ᠵᠠᠩ ᠺᠧ ᠮᠢᠨ ︵1906-1941︶᠂ ᠡᠷᠡᠭᠳᠡᠢ᠂ ᠬᠢᠲᠠᠳ ᠦᠨᠳᠦᠰᠦᠳᠡᠨ᠂ ᠦᠪᠦᠷ ᠮᠤᠩᠭᠤᠯ ᠤᠨ ᠲᠦᠮᠡᠳ ᠬᠤᠰᠢᠭᠤᠨ ᠤ ᠱᠢ ᠯᠢ ᠫᠦᠸᠧ ᠤᠨ | ᠬᠦᠮᠦᠨ᠃ | ᠵᠠᠩ ᠺᠧ ᠮᠢᠨ ᠬᠠᠷᠠᠬᠠᠨ ᠪᠠᠭ᠎ᠠ ᠠᠴᠠ ᠪᠠᠨ ᠬᠦᠬᠡᠬᠤᠲᠠ ᠶᠢᠨ ᠪᠠᠷᠠᠭᠤᠨ ᠲᠡᠭᠦᠷᠭᠡ ᠶᠢᠨ ᠪᠢᠯᠵᠤᠤᠬᠠᠢ ᠲᠤᠰᠬᠤᠨ ᠤ ᠪᠠᠭ᠎ᠠ ᠰᠤᠷᠭᠠᠭᠤᠯᠢ ᠳᠤ ᠪᠢᠴᠢᠭ | ᠦᠵᠡᠵᠦ᠂ ᠲᠠᠷᠠᠭ᠎ᠠ ᠪᠠᠷ ᠨᠢ ᠪᠢᠴᠢᠭᠡᠴᠢ ᠪᠠᠯᠭᠠᠰᠤᠨ ᠳᠤ ᠥᠨᠳᠦᠷ ᠵᠡᠷᠭᠡ ᠶᠢᠨ ᠪᠠᠭ᠎ᠠ ᠰᠤᠷᠭᠠᠭᠤᠯᠢ ᠪᠠᠨ ᠦᠵᠡᠪᠡ᠃ 1925 ᠣᠨ ᠳᠤ ᠬᠦᠬᠡᠬᠤᠲᠠ ᠳᠤ ᠬᠦᠷᠴᠦ | ᠪᠠᠷᠠᠭᠤᠨ ᠬᠤᠶᠢᠳᠤ ᠶᠢᠨ ᠲᠠᠪᠤᠨ ᠦᠨᠳᠦᠰᠦᠳᠡᠨ ᠤ ᠲᠡᠭᠡᠳᠦ ᠰᠤᠷᠭᠠᠭᠤᠯᠢ ᠳᠤ ᠰᠤᠷᠤᠯᠴᠠᠵᠠᠢ᠃ ᠲᠤᠬᠠᠢ ᠶᠢᠨ ᠦᠶ᠎ᠡ ᠶᠢᠨ ᠬᠤᠪᠢᠰᠬᠠᠯ ᠤᠨ ᠪᠠᠶᠢᠳᠠᠯ ᠤᠨ | ᠨᠦᠯᠦᠭᠡ ᠪᠠᠷ᠂ ᠲᠡᠷᠡ ᠨᠠᠮ ᠠᠴᠠ ᠤᠳᠤᠷᠢᠳᠤᠭᠰᠠᠨ ᠰᠤᠷᠤᠭᠴᠢᠳ ᠤᠨ ᠬᠦᠳᠡᠯᠭᠡᠭᠡᠨ ᠳᠤ ᠤᠷᠤᠯᠴᠠᠪᠠ᠃ 1926 ᠣᠨ ᠳᠤ᠂ ᠲᠤᠮᠳᠠᠳᠤ ᠤᠯᠤᠰ ᠤᠨ ᠡᠪ | ᠬᠠᠮᠳᠤ ᠨᠠᠮ ᠤᠨ ᠰᠦᠢ ᠶᠤᠸᠠᠨ ᠤᠷᠤᠨ ᠤ ᠠᠵᠢᠯᠯᠠᠬᠤ ᠬᠤᠷᠢᠶ᠎ᠠ ᠶᠢᠨ ᠬᠠᠷᠢᠭᠤᠴᠠᠯᠭᠠᠳᠠᠨ ᠯᠦ ᠽᠦᠸᠧ ᠯᠢᠨ ᠤ ᠲᠠᠨᠢᠯᠴᠠᠭᠤᠯᠭ᠎ᠠ ᠪᠠᠷ ᠲᠤᠮᠳᠠᠳᠤ ᠤᠯᠤᠰ ᠤᠨ ᠡᠪ | ᠬᠠᠮᠳᠤ ᠨᠠᠮ ᠳᠤ ᠤᠷᠤᠪᠠ᠃ 1927 ᠣᠨ ᠳᠤ ᠶᠡᠭᠡ ᠬᠤᠪᠢᠰᠬᠠᠯ ᠢᠯᠠᠭᠳᠠᠭᠰᠠᠨ ᠤ ᠲᠠᠷᠠᠭ᠎ᠠ᠂ ᠰᠦᠢ ᠶᠤᠸᠠᠨ ᠤ ᠭᠤᠮᠢᠨᠳᠠᠩ ᠤᠨ ᠪᠠᠷᠠᠭᠤᠨᠳᠠᠨ ᠨᠡᠬᠡᠮᠵᠢᠯᠡᠨ | ᠪᠠᠷᠢᠪᠴᠢᠯᠠᠵᠤ ᠪᠠᠶᠢᠭᠰᠠᠨ ᠠᠴᠠ ᠵᠠᠩ ᠺᠧ ᠮᠢᠨ ᠨᠤᠲᠤᠭ ᠠᠴᠠ ᠪᠠᠨ ᠰᠠᠯᠵᠤ ᠱᠠᠨ ᠰᠢ ᠶᠢᠨ ᠶᠠᠨ ᠰᠢ ᠱᠠᠨ ᠤ ᠴᠡᠷᠢᠭ ᠠᠩᠭᠢ ᠳᠤ ᠤᠷᠤᠵᠤ ᠴᠡᠷᠢᠭ ᠪᠣᠯᠵᠠᠢ᠃ | 1929 ᠣᠨ ᠳᠤ ᠱᠠᠨ ᠰᠢ ᠶᠢᠨ ᠴᠡᠷᠢᠭ ᠠᠩᠭᠢ ᠶᠢ ᠲᠠᠭᠠᠵᠤ ᠪᠸᠢᠢᠫᠢᠩ ᠳᠤ ᠬᠦᠷᠦᠭᠡᠳ ᠪᠸᠢᠢᠫᠢᠩ ᠤᠨ ᠰᠢᠨ ᠨᠥᠩ ᠲᠠᠷᠢᠶᠠᠯᠠᠩ ᠤᠨ ᠰᠤᠷᠭᠠᠭᠤᠯᠢ ᠳᠤ | ᠰᠤᠷᠤᠯᠴᠠᠵᠤ ᠪᠠᠶᠢᠭᠰᠠᠨ ᠶᠠᠩ ᡁᠢ ᠯᠢᠨ ᠨᠦᠬᠦᠷ ᠲᠠᠢ ᠬᠤᠯᠪᠤᠭ᠎ᠠ ᠠᠪᠴᠤ᠂ ᠪᠸᠢᠢᠫᠢᠩ ᠤᠨ ᠰᠤᠷᠤᠭᠴᠢᠳ ᠤᠨ ᠬᠦᠳᠡᠯᠭᠡᠭᠡᠨ ᠳᠤ ᠤᠷᠤᠯᠴᠠᠵᠠᠢ᠃ 1931 | ᠣᠨ ᠳᠤ᠂ ᠲᠡᠷᠡ ᠪᠸᠢᠢᠫᠢᠩ ᠠᠴᠠ ᠬᠦᠬᠡᠬᠤᠲᠠ ᠳᠤ ᠪᠠᠨ ᠪᠤᠴᠠᠵᠤ ᠶᠠᠩ ᡁᠢ ᠯᠢᠨ ᠲᠠᠢ ᠬᠠᠮᠳᠤᠪᠡᠷ ᠨᠢᠭᠤᠴᠠ ᠬᠤᠪᠢᠰᠬᠠᠯ ᠤᠨ ᠠᠵᠢᠯᠯᠠᠭ᠎ᠠ ᠶᠠᠪᠤᠭᠤᠯᠵᠠᠢ᠃ | 1931 ᠣᠨ ᠠᠴᠠ 1933 ᠣᠨ ᠤ ᠬᠤᠭᠤᠷᠤᠨᠳᠤ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠰᠦᠢ ᠶᠤᠸᠠᠨ ᠤ ᠣᠨᠴᠠᠭᠠᠢ ᠬᠤᠷᠢᠶ᠎ᠠ ᠪᠠ ᠭᠦᠢ ᠰᠦᠢ ᠶᠢᠨ | ᠲᠥᠪ ᠰᠢᠶᠠᠨ ᠤ ᠬᠤᠷᠢᠶ᠎ᠠ ᠡᠪᠳᠡᠭᠳᠡᠵᠦ᠂ ᠨᠢᠭᠡ ᠪᠦᠯᠦᠭ ᠡᠪ ᠬᠠᠮᠳᠤ ᠨᠠᠮᠳᠠᠨ ᠪᠠ ᠬᠤᠪᠢᠰᠬᠠᠯᠴᠢᠳ ᠪᠠᠷᠢᠪᠴᠢᠯᠠᠭᠳᠠᠨ ᠬᠢᠨᠳᠠᠨ ᠳᠤ ᠤᠷᠤᠭᠰᠠᠨ ᠤ ᠳᠠᠷᠠᠭ᠎ᠠ᠂ ᠵᠠᠩ | ᠺᠧ ᠮᠢᠨ ᠴᠢᠳᠠᠯ ᠤᠨ ᠢᠶᠠᠨ ᠬᠢᠷᠢ ᠪᠠᠷ ᠠᠪᠤᠷᠠᠨ ᠭᠠᠷᠭᠠᠬᠤ ᠠᠵᠢᠯ ᠬᠢᠵᠡᠢ᠃ 1934 ᠣᠨ ᠠᠴᠠ 1936 ᠣᠨ ᠤ ᠬᠤᠭᠤᠷᠤᠨᠳᠤ᠂ ᠲᠡᠷᠡ ᠱᠢ ᠯᠢ ᠫᠦᠸᠧ᠂ ᠫᠠᠨ | ᠵᠤᠸᠠᠩ᠂ ᠶᠡᠭᠡ ᠯᠢᠪᠤᠤ ᠵᠡᠷᠭᠡ ᠲᠤᠰᠬᠤᠨ ᠳᠤ ᠪᠠᠭ᠎ᠠ ᠰᠤᠷᠭᠠᠭᠤᠯᠢ ᠶᠢᠨ ᠪᠠᠭᠰᠢ ᠶᠢᠨ ᠠᠵᠢᠯ ᠢᠶᠠᠷ ᠬᠠᠯᠬᠠᠪᠴᠢ ᠪᠤᠯᠭᠠᠵᠤ᠂ ᠶᠠᠩ ᡁᠢ ᠯᠢᠨ ᠳᠤ ᠬᠠᠮᠵᠢᠯᠴᠠᠨ | ᠨᠢᠭᠤᠴᠠ ᠬᠤᠪᠢᠰᠬᠠᠯ ᠤᠨ ᠠᠵᠢᠯᠯᠠᠭ᠎ᠠ ᠶᠠᠪᠤᠭᠤᠯᠵᠤ ᠪᠠᠶᠢᠵᠠᠢ᠃ 1937 ᠣᠨ ᠳᠤ ᠲᠡᠷᠡ ᠬᠦᠬᠡᠬᠤᠲᠠ ᠳᠤ ᠶᠠᠫᠤᠨ ᠢ ᠡᠰᠡᠷᠬᠦᠴᠡᠵᠦ ᠮᠦᠬᠦᠯ ᠠᠴᠠ ᠠᠪᠤᠷᠠᠬᠤ | ᠵᠤᠬᠢᠶᠠᠨ ᠪᠠᠶᠢᠭᠤᠯᠤᠯᠲᠠ ︽ᠠᠮᠢ ᠪᠠᠨ ᠵᠣᠷᠢᠭᠤᠯᠵᠤ ᠤᠯᠤᠰ ᠢᠶᠠᠨ ᠠᠪᠤᠷᠠᠬᠤ ᠲᠦᠩ ᠮᠧᠩ ᠬᠤᠢ ᠡᠪᠯᠡᠯ︾ ᠳᠤ ᠤᠷᠤᠵᠤ᠂ ᠶᠠᠫᠤᠨ ᠢ ᠡᠰᠡᠷᠬᠦᠴᠡᠵᠦ ᠮᠦᠬᠦᠯ ᠠᠴᠠ | ᠠᠪᠤᠷᠠᠬᠤ ᠬᠦᠳᠡᠯᠭᠡᠭᠡᠨ ᠳᠤ ᠢᠳᠡᠪᠬᠢᠳᠡᠢ ᠤᠷᠤᠯᠴᠠᠵᠤ ᠪᠠᠶᠢᠪᠠ᠃ | 1938 ᠣᠨ ᠤ 9 ᠳ᠋ᠤᠭᠡᠷ ᠰᠠᠷ᠎ᠠ ᠳᠤ᠂ ᠨᠠᠢᠮᠠᠳᠤᠭᠠᠷ ᠵᠠᠮ ᠤᠨ ᠴᠡᠷᠢᠭ ᠤᠨ ᠲᠠᠯᠠᠨ ᠬᠠᠷ᠎ᠠ ᠠᠭᠤᠯᠠ ᠶᠢᠨ ᠰᠠᠯᠪᠤᠷᠢ ᠠᠩᠭᠢ ᠲᠠᠯᠠᠨ ᠬᠠᠷ᠎ᠠ ᠠᠭᠤᠯᠠ ᠶᠢᠨ | ᠶᠠᠫᠤᠨ ᠢ ᠡᠰᠡᠷᠭᠦᠴᠡᠬᠦ ᠫᠠᠷᠲ᠋ᠢᠽᠠᠨ ᠤ ᠰᠠᠭᠤᠷᠢᠨ ᠠᠩᠭᠢ ᠶᠢ ᠪᠠᠶᠢᠭᠤᠯᠤᠭᠰᠠᠨ ᠤ ᠲᠠᠷᠠᠭ᠎ᠠ᠂ ᠲᠡᠷᠡ ᠬᠦᠬᠡᠬᠤᠲᠠ ᠳᠤ ᠤᠷᠤᠵᠤ ᠨᠢᠭᠤᠴᠠ ᠨᠠᠮ ᠤᠨ | ᠬᠠᠷᠢᠭᠤᠴᠠᠯᠭᠠᠳᠠᠨ ᠯᠢᠦ ᠬᠤᠩ ᠰᠢᠶᠦ᠋ᠩ ᠲᠠᠢ ᠬᠤᠯᠪᠤᠭ᠎ᠠ ᠠᠪᠴᠤ᠂ ᠬᠦᠬᠡᠬᠤᠲᠠ ᠶᠢᠨ ᠶᠠᠫᠤᠨ ᠢ ᠡᠰᠡᠷᠭᠦᠴᠡᠵᠦ ᠮᠦᠬᠦᠯ ᠠᠴᠠ ᠠᠪᠤᠷᠠᠬᠤ ᠨᠢᠭᠤᠴᠠ ᠬᠦᠳᠡᠯᠭᠡᠭᠡᠨ ᠢ | ᠵᠤᠬᠢᠶᠠᠨ ᠪᠠᠶᠢᠭᠤᠯᠬᠤ ᠠᠵᠢᠯ ᠳᠤ ᠤᠷᠤᠯᠴᠠᠵᠤ᠂ ᠨᠢᠩ ᠳ᠋ᠧ ᠴᠢᠩ᠂ ᠯᠢᠦ ᠬᠤᠩ ᠰᠢᠶᠦ᠋ᠩ ᠲᠠᠢ ᠬᠠᠮᠳᠤᠪᠡᠷ ︽ᠰᠦᠢ ᠶᠤᠸᠠᠨ ᠮᠤᠩᠭᠤᠯ ᠤᠨ ᠡᠯ᠎ᠡ ᠡᠳᠡᠭᠡᠳ ᠤᠨ | ᠶᠠᠫᠤᠨ ᠢ ᠡᠰᠡᠷᠭᠦᠴᠡᠵᠦ ᠤᠯᠤᠰ ᠢᠶᠠᠨ ᠠᠪᠤᠷᠠᠬᠤ ᠬᠤᠷᠠᠯ︾ ᠢ ᠵᠤᠬᠢᠶᠠᠨ ᠪᠠᠶᠢᠭᠤᠯᠪᠠ᠃ ᠲᠡᠷᠡ ᠬᠤᠳᠠ ᠲᠤᠳᠤᠷ᠎ᠠ ᠪᠠ ᠪᠠᠷᠠᠭᠤᠨ ᠲᠡᠭᠦᠷᠭᠡ ᠶᠢᠨ ᠬᠦᠳᠡᠭᠡ | ᠲᠤᠰᠬᠤᠨ ᠳᠤ ᠤᠯᠤᠰ ᠢᠶᠠᠨ ᠠᠪᠤᠷᠠᠬᠤ ᠬᠤᠷᠠᠯ ᠤᠨ ᠠᠵᠢᠯ ᠢ ᠦᠷᠨᠢᠬᠦᠯᠵᠡᠢ᠃ | 1940 ᠣᠨ ᠤ 7 ᠳ᠋ᠤᠭᠠᠷ ᠰᠠᠷ᠎ᠠ ᠳᠤ᠂ ︽ᠰᠦᠢ ᠶᠤᠸᠠᠨ ᠮᠤᠩᠭᠤᠯ ᠤᠨ ᠡᠯ᠎ᠡ ᠡᠳᠡᠭᠡᠳ ᠤᠨ ᠶᠠᠫᠤᠨ ᠢ ᠡᠰᠡᠷᠭᠦᠴᠡᠵᠦ ᠤᠯᠤᠰ ᠢᠶᠠᠨ ᠠᠪᠤᠷᠠᠬᠤ ᠬᠤᠷᠠᠯ︾ | ᠶᠠᠫᠤᠨ ᠳᠡᠭᠡᠷᠡᠮ ᠤᠨ ᠡᠪᠳᠡᠯᠭᠡ ᠳᠤ ᠤᠴᠠᠷᠠᠭᠰᠠᠨ ᠤ ᠲᠠᠷᠠᠭ᠎ᠠ᠂ ᠵᠠᠩ ᠺᠧ ᠮᠢᠨ ᠤᠷᠪᠠᠭᠴᠢ ᠯᠢᠦ ᠸᠧᠢ ᠳᠤ ᠬᠤᠳᠠᠯᠳᠤᠭᠳᠠᠭᠠᠳ ᠪᠠᠷᠢᠪᠴᠢᠯᠠᠭᠳᠠᠨ ᠬᠢᠨᠳᠠᠨ ᠳᠤ | ᠤᠷᠤᠪᠠ᠃ ᠬᠢᠨᠳᠠᠨ ᠲᠤᠳᠤᠷ᠎ᠠ᠂ ᠵᠠᠩ ᠺᠧ ᠮᠢᠨ ᠶᠠᠫᠤᠨ ᠲᠡᠭᠡᠷᠡᠮ ᠤᠨ ᠬᠦᠨᠳᠦ ᠡᠷᠡᠭᠦᠦ ᠲᠠᠮᠤ ᠶᠢ ᠠᠮᠰᠠᠭᠰᠠᠨ ᠴᠤ ᠦᠴᠦᠭᠡᠨ ᠴᠤ ᠨᠤᠭᠤᠷᠠᠭᠰᠠᠨ ᠦᠭᠡᠢ᠂ | ᠲᠠᠶᠢᠰᠤᠨ ᠲᠠᠢ ᠰᠢᠷᠦᠭᠦᠨ ᠮᠠᠷᠭᠤᠵᠠᠢ᠃ ᠶᠠᠫᠤᠨ ᠲᠡᠭᠡᠷᠡᠮ ᠠᠷᠭ᠎ᠠ ᠢᠶᠠᠨ ᠪᠠᠷᠠᠭᠰᠠᠨ ᠪᠠᠶᠢᠳᠠᠯ ᠲᠤᠤᠷ᠎ᠠ᠂ 1941 ᠣᠨ ᠤ 5 ᠳ᠋ᠤᠭᠠᠷ ᠰᠠᠷ᠎ᠠ ᠶᠢᠨ 20 ᠤ ᠡᠳᠦᠷ | ᠵᠠᠩ ᠺᠧ ᠮᠢᠨ ᠵᠡᠷᠭᠡ ᠨᠢᠭᠡ ᠪᠦᠯᠦᠭ ᠤᠯᠤᠰ ᠢᠶᠠᠨ ᠠᠪᠤᠷᠠᠬᠤ ᠭᠡᠰᠢᠭᠦᠳ ᠢ ᠴᠢᠭᠤᠯᠤᠯᠳᠤ ᠬᠠᠭᠠᠯᠭ᠎ᠠ ᠳᠤ ᠲᠠᠷᠤᠵᠤ ᠠᠪᠠᠴᠢᠭᠠᠳ ᠶᠠᠫᠤᠨ ᠤ ᠮᠤᠩᠭᠤᠯ ᠳᠤ ᠰᠠᠭᠤᠭ᠎ᠠ | ᠴᠡᠷᠢᠭ ᠤᠨ ᠰᠢᠬᠦᠬᠦ ᠲᠢᠩᠭᠢᠮ ᠳᠤ ᠲᠡᠳᠡᠨ ᠢ ᠰᠢᠬᠦᠵᠦ᠂ ᠲᠠᠬᠢᠨᠳᠠ ᠬᠦᠨᠳᠦ ᠡᠷᠡᠭᠦᠦ ᠲᠤᠯᠭᠠᠵᠠᠢ᠃ ᠭᠡᠪᠡᠴᠦ ᠶᠠᠮᠠᠷᠴᠤ ᠦᠴᠢᠭ ᠤᠯᠤᠭᠰᠠᠨ ᠦᠭᠡᠢ᠃ 7 ᠳ᠋ᠤᠭᠠᠷ | ᠰᠠᠷ᠎ᠠ ᠶᠢᠨ 5 ᠤ ᠡᠳᠦᠷ᠂ ᠶᠠᠫᠤᠨ ᠲᠡᠭᠡᠷᠡᠮ ᠵᠠᠩ ᠺᠧ ᠮᠢᠨ ᠤ ᠵᠦᠭ ᠬᠤᠤᠷᠳᠤ ᠰᠠᠪᠠᠷ ᠢᠶᠠᠨ ᠰᠤᠩᠭᠠᠵᠤ᠂ ᠤᠷᠢᠳᠠᠪᠡᠷ ᠨᠤᠬᠠᠢ ᠪᠠᠷ ᠬᠠᠵᠠᠭᠤᠯᠵᠤ᠂ ᠲᠠᠷᠠᠭ᠎ᠠ ᠨᠢ | ᠬᠠᠷᠠᠰᠠᠯᠳᠠᠢ ᠪᠠᠷ ᠴᠢᠰᠤ ᠶᠢ ᠨᠢ ᠰᠤᠷᠤᠵᠤ ᠠᠪᠴᠠᠢ᠃ ᠵᠠᠩ ᠺᠧ ᠮᠢᠨ ᠨᠦᠬᠦᠷ ᠡᠴᠦᠰ ᠲᠡᠭᠡᠨ ᠪᠦᠬᠦ ᠪᠡᠶ᠎ᠡ ᠶᠢᠨ ᠠᠷᠢᠭᠤᠨ ᠴᠢᠰᠤ ᠪᠠᠨ ᠤᠷᠤᠰᠬᠠᠵᠤ ᠪᠠᠷᠠᠭᠠᠳ | ᠪᠠᠭᠠᠳᠤᠷᠯᠢᠭ ᠢᠶᠠᠷ ᠪᠡᠶ᠎ᠡ ᠦᠷᠡᠭᠳᠡᠪᠡ᠃ | |