ᠠᠰᠤᠷᠤ ᠵᠢᠷᠭᠠᠯᠠᠩ
ᠨᠡᠶᠢᠲᠡᠯᠡᠭᠰᠡᠨ ᠴᠠᠭ᠄
2023/9/7
       ᠮᠠᠨ ᠤ ᠮᠤᠩᠭᠤᠯ ᠠᠷᠠᠤᠨ ᠤᠨ ᠵᠥᠢᠷ ᠰᠡᠴᠡᠨ ᠥᠬᠡᠨ ᠳᠤ ︽ᠠᠮᠢᠳᠤ ᠶᠠᠪᠤᠪᠠᠯ ᠠᠯᠲᠠᠨ ᠠᠶᠠᠭᠠᠨ ᠠᠴᠠ ᠤᠰᠤ ᠤᠤᠭᠤᠨ᠎ᠠ︾ ᠬᠡᠳᠡᠭ ᠥᠬᠡ ᠪᠠᠶᠢᠳᠠᠭ᠂ ᠡᠨᠡ ᠥᠬᠡ ᠥᠨᠡᠨ ᠥᠬᠡ ᠠᠵᠤᠭᠤ᠃ ᠰᠢᠨ᠎ᠡ ᠴᠠᠭ ᠥᠶ᠎ᠡ ᠳᠤ ᠠᠯᠲᠠᠨ ᠠᠶᠠᠭ᠎ᠠ ᠠᠴᠠ ︽ᠤᠰᠤ︾ ᠪᠢᠰᠢ᠂ ᠠᠮᠲᠠᠲᠤ ᠰᠡᠶᠢᠬᠠᠨ ︽ᠷᠠᠰᠢᠶᠠᠨ︾ ᠤᠤᠭᠤᠵᠤ ᠪᠠᠶᠢᠨ᠎ᠠ᠃ ᠰᠢᠨ᠎ᠡ ᠴᠠᠭ ᠥᠶ᠎ᠡ ᠶᠢᠨ ᠬᠦᠳᠡᠭᠡ ᠨᠤᠲᠤᠭ ᠤᠨ ᠬᠥᠮᠥᠰ ᠥᠨᠡᠬᠡᠷ ᠵᠢᠷᠭᠠᠯᠲᠡᠢ᠃ ᠠᠮᠢᠳᠤᠷᠠᠯ ᠠᠬᠤᠢ ᠴᠢᠨᠡᠬᠡᠯᠢᠭ᠂ ᠠᠳᠠᠯ ᠤᠶᠢᠯᠡᠰ ᠤᠳᠤᠬᠢᠴᠢᠯᠠᠭᠰᠠᠨ᠂ ᠬᠡᠷᠡᠯᠳᠥᠬᠦᠯᠬᠡ᠂ ᠵᠠᠮ᠂ ᠲᠤᠤᠷ ᠰᠥᠯᠵᠢᠶ᠎ᠡ ᠨᠡᠪᠲᠡᠷᠡᠵᠤ᠂ ᠬᠤᠲᠠ ᠬᠦᠳᠡᠭᠡ ᠶᠢᠨ ᠵᠦᠷᠢᠶ᠎ᠡ ᠶᠢ ᠮᠠᠰᠢ ᠶᠡᠭᠡ ᠬᠡᠮᠵᠢᠶ᠎ᠡ ᠪᠠᠷ ᠪᠠᠭᠠᠰᠬᠠᠭᠰᠠᠨ ᠪᠠᠶᠢᠨ᠎ᠠ᠃ ᠢᠳᠡᠵᠦ ᠤᠤᠭᠤᠬᠤ᠂ ᠦᠵᠡᠵᠤ ᠰᠤᠨᠤᠰᠬᠤ᠂ ᠡᠮᠤᠰᠴᠤ ᠵᠡᠬᠦᠬᠦ ᠲᠤᠲᠠᠬᠤ ᠥᠬᠡᠢ᠂ ᠳᠠᠭᠠᠷᠠᠬᠤ ᠥᠬᠡᠢ᠂ ᠬᠠᠯᠠᠬᠤ ᠥᠬᠡᠢ᠂ ᠨᠤᠷᠬᠤ ᠥᠬᠡᠢ᠂ ᠴᠤᠬᠤᠮ ᠰᠠᠨᠠᠭᠰᠠᠨ ᠢᠶᠠᠷ ᠢᠶᠠᠨ ᠵᠢᠷᠭᠠᠵᠤ ᠪᠠᠶᠢᠨ᠎ᠠ᠃ ᠡᠶᠢᠨ ᠬᠦ ︽ᠤᠷᠳᠦ ᠨᠠᠰᠤᠯᠠᠵᠤ ᠤᠳᠠᠭᠠᠨ ᠵᠢᠷᠭᠠᠬᠤ︾ ᠵᠢᠷᠭᠠᠯ ᠲᠠᠢ ᠰᠠᠶᠢᠬᠠᠨ ᠬᠥᠰᠡᠯ ᠵᠡᠬᠦᠳᠥ ᠪᠠᠨ ᠪᠡᠶᠡᠯᠡᠬᠦᠯᠬᠦ ᠶᠢᠨ ᠲᠦᠯᠥᠬᠡ ᠢᠲᠡᠬᠡᠯ ᠳᠥᠬᠦᠷᠡᠩ ᠲᠡᠮᠡᠦᠯᠤᠨ᠎ᠠ᠃       ᠡᠮᠡᠬᠡᠨ ᠪᠢᠳᠡ ᠬᠤᠶᠠᠭᠤᠯᠠ ᠪᠠᠨ ᠠᠷᠪᠡᠭᠠᠤᠨ ᠵᠢᠯ ᠤᠨ ᠡᠮᠥᠨ᠎ᠡ᠂ ᠬᠥᠥ ᠪᠠᠨ ᠬᠦᠳᠡᠭᠡ ᠳᠤ ᠪᠠᠨ ᠳᠦᠪᠬᠢᠨᠡᠬᠦᠯᠵᠦ ᠮᠠᠯ ᠰᠥᠷᠥᠭ᠂ ᠨᠤᠲᠤᠭ ᠪᠡᠯᠴᠢᠬᠡᠷ᠂ ᠬᠦᠷᠦᠩᠬᠡ ᠬᠤᠭᠰᠢᠯ ᠢᠶᠠᠨ ᠪᠦᠬᠦᠨ ᠢ ᠲᠤᠰᠢᠶᠠᠵᠤ᠂ ︽ᠠᠮᠠᠷᠠᠯᠳᠠ︾ ᠳᠤ ᠭᠠᠷᠴᠤ ᠪᠢᠯᠡ᠃ ᠥᠷ᠎ᠡ ᠬᠤᠶᠢᠴᠢᠰ ᠲᠤ ᠪᠠᠨ ᠲᠤᠰᠢᠶᠠᠬᠤ ᠵᠤᠬᠢᠰᠲᠡᠢ ᠶᠠᠭᠤᠮ᠎ᠠ ᠪᠠᠨ ᠡᠷᠲᠡᠬᠡᠨ ᠲᠤᠰᠢᠶᠠᠬᠤ ᠴᠢᠬᠤᠯᠠᠲᠡᠢ᠃ ᠨᠠᠰᠤᠲᠡᠶᠢᠴᠤᠤᠨ ᠨᠢ ᠪᠡᠶ᠎ᠡ ᠰᠡᠤᠨᠬᠢᠯ ᠠᠮᠤᠷᠴᠦ᠂ ᠥᠷ᠎ᠡ ᠬᠤᠶᠢᠴᠢᠰ ᠨᠢ ᠪᠡᠶ᠎ᠡ ᠪᠠᠨ ᠳᠠᠭᠠᠭᠠᠵᠤ ᠠᠳᠠᠯ ᠠᠮᠢᠳᠤᠷᠠᠯ ᠢᠶᠠᠨ ᠵᠤᠬᠢᠴᠠᠭᠤᠯᠵᠤ ᠰᠤᠷᠤᠨ᠎ᠠ᠃ ᠠᠯᠢ ᠠᠯᠢᠨ ᠳᠤ ᠪᠠᠨ ᠪᠦᠷ ᠠᠰᠢᠬᠲᠡᠢ᠃ ᠤᠳᠤ ᠪᠢᠳᠡᠨ ᠤ ᠠᠮᠢᠳᠤᠷᠠᠯ ᠤᠨ ᠬᠡᠪ ᠵᠠᠭᠪᠤᠷ ᠵᠤᠬᠢᠴᠠᠩᠭᠤᠢ ᠬᠡᠪᠰᠢᠭᠰᠡᠨ ᠪᠠᠶᠢᠳᠠᠯ ᠲᠠᠢ ᠶᠠᠪᠤᠭᠳᠠᠨ᠎ᠠ᠃ ᠰᠤᠷᠭᠠᠭᠤᠯᠢ ᠴᠤᠭᠯᠠᠪᠠᠯ ᠪᠠᠯᠭᠠᠰᠤᠨ ᠤ ᠬᠥᠮᠥᠨ ᠪᠤᠯᠵᠤ᠂ ᠰᠤᠷᠭᠠᠭᠤᠯᠢ ᠴᠢᠯᠥᠬᠡ ᠲᠠᠯᠪᠢᠪᠠᠯ ᠬᠦᠳᠡᠭᠡ ᠶᠢᠨ ᠬᠥᠮᠥᠨ ᠪᠤᠯᠴᠢᠬᠠᠨ᠎ᠠ᠃ ᠶᠠᠭ ᠯᠠ ᠨᠡᠬᠦᠳᠡᠯ ᠤᠨ ᠰᠢᠪᠠᠭᠤᠤᠨ ᠰᠢᠬ᠂ ᠨᠡᠬᠦᠳᠡᠯ ᠤᠨ ᠰᠢᠪᠠᠭᠤᠤᠨ ᠵᠢᠯ ᠳᠤ ᠪᠠᠨ ᠨᠢᠬᠡ ᠢᠷᠡᠵᠤ ᠶᠠᠪᠤᠬᠤ ᠳᠤ ᠪᠢᠳᠡ ᠬᠠᠷᠢᠨ ᠬᠤᠶᠠᠷ ᠢᠷᠡᠵᠤ ᠶᠠᠪᠤᠨ᠎ᠠ᠃ ᠬᠡᠬᠦ ᠳᠤ ᠨᠡᠬᠦᠳᠡᠯ ᠤᠨ ᠰᠢᠪᠠᠭᠤᠤᠨ ᠰᠢᠬ ᠵᠥᠳᠡᠷᠡᠬᠦ ᠶᠠᠭᠤᠮ᠎ᠠ ᠥᠬᠡᠢ᠂ ᠲᠡᠷᠬᠡᠨ ᠳᠤ ᠪᠠᠨ ᠰᠠᠭᠤᠵᠤ ᠬᠡᠳᠥᠨ ᠴᠠᠭ ᠳᠠᠪᠬᠢᠪᠠᠯ ᠬᠥᠷᠴᠢᠬᠡᠨ᠎ᠡ᠃ ᠬᠦᠳᠡᠭᠡ ᠨᠤᠲᠤᠭ ᠪᠣᠯ ᠪᠢᠳᠡᠨ ᠤ ᠠᠮᠢᠳᠤᠷᠠᠯ᠂ ᠤᠶᠢᠯᠡᠤᠨᠪᠥᠷᠢᠯᠡᠯ ᠤᠨ ᠰᠠᠭᠤᠷᠢᠨ᠂ ᠭᠠᠯ ᠭᠤᠯᠤᠮᠲᠠ ᠠᠳᠡ ᠪᠤᠢ᠃ ᠬᠦᠭᠵᠢᠯᠲᠡ ᠶᠢᠨ ᠢᠷᠡᠬᠡᠳᠥᠢ ᠠᠳᠡ ᠪᠤᠢ᠃ ᠬᠡᠤᠬᠡᠤᠨ ᠪᠠᠭᠠᠴᠤᠤᠯ ᠴᠡᠴᠡᠷᠯᠢᠭ᠂ ᠰᠤᠷᠭᠠᠭᠤᠯᠢ ᠳᠤ ᠤᠷᠤᠵᠤ᠂ ᠨᠤᠮ ᠪᠢᠴᠢᠭ ᠰᠤᠷᠤᠨ᠎ᠠ᠃ ᠨᠠᠰᠤᠲᠡᠶᠢᠴᠤᠤᠨ ᠪᠠᠷ᠎ᠠ ᠪᠤᠯᠵᠤ ᠲᠡᠷᠬᠡᠳᠡ ᠨᠢ ᠰᠠᠭᠤᠭᠠᠤᠨ ᠬᠤᠭᠤᠯᠠ ᠴᠠᠢ ᠪᠡᠯᠡᠤᠡᠬᠡᠵᠤ᠂ ᠬᠥᠢᠲᠡᠨ ᠳᠤᠯᠠᠭᠠᠨ ᠢ ᠨᠢ ᠲᠤᠬᠢᠷᠠᠭᠤᠯᠵᠤ ᠦᠭᠬᠦᠨ᠎ᠡ᠃ ᠴᠢᠯᠥᠬᠡ ᠵᠠᠪ ᠢᠶᠠᠷ ᠢᠶᠠᠨ ᠥᠯᠢᠬᠡᠷ ᠶᠠᠷᠢᠨ᠎ᠠ᠂ ᠨᠤᠮ ᠤᠩᠰᠢᠨ᠎ᠠ᠂ ᠲᠧᠯᠸᠢᠰ ᠥᠵᠡᠨ᠎ᠡ᠂ ᠢᠨᠢᠶᠡᠵᠤ ᠨᠠᠭᠠᠳᠤᠨ᠎ᠠ᠃ ︽ᠢᠨᠢᠶᠡᠵᠤ ᠶᠠᠪᠤᠪᠠᠯ ᠡᠳᠥᠷ ᠤᠨ ᠵᠢᠷᠭᠠᠯ᠂ ᠨᠠᠭᠠᠳᠴᠦ ᠶᠠᠪᠤᠪᠠᠯ ᠨᠠᠰᠤᠨ ᠤ ᠵᠢᠷᠭᠠᠯ︾ ᠬᠡᠳᠡᠭᠴᠢᠯᠡᠨ ᠡᠪᠦᠭᠡ ᠡᠮᠡᠭᠡ᠂ ᠤᠮᠪᠤᠯᠤ ᠳᠤᠮᠪᠤᠯᠤ ᠶᠢᠨ ᠠᠮᠢᠳᠤᠷᠠᠯ᠂ ᠢᠨᠢᠶᠡᠳᠦ᠂ ᠨᠠᠭᠠᠳᠤᠮ ᠠᠭᠤᠰᠤᠯᠴᠠᠵᠤ᠂ ᠬᠥᠮᠥᠨ ᠲᠦᠷᠦᠯᠬᠢᠲᠡᠨ ᠤ ᠬᠠᠮᠤᠭ ᠤᠨ ᠰᠡᠶᠢᠬᠠᠨ ᠢ ᠪᠦᠲᠥᠬᠡᠨ᠎ᠡ᠃ ᠪᠢᠳᠡ ᠪᠦᠬᠦᠳᠡᠬᠡᠷ ᠢᠶᠠᠨ ᠠᠳᠠᠯᠢᠬᠠᠨ᠂ ᠨᠠᠮ᠂ ᠨᠡᠶᠢᠬᠡᠮ ᠵᠢᠷᠤᠮ᠂ ᠴᠠᠭ ᠥᠶ᠎ᠡ ᠳᠤ ᠪᠠᠨ ᠬᠠᠶᠢᠷᠠᠲᠡᠢ᠃ ᠪᠢᠳᠡᠨ ᠤ ᠦᠨᠦᠳᠥᠷ ᠤᠨ ᠠᠯᠢᠪᠠ ᠪᠦᠬᠦᠨ ᠢ ᠨᠠᠮ᠂ ᠨᠡᠶᠢᠬᠡᠮ ᠵᠢᠷᠤᠮ᠂ ᠴᠠᠭ ᠥᠶ᠎ᠡ ᠤᠯᠭᠤᠭᠰᠠᠨ ᠶᠤᠮ᠃ ᠪᠢᠳᠡ ᠬᠦᠳᠡᠭᠡ ᠨᠤᠲᠤᠭ ᠲᠤ ᠪᠠᠨ ᠬᠠᠶᠢᠷᠠᠲᠡᠢ᠂ ᠬᠦᠳᠡᠭᠡ ᠨᠤᠲᠤᠭ ᠤᠨ ᠢᠶᠠᠨ ᠠᠤᠭ᠎ᠠ ᠶᠡᠭᠡ ᠬᠦᠭᠵᠢᠯᠲᠡ ᠬᠤᠪᠢᠷᠠᠯᠲᠠ ᠶᠢ ᠬᠠᠶᠢᠷᠠᠯᠠᠵᠤ ᠬᠠᠮᠠᠭᠠᠯᠠᠨ᠎ᠠ᠃ ᠦᠪᠡᠷ ᠤᠨ ᠪᠤᠢ ᠪᠦᠬᠦᠢ ᠤᠶᠤᠨ ᠤᠬᠠᠭᠠᠨ᠂ ᠬᠥᠴᠥᠨ ᠴᠢᠳᠠᠯ ᠢᠶᠠᠨ ᠰᠢᠪᠬᠠᠵᠤ᠂ ᠬᠦᠳᠡᠭᠡ ᠨᠤᠲᠤᠭ ᠢᠶᠠᠨ ᠪᠦᠲᠥᠬᠡᠨ ᠪᠠᠶᠢᠭᠤᠯᠵᠤ᠂ ᠤᠳᠤᠬᠢᠴᠢᠯᠡᠯᠲᠠ᠂ ᠬᠥᠴᠥᠷᠬᠡᠭᠵᠢᠯᠡᠯᠲᠡ ᠶᠢᠨ ᠬᠥᠰᠡᠯ ᠵᠡᠬᠦᠳᠥ ᠪᠠᠨ ᠲᠡᠷᠬᠡᠯᠰᠢᠬᠦᠯᠬᠦ ᠶᠢᠨ ᠲᠦᠯᠥᠬᠡ ᠥᠶ᠎ᠡ ᠤᠯᠠᠷᠢᠨ ᠮᠡᠷᠡᠶᠢᠨ ᠲᠠᠮᠠᠴᠡᠨ᠎ᠡ᠃ ᠬᠦᠳᠡᠭᠡ ᠨᠤᠲᠤᠭ ᠮᠢᠨᠢ ᠬᠦᠭᠵᠢᠯᠲᠡ ᠶᠢᠨ ᠵᠠᠮ ᠳᠤ ᠪᠠᠨ ᠤᠷᠤᠵᠡᠢ᠃ ᠨᠠᠮ ᠤᠨ ᠲᠦᠷᠦ ᠶᠢᠨ ᠪᠤᠳᠤᠯᠭ᠎ᠠ ᠶᠢᠨ ᠠᠴᠢ ᠪᠠᠷ ᠨᠢᠬᠡ ᠯᠡ ᠮᠡᠳᠡᠬᠦ ᠳᠤ ᠦᠨᠳᠥᠷ ᠳᠠᠷᠤᠯᠲᠠᠲᠤ ᠴᠠᠬᠢᠯᠭᠠᠨ ᠳᠤᠯᠠᠯᠵᠠᠵᠦ᠂ ᠬᠤᠲᠠ ᠬᠦᠳᠡᠭᠡ ᠶᠢ ᠬᠤᠯᠪᠤᠭᠰᠠᠨ ᠵᠠᠰᠠᠮᠠᠯ ᠵᠠᠮ ᠨᠡᠪᠲᠡᠷᠡᠵᠤ᠂ ᠤᠯᠠᠨ ᠵᠥᠢᠯ ᠤᠨ ᠲᠤᠤᠷ ᠰᠥᠯᠵᠢᠶ᠎ᠡ᠂ ᠴᠢᠮᠡᠭᠡ ᠬᠤᠯᠪᠤᠭ᠎ᠠ ᠲᠦᠬᠡᠮᠡᠯᠵᠢᠵᠤ᠂ ᠮᠠᠯᠴᠢᠨ ᠲᠦᠮᠡᠨ ᠪᠦᠬᠦᠳᠡᠬᠡᠷ ᠢᠶᠠᠨ ᠬᠤᠲᠠ ᠶᠢᠨ ᠬᠥᠮᠥᠰ ᠰᠢᠭ ᠠᠮᠢᠳᠤᠷᠠᠬᠤ ᠪᠤᠯᠪᠠ᠃       ᠳᠡᠬᠡᠷ᠎ᠡ ᠵᠠᠭᠤᠨ ᠤ ᠨᠠᠶᠠᠭᠠᠤᠨ ᠤᠨ ᠤ ᠡᠬᠢᠨ ᠳᠤ ᠬᠦᠳᠡᠭᠡ ᠲᠤᠰᠬᠤᠨ ᠳᠤ ᠰᠠᠯᠬᠢᠨ ᠬᠥᠴᠥᠨ ᠤ ᠴᠠᠬᠢᠯᠭᠠᠨ ᠭᠠᠷᠭᠠᠬᠤ ᠮᠠᠰᠢᠨ ᠲᠦᠬᠡᠮᠡᠯᠵᠢᠵᠤ᠂ ᠤᠷᠲᠤ ᠤᠳᠠᠭᠠᠨ ᠵᠢᠯ ᠵᠠᠷᠤᠵᠤ ᠬᠡᠷᠡᠭᠯᠡᠭᠰᠡᠨ ︽ᠮᠧᠢᠢᠶ᠋ᠢᠤ ᠳ᠋ᠧᠩ︾ ᠤᠨ ᠴᠠᠭ ᠥᠶ᠎ᠡ ᠶᠢ ᠤᠷᠤᠯᠠᠭᠰᠠᠨ ᠪᠣᠯ ᠰᠢᠨ᠎ᠡ ᠮᠢᠩᠭᠠᠨ ᠤ ᠰᠢᠨ᠎ᠡ ᠵᠠᠭᠤᠨ ᠳᠤ ᠨᠢᠬᠡᠨᠲᠡ 40 ᠰᠢᠬᠠᠮ ᠵᠢᠯ ᠵᠠᠷᠤᠵᠤ ᠬᠡᠷᠡᠭᠯᠡᠭᠰᠡᠨ ︽ᠰᠠᠯᠬᠢᠨ ᠬᠥᠴᠥᠨ ᠤ ᠴᠠᠬᠢᠯᠭᠠᠨ︾ ᠤ ᠴᠠᠭ ᠥᠶ᠎ᠡ ᠶᠢ ᠦᠨᠳᠥᠷ ᠳᠠᠷᠤᠯᠲᠠᠲᠤ ᠴᠠᠬᠢᠯᠭᠠᠨ ᠬᠥᠴᠥᠨ ᠤᠷᠤᠯᠠᠭᠰᠠᠨ ᠪᠠᠶᠢᠨ᠎ᠠ᠃ ᠡᠨᠡ ᠬᠦ ᠮᠠᠰᠢ ᠳᠦᠬᠦᠮᠬᠡᠨ ᠮᠦᠷᠲᠡᠬᠡᠨ ᠬᠥᠮᠥᠨ ᠪᠦᠬᠦᠨ ᠤ ᠨᠢᠳᠥᠨ ᠳᠤ ᠥᠵᠡᠭᠳᠡᠵᠤ ᠭᠠᠷ ᠲᠤ ᠪᠠᠷᠢᠭᠳᠠᠮ᠎ᠠ ᠥᠨᠡᠨ ᠪᠤᠳᠠᠲᠤ ᠬᠡᠷᠡᠭ ᠤᠴᠢᠷ ᠠᠴᠠ ᠬᠡᠷᠡᠯ ᠬᠡᠷᠡᠯᠳᠥᠬᠦᠯᠬᠡ ᠶᠢᠨ ᠬᠥᠴᠥᠨ ᠴᠢᠳᠠᠯ ᠨᠢ ᠴᠠᠭ ᠥᠶ᠎ᠡ᠂ ᠨᠡᠶᠢᠬᠡᠮ ᠤᠨ ᠬᠦᠭᠵᠢᠯᠲᠠ ᠬᠤᠪᠢᠷᠠᠯᠲᠠ ᠳᠤ ᠥᠵᠡᠬᠦᠯᠬᠦ ᠠᠤᠭ᠎ᠠ ᠶᠡᠭᠡ ᠲᠥᠯᠬᠢᠴᠡ ᠤᠶᠢᠯᠡᠳᠥᠯ ᠢ ᠮᠠᠰᠢ ᠲᠤᠳᠤᠷᠬᠠᠢ ᠢᠯᠡᠤᠨᠬᠡᠨ᠎ᠡ᠃ ᠲᠡᠷᠡ ᠮᠦᠷᠲᠡᠬᠡᠨ ᠬᠤᠪᠢᠷᠠᠯᠲᠠ ᠬᠦᠭᠵᠢᠯᠲᠠ ᠶᠢᠨ ᠰᠥᠷ ᠬᠥᠴᠥᠨ ᠨᠢ ᠡᠬᠡᠬᠡ ᠯᠡ ᠳᠠᠯᠠᠢ ᠶᠢᠨ ᠳᠠᠪᠠᠯᠭᠠᠨ ᠮᠡᠲᠥ ᠠᠷᠤ ᠶᠢᠨ ᠬᠢᠨᠢ ᠳᠠᠪᠠᠯᠭᠠᠨ ᠡᠮᠥᠨ᠎ᠡ ᠳᠠᠪᠠᠯᠭᠠᠨ ᠢᠶᠠᠨ ᠳᠠᠷᠤᠵᠤ ᠤᠯᠠᠮ ᠠᠴᠠ ᠤᠯᠠᠮ ᠬᠥᠴᠥᠲᠡᠢ ᠪᠦᠬᠡᠤᠨ ᠳᠤᠯᠬᠢᠨ ᠪᠠᠶᠢᠳᠠᠭ ᠢ ᠬᠠᠷᠠᠭᠤᠯᠵᠤ᠂ ︽ᠬᠠᠭᠤᠴᠢᠨ ᠨᠢ ᠤᠯᠠ ᠪᠤᠯᠵᠤ᠂ ᠰᠢᠨ᠎ᠡ ᠨᠢ ᠵᠤᠯᠠ ᠪᠤᠯᠳᠠᠭ︾ ᠤᠨ ᠤᠴᠢᠷ ᠶᠤᠰᠤ ᠶᠢ ᠲᠠᠬᠢᠨ ᠲᠠᠪᠲᠠᠨ ᠥᠬᠦᠯᠡᠨ᠎ᠡ᠃ ᠤᠳᠤ ᠬᠦᠳᠡᠭᠡ ᠨᠤᠲᠤᠭ ᠲᠤ ᠤᠤᠭᠤᠬᠤ ᠤᠰᠤ ᠪᠠᠨ ᠲᠠᠮᠨᠠᠵᠤ ᠤᠤᠭᠤᠳᠠᠭ ᠤᠯᠠᠮᠵᠢᠯᠠᠯᠲᠤ ᠦᠵᠡᠭᠳᠡᠯ ᠪᠠᠷ᠎ᠠ ᠲᠠᠰᠤᠷᠠᠵᠤ᠂ ᠳᠤᠤᠷ᠎ᠠ ᠳᠠᠪᠬᠤᠷᠭ᠎ᠠ ᠶᠢᠨ ᠹᠯᠤᠷ ᠤᠨ ᠠᠭᠤᠯᠤᠭᠳᠠᠴᠠ ᠪᠠᠭ᠎ᠠ ᠴᠡᠪᠡᠷ ᠲᠤᠩᠭᠠᠯᠠᠭ ᠤᠰᠤ ᠤᠣᠭᠤᠬᠤ ᠪᠤᠯᠵᠡᠢ᠃ ᠮᠠᠨ ᠤ ᠬᠢᠨ ᠬᠡᠳᠥᠨ ᠵᠢᠯ ᠤᠨ ᠡᠮᠥᠨ᠎ᠡ ᠬᠤᠷᠢᠭᠠᠤᠨ ᠭᠠᠵᠠᠷ ᠤᠨ ᠬᠤᠯᠠ ᠠᠴᠠ ᠲᠠᠲᠠᠵᠤ ᠤᠷᠤᠭᠤᠯᠤᠭᠰᠠᠨ ᠲᠦᠬᠡᠬᠡᠯ ᠤᠰᠤ ᠤᠤᠭᠤᠵᠤ ᠪᠠᠶᠢᠨ᠎ᠠ︔ ᠮᠠᠯᠴᠢᠤᠨ ᠬᠤᠪᠤᠭᠤ ᠪᠠᠷ ᠮᠠᠯ ᠤᠰᠤᠯᠠᠬᠤ ᠪᠠᠨ ᠪᠠᠶᠢᠬᠰᠠᠨ᠂ ᠨᠢᠭᠡ ᠯᠡ ᠳᠠᠷᠤᠪᠴᠢ ᠳᠠᠷᠤᠪᠠᠯ ᠤᠰᠤ ᠮᠡᠯᠳᠡᠬᠡᠨᠡᠨ ᠤᠨᠳᠤᠷᠴᠦ ᠤᠩᠭᠤᠴᠠ ᠪᠢᠯᠬᠠᠷᠠᠨ᠎ᠠ︔ ᠮᠠᠯᠴᠢᠨ ᠪᠥᠰᠡᠬᠦ᠋ᠢᠴᠤᠤᠨ ᠥᠨᠢᠶ᠎ᠡ ᠪᠠᠨ ᠮᠠᠰᠢᠨ ᠢᠶᠠᠷ ᠰᠠᠭᠠᠵᠤ᠂ ᠠᠷᠭᠠᠯ ᠪᠠᠭᠠᠰᠤ ᠪᠠᠨ ᠮᠠᠰᠢᠨ ᠲᠡᠷᠬᠡ ᠪᠠᠷ ᠲᠡᠬᠡᠬᠡᠳᠡᠭ ᠪᠤᠯᠵᠡᠢ︔ ᠬᠤᠨᠢ ᠬᠠᠶᠢᠴᠢᠯᠠᠬᠤ᠂ ᠢᠮᠠᠭ᠎ᠠ ᠰᠠᠮᠨᠠᠬᠤ ᠪᠠᠨ ᠴᠦ ᠪᠦᠷ ᠮᠠᠰᠢᠨᠴᠢᠯᠡᠵᠤ᠂ ᠬᠥᠮᠥᠨ ᠮᠠᠯ ᠵᠤᠪᠠᠵᠤ ᠵᠥᠳᠡᠷᠡᠬᠦ ᠥᠬᠡᠢ ᠪᠤᠯᠵᠡᠢ᠃ ᠡᠨᠡ ᠪᠦᠬᠦᠨ ᠪᠣᠯ ᠪᠦᠷ ᠤᠶᠢᠯᠡᠤᠨᠪᠥᠷᠢᠯᠡᠯ ᠤᠨ ᠬᠥᠴᠥᠨ ᠤ ᠤᠷᠢᠤᠨ ᠡᠮᠥᠨ᠎ᠡ ᠪᠠᠶᠢᠭ᠎ᠠ ᠥᠬᠡᠢ ᠠᠤᠭ᠎ᠠ ᠶᠡᠭᠡ ᠴᠢᠯᠥᠬᠡᠯᠡᠯᠲᠠ ᠪᠠ ᠬᠦᠭᠵᠢᠯᠲᠠ ᠬᠡᠵᠤ ᠬᠡᠯᠡᠬᠦ ᠶᠤᠰᠤᠲᠡᠢ᠃ ᠬᠦᠳᠡᠭᠡ ᠨᠤᠲᠤᠭ ᠤᠨ ᠰᠤᠶᠤᠯ ᠤᠨ ᠠᠮᠢᠳᠤᠷᠠᠯ ᠤᠨ ᠬᠢᠷᠢ ᠲᠦᠪᠰᠢᠨ ᠥᠳᠳᠠᠷ ᠲᠥᠷᠬᠡᠨ ᠬᠦᠭᠵᠢᠵᠤ ᠪᠤᠢ᠃ ᠤᠳᠤᠨ ᠲᠧᠯᠸᠢᠰ᠂ ᠷᠠᠳᠢᠣ᠋ ᠨᠡᠪᠲᠡᠷᠡᠬᠦᠯᠬᠡ ᠶᠢᠨ ᠳᠠᠮᠵᠢᠭᠤᠯᠭ᠎ᠠ᠂ ᠢᠨᠲ᠋ᠧᠷ ᠰᠥᠯᠵᠢᠶ᠎ᠡ᠂ ᠴᠢᠮᠡᠭᠡ ᠬᠤᠯᠪᠤᠭ᠎ᠠ᠂ ᠠᠯᠤᠰ ᠡᠵᠡᠮᠳᠡᠬᠦᠷ ᠪᠤᠢ᠃ ᠬᠠᠯᠠᠭᠤᠨ ᠪᠦᠯᠢ ᠪᠠᠷ ᠢᠶᠠᠨ ᠬᠠᠮᠲᠤ ᠳᠤ ᠪᠠᠨ ᠰᠠᠭᠤᠵᠤ᠂ ᠤᠯᠤᠰ ᠤᠷᠤᠨ᠂ ᠲᠡᠯᠡᠬᠡᠢ ᠨᠡᠶᠢᠲᠡ ᠶᠢᠨ ᠬᠠᠮᠤᠭ ᠤᠨ ᠰᠤᠨᠢᠨ ᠰᠡᠶᠢᠬᠠᠨ ᠢ ᠴᠠᠭ ᠳᠠᠷᠤᠢ ᠳᠤ ᠨᠢ ᠥᠵᠡᠵᠥ ᠰᠤᠨᠤᠰᠤᠨ᠎ᠠ᠃ ᠨᠠᠷᠠᠨ ᠳᠤ ᠬᠠᠯᠠᠬᠤ ᠥᠬᠡᠢ᠂ ᠰᠠᠯᠬᠢᠨ ᠳᠤ ᠴᠤᠬᠢᠭᠳᠠᠬᠤ ᠥᠬᠡᠢ᠂ ᠳᠠᠭᠠᠷᠠᠵᠤ ᠪᠡᠬᠡᠷᠡᠬᠦ ᠥᠬᠡᠢ᠂ ᠦᠯᠦᠰᠴᠤ ᠤᠮᠳᠠᠭᠠᠰᠬᠤ ᠥᠬᠡᠢ᠂ ᠬᠡᠷ ᠲᠤ ᠪᠠᠨ ᠲᠠᠭᠠᠲᠡᠶᠢᠬᠠᠨ ᠰᠠᠭᠠᠲᠠᠵᠤ᠂ ᠲᠡᠯᠡᠬᠡᠢ ᠶᠢᠨ ᠤᠯᠢᠮᠫᠢᠺ ᠤᠨ ᠲᠠᠮᠢᠷ ᠤᠨ ᠴᠤᠭᠯᠠᠭᠠᠨ᠂ ᠨᠤᠲᠤᠭ ᠤᠷᠤᠨ ᠤ ᠪᠠᠨ ᠨᠠᠶᠢᠷ ᠨᠠᠭᠠᠳᠤᠮ ᠢ ᠥᠵᠡᠵᠤ ᠰᠤᠨᠢᠷᠬᠠᠨ᠎ᠠ᠃ ᠭᠠᠷ ᠤᠲᠠᠰᠤ ᠬᠥᠮᠥᠨ ᠪᠦᠬᠦᠨ ᠤ ᠬᠡᠷᠡᠭᠯᠡᠬᠦ ᠬᠡᠷᠡᠭᠰᠡᠯ ᠪᠤᠯᠵᠤ᠂ ᠠᠯᠢ ᠬᠡᠷᠡᠭᠴᠡᠬᠡᠲᠡᠢ᠂ ᠠᠯᠢ ᠪᠠᠴᠢᠮ ᠲᠣᠯᠭᠠᠮ᠎ᠠ ᠵᠥᠢᠯᠡᠰ ᠢᠶᠠᠨ ᠲᠡᠷᠡᠬᠡᠨ ᠵᠠᠭᠤᠷ᠎ᠠ ᠶᠢᠨ ᠬᠤᠭᠤᠷᠤᠨᠳᠤ ᠰᠶᠢᠳᠪᠤᠷᠢᠯᠡᠨ᠎ᠡ᠃ ᠡᠨᠡ ᠤᠳᠠᠭᠠᠨ ᠤ ᠰᠢᠨ᠎ᠠ ᠳᠢᠲᠢᠮᠯᠢᠭ ᠠᠭᠤᠰᠬᠢᠨ ᠦᠷᠪᠢᠰᠥᠯ ᠳᠡᠯᠬᠡᠷᠡᠭᠰᠡᠨ ᠳᠤ ᠢᠨᠲ᠋ᠧᠷ ᠰᠥᠯᠵᠢᠶ᠎ᠡ ᠪᠠᠷ ᠠᠷᠠᠯᠵᠢᠶ᠎ᠠ ᠮᠡᠶᠢᠮᠡᠢ ᠪᠠᠨ ᠬᠢᠵᠤ᠂ ᠰᠤᠷᠭᠠᠭᠤᠯᠢ ᠶᠢᠨ ᠰᠤᠷᠤᠭᠴᠢᠤᠨ ᠬᠡᠷ ᠲᠤ ᠪᠠᠨ ᠰᠥᠯᠵᠢᠶ᠎ᠡ ᠪᠠᠷ ᠬᠢᠴᠢᠶᠡᠯ ᠤᠷᠤᠵᠤ᠂ ᠤᠯᠤᠰ ᠤᠨ ᠠᠯᠪᠠᠲᠠᠨ ᠠᠵᠢᠯᠳᠠᠤᠨ ᠰᠥᠯᠵᠢᠶᠡᠨ ᠳᠡᠬᠡᠷ᠎ᠡ ᠠᠵᠢᠯᠯᠠᠵᠤ᠂ ᠬᠢᠵᠢᠭ ᠤᠨ ᠰᠥᠷᠲᠡᠬᠦᠯᠥᠯ᠂ ᠭᠠᠢ ᠭᠠᠮᠰᠢᠭ᠂ ᠬᠤᠬᠢᠷᠠᠯ ᠰᠥᠢᠳᠥᠯ᠂ ᠬᠥᠴᠢᠷ ᠪᠡᠷᠬᠡᠰᠢᠶᠡᠯ ᠢ ᠢᠯᠠᠨ ᠳᠠᠪᠠᠭ᠋ᠤ ᠳᠤ ᠶᠡᠬᠡᠬᠡᠨ ᠤᠶᠢᠯᠡᠳᠥᠯ ᠢᠶᠠᠨ ᠪᠠᠳᠠᠷᠠᠭᠤᠯᠤᠭᠰᠠᠨ ᠪᠠᠶᠢᠨ᠎ᠠ᠃       ᠬᠦᠳᠡᠭᠡ ᠶᠢᠨ ᠮᠠᠰᠢ ᠠᠷᠪᠢᠨ ᠠᠶᠢᠯ ᠡᠷᠥᠬᠡ ᠮᠠᠯ ᠰᠥᠷᠥᠭ ᠤᠨ ᠬᠠᠷᠢᠭᠤᠯᠭ᠎ᠠ᠂ ᠲᠦᠯ ᠲᠤᠰᠴᠤ ᠪᠤᠶᠢᠵᠢᠭᠤᠯᠬᠤ᠂ ᠬᠠᠷᠠᠭᠤᠯ ᠮᠠᠨᠠᠭ᠎ᠠ ᠳᠤ ᠪᠠᠨ ᠠᠯᠤᠰ ᠡᠵᠡᠮᠰᠢᠯᠲᠤ ᠠᠷᠭ᠎ᠠ ᠮᠡᠷᠬᠡᠵᠢᠯ ᠢ ᠬᠡᠷᠡᠭᠯᠡᠬᠦ ᠪᠤᠯᠵᠡᠢ᠃ ᠮᠠᠯ ᠤᠨ ᠵᠠᠷᠤᠴᠠᠭᠤᠯᠭ᠎ᠠ᠂ ᠮᠠᠯ ᠤᠨ ᠢᠶᠠᠨ ᠨᠤᠤᠰᠤ ᠨᠤᠤᠯᠤᠭᠤᠷ ᠤᠨ ᠠᠷᠠᠯᠵᠢᠶ᠎ᠠ ᠮᠡᠶᠢᠮᠡᠢ ᠶᠢ ᠰᠥᠯᠵᠢᠶ᠎ᠡ ᠪᠠᠷ ᠬᠢᠬᠦ ᠪᠤᠯᠵᠤ᠂ ᠬᠡᠷᠡᠭᠯᠡᠭᠴᠢᠤᠨ ᠬᠡᠳᠥᠢ ᠳᠤ ᠬᠡᠷᠡᠭᠴᠡᠬᠡᠲᠡᠢ ᠪᠣᠯ ᠲᠡᠳᠥᠢ ᠳᠤ ᠨᠢ ᠬᠥᠷᠬᠡᠵᠤ ᠴᠢᠳᠠᠬᠤ ᠪᠤᠯᠤᠭᠰᠠᠨ ᠪᠦᠬᠡᠤᠨ ᠮᠠᠯ ᠤᠨ ᠵᠠᠷᠤᠴᠠᠭᠤᠯᠭ᠎ᠠ ᠶᠢᠨ ᠠᠵᠢᠯ ᠬᠤᠶᠠᠷ ᠤᠯᠠᠷᠢᠯ ᠢᠶᠠᠷ ᠶᠠᠪᠤᠭᠳᠠᠳᠠᠭ ᠪᠠᠶᠢᠬᠰᠠᠨ ᠪᠣᠯ ᠤᠳᠤ ᠲᠦᠷᠪᠡᠨ ᠤᠯᠠᠷᠢᠯ ᠢᠶᠠᠷ ᠶᠠᠪᠤᠭᠳᠠᠬᠤ ᠪᠤᠯᠵᠤ᠂ ᠪᠤᠬᠢᠷᠳᠤᠯ ᠥᠬᠡᠢ᠂ ᠪᠠᠶᠢᠭᠠᠯᠢᠯᠢᠬ ᠮᠠᠯ ᠤᠨ ᠮᠢᠬ᠎ᠠ᠂ ᠴᠠᠭᠠᠨ ᠢᠳᠡᠭᠡᠨ ᠢ ᠬᠡᠷᠡᠭᠯᠡᠭᠴᠢᠤᠨ ᠤᠨ ᠬᠤᠭᠤᠯᠠᠨ ᠤ ᠰᠢᠷᠠᠬᠡᠨ ᠳᠡᠬᠡᠷ᠎ᠡ᠂ ᠭᠡᠷ ᠲᠤ ᠨᠢ ᠰᠢᠭᠤᠤᠨ ᠬᠥᠷᠬᠡᠬᠦ ᠪᠤᠯᠵᠤ᠂ ᠦᠪᠡᠷ ᠤᠨ ᠶᠠᠭᠤᠮᠠᠨ ᠳᠤ ᠪᠠᠨ ᠦᠪᠡᠷᠳᠡᠬᠡᠨ ᠡᠵᠡᠨ ᠰᠠᠭᠤᠵᠤ᠂ ᠦᠪᠡᠷ ᠤᠨ ᠶᠠᠭᠤᠮ᠎ᠠ ᠪᠠᠨ ᠦᠪᠡᠷᠳᠡᠬᠡᠨ ᠡᠳ᠋ᠰᠢᠬᠦᠯᠥᠨ ᠪᠤᠯᠪᠠᠰᠤᠷᠠᠭᠤᠯᠵᠤ᠂ ᠪᠤᠷᠤᠯᠠᠭᠤᠯᠵᠤ᠂ ᠬᠥᠢᠯᠬᠡᠬᠡ ᠶᠢ ᠨᠢ ᠰᠢᠯᠤᠭᠤᠨ ᠲᠥᠷᠬᠡᠨ ᠪᠤᠯᠭᠠᠵᠤ᠂ ᠦᠪᠡᠷ ᠤᠨ ᠦᠷᠲᠡᠭ ᠢ ᠨᠢ ᠶᠡᠬᠡᠪᠡᠷ ᠪᠠᠭᠤᠷᠠᠭᠤᠯᠵᠤ᠂ ᠠᠰᠢᠭ ᠤᠯᠵᠠᠪᠤᠷᠢ ᠶᠢ ᠨᠢ ᠶᠡᠬᠡᠬᠡᠨ ᠳᠡᠭᠡᠭᠰᠢᠯᠡᠬᠦᠯᠵᠤ᠂ ᠤᠷᠤᠯᠭ᠎ᠠ ᠶᠢᠨ ᠨᠡᠮᠡᠭᠳᠡᠯ ᠢ ᠠᠬᠢᠭᠤᠯᠵᠡᠢ᠃ ᠮᠠᠯᠴᠢᠤᠨ ᠪᠦᠬᠦᠳᠡᠬᠡᠷ ᠢᠶᠠᠨ ᠬᠤᠷᠰᠢᠭᠰᠠᠨ ᠡᠮᠨᠡᠯᠬᠡ ᠶᠢᠨ ᠲᠠᠭᠠᠤᠨᠬᠠᠯ ᠳᠤ ᠤᠷᠤᠵᠤ᠂ ᠦᠩᠬᠡᠷᠡᠭᠰᠡᠨ ᠤ ᠡᠪᠡᠤᠨᠴᠢᠨ ᠥᠵᠡᠬᠦᠯᠬᠦ ᠳᠤ ᠬᠥᠴᠢᠷᠲᠡᠢ᠂ ᠡᠪᠡᠤᠨᠴᠢᠨ ᠥᠵᠡᠬᠦᠯᠬᠦ ᠳᠤ ᠥᠨᠡᠲᠡᠢ ᠠᠰᠠᠭᠤᠳᠠᠯ ᠵᠤᠬᠢᠬᠤ ᠬᠡᠮᠵᠢᠶᠡᠨ ᠳᠤ ᠰᠢᠢᠳᠪᠦᠷᠢᠯᠡᠭᠳᠡᠵᠠᠢ᠃ ᠤᠤᠯ ᠤᠨ ᠬᠡᠳᠥᠬᠡᠨ ᠵᠥᠢᠯ ᠤᠨ ᠡᠪᠡᠤᠨᠴᠢᠨ᠂ ᠬᠡᠳᠥᠬᠡᠨ ᠡᠮ ᠤᠨ ᠰᠥᠢᠤᠨᠬᠡᠯ ᠢ ᠴᠠᠶᠢᠷᠠᠭᠤᠯᠵᠤ ᠪᠠᠶᠢᠬᠰᠠᠨ ᠢᠶᠠᠨ ᠤᠳᠤ ᠲᠤᠭᠲᠠᠭᠰᠠᠨ ᠡᠮᠨᠡᠯᠬᠡ ᠶᠢᠨ ᠬᠤᠷᠢᠶᠠᠨ ᠳᠤ ᠤᠷᠤᠵᠤ ᠡᠮᠨᠡᠬᠦᠯᠪᠡᠯ᠂ ᠶᠡᠬᠡᠩᠬᠢ ᠵᠠᠷᠤᠳᠠᠯ ᠢ ᠨᠢ ᠴᠠᠶᠢᠷᠠᠭᠤᠯᠬᠤ ᠪᠤᠯᠵᠡᠢ᠃ ᠤᠨᠴᠠ ᠬᠥᠨᠳᠥ ᠡᠪᠡᠤᠨᠴᠢᠲᠡᠨ ᠳᠤ ᠬᠠᠷᠠᠭᠠᠯᠵᠠᠯ ᠤᠨ ᠠᠷᠭ᠎ᠠ ᠪᠤᠳᠤᠯᠭ᠎ᠠ ᠶᠢ ᠬᠡᠷᠡᠭᠵᠢᠬᠦᠯᠵᠤ ᠪᠤᠢ᠃ ᠬᠤᠶᠠᠷ ᠵᠢᠯ ᠤᠨ ᠡᠮᠥᠨ᠎ᠡ ᠡᠮᠡᠬᠡᠨ ᠤ ᠬᠦᠯ ᠨᠢ ᠡᠪᠡᠤᠨᠴᠤ ᠲᠠᠶᠠᠭ ᠲᠤ ᠤᠷᠤᠪᠠ᠃ ᠠᠷᠭ᠎ᠠ ᠪᠠᠨ ᠪᠠᠷᠠᠬᠤ ᠳᠤ ᠪᠠᠨ ᠬᠦᠬᠡᠬᠤᠲᠠ ᠤᠷᠤᠵᠤ᠂ ᠤᠯᠠᠨ ᠤᠯᠤᠰ ᠤᠨ ᠡᠮᠨᠡᠯᠬᠡ ᠶᠢᠨ ᠬᠤᠷᠢᠶᠠᠨ ᠳᠤ ᠤᠷᠤᠵᠤ ᠥᠵᠡᠬᠦᠯᠥᠭᠰᠡᠨ ᠳᠤ ᠬᠤᠶᠠᠷ ᠡᠪᠥᠳᠥᠭ ᠤᠨ ᠥᠶ᠎ᠡ ᠬᠦᠰᠢᠬᠦᠥ ᠨᠢ ᠮᠦᠭᠡᠷᠰᠦᠯᠡᠭᠰᠡᠨ ᠪᠤᠯᠬᠤᠷ ᠵᠠᠰᠠᠯᠭ᠎ᠠ ᠬᠢᠵᠤ ᠰᠤᠯᠢᠬᠤ ᠴᠢᠬᠤᠯᠠ ᠲᠠᠢ ᠪᠤᠯᠵᠡᠢ ᠬᠡᠵᠤ ᠤᠨᠤᠰᠢᠯᠠᠵᠡᠢ᠃ ᠲᠡᠬᠡᠬᠡᠤᠨ ᠠᠷᠭ᠎ᠠ ᠪᠤᠰᠤ ᠵᠠᠰᠠᠯᠭ᠎ᠠ ᠬᠢᠯᠬᠡᠬᠦ ᠪᠤᠯᠵᠤ᠂ ᠡᠮᠨᠡᠯᠬᠡ ᠶᠢᠨ ᠬᠤᠷᠢᠶᠠᠨ ᠳᠤ ᠪᠠᠷᠤᠭ 2 ᠰᠠᠷ᠎ᠠ ᠰᠢᠬᠠᠮ ᠰᠠᠭᠤᠵᠤ ᠵᠠᠰᠠᠯᠭ᠎ᠠ ᠬᠢᠯᠬᠡᠪᠡ᠃ ᠵᠠᠰᠠᠯᠭ᠎ᠠ ᠨᠢ ᠮᠠᠰᠢ ᠰᠡᠶᠢᠨ ᠠᠮᠵᠢᠯᠲᠠ ᠲᠠᠢ ᠪᠤᠯᠵᠤ᠂ ᠡᠮᠡᠬᠡᠨ ᠲᠠᠶᠠᠭ ᠢᠶᠠᠨ ᠬᠠᠶᠠᠴᠢᠬᠠᠭᠠᠤᠨ ᠬᠥᠶᠥᠵᠤ ᠪᠠᠶᠢᠨ᠎ᠠ᠃ ᠵᠠᠰᠠᠯᠭ᠎ᠠ ᠶᠢᠨ ᠵᠠᠷᠤᠳᠠᠯ ᠨᠡᠶᠢᠲᠠ 13 ᠲᠦᠮᠡ ᠢᠯᠡᠬᠦᠥ ᠤᠷᠤᠭᠰᠠᠨ ᠳᠤ ᠬᠤᠷᠰᠢᠭᠰᠠᠨ ᠡᠮᠨᠡᠯᠬᠡ ᠠᠴᠠ 9 ᠲᠦᠮᠡ ᠢᠯᠡᠬᠦᠥ ᠶᠢ ᠨᠢ ᠪᠤᠳᠤᠵᠥ ᠦᠭᠴᠡᠢ᠃ ᠭᠠᠷ ᠬᠦᠢᠴᠡᠳᠭᠡᠯ ᠢ ᠡᠮᠨᠡᠯᠬᠡ ᠶᠢᠨ ᠬᠤᠷᠢᠶ᠎ᠠ ᠲᠡᠷᠡ ᠳᠠᠷᠤᠢ ᠳᠤ ᠨᠢ ᠰᠢᠭᠤᠤᠨ ᠬᠦᠢᠴᠡᠳᠭᠡᠵᠤ ᠦᠭᠬᠦᠨ᠎ᠡ᠃ ᠨᠠᠭᠠᠰᠢ ᠴᠠᠭᠠᠰᠢ ᠪᠠᠨ ᠬᠥᠶᠥᠬᠦ᠂ ᠬᠥᠮᠥᠨ ᠠᠮᠢᠲᠠᠨ ᠡᠷᠢᠬᠦ ᠶᠠᠪᠤᠳᠠᠯ ᠥᠬᠡᠢ᠂ ᠡᠨᠡ ᠨᠢ ᠮᠠᠰᠢ ᠮᠠᠭᠲᠠᠭᠤᠰᠢᠲᠡᠢ ᠶᠤᠮ᠃ ᠡᠶᠢᠮᠥ ᠶᠡᠭᠡ ᠵᠠᠰᠠᠯᠭ᠎ᠠ ᠬᠢᠯᠬᠡᠴᠢᠬᠡᠬᠡᠤᠨ ᠦᠪᠠᠷᠰᠡᠤᠨ ᠢᠶᠠᠨ 4 ᠲᠦᠮᠡᠬᠡᠨ ᠲᠦᠬᠦᠷᠢᠭ ᠭᠠᠷᠭᠠᠭᠰᠠᠨ ᠨᠢ ᠲᠦᠢᠯ ᠤᠨ ᠶᠡᠭᠡ ᠬᠠᠷᠠᠭᠠᠯᠵᠠᠯ ᠳᠡᠮᠵᠢᠯᠬᠡ ᠮᠥᠨ ᠬᠡᠵᠤ ᠪᠢᠳᠡ ᠥᠵᠡᠨ᠎ᠡ᠃ ᠬᠡᠷᠪᠡ ᠬᠤᠷᠰᠢᠭᠰᠠᠨ ᠡᠮᠨᠡᠯᠬᠡ ᠶᠢᠨ ᠳᠠᠭᠠᠤᠨᠬᠠᠯ ᠪᠠᠶᠢᠬᠰᠠᠨ ᠥᠬᠡᠢ ᠪᠣᠯ ᠪᠢᠳᠡ ᠯᠠᠪᠲᠡᠢ ᠮᠠᠰᠢ ᠶᠡᠭᠡ ᠬᠥᠴᠢᠷᠳᠡᠬᠦ ᠨᠢ ᠮᠠᠳᠠᠬᠡᠵᠢ᠃ ᠪᠢᠳᠡ ᠨᠠᠮ ᠵᠠᠰᠠᠭ ᠤᠨ ᠲᠦᠷᠦ ᠶᠢᠨ ᠪᠤᠳᠤᠯᠭ᠎ᠠ᠂ ᠬᠠᠶᠢᠷ᠎ᠠ ᠬᠠᠯᠠᠮᠵᠢ ᠳᠤ ᠴᠢᠩ ᠥᠨᠡᠨ ᠰᠡᠤᠨᠬᠢᠯ ᠠᠴᠠ ᠪᠠᠨ ᠲᠠᠯᠠᠷᠬᠠᠵᠤ ᠪᠠᠶᠢᠨ᠎ᠠ᠃ ᠮᠠᠯᠴᠢᠤᠨ ᠤᠨ ᠬᠤᠷᠰᠢᠭᠰᠠᠨ ᠡᠮᠨᠡᠯᠬᠡ ᠥᠨᠡᠬᠡᠷ ᠰᠡᠶᠢᠨ᠂ ᠮᠠᠯᠴᠢᠨ ᠲᠦᠮᠡᠨ ᠳᠤ ᠲᠦᠢᠯ ᠤᠨ ᠶᠡᠭᠡ ᠥᠨᠡᠨ ᠪᠤᠳᠠᠲᠡᠢ ᠶᠠᠪᠤᠳᠠᠯ ᠤᠴᠢᠷ ᠢ ᠰᠢᠢᠳᠪᠦᠷᠢᠯᠡᠨ ᠦᠭᠴᠤ ᠪᠠᠶᠢᠨ᠎ᠠ᠃ ᠦᠩᠬᠡᠷᠡᠭᠰᠡᠨ ᠳᠤ ᠵᠦᠪᠬᠡᠨ ᠤᠯᠤᠰ ᠤᠨ ᠺᠠᠳ᠋ᠷ ᠠᠵᠢᠯᠳᠠᠤᠨ ᠯᠠ ᠴᠠᠯᠢᠩ ᠮᠦᠩᠬᠦ ᠲᠠᠢ ᠪᠠᠶᠢᠳᠠᠭ ᠪᠠᠶᠢᠬᠰᠠᠨ ᠪᠣᠯ ᠤᠳᠤ ᠮᠠᠯᠴᠢᠤᠨ ᠴᠦ ᠴᠠᠯᠢᠩ ᠮᠦᠩᠬᠦ ᠲᠠᠢ ᠪᠤᠯᠵᠡᠢ᠃ ᠡᠨᠡ ᠬᠦ ᠤᠤᠠᠬ᠎ᠠ ᠠᠭᠤᠯᠭ᠎ᠠ ᠠᠴᠠ ᠪᠠᠨ ᠺᠠᠳ᠋ᠷ ᠪᠤᠶᠤ ᠮᠠᠯᠴᠢᠤᠨ᠂ ᠤᠶᠤᠨ ᠤ ᠬᠦᠳᠡᠯᠮᠥᠷᠢᠴᠢᠤᠨ ᠪᠤᠶᠤ ᠪᠡᠶ᠎ᠡ ᠶᠢᠨ ᠬᠦᠳᠡᠯᠮᠥᠷᠢᠴᠢᠤᠨ ᠤᠨ ᠵᠦᠷᠢᠶ᠎ᠡ ᠵᠤᠬᠢᠬᠤ ᠬᠡᠮᠵᠢᠶᠡᠨ ᠳᠤ ᠪᠠᠭᠠᠰᠴᠤ ᠪᠤᠢ ᠬᠡᠵᠤ ᠠᠮᠠ ᠪᠠᠷᠳᠠᠮ ᠬᠡᠯᠡᠵᠤ ᠪᠤᠯᠤᠨ᠎ᠠ᠃       ᠮᠠᠨ ᠤ ᠬᠢᠨ ᠬᠡᠷ ᠲᠤ ᠪᠠᠨ ᠡᠮᠡᠬᠡᠨ ᠪᠢᠳᠡ ᠬᠤᠶᠠᠭᠤᠯᠠ ᠪᠠᠨ ᠴᠠᠯᠢᠩ ᠤᠯᠳᠠᠭ᠃ ᠴᠠᠯᠢᠩ ᠤᠨ ᠲᠤᠭ᠎ᠠ ᠬᠡᠮᠵᠢᠶ᠎ᠡ ᠨᠢ ᠲᠡᠶᠢᠮᠤ ᠦᠨᠳᠥᠷ ᠪᠢᠰᠢ᠂ ᠬᠤᠶᠠᠭᠤᠯᠠ ᠶᠢᠨ ᠬᠢ ᠨᠡᠶᠢᠯᠡᠬᠡᠤᠨ ᠰᠠᠷ᠎ᠠ ᠶᠢᠨ 700 ᠭᠠᠷᠤᠢ ᠲᠦᠬᠦᠷᠢᠭ ᠠᠪᠳᠠᠭ᠃ ᠪᠢᠳᠡ ᠬᠡᠳᠥᠬᠦᠯᠡ ᠶᠢᠨ ᠰᠠᠷ᠎ᠠ ᠶᠢᠨ ᠭᠤᠯᠢᠷ ᠪᠤᠳᠠᠭ᠎ᠠ᠂ ᠴᠠᠢ ᠳᠠᠪᠤᠰᠤ᠂ ᠨᠤᠭᠤᠭ᠎ᠠ ᠴᠠᠭ᠎ᠠ ᠳᠤ ᠪᠠᠨ ᠬᠥᠷᠴᠢᠬᠡᠨ᠎ᠡ᠃ ᠢᠳᠡᠬᠦ ᠤᠤᠭᠤᠬᠤ ᠳᠤ ᠪᠠᠨ ᠵᠤᠪᠠᠭ᠋ᠤ ᠥᠬᠡᠢ ᠪᠠᠶᠢᠬᠤ ᠪᠣᠯ ᠥᠨᠡᠨ ᠳᠤ ᠪᠠᠨ ᠨᠢᠬᠡᠨ ᠶᠡᠭᠡ ᠰᠡᠤᠨᠬᠢᠯ ᠤᠨ ᠲᠡᠶᠢᠪᠤᠰᠢᠷᠠᠯ ᠪᠠᠶᠢᠭ᠎ᠠ ᠶᠤᠮ᠃ ᠤᠳᠤ ᠬᠦᠳᠡᠭᠡ ᠨᠤᠲᠤᠭ ᠢᠶᠠᠷ ᠨᠦᠬᠦᠪᠥᠷᠢ ᠮᠦᠩᠬᠦ ᠶᠢᠨ ᠲᠦᠷᠦᠯ ᠵᠦᠢᠯ ᠴᠦ ᠤᠯᠠᠨ ᠪᠤᠯᠵᠤ᠂ ᠠᠰᠢᠭ ᠬᠦᠷᠳᠡᠵᠤ ᠪᠠᠶᠢᠭ᠎ᠠ ᠬᠦᠮᠦᠰ ᠤᠯᠠᠨ ᠪᠤᠯᠵᠠᠢ᠃ ᠤᠳᠤ ᠮᠠᠯᠴᠢᠤᠨ ᠤᠨ ᠬᠡᠤᠬᠡᠤᠨ ᠶᠠᠮᠠᠷᠴᠤ ᠰᠦᠢᠤᠨᠬᠡᠯ ᠥᠬᠡᠢ ᠪᠠᠷ ᠴᠡᠴᠡᠷᠯᠢᠭ ᠠᠴᠠ ᠡᠬᠢᠯᠡᠬᠡᠤᠨ ᠦᠨᠳᠥᠷ ᠳᠤᠮᠳᠠᠳᠥ ᠶᠢᠨ ᠰᠤᠷᠭᠠᠭᠤᠯᠢ ᠲᠡᠬᠦᠰᠬᠡᠵᠤ ᠪᠤᠢ᠃ ᠬᠢᠴᠢᠶᠡᠯ ᠤᠨ ᠲᠠᠩᠬᠢᠮ᠂ ᠤᠷᠤᠨ ᠰᠠᠭᠤᠴᠠ᠂ ᠬᠤᠭᠤᠯᠠ ᠪᠤᠳᠠᠭ᠎ᠠ ᠵᠡᠷᠬᠡ ᠠᠮᠢᠳᠤᠷᠠᠯ ᠤᠨ ᠨᠦᠬᠦᠴᠡᠯ ᠲᠤᠬᠢᠷᠠᠭᠤᠯᠭ᠎ᠠ ᠮᠠᠰᠢ ᠰᠡᠶᠢᠨ᠂ ᠪᠦᠷ ᠬᠡᠷ ᠤᠨ ᠨᠦᠬᠦᠴᠡᠯ ᠠᠴᠠ ᠴᠦ ᠰᠡᠶᠢᠨ ᠪᠤᠯᠵᠡᠢ᠃ ᠪᠠᠰᠠ ᠰᠤᠷᠤᠭᠴᠢ ᠪᠥᠷᠢ ᠳᠤ ᠪᠠᠶᠢᠷᠢ ᠶᠢᠨ ᠨᠦᠬᠦᠪᠥᠷᠢ᠂ ᠰᠢᠮ᠎ᠡ ᠲᠡᠵᠢᠬᠡᠯ ᠤᠨ ᠨᠦᠬᠦᠪᠥᠷᠢ ᠤᠯᠭᠤᠵᠤ ᠪᠤᠢ᠃ ᠤᠳᠤ ᠶᠢᠨ ᠬᠡᠤᠬᠡᠤᠨ ᠤᠳ ᠪᠦᠬᠦᠳᠡᠬᠡᠷ ᠢᠶᠠᠨ ᠶᠡᠭᠡ ᠰᠤᠷᠭᠠᠭᠤᠯᠢ᠂ ᠳᠡᠬᠡᠳᠥ ᠰᠤᠷᠭᠠᠭᠤᠯᠢ ᠳᠤ ᠰᠤᠷᠤᠯᠴᠠᠬᠤ ᠪᠤᠯᠵᠡᠢ᠃ ᠤᠯᠤᠰ᠂ ᠤᠷᠤᠨ᠂ ᠭᠠᠵᠠᠷ ᠤᠷᠤᠨ᠂ ᠭᠠᠴᠠᠭ᠎ᠠ ᠲᠤᠰᠬᠤᠨ ᠠᠴᠠ ᠪᠠᠨ ᠶᠡᠭᠡ ᠬᠡᠮᠵᠢᠶᠡᠨ ᠤ ᠳᠡᠮᠵᠢᠯᠬᠡ ᠲᠤᠰᠠᠯᠠᠮᠵᠢ ᠪᠠᠨ ᠥᠵᠡᠬᠦᠯᠵᠤ ᠪᠠᠶᠢᠨ᠎ᠠ᠃ ᠤᠯᠤᠰ ᠤᠷᠤᠨ ᠤ ᠰᠤᠷᠤᠯᠭ᠎ᠠ ᠶᠢᠨ ᠵᠢᠬᠡᠯᠡᠯᠬᠡ ᠶᠢᠨ ᠮᠦᠩᠬᠦ ᠪᠠᠶᠢᠬᠤ ᠪᠦᠬᠡᠤᠨ ᠤᠷᠤᠨ ᠨᠤᠲᠤᠭ ᠭᠠᠴᠠᠭ᠎ᠠ ᠲᠤᠰᠬᠤᠨ᠂ ᠨᠡᠷ᠎ᠡ ᠴᠤᠤᠲᠤ ᠬᠥᠮᠥᠰ ᠠᠴᠠ ᠰᠤᠷᠭᠠᠭᠤᠯᠢ ᠳᠤ ᠲᠠᠪᠰᠢᠭᠰᠠᠨ ᠲᠤᠰᠠᠯᠠᠮᠵᠢ ᠲᠡᠤᠨᠬᠦᠮᠵᠢ ᠬᠡᠵᠤ ᠵᠢᠯ ᠪᠦᠷᠢ ᠬᠡᠴᠢᠨᠡᠨ ᠵᠠᠭᠤ ᠮᠢᠩᠭᠠᠨ ᠲᠥᠬᠦᠷᠢᠭ ᠭᠠᠷᠳᠠᠭᠤᠯᠵᠤ ᠪᠠᠶᠢᠨ᠎ᠠ᠃ ᠶᠠᠮᠠᠷ ᠰᠡᠶᠢᠬᠠᠨ ᠴᠠᠭ ᠥᠶ᠎ᠡ᠂ ᠶᠠᠮᠠᠷ ᠰᠡᠶᠢᠬᠠᠨ ᠰᠤᠷᠭᠠᠨ ᠬᠥᠮᠥᠵᠢᠯ ᠠᠵᠢ᠂ ᠤᠳᠤ ᠶᠢᠨ ᠬᠡᠥᠬᠡᠤᠨ ᠤᠳ ᠥᠨᠡᠬᠡᠷ ᠵᠤᠯ ᠵᠢᠷᠭᠠᠯᠲᠡᠢ᠂ ᠤᠯᠳᠠᠰᠢ ᠥᠬᠡᠢ ᠵᠤᠯ ᠵᠠᠪᠰᠢᠶᠡᠨ ᠢ ᠰᠡᠶᠢᠬᠠᠨ ᠡᠵᠡᠮᠳᠡᠬᠦ ᠨᠢ ᠶᠠᠭᠤᠨ ᠠᠴᠠ ᠴᠦ ᠡᠷᠬᠢᠮ ᠪᠤᠶᠤ᠃ ᠤᠳᠤ ᠬᠦᠳᠡᠭᠡ ᠨᠤᠲᠤᠭ ᠲᠤ ᠵᠠᠮ ᠨᠡᠪᠳᠡᠷᠡᠯᠬᠡ ᠮᠠᠰᠢ ᠰᠡᠶᠢᠨ ᠪᠤᠯᠵᠡᠢ᠃ ᠴᠤᠬᠤᠮ ᠠᠶᠢᠯ ᠠᠶᠢᠯ ᠤᠨ ᠡᠬᠦᠳᠡᠨ ᠠᠴᠠ ᠪᠡᠬᠡᠵᠢᠩ ᠬᠥᠷᠬᠦ ᠵᠠᠰᠠᠮᠠᠯ ᠵᠠᠮ᠂ ᠴᠠᠷᠳᠠᠮᠠᠯ ᠵᠠᠮ ᠳᠤᠷᠡᠶᠢᠨ᠎ᠠ᠃ ᠤᠯᠠᠩᠬᠢ ᠠᠶᠢᠯ ᠡᠷᠥᠬᠡ ᠪᠦᠷ ᠪᠠᠭ᠎ᠠ ᠮᠠᠰᠢᠨ ᠲᠡᠷᠬᠡ ᠲᠠᠢ ᠪᠤᠯᠵᠤ᠂ ᠦᠷᠯᠦᠬᠡ ᠠᠵᠢᠯ ᠢᠶᠠᠨ ᠲᠦᠪᠬᠢᠨᠡᠬᠦᠯᠴᠢᠭᠡᠭᠡᠳ ᠭᠠᠷᠴᠤ ᠶᠠᠪᠤᠭᠠᠤᠨ ᠤᠷᠦ᠋ᠢᠬᠠᠨ ᠳᠠᠪᠬᠢᠵᠤ ᠢᠷᠡᠨ᠎ᠡ᠂ ᠬᠤᠯᠠ ᠶᠠᠪᠤᠵᠤ ᠶᠠᠭᠤ ᠨᠢᠬᠡ ᠶᠢ ᠪᠦᠲᠥᠬᠡᠭᠰᠡᠨ ᠨᠢ ᠮᠡᠳᠡᠬᠡᠵᠢ᠂ ᠰᠡᠶᠢᠬᠠᠨ ᠪᠤᠯᠵᠡᠢ᠃ ᠮᠢᠨᠤ ᠤᠨᠠᠭᠠᠨ ᠪᠠᠭ᠎ᠠ ᠶᠢᠨ ᠨᠡᠶᠢᠵᠠ ᠬᠦᠬᠡᠬᠤᠲᠠ ᠠᠴᠠ ᠤᠲᠠᠰᠤ ᠢᠷᠡᠭᠡᠳ᠄ ︽ᠲᠠ ᠮᠠᠯᠴᠢᠨ ᠵᠠᠶᠠᠭ᠎ᠠ ᠪᠠᠨ ᠲᠥᠰᠢᠭᠰᠡᠨ ᠴᠢᠨᠢ ᠲᠠᠭᠠᠷᠠᠵᠡᠢ᠃ ᠶᠠᠮᠠᠷ ᠰᠡᠶᠢᠬᠠᠨ ᠵᠢᠷᠭᠠᠯᠲᠡᠢ ᠪᠤᠢ᠂ ᠲᠠᠯ᠎ᠠ ᠨᠤᠲᠤᠭ ᠲᠠᠢ᠂ ᠮᠠᠯ ᠬᠦᠷᠦᠩᠬᠡ ᠲᠠᠢ᠂ ᠬᠦᠳᠡᠭᠡ ᠨᠤᠲᠤᠭ ᠤᠨ ᠠᠮᠢᠳᠤᠷᠠᠯ ᠰᠡᠶᠢᠬᠠᠨ᠂ ᠬᠦᠭᠵᠢᠯᠲᠠ ᠶᠢᠨ ᠢᠷᠡᠬᠡᠳᠥᠢ ᠨᠡᠩ ᠶᠡᠭᠡ᠃ ᠬᠦᠳᠡᠭᠡ ᠨᠤᠲᠤᠭ ᠤᠨ ᠠᠭᠤᠯᠠ ᠨᠢ ᠬᠦᠬᠡ᠂ ᠲᠠᠯ᠎ᠠ ᠨᠢ ᠴᠡᠯᠡᠭᠡᠷ᠂ ᠤᠰᠤ ᠨᠢ ᠲᠤᠩᠭᠠᠯᠠᠭ᠂ ᠠᠭᠤᠷ ᠠᠮᠢᠰᠬᠤᠯ ᠨᠢ ᠴᠡᠪᠡᠷ᠂ ᠬᠠᠷᠠᠬᠤ ᠳᠤ ᠨᠢᠳᠤ ᠲᠤᠩᠭᠠᠯᠠᠭᠰᠢᠵᠤ᠂ ᠠᠮᠢᠰᠬᠤᠬᠤ ᠳᠤ ᠠᠭᠤᠰᠬᠢ ᠠᠮᠤᠷᠵᠢᠵᠤ᠂ ᠠᠮᠤᠰᠬᠢᠬᠦ ᠳᠤ ᠤᠷᠮ᠎ᠠ ᠰᠡᠷᠬᠦᠨ᠎ᠡ︾ ᠬᠡᠵᠤ ᠪᠢᠯᠠ᠃ ᠲᠤᠮᠤ ᠬᠤᠲᠠ ᠶᠢᠨ ᠬᠢᠨ ᠬᠦᠳᠡᠭᠡ ᠨᠤᠲᠤᠭ ᠢ ᠪᠠᠭ᠋ᠠᠷᠬᠠᠨ ᠰᠠᠨᠠᠳᠠᠭ ᠴᠠᠭ ᠥᠶ᠎ᠡ ᠬᠥᠷᠴᠥ ᠢᠷᠡᠵᠡᠢ᠃ ᠬᠦᠳᠡᠭᠡ ᠨᠤᠲᠤᠭ ᠤᠨ ᠬᠦᠭᠵᠢᠯᠲᠠ ᠬᠤᠪᠢᠷᠠᠯᠲᠠ ᠥᠨᠡᠬᠡᠷ ᠶᠡᠭᠡ ᠠᠵᠤᠭᠤ︕     
ᠢᠷᠡᠯᠲᠡ᠄ ᠰᠢᠯᠢ ᠶᠢᠨ ᠭᠤᠤᠯ ᠠᠶᠢᠮᠠᠭ ᠤᠨ ᠵᠠᠰᠠᠭ ᠤᠨ ᠶᠠᠪᠤᠳᠠᠯ ᠤᠨ ᠮᠤᠩᠭᠤᠯ ᠰᠦᠯᠵᠢᠶ᠎ᠡ