ᠶᠤᠸᠠᠨ ᠤ ᠲᠡᠭᠡᠳᠦ ᠨᠡᠶᠢᠰᠯᠡᠯ ᠱᠠᠩᠳᠤ ᠬᠤᠳᠠ ᠶᠢᠨ ᠪᠠᠭᠤᠷᠢ ᠬᠡᠵᠦ ᠶᠠᠷᠢᠬᠤ ᠪᠠᠷ ᠬᠦᠮᠦᠰ ᠶᠠᠭᠤᠨ ᠠᠨᠳᠠᠬᠤ ᠪᠢᠯᠠ᠃ ᠱᠠᠩᠳᠤ ᠬᠤᠳᠠ ᠶᠢᠨ ᠪᠠᠭᠤᠷᠢ ᠨᠢ | ᠰᠢᠯᠤᠭᠤᠨ ᠬᠥᠬᠡ ᠬᠤᠰᠢᠭᠤᠨ ᠤ ᠲᠥᠪ ᠠᠴᠠ ᠵᠡᠬᠦᠨᠰᠢ ᠬᠤᠷᠢᠨ ᠺᠢᠯᠣᠮᠧᠳ᠋ᠷ ᠵᠠᠶᠢᠳᠠᠢ ᠪᠠᠶᠢᠭ᠎ᠠ ᠱᠠᠩᠳᠤ ᠶᠢᠨ ᠭᠤᠣᠯ ᠤᠨ ᠬᠤᠶᠢᠳᠤ ᠬᠦᠪᠡᠬᠡᠨ ᠳᠤ ᠪᠠᠶᠢᠷᠢᠯᠠᠳᠠᠭ᠃ | ᠱᠠᠩᠳᠤ ᠬᠤᠳᠠ ᠳᠤ ᠬᠤᠪᠢᠯᠠᠢ ᠬᠠᠭᠠᠨ ᠠᠴᠠ ᠲᠤᠭᠤᠨᠳᠠᠮᠤᠷ ᠬᠠᠭᠠᠨ ᠬᠦᠷᠳᠡᠯᠡᠬᠢ ᠵᠢᠷᠭᠤᠭᠠᠨ ᠬᠠᠭᠠᠨ ᠰᠠᠭᠤᠷᠢᠨ ᠳᠤ ᠰᠠᠭᠤᠭᠰᠠᠨ ᠪᠠᠶᠢᠳᠠᠭ᠃ ᠱᠠᠩᠳᠤ ᠪᠣᠯ | ᠮᠤᠩᠭᠤᠯ ᠤᠷᠤᠨ ᠤ ᠬᠠᠮᠤᠭ ᠤᠨ ᠶᠡᠭᠡ ᠬᠤᠳᠠ ᠪᠠᠶᠢᠭᠰᠠᠨ ᠮᠦᠷᠳᠡᠬᠡᠨ ᠤᠯᠤᠰ ᠲᠥᠷᠥ ᠶᠢᠨ ᠲᠥᠪ ᠬᠤᠳᠠ ᠪᠠᠶᠢᠭᠰᠠᠨ ᠶᠤᠮ᠃ ᠨᠤᠭᠤᠴᠠᠭ᠎ᠠ ᠶᠡᠬᠡᠳᠡᠢ | ᠲᠡᠦᠬᠡ ᠶᠢᠨ ᠤᠷᠳᠤ ᠠᠶᠠᠨ ᠳᠤ ᠱᠠᠩᠳᠤ ᠬᠤᠳᠠ ᠣᠣᠯ ᠤᠨ ᠲᠥᠷᠢ ᠲᠥᠷᠬᠦ ᠪᠠᠨ ᠠᠯᠳᠠᠭᠰᠠᠨ ᠪᠣᠯᠪᠠᠴᠤ ᠲᠡᠷᠡ ᠨᠢ ᠬᠦᠮᠦᠨ ᠲᠦᠷᠦᠯᠬᠢᠳᠡᠨ ᠤ ᠲᠡᠦᠬᠡᠨ ᠳᠤ | ᠨᠡᠬᠦᠳᠡᠯᠴᠢᠳ ᠤᠨ ᠪᠦᠳᠦᠭᠡᠭᠰᠡᠨ ᠠᠤᠭ᠎ᠠ ᠭᠠᠪᠢᠶ᠎ᠠ᠂ ᠣᠶᠤᠨ ᠤ ᠪᠤᠯᠤᠷ ᠲᠠᠯᠠᠰᠳᠤ ᠶᠢ ᠲᠡᠯᠡᠬᠡᠢ ᠳᠤ ᠲᠠᠨᠢᠭᠤᠯᠬᠤ ᠴᠢᠬᠤᠯᠠ ᠭᠡᠷᠡᠴᠢ ᠪᠤᠶᠤ ᠲᠡᠦᠬᠡ ᠶᠢᠨ ᠪᠠᠷᠢᠮᠲᠠ | ᠪᠣᠯᠵᠦ ᠪᠠᠶᠢᠭ᠎ᠠ ᠶᠤᠮ᠃ ᠲᠡᠶᠢᠮᠦ ᠴᠤ ᠤᠴᠢᠷ ᠠᠴᠠ ᠱᠠᠩᠳᠤ ᠬᠤᠲᠠ ᠶᠢᠨ ᠪᠠᠭᠤᠷᠢ ᠶᠢ ᠬᠠᠮᠠᠭᠠᠯᠠᠵᠦ᠂ ᠲᠡᠯᠡᠬᠡᠢ ᠶᠢᠨ ᠤᠯᠠᠨ ᠳᠤ ᠲᠠᠨᠢᠭᠤᠯᠬᠤ᠂ ᠮᠦᠨ ᠰᠢᠨᠵᠢᠯᠡᠭᠡ | ᠰᠤᠳᠤᠯᠭᠠᠨ ᠤ ᠠᠵᠢᠯ ᠢ ᠡᠷᠴᠢᠮᠵᠢᠬᠦᠯᠬᠦ ᠶᠢᠨ ᠲᠦᠯᠦᠬᠡ ᠲᠤᠬᠠᠢ ᠶᠢᠨ ᠥᠶ᠎ᠡ ᠶᠢᠨ ᠲᠡᠯᠡᠬᠡᠢ ᠶᠢᠨ ᠬᠠᠮᠤᠭ ᠤᠨ ᠲᠡᠷᠢᠬᠦᠨ ᠤ ᠲᠦᠯᠦᠭᠡᠯᠡᠯ ᠪᠠᠶᠢᠭᠰᠠᠨ ᠱᠠᠩᠳᠤ | ᠬᠤᠳᠠ ᠶᠢᠨ ᠪᠠᠷᠢᠯᠭ᠎ᠠ ᠪᠠᠶᠢᠭᠤᠯᠤᠯᠳᠠ᠂ ᠭᠠᠷ ᠦᠢᠯᠡᠳᠪᠤᠷᠢ᠂ ᠤᠷ᠎ᠠ ᠲᠠᠷᠬ᠎ᠠ᠂ ᠡᠮᠦᠰᠬᠡᠯ ᠵᠠᠰᠠᠯ᠂ ᠰᠤᠶᠤᠯ ᠰᠢᠨᠵᠢᠯᠡᠭᠡ ᠵᠡᠷᠬᠡ ᠶᠢ ᠬᠠᠭᠤᠴᠢ ᠰᠤᠳᠤᠯᠤᠯ ᠪᠣᠶᠣ | ᠲᠡᠦᠭᠡ ᠶᠢᠨ ᠭᠡᠷᠡᠴᠢ ᠪᠠᠷᠢᠮᠳᠠ ᠪᠠᠷ ᠤᠳᠤ ᠶᠢᠨ ᠬᠦᠮᠦᠰ ᠲᠤ ᠬᠠᠷᠠᠭᠤᠯᠬᠤ ᠶᠢᠨ ᠲᠦᠯᠦᠭᠡ ︽ᠶᠤᠸᠠᠨ ᠤ ᠲᠡᠭᠡᠳᠦ ᠨᠡᠶᠢᠰᠯᠡᠯ ᠤᠨ ᠮᠦᠽᠸᠢ︾ ᠶᠢ ᠪᠠᠶᠢᠭᠤᠯᠵᠠᠢ᠃ | ᠶᠤᠸᠠᠨ ᠤ ᠲᠡᠭᠡᠳᠦ ᠨᠡᠶᠢᠰᠯᠡᠯ ᠤᠨ ᠮᠦᠽᠸᠢ ᠨᠢ ᠶᠤᠸᠠᠨ ᠤ ᠲᠡᠬᠡᠳᠦ ᠨᠡᠶᠢᠰᠯᠡᠯ ᠤᠨ ᠪᠠᠭᠤᠷᠢ ᠠᠴᠠ ᠡᠮᠦᠨ᠎ᠠ 5 ᠺᠢᠯᠣᠮᠧᠳ᠋ᠷ ᠤᠨ ᠵᠠᠢ ᠳᠤ ᠪᠠᠶᠢᠭ᠎ᠠ | ᠤᠯᠠᠭᠠᠨᠳᠠᠢ ᠤᠪᠤᠭᠠᠨ ᠤ ᠵᠡᠬᠦᠨ ᠡᠩᠬᠡᠷ ᠲᠤ ᠪᠠᠶᠢᠷᠢᠯᠡᠵᠦ᠂ ᠪᠦᠬᠦ᠋ᠢᠯᠠ ᠪᠠᠷᠢᠯᠭ᠎ᠠ ᠨᠢ ᠠᠭᠤᠯᠠ ᠶᠢ ᠨᠦᠬᠡᠯᠡᠨ ᠪᠦᠳᠦᠬᠡᠭᠰᠡᠨ ᠪᠤᠯᠬᠤᠷ ᠡᠬᠡ ᠪᠠᠶᠢᠭᠠᠯᠢ ᠪᠤᠯᠤᠨ | ᠤᠳᠤᠬᠢ ᠪᠠᠷᠢᠯᠭ᠎ᠠ ᠶᠢ ᠠᠪᠤᠴᠠᠯᠳᠤᠭᠤᠯᠤᠭᠰᠠᠨ ᠢᠶᠠᠷ ᠢᠶᠠᠨ ᠤᠨᠴᠠᠯᠢᠬᠳᠠᠨ᠎ᠠ᠃ ᠶᠤᠸᠠᠨ ᠤ ᠲᠡᠭᠡᠳᠦ ᠨᠡᠶᠢᠰᠯᠡᠯ ᠤᠨ ᠪᠠᠭᠤᠷᠢ ᠶᠢᠨ ᠮᠦᠽᠸᠢ ᠳᠤ ᠶᠤᠸᠠᠨ ᠬᠦᠷᠦᠨ ᠤ | ᠦᠶ᠎ᠡ ᠶᠢᠨ ᠨᠤᠳᠤᠭ ᠲᠡᠪᠢᠰᠬᠡᠷ ᠤᠨ ᠵᠢᠷᠤᠭ᠂ ᠱᠠᠩᠳᠤ ᠬᠤᠳᠠ ᠶᠢᠨ ᠵᠢᠷᠤᠭ᠂ ᠬᠤᠪᠢᠯᠠᠢ ᠬᠠᠭᠠᠨ ᠤ ᠠᠡᠭ ᠬᠦᠷᠦᠭᠡ ᠬᠢᠵᠦ ᠪᠠᠶᠢᠭᠰᠠᠨ ᠵᠢᠷᠤᠭ᠂ ᠱᠠᠩᠳᠤ ᠳᠤ | ᠬᠠᠭᠠᠨ ᠰᠠᠭᠤᠷᠢᠨ ᠳᠤ ᠰᠠᠭᠤᠵᠦ ᠪᠠᠶᠢᠭᠰᠠᠨ ᠬᠠᠭᠠᠳ ᠤᠨ ᠬᠦᠷᠦᠭ ᠵᠢᠷᠤᠭ ᠵᠢᠴᠢ ᠶᠤᠸᠠᠨ ᠤ ᠲᠡᠭᠡᠳᠦ ᠨᠡᠶᠢᠰᠯᠡᠯ ᠤᠨ ᠪᠠᠭᠤᠷᠢ ᠠᠴᠠ ᠢᠯᠡᠷᠡᠬᠦᠯᠦᠭᠰᠡᠨ ᠲᠡᠦᠬᠡ ᠶᠢᠨ | ᠲᠤᠷᠠᠰᠬᠠᠯᠳᠤ ᠵᠦᠢᠯᠡᠰ ᠢ ᠲᠡᠯᠬᠡᠨ ᠦᠵᠡᠬᠦᠯᠵᠦ ᠪᠠᠶᠢᠳᠠᠭ᠃ ᠡᠳᠡᠬᠡᠷ ᠲᠡᠯᠬᠡᠨ ᠦᠵᠡᠬᠦᠯᠵᠦ ᠪᠦᠬᠦᠢ ᠲᠡᠦᠬᠡ ᠶᠢᠨ ᠲᠤᠷᠠᠰᠬᠠᠯᠳᠤ ᠵᠦᠢᠯᠡᠰ ᠤᠨ ᠲᠤᠳᠤᠷ᠎ᠠ ᠭᠠᠨᠳᠢᠭ | ᠴᠢᠯᠠᠭᠤᠨ ᠪᠠᠭᠠᠨ᠎ᠠ ᠶᠢᠨ ᠰᠠᠭᠤᠷᠢ᠂ ᠯᠤᠤ ᠶᠢᠨ ᠰᠡᠶᠢᠯᠦᠮᠡᠯᠳᠦ ᠭᠠᠨᠳᠢᠭ ᠴᠢᠯᠠᠭᠤᠨ ᠪᠠᠭᠠᠨ᠎ᠠ᠂ ᠠᠯᠳᠠ ᠮᠦᠩᠬᠦᠨ ᠵᠠᠰᠠᠯ ᠵᠢᠮᠰᠡᠭ ᠤᠨ ᠡᠳ᠋ᠯᠠᠯ᠂ ᠪᠠᠭ᠎ᠠ ᠠᠮᠠᠰᠠᠷ ᠲᠠᠢ | ᠭᠠᠤᠯᠢᠨ ᠰᠡᠪᠡ ᠡᠳ᠋ᠯᠡᠯ᠂ ᠬᠦᠬᠡ ᠬᠤᠸᠠᠷᠳᠦ ᠱᠠᠭᠠᠵᠠᠩ ᠰᠠᠪᠠ ᠡᠳ᠋ᠯᠡᠯ ᠤᠳ ᠤᠯᠠᠨ ᠬᠠᠷᠠᠭᠳᠠᠳᠠᠭ᠂ ᠲᠡᠳᠡᠬᠡᠷ ᠰᠠᠪᠠ ᠡᠳ᠋ᠯᠠᠯ ᠤᠨ ᠠᠮᠠᠰᠠᠷ ᠨᠢ ᠪᠠᠭ᠎ᠠ ᠪᠠᠶᠢᠳᠠᠭ ᠨᠢ | ᠮᠤᠩᠭᠤᠯᠴᠤᠳ ᠨᠡᠬᠦᠳᠡᠯ ᠠᠮᠢᠳᠤᠷᠠᠯ ᠬᠢᠵᠦ ᠶᠠᠪᠤᠳᠠᠭ ᠪᠤᠯᠬᠤᠷ ᠰᠡᠪᠡ ᠡᠳ᠋ᠯᠡᠯ ᠢᠶᠠᠨ ᠠᠮᠠᠰᠠᠷ ᠢ ᠨᠢ ᠪᠠᠭ᠎ᠠ ᠬᠢᠵᠦ᠂ ᠰᠠᠪᠠᠨ ᠳᠤ ᠬᠢᠭᠰᠡᠨ ᠡᠳ᠋ ᠶᠠᠭᠤᠮ᠎ᠠ | ᠠᠰᠬᠠᠭᠳᠠᠬᠤ ᠠᠴᠠ ᠰᠡᠷᠬᠡᠶᠢᠯᠡᠳᠡᠭ ᠪᠠᠶᠢᠨ᠎ᠠ ᠭᠡᠵᠦ ᠲᠠᠶᠢᠯᠪᠤᠷᠢᠯᠠᠬᠴᠢ ᠠᠴᠠ ᠰᠤᠨᠤᠰᠴᠦ ᠪᠢᠯᠡ᠃ | ᠡᠬᠦᠨ ᠠᠴᠠ ᠭᠠᠳᠠᠨ᠎ᠠ ᠬᠦᠮᠦᠰ ᠲᠤ ᠲᠤᠬᠠᠢ ᠶᠢᠨ ᠦᠶ᠎ᠡ ᠶᠢᠨ ᠪᠠᠶᠢᠳᠠᠯ ᠢ ᠨᠠᠩ ᠪᠤᠳᠠᠳᠠᠢ ᠬᠠᠷᠠᠭᠤᠯᠬᠤ ᠶᠢᠨ ᠲᠤᠰᠠᠳᠠ ᠤᠳᠤᠬᠢ ᠰᠢᠨ᠎ᠡ ᠮᠡᠷᠬᠡᠵᠢᠯ ᠢ | ᠠᠰᠢᠭᠯᠠᠨ ᠣᠣᠯ ᠤᠨ ᠪᠠᠷᠢᠯᠭ᠎ᠠ ᠶᠢ ᠰᠡᠷᠭᠦᠬᠡᠵᠦ ᠵᠢᠷᠤᠭᠰᠠᠨ ᠪᠤᠶᠤ ᠬᠢᠭᠰᠡᠨ ᠵᠦᠢᠯ ᠪᠠᠶᠢᠳᠠᠭ᠂ ᠤᠨᠴᠠᠭᠠᠶᠢᠯᠠᠨ ᠲᠤᠷᠠᠳᠤᠭᠤᠰᠢᠳᠠᠢ ᠨᠢ ᠲᠤᠬᠠᠢ ᠶᠢᠨ ᠦᠶ᠎ᠡ ᠶᠢᠨ | ᠮᠤᠳᠤᠨ ᠪᠦᠳᠦᠴᠡᠳᠦ ᠨᠡᠷᠡᠳᠦ ᠪᠠᠷᠢᠯᠭ᠎ᠠ ᠪᠤᠯᠬᠤ ᠶᠡᠭᠡ ᠠᠮᠤᠭᠤᠯᠠᠩ ᠬᠠᠷᠰᠢ ᠶᠢᠨ ᠪᠠᠷᠢᠯᠭ᠎ᠠ ᠶᠢ ᠰᠡᠷᠬᠦᠭᠡᠭᠰᠡᠨ ᠮᠤᠳᠤᠨ ᠪᠠᠷᠢᠯᠭ᠎ᠠ ᠶᠢ ᠦᠵᠡᠬᠦᠯᠵᠦ ᠪᠠᠶᠢᠳᠠᠭ᠃ | ᠱᠠᠩᠳᠤ ᠨᠡᠶᠢᠰᠯᠡᠯ ᠤᠨ ᠡᠰᠡᠨᠢᠯ ᠬᠦᠭᠵᠢᠯ᠂ ᠤᠷᠳᠤᠨ ᠬᠠᠷᠰᠢ ᠶᠢᠨ ᠪᠠᠷᠢᠯᠭ᠎ᠠ ᠶᠢᠨ ᠰᠢᠵᠢᠷ ᠬᠢᠯᠪᠠᠭ᠎ᠠ᠂ ᠨᠡᠬᠦᠳᠡᠯ ᠰᠤᠶᠤᠯ ᠤᠨ ᠪᠤᠯᠪᠠᠰᠤᠨ ᠢ ᠬᠠᠷᠠᠭᠤᠯᠤᠭᠰᠠᠨ | ᠪᠠᠷᠢᠯᠭ᠎ᠠ᠂ ᠠᠮᠢᠳᠤᠷᠠᠯ ᠤᠨ ᠪᠠᠶᠢᠳᠠᠯ ᠢ ᠬᠠᠷᠠᠭᠤᠯᠤᠭᠰᠠᠨ ᠵᠢᠷᠤᠭ᠂ ᠮᠠᠯᠵᠢᠬᠤ ᠰᠤᠶᠤᠯ ᠪᠠ ᠲᠡᠷᠢᠶᠠᠯᠠᠬᠤ ᠰᠤᠶᠤᠯ ᠢ ᠲᠡᠭᠡᠳᠦ ᠬᠡᠮᠵᠢᠶ᠎ᠠ ᠪᠠᠷ ᠤᠶᠠᠯᠳᠤᠭᠤᠯᠤᠭᠰᠠᠨ | ᠪᠦᠬᠦ ᠵᠦᠢᠯ ᠢ ᠬᠠᠷᠠᠭᠤᠯᠵᠦ ᠴᠢᠳᠠᠬᠤ ᠲᠡᠦᠬᠡ ᠶᠢᠨ ᠲᠤᠷᠠᠰᠬᠠᠯᠳᠤ ᠵᠦᠢᠯᠡᠰ ᠢ ᠲᠡᠯᠬᠡᠨ ᠦᠵᠡᠬᠦᠯᠬᠦ ᠪᠠᠷ ᠲᠠᠮᠵᠢᠭᠤᠯᠵᠦ ᠶᠤᠸᠠᠨ ᠬᠦᠷᠦᠨ ᠤ ᠮᠠᠨᠳᠤᠨ ᠬᠦᠭᠵᠢᠭᠰᠡᠨ | ᠲᠡᠦᠬᠡᠨ ᠰᠢᠵᠢᠷ ᠬᠢᠯᠪᠠᠭ᠎ᠠ ᠶᠢ ᠬᠦᠮᠦᠰ ᠲᠤ ᠲᠠᠬᠢᠨ ᠮᠡᠳᠡᠷᠡᠬᠦᠯᠵᠦ᠂ ᠶᠤᠸᠠᠨ ᠬᠦᠷᠦᠨ ᠤ ᠤᠯᠤᠰ ᠲᠦᠷᠦ᠂ ᠴᠡᠷᠢᠭ ᠲᠠᠶᠢᠨ᠂ ᠠᠵᠦ ᠠᠬᠤᠢ᠂ ᠤᠯᠠᠨ ᠲᠦᠷᠦᠯ ᠤᠨ | ᠰᠤᠶᠤᠯ ᠤᠨ ᠠᠭᠤᠰᠤᠯᠴᠠᠯ᠂ ᠲᠤᠮᠳᠠᠳᠤ ᠤᠷᠤᠨ ᠪᠠ ᠦᠷᠦᠨᠡᠳᠡᠬᠢᠨ ᠤ ᠰᠤᠶᠤᠯ ᠤᠨ ᠰᠤᠯᠢᠯᠴᠠᠭ᠎ᠠ᠂ ᠤᠯᠠᠨ ᠦᠨᠳᠦᠰᠦᠳᠡᠨ ᠲᠠᠢ ᠤᠯᠤᠰ ᠤᠨ ᠨᠢᠬᠡᠳᠦᠯ ᠢ | ᠪᠠᠶᠢᠭᠤᠯᠤᠭᠰᠠᠨ ᠵᠡᠷᠬᠡ ᠪᠤᠳᠠᠳᠤ ᠲᠡᠦᠬᠡᠨ ᠬᠡᠷᠡᠴᠢ ᠶᠢ ᠵᠤᠭᠠᠴᠠᠭᠴᠢ᠂ ᠰᠤᠳᠤᠯᠤᠭᠴᠢ ᠳᠤ ᠬᠠᠷᠠᠭᠤᠯᠤᠭᠰᠠᠨ ᠤ ᠬᠠᠮᠳᠤ ᠶᠤᠸᠠᠨ ᠬᠦᠷᠦᠨ ᠤ ᠲᠡᠯᠡᠬᠡᠢ ᠳ᠋ᠠᠬᠢᠨ ᠳᠤ | ᠠᠪᠴᠢᠷᠠᠵᠦ ᠦᠭᠬᠦᠭᠰᠡᠨ ᠦᠷ᠎ᠡ ᠨᠦᠯᠦᠬᠡ ᠶᠢ ᠤᠳᠤᠬᠢ ᠬᠦᠮᠦᠰ ᠲᠤ ᠬᠠᠷᠠᠭᠤᠯᠵᠦ ᠪᠠᠶᠢᠨ᠎ᠠ᠃ | ︽ᠶᠤᠸᠠᠨ ᠤ ᠲᠡᠭᠡᠳᠦ ᠨᠡᠶᠢᠰᠯᠡᠯ ᠤᠨ ᠮᠦᠽᠸᠢ︾ ᠪᠠᠷ ᠲᠤᠭᠤᠷᠢᠨ ᠦᠵᠡᠪᠡᠯ ᠶᠤᠸᠠᠨ ᠤ ᠲᠡᠬᠡᠳᠦ ᠨᠡᠶᠢᠰᠯᠡᠯ ᠪᠠ ᠶᠤᠸᠠᠨ ᠬᠦᠷᠦᠨ ᠪᠤᠯ ᠵᠦᠪᠬᠡᠨ ᠲᠤᠮᠳᠠᠳᠤ | ᠤᠯᠤᠰ ᠤᠨ ᠬᠡᠪᠴᠢᠶᠡᠨ ᠳᠤ ᠪᠢᠰᠢ ᠬᠠᠷᠢᠨ ᠲᠡᠯᠡᠬᠡᠢ ᠶᠢᠨ ᠪᠤᠯᠪᠠᠰᠤᠨ ᠳᠤ ᠬᠢᠷᠢ ᠵᠡᠷᠭᠡ ᠶᠢᠨ ᠦᠷ᠎ᠡ ᠨᠦᠯᠦᠭᠡ ᠠᠪᠴᠢᠷᠠᠭᠰᠠᠨ ᠬᠡᠳᠡᠭ ᠢ ᠤᠶᠢᠯᠠᠭᠠᠨ ᠮᠡᠳᠡᠷᠡᠬᠦ | ᠪᠤᠯᠤᠨ᠎ᠠ᠃ | |