ᠱᠠᠩᠳᠤ ᠬᠤᠲᠠ ᠪᠣᠯ ᠨᠡᠭᠦᠳᠡᠯᠴᠢᠨ ᠦᠨᠳᠦᠰᠦᠲᠡᠨ ᠤ ᠰᠣᠶᠣᠯ ᠤᠨ ᠦᠨᠦᠷ ᠬᠠᠩᠬᠤᠯᠣᠭᠰᠠᠨ ᠥᠪᠡᠷᠮᠢᠴᠡ ᠣᠨᠴᠠᠯᠢᠭ ᠪᠥᠬᠦᠢ ᠲᠠᠯ᠎ᠠ ᠨᠣᠲᠤᠭ ᠤᠨ | ᠮᠣᠩᠭᠤᠯ ᠬᠤᠲᠠ ᠪᠣᠯᠣᠨ᠎ᠠ᠃ 1251 ᠣᠨ ᠳᠤ᠂ ᠬᠤᠪᠢᠯᠠᠢ ᠬᠠᠭᠠᠨ᠂ ᠠᠬ᠎ᠠ ᠮᠥᠩᠭᠡ ᠬᠠᠭᠠᠨ ᠤ ᠵᠠᠷᠯᠢᠭ ᠶᠣᠰᠣᠭᠠᠷ ᠭᠤᠪᠢ ᠤᠨ ᠡᠮᠦᠨᠡᠬᠢ ᠮᠣᠩᠭᠤᠯ ᠣᠪᠣᠭ | ᠠᠶᠢᠮᠠᠭ ᠪᠠ ᠣᠮᠠᠷᠠᠲᠤ ᠶᠢᠨ ᠢᠷᠭᠡᠨ ᠤ ᠶᠠᠪᠣᠳᠠᠯ ᠢ ᠶᠡᠷᠦᠩᠬᠡᠶᠢᠯᠡᠨ ᠬᠠᠮᠢᠶᠠᠷᠬᠤ ᠳᠣᠰᠢᠶᠠᠯ ᠢᠶᠠᠷ ᠡᠨᠡᠬᠦ ᠭᠤᠪᠢ ᠶᠢᠨ ᠠᠷᠤ ᠡᠮᠦᠨ᠎ᠡ ᠶᠢ ᠬᠤᠯᠪᠣᠭᠰᠠᠨ ᠪᠣᠭᠤᠮᠳᠠ | ᠭᠠᠵᠠᠷ - ᠱᠠᠩᠳᠤ ᠶᠢᠨ ᠰᠢᠷ᠎ᠠ ᠲᠠᠯ᠎ᠠ ᠳᠡᠭᠡᠷ᠎ᠡ ᠨᠡᠭᠦᠳᠡᠯ ᠣᠷᠳᠣᠨ ᠢᠶᠠᠨ ᠪᠠᠶᠢᠭᠤᠯᠵᠠᠢ᠃ 1256 ᠣᠨ ᠳᠤ ᠬᠤᠪᠢᠯᠠᠢ ᠰᠢᠳᠠᠷ ᠳᠦᠰᠢᠮᠡᠯ ᠯᠢᠦ ᠪᠢᠩ ᠵᠦᠩ ᠳᠤ | ᠵᠠᠷᠯᠢᠭ ᠪᠠᠭᠤᠯᠭᠠᠨ ᠭᠠᠵᠠᠷ ᠰᠣᠩᠭᠤᠭᠤᠯᠵᠤ᠂ ᠬᠤᠷᠠᠬᠤ ᠶᠢᠨ ᠠᠭᠤᠯᠠᠨ ᠤ ᠡᠮᠦᠨ᠎ᠡ ᠪᠡᠯ᠂ ᠣᠣᠯ ᠤᠨ ᠯᠣᠸᠠᠨ ᠡᠾᠧ ᠭᠤᠣᠯ ᠤᠨ ᠠᠷᠤ ᠳᠡᠨᠵᠢᠨ ᠳᠡᠭᠡᠷ᠎ᠡ | ᠬᠤᠲᠠ ᠶᠢᠨ ᠪᠠᠭᠤᠴᠠ ᠲᠠᠯᠪᠢᠪᠠ᠃ | ᠪᠠᠷᠢᠯᠭ᠎ᠠ ᠶᠢᠨ ᠠᠵᠢᠯ ᠢ ᠶᠢᠰᠦᠨᠪᠣᠬ᠎ᠠ ᠵᠠᠬᠢᠷᠴᠤ᠂ ᠭᠤᠷᠪᠠᠨ ᠵᠢᠯ ᠰᠢᠬᠠᠮ ᠤᠨ ᠴᠠᠭ ᠵᠠᠷᠣᠴᠠᠭᠤᠯᠵᠤ᠂ 1259 ᠣᠨ ᠳᠤ ᠬᠤᠲᠠ ᠶᠢᠨ ᠠᠩᠬᠠᠨ ᠤ ᠬᠡᠷᠡᠮ | ᠬᠦᠷᠢᠶ᠎ᠡ ᠣᠷᠳᠣᠨ ᠬᠠᠷᠰᠢ ᠶᠢ ᠪᠠᠷᠢᠵᠤ ᠳᠠᠭᠤᠰᠬᠠᠭᠠᠳ᠂ ᠬᠤᠲᠠ ᠶᠢᠨ ᠨᠡᠷ᠎ᠡ ᠪᠠᠨ ᠠᠩᠬ᠎ᠠ ᠬᠡᠶᠢᠪᠦᠩ ︵ᠺᠠᠶᠢᠫᠢᠩ︶ ᠣᠷᠳᠣᠨ ᠭᠡᠵᠡᠢ᠃ 1260 ᠣᠨ ᠳᠤ᠂ | ᠬᠤᠪᠢᠯᠠᠢ ᠬᠡᠶᠢᠪᠦᠩ ︵ᠺᠠᠶᠢᠫᠢᠩ︶ ᠣᠷᠳᠣᠨ ᠳᠤ ᠬᠠᠭᠠᠨ ᠣᠷᠣ ᠵᠠᠯᠭᠠᠮᠵᠢᠯᠠᠵᠤ᠂ ᠮᠣᠩᠭᠤᠯ ᠤᠨ ᠶᠡᠭᠡ ᠬᠠᠭᠠᠨ ᠰᠠᠭᠤᠭᠠᠳ ᠭᠤᠷᠪᠠᠨ ᠵᠢᠯ ᠤᠨ ᠳᠠᠷᠠᠭ᠎ᠠ ᠬᠡᠶᠢᠪᠦᠩ | ︵ᠺᠠᠶᠢᠫᠢᠩ︶ ᠣᠷᠳᠣᠨ ᠢ ᠳᠡᠭᠡᠳᠦ ᠨᠡᠶᠢᠰᠯᠡᠯ ᠬᠡᠮᠡᠨ ᠡᠷᠭᠦᠮᠵᠢᠯᠡᠨ᠂ ᠣᠨ ᠤ ᠴᠣᠯᠠ ᠪᠠᠨ ︽ᡁᠢ ᠶᠣᠸᠠᠨ︾ ᠬᠡᠮᠡᠪᠡ᠃ 1264 ᠣᠨ ᠳᠤ᠂ ᠬᠤᠪᠢᠯᠠᠢ ᠬᠠᠭᠠᠨ | ᠠᠯᠳᠠᠨ ᠤᠯᠤᠰ ᠤᠨ ᠳᠣᠮᠳᠠᠳᠤ ᠨᠠᠶᠢᠰᠯᠡᠯ ︵ᠣᠳᠤ ᠶᠢᠨ ᠪᠡᠭᠡᠵᠢᠩ︶ ᠢ ᠡᠪᠦᠯᠵᠢᠬᠦ ᠨᠡᠶᠢᠰᠯᠡᠯ ᠪᠣᠯᠭᠠᠨ᠂ ᠳᠡᠭᠡᠳᠦ ᠨᠡᠶᠢᠰᠯᠡᠯ ᠱᠠᠩᠳᠤ ᠶᠢ ᠵᠣᠰᠠᠬᠤ ᠨᠠᠶᠢᠰᠯᠠᠯ | ᠪᠣᠯᠭᠠᠵᠤ᠂ ᠬᠤᠶᠠᠷ ᠨᠡᠶᠢᠰᠯᠡᠯ ᠤᠨ ᠳᠦᠷᠢᠮ ᠢ ᠬᠡᠷᠡᠭᠵᠢᠭᠦᠯᠵᠡᠢ᠃ | 1271 ᠣᠨ ᠳᠤ ᠬᠤᠪᠢᠯᠠᠢ ᠬᠠᠭᠠᠨ ︽ᠵᠢᠷᠣᠬᠠᠶᠢᠲᠤ ᠨᠣᠮ︾ ᠳᠡᠭᠡᠷ᠎ᠡ ᠦᠭᠦᠯᠡᠭᠰᠡᠨ ︽ᠴᠢᠶᠠᠨ ᠶᠣᠸᠠᠨ ︵ᠮᠥᠩᠬᠡ ᠠᠭᠤᠤ︶ ᠬᠡᠮᠡᠭᠴᠢ ᠶᠡᠭᠡ ᠶᠢᠨ | ᠲᠦᠢᠯ ᠪᠣᠶᠤ︾ ᠭᠡᠳᠡᠭ ᠣᠬᠠᠭᠠᠨ ᠢ ᠡᠰᠢᠯᠡᠵᠦ᠂ ᠤᠯᠤᠰ ᠤᠨ ᠴᠣᠯᠠ ᠪᠠᠨ ︽ᠶᠡᠭᠡ ᠶᠣᠸᠠᠨ︾ ᠬᠡᠮᠡᠨ ᠨᠡᠷᠡᠶᠢᠳᠪᠡ᠃ ᠰᠢᠨ᠎ᠡ ᠸᠠᠩᠲᠤ ᠲᠥᠷᠦ ᠶᠢ ᠪᠠᠶᠢᠭᠤᠯᠣᠭᠠᠳ᠂ | ᠣᠮᠠᠷᠠᠲᠤ ᠣᠷᠣᠨ ᠤ ᠨᠣᠶᠠᠷᠬᠠᠯ ᠢᠶᠠᠨ ᠪᠠᠳᠣᠳᠬᠠᠬᠤ ᠶᠢᠨ ᠬᠠᠮᠲᠤ ᠪᠠᠷ᠂ ᠬᠤᠪᠢᠯᠠᠢ ᠬᠠᠭᠠᠨ ᠪᠠᠰᠠ ᠡᠮᠦᠨᠡᠲᠦ ᠰᠦᠩ ᠤᠯᠤᠰ ᠢ ᠨᠢᠭᠡᠳᠭᠡᠬᠦ ᠪᠠᠷ ᠪᠡᠯᠡᠳᠬᠡᠨ᠂ | 1273 ᠣᠨ ᠳᠤ ᠯᠢᠨ ᠠᠨ ︵ᠣᠳᠤ ᠶᠢᠨ ᠬᠠᠩᠵᠸᠤ︶ ᠢ ᠡᠵᠡᠯᠡᠵᠦ᠂ 1279 ᠣᠨ ᠳᠤ ᠡᠮᠦᠨᠡᠲᠦ ᠰᠦᠩ ᠤᠯᠤᠰ ᠢ ᠰᠥᠨᠦᠭᠡᠭᠡᠳ᠂ ᠪᠥᠬᠦ ᠤᠯᠤᠰ ᠤᠨ ᠲᠤᠮᠤ | ᠨᠢᠭᠡᠳᠦᠯ ᠢ ᠪᠡᠶᠡᠯᠡᠭᠦᠯᠦᠭᠰᠡᠨ ᠪᠠᠶᠢᠨ᠎ᠠ᠃ ᠶᠣᠸᠠᠨ ᠤ ᠳᠡᠭᠡᠳᠦ ᠨᠡᠶᠢᠰᠯᠠᠯ᠂ ᠱᠠᠩᠳᠤ ᠬᠤᠲᠠ ᠨᠢ ᠳᠣᠮᠳᠠᠳᠤ ᠤᠯᠤᠰ ᠤᠨ ᠬᠠᠮᠤᠭ ᠤᠨ ᠶᠡᠭᠡ ᠨᠢᠭᠡᠳᠦᠯ ᠢ | ᠪᠡᠶᠡᠯᠡᠭᠦᠯᠦᠭᠰᠡᠨ ᠨᠡᠶᠢᠰᠯᠠᠯ ᠬᠤᠲᠠ ᠮᠦᠨ᠃ ᠬᠤᠪᠢᠯᠠᠢ ᠬᠠᠭᠠᠨ ᠪᠣᠯᠣᠨ ᠲᠡᠭᠦᠨ ᠤ ᠵᠠᠯᠭᠠᠮᠵᠢᠯᠠᠭᠴᠢᠳ ᠥᠪᠡᠷ ᠤᠨ ᠮᠣᠩᠭᠤᠯ ᠦᠨᠳᠦᠰᠦᠲᠡᠨ ᠤ ᠥᠪᠡᠷᠮᠢᠴᠡ | ᠣᠨᠴᠠᠯᠢᠭ ᠢᠶᠠᠷ ᠱᠠᠩᠳᠤ ᠬᠤᠲᠠ ᠶᠢ ᠪᠥᠲᠦᠭᠡᠨ ᠪᠠᠶᠢᠭᠤᠯᠣᠭᠰᠠᠨ ᠶᠤᠮ᠃ ᠲᠡᠷᠡ ᠨᠢ 13 -14 ᠳ᠋ᠣᠭᠡᠷ ᠵᠠᠭᠤᠨ ᠳᠤ᠂ ᠶᠣᠸᠠᠨ ᠤᠯᠤᠰ ᠤᠨ ᠠᠵᠤ ᠠᠬᠤᠢ᠂ | ᠰᠤᠶᠤᠯ᠂ ᠱᠠᠰᠢᠨ ᠰᠣᠷᠲᠠᠬᠤᠨ᠂ ᠴᠡᠷᠢᠭ ᠳᠠᠶᠢᠨ ᠤ ᠲᠥᠪ ᠮᠥᠷᠲᠡᠭᠡᠨ ᠳᠡᠯᠡᠬᠡᠢ ᠶᠢᠨ ᠲᠥᠪ ᠬᠤᠲᠠ ᠪᠣᠯᠣᠭᠰᠠᠨ ᠬᠤᠪᠢ ᠳᠤ᠂ ᠠᠳᠡ ᠡᠭᠦᠰᠴᠦ ᠥᠩᠭᠡᠷᠡᠭᠰᠡᠨ | ᠮᠠᠰᠢ ᠣᠯᠠᠨ ᠴᠢᠬᠤᠯᠠ ᠪᠥᠬᠦᠢ ᠬᠡᠷᠡᠭ ᠣᠴᠢᠷ ᠤᠳ ᠨᠢ ᠳᠣᠮᠳᠠᠳᠤ ᠤᠯᠤᠰ ᠤᠨ ᠲᠡᠦᠬᠡ ᠴᠢᠨᠠᠭᠰᠢᠯᠠᠨ ᠳᠡᠯᠡᠬᠡᠢ ᠶᠢᠨ ᠲᠡᠦᠬᠡᠨ ᠳᠤ ᠴᠣ᠋ ᠴᠢᠬᠤᠯᠠ ᠨᠥᠯᠦᠭᠡ | ᠦᠵᠡᠭᠦᠯᠵᠡᠢ᠃ 1358 - 1368 ᠣᠨ ᠤ ᠬᠤᠭᠤᠷᠣᠨᠳᠤ ᠱᠠᠩᠳᠤ ᠬᠤᠲᠠ ᠨᠢ ᠶᠣᠸᠠᠨ ᠤ ᠰᠡᠭᠦᠯᠴᠢ ᠶᠢᠨ ᠦᠶ᠎ᠡ ᠶᠢᠨ ᠲᠠᠷᠢᠶᠠᠴᠢᠨ ᠤ ᠪᠣᠰᠣᠯᠭ᠎ᠠ ᠳᠤ | ᠭᠠᠯᠳᠠᠭᠳᠠᠨ ᠳᠠᠯᠬᠢᠭᠳᠠᠪᠠ᠃ | 1358 ᠣᠨ ᠳᠤ ᠤᠯᠠᠭᠠᠨ ᠠᠯᠴᠢᠭᠤᠷᠳᠠᠨ ᠤ ᠪᠣᠰᠣᠯᠭ᠎ᠠ ᠶᠢᠨ ᠴᠡᠷᠢᠭ ᠤᠨ ᠭᠤᠸᠠᠨ ᠰᠢᠶᠠᠨᠱᠧᠩ᠂ ᠫᠦᠸᠧ ᠲᠸᠤ ᠫᠠᠨ ᠨᠠᠷ ᠳ᠋ᠠᠲ᠋ᠦ᠋ᠩ ᠠᠴᠠ ᠴᠡᠷᠢᠭᠯᠡᠨ᠂ | ᠱᠠᠩᠳᠤ ᠨᠡᠶᠢᠰᠯᠠᠯ ᠢ ᠰᠢᠭᠤᠳ ᠳᠠᠭᠠᠷᠢᠨ ᠬᠤᠲᠠ ᠶᠢ ᠡᠵᠡᠯᠡᠨ᠂ ᠤᠷᠳᠤ ᠬᠠᠷᠰᠢ ᠢ ᠭᠠᠯᠳᠠᠨ ᠳᠠᠯᠬᠢᠭᠳᠠᠪᠠ᠃ 1369 ᠣᠨ ᠳᠤ ᠮᠢᠩ ᠤᠯᠤᠰ ᠤᠨ ᠴᠡᠷᠢᠭ | ᠳᠠᠶᠢᠳᠤ ︵ᠣᠳᠤ ᠶᠢᠨ ᠪᠡᠭᠡᠵᠢᠩ︶ ᠶᠢ ᠡᠵᠡᠯᠡᠨ᠂ ᠶᠣᠸᠠᠨ ᠤ ᠨᠣᠶᠠᠷᠬᠠᠯ ᠢ ᠡᠴᠦᠰᠯᠡᠭᠦᠯᠵᠦ᠂ ᠳᠠᠷᠠᠭ᠎ᠠ ᠵᠢᠯ ᠨᠢ ᠱᠠᠩᠳᠤ ᠬᠤᠲᠠ ᠤᠷᠣᠭᠤ ᠴᠡᠷᠢᠭ ᠲᠣᠮᠢᠯᠠᠨ | ᠬᠤᠲᠠ ᠶᠢ ᠡᠵᠡᠯᠡᠨ ᠭᠠᠯᠳᠠᠪᠠ᠃ ᠨᠣᠭᠤᠴᠠᠭᠠ ᠶᠡᠬᠡᠲᠡᠢ ᠲᠡᠦᠬᠡ ᠶᠢᠨ ᠠᠶᠠᠨ ᠳᠤ ᠱᠠᠩᠳᠤ ᠬᠤᠲᠠ ᠨᠢ ᠣᠣᠯ ᠤᠨ ᠳᠦᠷᠢ ᠲᠦᠷᠬᠦ ᠪᠠᠨ ᠠᠯᠳᠠᠭᠰᠠᠨ ᠪᠣᠯᠪᠠᠴᠤ | ᠲᠡᠭᠦᠨ ᠤ ᠲᠡᠦᠬᠡᠨ ᠦᠢᠯᠡᠳᠦᠯ ᠨᠢ ᠬᠠᠷᠢᠨ ᠰᠢᠳᠠᠭᠳᠠᠨ ᠳᠠᠭᠤᠰᠣᠭᠰᠠᠨ ᠦᠭᠡᠢ᠃ ᠶᠣᠸᠠᠨ ᠤ ᠳᠡᠭᠡᠳᠦ ᠨᠡᠶᠢᠰᠯᠠᠯ ᠨᠢ 13 - 14 ᠳ᠋ᠣᠭᠡᠷ ᠵᠠᠭᠤᠨ ᠳᠤ᠂ | ᠳᠡᠯᠡᠬᠡᠢ ᠳᠤ ᠬᠤᠣᠰ ᠦᠭᠡᠢ ᠳᠣᠷᠣᠨ᠎ᠠ ᠶᠢᠨ ᠶᠡᠭᠡ ᠭᠦᠷᠦᠨ ᠤ ᠵᠣᠰᠠᠯᠠᠩ ᠤᠨ ᠣᠷᠳᠣᠨ ᠪᠠᠶᠢᠭᠰᠠᠨ ᠢᠶᠠᠷ ᠢᠶᠠᠨ ᠠᠽᠢᠶ᠎ᠠ ᠡᠸᠦ᠋ᠷᠣᠫᠡ ᠶᠢᠨ ᠡᠬᠡ ᠬᠠᠭᠤᠷᠠᠢ ᠳᠡᠭᠡᠷ᠎ᠡ | ᠨᠡᠭᠦᠳᠡᠯ ᠰᠤᠶᠣᠯ᠂ ᠲᠠᠷᠢᠶᠠᠯᠠᠬᠤ ᠰᠣᠶᠣᠯ ᠢ ᠪᠣᠢ ᠪᠣᠯᠭᠠᠵᠤ᠂ ᠬᠤᠶᠠᠷ ᠶᠡᠭᠡ ᠦᠨᠳᠦᠰᠦᠲᠡᠨ ᠣᠭᠰᠠᠭᠠᠳᠠᠨ ᠪᠣᠯᠬᠤ ᠮᠣᠩᠭᠤᠯ᠂ ᠬᠢᠲᠠᠳ ᠦᠨᠳᠦᠰᠦᠲᠡᠨ ᠤ | ᠬᠠᠷᠢᠴᠠᠭ᠎ᠠ ᠬᠤᠯᠪᠣᠭ᠎ᠠ ᠶᠢ ᠢᠯᠡᠳᠬᠡᠵᠦ᠂ ᠨᠡᠭᠦᠳᠡᠯ ᠰᠣᠶᠣᠯ᠂ ᠲᠠᠷᠢᠶᠠᠯᠠᠬᠤ ᠰᠣᠶᠣᠯ᠂ ᠡᠸᠦ᠋ᠷᠣᠫᠡ ᠤᠨ ᠰᠣᠶᠣᠯ ᠤᠨ ᠬᠠᠷᠢᠯᠴᠠᠨ ᠮᠥᠷᠭᠦᠯᠳᠦᠨ ᠠᠭᠤᠰᠣᠯᠴᠠᠭᠰᠠᠨ | ᠪᠥᠬᠦᠢ ᠦᠷ᠎ᠡ ᠪᠥᠲᠦᠭᠡᠯ ᠤᠨ ᠲᠤᠳᠤ ᠵᠢᠱᠢᠶ᠎ᠡ ᠪᠣᠯᠣᠭᠰᠠᠨ ᠶᠤᠮ᠃ | ᠶᠣᠸᠠᠨ ᠤ ᠳᠡᠭᠡᠳᠦ ᠨᠡᠶᠢᠰᠯᠠᠯ ᠨᠢ ᠮᠣᠩᠭᠤᠯ ᠬᠠᠭᠠᠨᠳᠤ ᠤᠯᠤᠰ ᠤᠨ ᠡᠷᠬᠡ ᠮᠡᠳᠡᠯ ᠤᠨ ᠲᠥᠪ ᠪᠣᠯᠣᠭᠰᠠᠨ ᠤ ᠬᠤᠪᠢ ᠳᠤ᠂ ᠶᠣᠸᠠᠨ ᠤ ᠦᠶ᠎ᠡ ᠶᠢᠨ | ᠨᠠᠶᠢᠰᠯᠠᠯ ᠬᠤᠲᠠ ᠳᠠᠬᠢ ᠬᠠᠮᠤᠭ ᠤᠨ ᠡᠷᠲᠡ ᠪᠠᠶᠢᠭᠤᠯᠣᠭᠰᠠᠨ᠂ ᠬᠠᠮᠤᠭ ᠤᠨ ᠦᠨᠢ ᠣᠳᠠᠭᠠᠨ ᠲᠡᠦᠬᠡ ᠲᠠᠢ᠂ ᠬᠠᠮᠤᠭ ᠤᠨ ᠪᠦᠷᠢᠨ ᠪᠥᠲᠦᠨ ᠬᠠᠳᠠᠭᠠᠯᠠᠭᠳᠠᠭᠰᠠᠨ | ᠪᠠᠭᠤᠷᠢ ᠪᠣᠯᠬᠤ ᠶᠤᠮ᠃ | |