠨ ᠪᠠᠶᠠᠷ ᠤᠨ ᠴᠢᠬᠤᠯᠠ ᠴᠠᠭ ᠮᠥᠴᠡ ᠶᠢ ᠬᠠᠮᠲᠤ ᠪᠠᠷ ᠭᠡᠷᠡᠴᠢᠯᠡᠵᠡᠢ᠃ | | | ᠶᠣᠰᠣᠯᠠᠯ ᠳᠡᠭᠡᠷ᠎ᠡ ᠰᠤᠷᠭᠠᠭᠤᠯᠢ ᠶᠢᠨ ᠵᠠᠭᠤᠨ ᠵᠢᠯ ᠤᠨ ᠥᠩᠭᠡᠷᠡᠯᠲᠡ ᠶᠢ ᠡᠷᠭᠢᠴᠡᠭᠦᠯᠵᠦ᠂ ᠲᠡᠭᠦᠰᠦᠭᠰᠡᠨ ᠰᠤᠷᠤᠬᠴᠢᠳ᠂ ᠰᠤᠷᠭᠠᠭᠤᠯᠢ ᠳᠤ ᠪᠠᠶᠢᠭ᠎ᠠ | ᠰᠤᠷᠤᠬᠴᠢᠳ ᠪᠣᠯᠣᠨ ᠠᠬ᠎ᠠ ᠳᠡᠭᠦᠦ ᠰᠤᠷᠭᠠᠭᠤᠯᠢ ᠶᠢᠨ ᠲᠥᠯᠥᠭᠡᠯᠡᠭᠴᠢ ᠠᠴᠠ ᠬᠠᠶᠢᠯᠠᠷ ᠲᠠᠬᠢ ᠨᠢᠭᠡᠳᠦᠭᠡᠷ ᠲᠤᠮᠳᠠᠳᠤ ᠰᠤᠷᠭᠠᠭᠤᠯᠢ ᠳᠤ ᠴᠢᠩ ᠰᠡᠳᠬᠢᠯ ᠤᠨ | ᠵᠥᠩᠨᠡᠯ ᠢᠶᠠᠨ ᠳᠡᠪᠰᠢᠭᠦᠯᠵᠡᠢ᠃ ᠳᠠᠷᠠᠭ᠎ᠠ ᠨᠢ᠂ ᠰᠤᠷᠭᠠᠭᠤᠯᠢ ᠳᠤ ᠪᠠᠶᠢᠭ᠎ᠠ ᠪᠠᠭᠰᠢ ᠰᠤᠷᠤᠬᠴᠢᠳ ᠪᠣᠯᠣᠨ ᠬᠡᠰᠡᠭ ᠰᠤᠷᠤᠯᠭ᠎ᠠ ᠶᠢᠨ ᠬᠠᠨᠢᠲᠠᠳ ᠭᠠᠷ ᠬᠤᠯᠪᠣᠨ | ᠲᠣᠬᠯᠠᠯᠲᠠ ᠭᠠᠷᠭᠠᠵᠤ᠂ ᠣᠯᠠᠨ ᠵᠦᠢᠯ ᠤᠨ ᠲᠣᠬᠯᠠᠯᠲᠠ ᠶᠢᠨ ᠭᠡᠯᠪᠡᠷᠢ ᠪᠠᠷ ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠵᠠᠭᠤᠨ ᠵᠢᠯ ᠤᠨ ᠥᠩᠭᠡ | ᠭᠢᠯᠪᠠᠭ᠎ᠠ ᠶᠢ ᠳᠡᠯᠭᠡᠨ ᠦᠵᠡᠭᠦᠯᠵᠦ᠂ ᠲᠠᠩᠰᠤᠭ ᠰᠠᠶᠢᠬᠠᠨ ᠰᠤᠷᠭᠠᠭᠤᠯᠢ ᠶᠢᠨ ᠬᠦᠷᠢᠶᠡᠨ ᠤ ᠰᠣᠶᠣᠯ ᠪᠣᠯᠣᠨ ᠪᠠᠭᠰᠢ ᠰᠤᠷᠤᠬᠴᠢᠳ ᠤᠨ ᠰᠠᠶᠢᠨ ᠰᠠᠶᠢᠬᠠᠨ ᠣᠶᠤᠨ | ᠰᠠᠨᠠᠭᠠᠨ ᠤ ᠳᠦᠷᠰᠦ ᠪᠠᠶᠢᠳᠠᠯ ᠢ ᠬᠠᠷᠠᠭᠤᠯᠤᠭᠰᠠᠨ ᠪᠠᠶᠢᠨ᠎ᠠ᠃ ᠡᠭᠦᠨ ᠤ ᠬᠠᠮᠲᠤ᠂ ᠰᠤᠷᠭᠠᠭᠤᠯᠢ ᠨᠢ ᠰᠤᠷᠭᠠᠭᠤᠯᠢ ᠶᠢᠨ ᠲᠡᠦᠬᠡ ᠶᠢᠨ ᠣᠷᠳᠣᠨ ᠤ ᠦᠵᠡᠭᠦᠯᠭᠡ ᠶᠢᠨ | ᠲᠢᠩᠬᠢᠮ ᠭᠠᠷᠭᠠᠵᠤ᠂ ᠰᠤᠷᠭᠠᠭᠤᠯᠢ ᠶᠢᠨ ᠬᠦᠷᠢᠶᠡᠨ ᠤ ᠰᠣᠶᠣᠯ ᠤᠨ ᠪᠠᠶᠢᠭᠤᠯᠤᠯᠲᠠ ᠶᠢ ᠲᠣᠭᠤᠷᠢᠨ ᠦᠵᠡᠬᠦ ᠬᠤᠶᠠᠷ ᠴᠡᠭ ᠭᠠᠷᠭᠠᠵᠤ᠂ ᠬᠠᠶᠢᠯᠠᠷ ᠲᠠᠬᠢ ᠨᠢᠭᠡᠳᠦᠭᠡᠷ | ᠳᠤᠮᠳᠠᠳᠤ ᠰᠤᠷᠭᠠᠭᠤᠯᠢ ᠶᠢᠨ ᠵᠠᠭᠤᠨ ᠵᠢᠯ ᠤᠨ ᠬᠥᠭᠵᠢᠯᠲᠡ ᠶᠢᠨ ᠲᠡᠦᠬᠡ ᠪᠠ ᠰᠢᠨ᠎ᠡ ᠰᠤᠷᠭᠠᠭᠤᠯᠢ ᠶᠢᠨ ᠬᠦᠷᠢᠶᠡᠨ ᠤ ᠳᠦᠷᠰᠦ ᠪᠠᠶᠢᠳᠠᠯ ᠢ ᠪᠦᠭᠦ ᠲᠠᠯ᠎ᠠ ᠪᠠᠷ | ᠳᠡᠯᠭᠡᠨ ᠦᠵᠡᠭᠦᠯᠵᠡᠢ᠃ | ᠣᠶᠢᠯᠠᠭᠠᠭᠰᠠᠨ ᠢᠶᠠᠷ᠂ ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠶᠢ 1923 ᠣᠨ ᠠᠴᠠ ᠡᠬᠢᠯᠡᠨ ᠪᠠᠶᠢᠭᠤᠯᠵᠤ᠂ ᠰᠤᠷᠭᠠᠭᠤᠯᠢ ᠨᠢ ᠢᠮᠠᠭᠲᠠ | ᠰᠢᠨᠵᠢᠯᠡᠬᠦ ᠤᠬᠠᠭᠠᠨ ᠰᠤᠷᠭᠠᠨ ᠬᠥᠮᠦᠵᠢᠯ ᠢᠶᠠᠷ ᠤᠯᠤᠰ ᠢᠶᠠᠨ ᠮᠠᠨᠳᠤᠭᠤᠯᠬᠤ ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠶᠢ ᠦᠢᠯᠡᠳᠦᠯᠭᠡᠵᠢᠭᠦᠯᠵᠦ᠂ ᠲᠡᠷᠢᠭᠦᠨ ᠤ | ᠣᠷᠴᠢᠨ ᠲᠣᠭᠤᠷᠢᠨ᠂ ᠪᠦᠷᠢᠨ ᠲᠥᠬᠦᠷ ᠲᠥᠬᠦᠭᠡᠷᠦᠮᠵᠢ᠂ ᠡᠯᠪᠡᠭ ᠪᠠᠶᠠᠯᠢᠭ ᠪᠠᠭᠰᠢ ᠶᠢᠨ ᠬᠦᠴᠦᠨ ᠪᠣᠯᠣᠨ ᠥᠨᠳᠥᠷ ᠲᠦᠪᠰᠢᠨ ᠢᠶᠠᠷ ᠰᠤᠷᠭᠠᠭᠤᠯᠢ ᠡᠷᠭᠢᠯᠡᠭᠦ ᠶᠠᠰᠤ | ᠴᠢᠨᠠᠷ ᠢᠶᠠᠷ ᠢᠶᠠᠨ ᠪᠦᠭᠦ ᠲᠠᠯ᠎ᠠ ᠪᠠᠷ ᠬᠥᠭᠵᠢᠭᠰᠡᠨ ᠰᠢᠯᠢᠳᠡᠭ ᠴᠢᠳᠠᠪᠤᠷᠢᠲᠠᠨ ᠢ ᠪᠦᠯᠦᠭ ᠪᠦᠯᠦᠭ ᠢᠶᠠᠷ ᠬᠥᠮᠥᠵᠢᠭᠦᠯᠵᠡᠢ᠃ ᠲᠣᠰ ᠰᠤᠷᠭᠠᠭᠤᠯᠢ ᠨᠢ ᠰᠤᠷᠭᠠᠭᠤᠯᠢ | ᠪᠠᠶᠢᠭᠤᠯᠤᠭᠳᠠᠭᠰᠠᠨ ᠵᠠᠭᠤᠨ ᠵᠢᠯ ᠤᠨ ᠤᠢ ᠶᠢᠨ ᠪᠠᠶᠠᠷ ᠢᠶᠠᠷ ᠠᠵᠠ ᠲᠣᠭᠢᠶᠠᠯ ᠪᠤᠯᠭᠠᠵᠤ᠂ ᠪᠦᠭᠦ ᠰᠤᠷᠭᠠᠭᠤᠯᠢ ᠶᠢᠨ ᠪᠠᠭᠰᠢ ᠰᠤᠷᠤᠬᠴᠢᠳ ᠢ ᠳᠠᠭᠠᠭᠤᠯᠤᠨ | ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠡᠷᠡᠰ ᠪᠠᠲᠤ ᠪᠠᠬᠢᠵᠢᠭᠦᠯᠵᠦ᠂ ᠰᠢᠨ᠎ᠡ ᠴᠠᠭ ᠦᠶ᠎ᠡ ᠶᠢᠨ ᠨᠠᠮ ᠤᠨ ᠰᠤᠷᠭᠠᠨ | ᠬᠥᠮᠦᠵᠢᠯ ᠤᠨ ᠴᠢᠭᠯᠡᠯᠲᠡ ᠶᠢ ᠪᠦᠭᠦ ᠲᠠᠯ᠎ᠠ ᠪᠠᠷ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠰᠡᠳᠬᠢᠯ ᠢᠶᠠᠨ ᠨᠢᠭᠡᠳᠬᠡᠨ ᠬᠦᠴᠦᠨ ᠢᠶᠠᠨ ᠬᠠᠮᠲᠤᠳᠬᠠᠵᠤ᠂ ᠡᠷᠡᠯᠬᠡᠭᠯᠡᠨ | ᠲᠡᠮᠡᠴᠡᠵᠦ᠂ ᠶᠣᠰᠣ ᠪᠠᠷ ᠬᠥᠮᠥᠨ ᠢ ᠬᠥᠮᠥᠵᠢᠭᠦᠯᠬᠦ ᠡᠭᠦᠷᠭᠡ ᠬᠠᠷᠢᠭᠤᠴᠠᠯᠭ᠎ᠠ ᠪᠠᠨ ᠦᠷᠭᠦᠯᠵᠢᠯᠡᠨ ᠦᠢᠯᠡᠳᠦᠯᠭᠡᠵᠢᠭᠦᠯᠵᠦ᠂ ᠴᠢᠨᠠᠷ ᠰᠠᠶᠢᠲᠠᠢ ᠬᠥᠭᠵᠢᠯᠲᠡ ᠳᠤ | ᠵᠣᠬᠢᠴᠠᠬᠤ ᠡᠯ᠎ᠡ ᠲᠥᠷᠥᠯ ᠤᠨ ᠴᠢᠳᠠᠪᠤᠷᠢᠲᠠᠨ ᠢ ᠬᠦᠴᠦᠯᠡᠨ ᠬᠥᠮᠥᠵᠢᠭᠦᠯᠵᠦ᠂ ᠣᠳᠣᠬᠢᠴᠢᠯᠠᠭᠰᠠᠨ ᠬᠥᠯᠥᠨ ᠪᠤᠶᠢᠷ ᠤᠨ ᠪᠦᠲᠦᠭᠡᠨ ᠪᠠᠶᠢᠭᠤᠯᠤᠯᠲᠠ ᠳᠤ ᠬᠦᠴᠦᠨ | ᠴᠢᠳᠠᠯ ᠢᠶᠠᠨ ᠡᠷᠭᠦᠬᠦ ᠪᠣᠯᠣᠨ᠎ᠠ᠃ | |