ᠨᠣᠭᠤᠭ᠎ᠠ ᠪᠠᠨ ᠵᠦᠪ ᠤᠬᠢᠶᠠᠬᠤ ᠨᠢ ᠨᠡᠩ ᠴᠢᠬᠤᠯᠠ
ᠨᠡᠶᠢᠲᠡᠯᠡᠭᠰᠡᠨ ᠴᠠᠭ᠄
2023/9/21
       ᠣᠯᠠᠨ ᠢᠶᠠᠷ ᠢᠶᠠᠨ ᠵᠢᠮᠢᠰ ᠨᠣᠭᠤᠭ᠎ᠠ ᠤᠬᠢᠶᠠᠬᠤ ᠮᠠᠰᠢᠨ ᠠᠪᠴᠤ ᠪᠠᠶᠢᠭ᠎ᠠ ᠨᠢ ᠲᠠᠷᠢᠶᠠᠨ ᠡᠮ ᠤᠨ ᠦᠯᠡᠳᠡᠭᠳᠡᠯ ᠢ ᠰᠡᠷᠭᠡᠶᠢᠯᠡᠵᠦ ᠪᠠᠶᠢᠭ᠎ᠠ ᠶᠠᠪᠤᠳᠠᠯ ᠶᠤᠮ᠃ ᠭᠡᠪᠡᠴᠦ ᠡᠳᠦᠷ ᠲᠤᠲᠤᠮ ᠤᠨ ᠠᠮᠢᠳᠤᠷᠠᠯ ᠳᠤᠮᠳᠠ᠂ ᠪᠢᠳᠡᠨ ᠤ ᠵᠢᠩᠬᠢᠨᠢ ᠳᠡᠯᠭᠡᠭᠦᠷ ᠠᠴᠠ ᠬᠤᠳᠠᠯᠳᠤᠨ ᠠᠪᠤᠭᠰᠠᠨ ᠣᠯᠠᠩᠬᠢ ᠢᠳᠡᠰᠢᠨ ᠨᠣᠭᠤᠭ᠎ᠠ ᠶᠢᠨ ᠲᠠᠷᠢᠶᠠᠨ ᠡᠮ ᠤᠨ ᠦᠯᠡᠳᠡᠭᠳᠡᠯ ᠨᠢ ᠪᠦᠷ ᠲᠣᠭᠲᠠᠭᠰᠠᠨ ᠬᠡᠪᠴᠢᠶᠡᠨ ᠳᠤ ᠪᠠᠶᠢᠳᠠᠭ᠃ ᠲᠡᠶᠢᠮᠦ ᠮᠥᠷᠲᠡᠭᠡᠨ ᠵᠢᠮᠢᠰ ᠨᠣᠭᠤᠭ᠎ᠠ ᠤᠬᠢᠶᠠᠬᠤ ᠮᠠᠰᠢᠨ ᠢ ᠬᠡᠷᠡᠭᠯᠡᠬᠦ ᠥᠬᠡᠶ ᠪᠠᠷ ᠪᠤᠳᠤᠬᠤ ᠳᠤ᠂ ᠡᠳᠦᠷ ᠲᠤᠲᠤᠮ ᠤᠨ ᠮᠠᠰᠢ ᠣᠯᠠᠨ ᠠᠷᠭ᠎ᠠ ᠨᠢ ᠲᠠᠷᠢᠶᠠᠨ ᠡᠮ ᠤᠨ ᠦᠯᠡᠳᠡᠭᠳᠡᠯ ᠢ ᠪᠦᠲᠦᠮᠵᠢᠲᠡᠶ ᠠᠷᠢᠯᠭᠠᠵᠤ ᠴᠢᠳᠠᠨ᠎ᠠ᠂ ᠡᠭᠦᠨ ᠳᠤ ᠳᠤᠤᠷᠠᠬᠢ ᠮᠡᠲᠦ ᠠᠷᠭ᠎ᠠ ᠶᠢ ᠲᠠᠨᠢᠯᠴᠠᠭᠤᠯᠤᠶ᠎ᠠ᠄        ᠴᠡᠪᠡᠷ ᠤᠰᠤᠨ ᠳᠤ ᠳᠡᠪᠲᠦᠭᠡᠬᠦ᠃ ᠨᠣᠭᠤᠭ᠎ᠠ ᠪᠠᠨ ᠬᠠᠭᠤᠷᠬᠤ ᠠᠴᠠ ᠡᠮᠦᠨ᠎ᠡ 20℃~25℃ ᠤᠨ ᠴᠡᠪᠡᠷ ᠤᠰᠤᠨ ᠳᠤ 10 ᠮᠢᠨᠦ᠋ᠲ ᠳᠡᠪᠲᠦᠭᠡᠵᠦ᠂ ᠲᠠᠷᠠᠭ᠎ᠠ ᠨᠢ ᠴᠡᠪᠡᠷ ᠤᠰᠤ ᠪᠠᠷ 30 ᠰᠧᠺᠦ᠋ᠨ᠋ᠳ᠋ ᠤᠬᠢᠶᠠᠨ᠎ᠠ᠃        ᠪᠤᠳᠠᠭ᠎ᠠ ᠣᠬᠢᠶᠠᠭᠰᠠᠨ ᠤᠰᠤᠨ ᠳᠤ ᠳᠡᠪᠲᠦᠭᠡᠬᠦ᠃ ᠨᠣᠭᠤᠭ᠎ᠠ ᠪᠠᠨ ᠪᠤᠳᠠᠭ᠎ᠠ ᠣᠬᠢᠶᠠᠭᠰᠠᠨ ᠤᠰᠤ ᠪᠠᠷ 5 ~ 10 ᠮᠢᠨᠦ᠋ᠲ ᠳᠡᠪᠲᠦᠭᠡᠵᠦ᠂ ᠳᠠᠬᠢᠨ ᠴᠡᠪᠡᠷ ᠤᠰᠤ ᠪᠠᠷ 30 ᠰᠧᠺᠦ᠋ᠨ᠋ᠳ᠋ ᠤᠬᠢᠶᠠᠨ᠎ᠠ᠃        ᠳᠠᠪᠤᠰᠤ ᠲᠠᠢ ᠤᠰᠤᠨ ᠳᠤ ᠳᠡᠪᠲᠦᠭᠡᠬᠦ᠃ ᠨᠣᠭᠤᠭ᠎ᠠ ᠪᠠᠨ 1 % ᠶᠢᠨ ᠳᠠᠪᠤᠰᠤ ᠲᠠᠢ ᠤᠰᠤ ᠪᠠᠷ ᠳᠡᠪᠲᠦᠭᠡᠵᠦ 20 ᠮᠢᠨᠦ᠋ᠲ ᠤᠨ ᠳᠠᠷᠠᠭ᠎ᠠ ᠣᠬᠢᠶᠠᠨ᠎ᠠ᠃ ᠳᠠᠪᠤᠰᠤᠨ ᠤ ᠥᠳᠬᠡᠴᠡ ᠶᠢ ᠬᠡᠲᠦᠷᠬᠡᠶ ᠶᠡᠭᠡ ᠪᠠᠶᠢᠯᠭᠠᠵᠤ ᠪᠣᠯᠬᠤ ᠦᠭᠡᠢ᠃       ᠪᠤᠴᠠᠯᠤᠭᠰᠠᠨ ᠤᠰᠤᠨ ᠳᠤ ᠳᠡᠪᠲᠦᠭᠡᠬᠦ᠃ ᠨᠣᠭᠤᠭ᠎ᠠ ᠪᠠᠨ ᠪᠤᠴᠠᠯᠤᠭᠰᠠᠨ ᠣᠰᠣᠨ ᠳᠤ 2 ᠮᠢᠨᠦ᠋ᠲ ᠳᠡᠪᠳᠦᠭᠡᠨ᠎ᠡ᠃ ᠭᠡᠪᠡᠴᠦ ᠡᠶᠢᠮᠤ ᠠᠷᠭ᠎ᠠ ᠨᠢ ᠢᠳᠡᠰᠢᠨ ᠨᠣᠭᠤᠭ᠎ᠠ ᠶᠢᠨ ᠬᠡᠰᠡᠭ ᠰᠢᠮ᠎ᠡ ᠲᠡᠵᠢᠭᠡᠯ ᠢ ᠠᠯᠳᠠᠭᠳᠠᠭᠤᠯᠤᠨ᠎ᠠ᠃        ᠳᠡᠭᠡᠷᠡᠬᠢ ᠠᠷᠭ᠎ᠠ ᠠᠴᠠ ᠭᠠᠳᠠᠨ᠎ᠠ᠂ ᠪᠠᠰᠠ ᠤᠷᠤᠰᠬᠠᠯ ᠤᠰᠤ ᠪᠠᠷ ᠱᠦᠷᠬᠦᠭᠡᠵᠤ ᠣᠬᠢᠶᠠᠬᠤ᠂ ᠬᠠᠯᠢᠰᠤ ᠶᠢ ᠨᠢ ᠠᠷᠢᠯᠭᠠᠬᠤ᠂ 24 ᠴᠠᠭ ᠲᠠᠯᠪᠢᠬᠤ ᠵᠡᠷᠭᠡ ᠠᠷᠭ᠎ᠠ ᠶᠢ ᠠᠪᠴᠤ ᠪᠣᠯᠤᠨ᠎ᠠ᠂ ᠡᠨᠡ ᠨᠢ ᠨᠣᠭᠤᠭᠠᠨ ᠤ ᠲᠣᠳᠣᠷᠠᠬᠢ ᠲᠠᠷᠢᠶᠠᠨ ᠡᠮ ᠤᠨ ᠦᠯᠡᠳᠡᠭᠳᠡᠯ ᠢ ᠠᠷᠢᠯᠭᠠᠬᠤ ᠳᠤ ᠪᠠᠰᠠ ᠨᠡᠯᠢᠶᠡᠳ ᠰᠠᠶᠢᠨ ᠦᠢᠯᠡᠳᠦᠯ ᠲᠠᠢ ᠶᠤᠮ᠃
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ