ᠴᠠᠰᠤᠨ ᠤ ᠤᠶᠠᠩᠭ᠎ᠠ
ᠨᠡᠶᠢᠲᠡᠯᠡᠭᠰᠡᠨ ᠴᠠᠭ᠄
2024/1/30
       ᠴᠠᠰᠤ ᠦᠭᠡᠢ ᠪᠠᠷ ᠡᠪᠦᠯ ᠢ ᠶᠠᠭᠠᠬᠢᠵᠤ ᠲᠥᠰᠥᠭᠡᠯᠡᠨ᠎ᠡ ᠪᠤᠢ⁈       ᠶᠢᠷᠲᠢᠨᠴᠦ ᠶᠢᠨ ᠠᠮᠢᠨ ᠭᠤᠣᠯ ᠪᠣᠯ ᠤᠰᠤ᠃ ᠤᠰᠤ᠂ ᠲᠡᠭᠷᠢ ᠭᠠᠵᠠᠷ ᠬᠥᠮᠥᠨ ᠤ ᠬᠤᠷᠸ᠎ᠠ ᠭᠤᠷᠪᠠᠨ ᠶᠢᠷᠲᠢᠨᠴᠦ ᠪᠠᠷ ᠵᠣᠭᠰᠣᠰᠢ ᠦᠭᠡᠢ ᠯᠤᠭᠰᠢᠨ ᠪᠠᠶᠢᠳᠠᠭ᠃ ᠤᠰᠤ ᠠᠭᠤᠷᠰᠢᠪᠠᠯ ᠠᠭᠤᠷ ᠪᠣᠯᠣᠨ᠎ᠠ᠂ ᠴᠠᠷᠴᠠᠪᠠᠯ ᠬᠢᠷᠠᠭᠤ ᠪᠣᠯᠣᠨ᠎ᠠ᠃ ᠪᠠᠰᠠ ᠡᠭᠦᠯᠡ ᠪᠣᠯᠵᠤ ᠭᠦᠪᠦᠯᠵᠡᠨ᠎ᠡ᠂ ᠪᠣᠷᠣᠭᠠᠨ ᠪᠣᠯᠵᠤ ᠰᠢᠪᠡᠷᠡᠨ᠎ᠡ᠂ ᠮᠠᠨᠠᠨ ᠪᠣᠯᠵᠤ ᠪᠦᠷᠦᠯᠵᠡᠨ᠎ᠡ᠂ ᠰᠢᠭᠦᠳᠡᠷᠢ ᠪᠣᠯᠵᠤ ᠮᠡᠯᠲᠡᠭᠡᠨᠡᠨ᠎ᠡ᠂ ᠴᠠᠰᠤ ᠪᠣᠯᠵᠤ ᠯᠠᠪᠰᠠᠯᠠᠨ᠎ᠠ᠂ ᠮᠥᠰᠥ ᠪᠣᠯᠵᠤ ᠭᠦᠯᠳᠦᠭᠡᠨᠡᠨ᠎ᠡ᠃ ᠤᠰᠤ ᠶᠡᠷᠦ ᠨᠢ ᠳᠦᠷᠰᠦ ᠪᠠᠨ ᠬᠤᠪᠢᠷᠠᠭᠠᠵᠤ ᠳᠠᠩᠳᠠ ᠵᠣᠷᠴᠢᠵᠤ ᠯᠠ ᠪᠠᠶᠢᠳᠠᠭ ᠠᠴᠠ ᠠᠮᠢ ᠠᠮᠢᠳᠠᠨ ᠡᠰᠡᠨᠢᠨ ᠲᠥᠯᠵᠢᠵᠦ ᠪᠠᠶᠢᠳᠠᠭ᠃       ᠴᠠᠰᠤ ᠪᠣᠯ ᠤᠰᠤᠨ ᠤ ᠨᠢᠭᠡ ᠭᠡᠯᠪᠡᠷᠢ᠃ ᠴᠠᠰᠤ ᠥᠪᠡᠷ ᠤᠨ ᠢᠶᠠᠨ ᠭᠡᠯᠪᠡᠷᠢ ᠪᠠᠷ ᠣᠷᠣᠰᠢᠵᠤ᠂ ᠣᠨᠳᠣᠣ ᠨᠢᠭᠡᠨ ᠶᠢᠷᠲᠢᠨᠴᠦ - ᠡᠪᠦᠯ ᠢ ᠪᠦᠲᠦᠭᠡᠳᠡᠭ᠃       ᠴᠡᠴᠡᠭ ᠬᠤᠸᠠᠷ ᠬᠤᠪᠠᠭ᠋ᠠᠶᠢᠷᠠᠵᠤ᠂ ᠮᠣᠳᠣᠳ ᠨᠢᠴᠦᠭᠦᠷᠡᠵᠦ᠂ ᠨᠡᠭᠦᠳᠡᠯ ᠤᠨ ᠰᠢᠪᠠᠭᠤᠳ ᠪᠤᠴᠠᠵᠤ᠂ ᠴᠠᠭ ᠠᠭᠤᠷ ᠬᠦᠢᠲᠡᠷᠡᠵᠦ᠂ ᠴᠠᠰᠤᠨ ᠯᠠᠪᠰᠠ ᠪᠥᠵᠢᠨ᠎ᠡ ᠁ ᠲᠡᠷᠡ ᠤᠯᠠᠨ ᠬᠤᠭ ᠲᠣᠭᠤᠰᠣ ᠶᠢ ᠳᠠᠷᠤᠬᠤ ᠭᠡᠵᠦ᠂ ᠬᠠᠯᠲᠠᠷ ᠪᠤᠯᠳᠠᠷ ᠶᠢᠷᠲᠢᠨᠴᠦ ᠶᠢ ᠠᠷᠢᠭᠤᠯᠠᠬᠤ ᠭᠡᠵᠦ ᠴᠠᠰᠤ ᠪᠥᠵᠢᠵᠦ ᠯᠡ ᠪᠠᠶᠢᠳᠠᠭ᠃ ᠨᠠᠷᠭᠢᠶᠠᠨ ᠱᠤᠤᠭᠢᠶᠠᠨ ᠨᠠᠮᠳᠠᠵᠤ᠂ ᠨᠠᠮ ᠵᠢᠮ ᠶᠢᠷᠲᠢᠨᠴᠦ ᠳᠤ ᠬᠥᠮᠥᠰ ᠥᠪᠡᠷ ᠵᠦᠭ ᠢᠶᠠᠨ᠂ ᠰᠡᠳᠬᠢᠯ ᠵᠦᠭ ᠢᠶᠠᠨ ᠥᠩᠭᠡᠶᠢᠭᠡᠷᠡᠢ ᠭᠡᠵᠦ ᠰᠠᠨᠠᠭᠤᠯᠵᠤ ᠦᠳᠦᠨ ᠴᠠᠭᠠᠨ ᠴᠠᠰᠤ ᠬᠠᠶᠠᠯᠠᠵᠤ ᠯᠡ ᠪᠠᠶᠢᠳᠠᠭ᠃       ᠰᠡᠪ ᠦᠭᠡᠢ ᠰᠠᠶᠢᠬᠠᠨ ᠶᠢᠷᠲᠢᠨᠴᠦ ᠶᠢ ᠪᠦᠲᠦᠭᠡᠬᠦ ᠭᠡᠵᠦ ᠴᠠᠰᠤᠨ ᠴᠡᠴᠡᠭ ᠳᠡᠯᠭᠡᠷᠡᠨ᠎ᠡ᠃ ᠣᠭᠲᠠᠷᠭᠤᠢ ᠳᠦᠭᠦᠷᠡᠩ ᠴᠠᠰᠤᠨ ᠴᠡᠴᠡᠭ ᠪᠥᠵᠢᠬᠦ ᠪᠠᠷ ᠠᠭᠤᠯᠠ ᠲᠠᠯ᠎ᠠ᠂ ᠲᠤᠪᠤ ᠳᠣᠪᠣᠴᠠᠭ᠂ ᠠᠰᠠᠷ ᠲᠠᠭᠲᠤ᠂ ᠤᠢ ᠮᠣᠳᠣ ᠁ ᠥᠪᠴᠢ ᠪᠠᠷ ᠢᠶᠠᠨ ᠴᠠᠪ ᠴᠠᠭᠠᠨ᠃ ᠭᠬᠢᠷ ᠲᠣᠭᠤᠰᠣ ᠪᠠᠶᠢᠬᠤ ᠦᠭᠡᠢ᠂ ᠬᠠᠯᠲᠠᠷ ᠡᠷᠢᠶᠡᠨ ᠪᠠᠶᠢᠬᠤ ᠦᠭᠡᠢ᠂ ᠬᠠᠭᠤᠷᠮᠠᠭ ᠥᠩᠭᠡᠪᠴᠢ ᠪᠠᠶᠢᠬᠤ ᠦᠭᠡᠢ᠃ ︽ᠮᠥᠩᠭᠦᠨ ᠳᠡᠯᠡᠬᠡᠢ ᠶᠢᠨ ᠡᠵᠡᠳ︾ ᠪᠠ ᠴᠠᠰᠤᠨ ᠨᠦᠮᠦᠷᠭᠡᠳᠦ ᠰᠡᠭᠰᠡᠭᠡᠷ ᠲᠠᠶᠢᠭ᠎ᠠ ᠨᠤᠭᠤᠳ ᠰᠠᠷᠠᠭᠤᠯ ᠲᠠᠯ᠎ᠠ ᠶᠢᠨ ᠴᠢᠮᠡᠭ ᠪᠣᠯᠵᠤ ᠠᠮᠢᠯᠠᠨ᠎ᠠ᠃ ᠴᠠᠭᠠᠨ ᠳᠠᠬᠤ ᠲᠠᠢ ᠶᠡᠬᠡᠮᠰᠦᠭ ᠵᠤᠬᠰᠤᠬᠤ ᠨᠠᠷᠠᠰᠤ ᠮᠠᠶᠢᠯᠠᠰᠤ ᠠᠴᠠ ᠡᠷᠡᠯᠬᠡᠭ ᠵᠠᠩᠵᠤᠨ ᠤ ᠣᠮᠤᠭ ᠰᠦᠷ ᠪᠠᠳᠠᠷᠠᠨ᠎ᠠ᠃ ᠡᠪᠦᠯ ᠭᠡᠳᠡᠭ ᠢ ᠬᠠᠬᠢᠷ ᠬᠦᠢᠲᠡᠨ ᠢᠶᠠᠷ ᠯᠠ ᠣᠶᠢᠯᠠᠭᠠᠬᠤ ᠪᠢᠰᠢ ᠡᠩ ᠦᠭᠡᠢ ᠬᠤᠷᠸ᠎ᠠ ᠶᠢᠨ ᠤᠯᠠᠷᠢᠯ ᠤᠨ ᠵᠦᠢ᠂ ᠮᠥᠨ ᠴᠦ ᠡᠬᠡ ᠪᠠᠶᠢᠭᠠᠯᠢ ᠶᠢᠨ ᠵᠢᠷᠤᠭᠯᠠᠭᠰᠠᠨ ᠡᠲᠡᠭᠡᠳ ᠭᠤᠶᠤ ᠦᠵᠡᠮᠵᠢ ᠶᠢᠨ ᠵᠢᠷᠤᠭ᠂ ᠦᠨᠡᠨ ᠴᠢᠨᠠᠷ ᠤᠨ ᠰᠢᠯᠭᠠᠭᠤᠷ᠂ ᠥᠯᠴᠢᠷ ᠲᠡᠰᠪᠦᠷᠢ ᠶᠢᠨ ᠳᠠᠭᠠᠭᠠᠴᠠ ᠶᠤᠮ᠃       ᠠᠷᠢᠭᠤᠨ ᠴᠠᠭᠠᠨ ᠬᠤᠷᠸ᠎ᠠ ᠳᠤ ᠠᠯᠳᠠᠨ ᠨᠠᠷᠠᠨ ᠳᠤᠸᠠᠯᠠᠨ ᠭᠡᠷᠡᠯᠳᠦᠵᠦ᠂ ᠠᠮᠤᠷ ᠠᠮᠤᠭᠤᠯᠠᠩ ᠨᠠᠮ ᠲᠠᠶᠢᠪᠤᠩ ᠪᠣᠯᠣᠨ᠎ᠠ᠃ ᠰᠢᠬᠢᠷ ᠰᠢᠭ ᠴᠠᠪ ᠴᠠᠭᠠᠨ ᠭᠦᠪᠰᠦᠭᠡᠷ ᠵᠥᠭᠡᠯᠡᠨ ᠴᠠᠰᠤ ᠭᠡᠳᠡᠭ ᠦᠨᠡᠨ ᠳᠡᠭᠡᠨ ᠡᠪᠦᠯ ᠤᠨ ᠱᠣᠰᠢᠭ᠎ᠠ ᠶᠤᠮ᠃ ᠡᠷᠲᠡᠨ ᠠᠴᠠ ᠠᠪᠤᠭᠠᠳ ᠴᠠᠰᠤ ᠴᠠᠭᠠᠨ ᠭᠦᠩᠵᠦ ᠶᠢᠨ ᠲᠤᠮᠤᠭ᠂ ᠴᠠᠭᠯᠠᠰᠢ ᠦᠭᠡᠢ ᠬᠠᠶᠢᠷ᠎ᠠ ᠶᠢᠨ ᠵᠠᠬᠢᠶ᠎ᠠ ᠨᠤᠭᠤᠳ ᠪᠠᠶᠢᠳᠠᠭ᠃ ᠴᠠᠰᠤᠨ ᠬᠥᠮᠥᠨ ᠵᠣᠬᠢᠶᠠᠴᠢᠬᠠᠭᠠᠳ ᠪᠠᠶᠠᠷᠯᠠᠨ ᠲᠣᠭᠯᠠᠵᠤ ᠪᠠᠶᠢᠭ᠎ᠠ ᠬᠡᠦᠬᠡᠳ ᠢ ᠬᠠᠷᠠᠭᠠᠴᠢ᠂ ᠬᠡᠴᠢᠨᠡᠨ ᠬᠥᠭᠡᠷᠦᠬᠦᠨ ᠪᠤᠢ︕ ᠬᠡᠦᠬᠡᠳ ᠤᠨ ᠴᠠᠰᠤ ᠰᠢᠭ᠋ ᠭᠬᠢᠷ ᠦᠭᠡᠢ ᠴᠠᠶᠢᠯᠭᠠᠨ ᠴᠠᠭᠠᠪᠤᠷ ᠶᠢᠷᠲᠢᠨᠴᠦ ᠳᠤ ᠶᠠᠭᠤ ᠪᠦᠭᠦᠨ ᠪᠦᠷᠢᠨ ᠪᠦᠲᠦᠨ ᠭᠤᠶᠤ ᠰᠠᠶᠢᠬᠠᠨ ᠪᠠᠶᠢᠳᠠᠭ᠃       ᠨᠠᠮ ᠵᠢᠮ ᠶᠢᠷᠲᠢᠨᠴᠦ ᠶᠢ ᠪᠦᠲᠦᠭᠡᠬᠦ ᠭᠡᠵᠦ ᠴᠠᠰᠤ ᠬᠠᠶᠠᠯᠠᠨ᠎ᠠ᠃ ᠵᠤᠨᠵᠢᠨ ᠳᠡᠪᠵᠢᠶᠡᠷᠡᠯᠳᠦᠭᠰᠡᠨ ᠨᠠᠷᠭᠢᠶᠠᠨ ᠱᠤᠤᠭᠢᠶᠠᠨ ᠨᠠᠮᠳᠠᠵᠤ᠂ ᠨᠠᠮᠤᠭᠲᠤ ᠲᠠᠯ᠎ᠠ ᠴᠡᠯᠳᠡᠶᠢᠵᠦ᠂ ᠨᠠᠭᠠᠰᠢ ᠴᠠᠭᠠᠰᠢ ᠰᠦᠯᠵᠢᠯᠳᠦᠭᠰᠡᠨ ᠠᠯᠠᠭᠳᠠᠭ᠎ᠠ ᠣᠭᠤᠲᠣᠨ᠎ᠠ ᠴᠦ ᠢᠴᠡᠭᠡᠨ ᠳᠡᠭᠡᠨ ᠣᠷᠣᠪᠠ᠃ ᠨᠠᠮ ᠵᠢᠮ ᠣᠷᠴᠢᠨ ᠳᠤ ᠡᠬᠡ ᠪᠠᠶᠢᠭᠠᠯᠢ ᠶᠢᠨ ᠪᠦᠳᠡᠭᠢᠬᠡᠨ ᠴᠠᠭᠠᠨ ᠠᠶᠠᠯᠭᠤ ᠰᠣᠨᠣᠷᠳᠠᠨ᠎ᠠ᠃ ᠨᠠᠮ ᠵᠢᠮ ᠣᠷᠴᠢᠨ ᠳᠤ ᠨᠠᠶᠢᠷᠠᠭ ᠤᠨ ᠣᠩᠭᠤᠳ ᠢ ᠤᠷᠢᠵᠤ᠂ ᠤᠩᠭᠤᠨ ᠪᠢᠯᠢᠭ ᠤᠨ ᠬᠤᠷᠴᠠ ᠰᠡᠷᠡᠯ ᠠᠭᠤᠳᠠᠮ ᠲᠠᠯ᠎ᠠ ᠪᠠᠷ ᠳᠠᠪᠬᠢᠨ᠎ᠠ᠃ ᠰᠡᠳᠬᠢᠯ ᠤᠨ ᠢᠶᠠᠨ ᠭᠡᠭᠡᠪᠴᠢ ᠪᠠᠷ ᠥᠩᠭᠡᠶᠢᠨ᠂ ᠲᠠᠯ᠎ᠠ ᠮᠡᠲᠦ ᠲᠠᠶᠢᠪᠤᠭᠤᠬᠠᠨ᠂ ᠤᠰᠤ ᠮᠡᠲᠦ ᠲᠤᠩᠭᠠᠯᠠᠭᠬᠠᠨ ᠢᠶᠠᠷ ᠪᠤᠳᠤᠯ ᠰᠡᠳᠬᠢᠯ  ᠲᠠᠢ ᠪᠠᠨ ᠬᠦᠦᠷᠨᠢᠯᠳᠦᠨ᠎ᠡ᠃       ᠲᠦᠮᠡ ᠲᠦᠴᠢᠭᠢᠨᠡᠵᠦ ᠪᠤᠮᠠ ᠪᠤᠵᠢᠭᠢᠨᠠᠭᠰᠠᠨ ᠬᠤᠳᠠ ᠶᠢᠨ ᠬᠥᠯ ᠦᠢᠮᠡᠭᠡᠨ ᠳᠤ ᠪᠡᠶ᠎ᠡ ᠰᠡᠳᠬᠢᠯ ᠮᠢᠨᠢ ᠶᠠᠳᠠᠷᠠᠵᠤ ᠴᠢᠯᠡᠵᠦ ᠪᠠᠶᠢᠭᠰᠠᠨ᠃ ᠡᠨᠡ ᠰᠠᠶᠢᠬᠠᠨ ᠨᠠᠮ ᠵᠢᠮ ᠳᠤ ᠢᠷᠠᠭᠤ ᠨᠠᠶᠢᠷᠠᠭ ᠤᠨ ᠠᠮᠲᠠᠲᠤ ᠲᠠᠷᠠᠰᠤᠨ ᠢ ᠰᠢᠮᠡᠵᠦ᠂ ᠶᠠᠭᠠᠬᠢᠬᠤ ᠶᠢᠨ ᠠᠷᠭ᠎ᠠ ᠦᠭᠡᠢ ᠬᠥᠭᠰᠡᠨ ᠳᠣᠭᠳᠣᠯᠤᠨᠠᠮ᠃ ᠬᠤᠶᠠᠷ ᠰᠠᠶᠢᠬᠠᠨ ᠮᠥᠷ ᠰᠢᠯᠦᠭ ᠤᠩᠰᠢᠵᠤ ᠬᠤᠨᠣᠭᠤᠲᠠ ᠥᠨᠵᠢᠭᠦᠲᠡ ᠳᠣᠭᠳᠣᠯᠵᠤ ᠶᠠᠪᠤᠭᠰᠠᠨ᠂ ᠬᠦᠴᠢᠷᠳᠡᠭᠰᠡᠨ ᠦᠶ᠎ᠡ ᠳᠤ ᠬᠠᠯᠠᠭᠤᠨ ᠭᠠᠷ ᠢᠶᠠᠨ ᠰᠤᠩᠭᠠᠭᠰᠠᠨ ᠳᠣᠲᠣᠨᠣ ᠬᠥᠮᠥᠰ ᠲᠤ ᠪᠠᠶᠠᠷᠯᠠᠨ ᠲᠠᠯᠠᠷᠬᠠᠵᠤ ᠶᠠᠪᠤᠭᠰᠠᠨ᠃ᠨᠠᠮ ᠵᠢᠮ᠂ ᠠᠵᠢᠨ ᠲᠦᠵᠢᠨ᠃ ᠴᠠᠰᠤᠨ ᠴᠡᠴᠡᠭ ᠪᠥᠵᠢᠨ᠎ᠡ᠃ ᠣᠨ ᠵᠢᠯ ᠤᠳ ᠴᠦ ᠴᠢᠪ ᠴᠢᠮᠡᠭᠡ ᠦᠭᠡᠢ ᠶᠢᠨ ᠳᠤᠮᠳᠠ ᠤᠷᠤᠰᠤᠨ ᠤᠳᠤᠨ᠎ᠠ᠃ ᠴᠠᠬᠢᠯᠠᠨ ᠣᠲᠣᠭᠰᠠᠨ ᠣᠨ ᠰᠠᠷ᠎ᠠ ᠶᠢᠨ ᠪᠠᠷ᠎ᠠ ᠰᠤᠷᠠᠭ ᠢ ᠬᠠᠶᠢᠵᠤ᠂ ᠴᠠᠰᠤᠨ ᠳᠤ ᠳᠡᠯᠭᠡᠷᠡᠭᠰᠡᠨ ᠸᠠᠩᠰᠠᠮᠪᠠᠷᠤ ᠶᠢ ᠪᠠᠭ᠋ᠠᠳᠤᠨᠠᠮ᠃ ᠨᠠᠮᠤᠷ ᠤᠨ ᠲᠤᠩᠭᠠᠯᠠᠭ ᠰᠠᠷᠠᠨ ᠤ ᠭᠡᠷᠡᠯ ᠳᠤ ᠬᠤᠨᠳᠠᠭ᠎ᠠ ᠮᠥᠷᠭᠦᠭᠦᠯᠦᠨ ᠨᠠᠶᠢᠷᠠᠭ ᠤᠶᠠᠩᠭᠠᠯᠠᠬᠤ ᠳᠤ  ᠨᠡᠯᠦᠭᠡᠷ ᠴᠠᠰᠤᠨ ᠤ ᠮᠢᠨᠳᠠᠰᠤᠨ ᠰᠢᠷᠬᠡᠭ ᠢ ᠲᠣᠭᠠᠯᠠᠨ᠂ ᠡᠷᠲᠡᠨ ᠤ ᠮᠡᠷᠭᠡᠳ ᠤᠨ ᠰᠢᠯᠦᠭ ᠲᠤ ᠰᠣᠭᠲᠣᠭᠤᠷᠠᠨᠠᠮ᠃       ︽ᠬᠠᠰ ᠤᠨ ᠴᠠᠭᠠᠨ ᠬᠡᠮᠬᠡᠳᠡᠭ︾ ᠢ ᠲᠡᠭᠦᠵᠦ  ᠬᠠᠶᠢᠷ᠎ᠠ ᠶᠢᠨ ᠵᠠᠬᠢᠶ᠎ᠠ ᠢᠯᠡᠭᠡᠰᠦᠭᠡᠢ       ︽ᠮᠥᠩᠭᠦᠨ ᠴᠠᠭᠠᠨ ᠭᠦᠯᠮᠦᠭ︾ ᠢᠶᠠᠷ ᠭᠠᠳᠠᠷᠯᠠᠵᠤ ᠮᠥᠷᠥᠭᠡᠳᠦᠯ ᠤᠨ ᠰᠣᠨᠳᠣᠷ ᠬᠡᠯᠬᠢᠰᠦᠭᠡᠢ       ︽ᠴᠠᠭᠠᠨ ᠡᠭᠦᠯᠡ︾ ᠶᠢ ᠤᠷᠢᠵᠤ ︽ᠨᠢᠭᠡᠨ ᠳᠠᠪᠬᠤᠷ ᠠᠰᠠᠷ︾ ᠢᠶᠠᠷ ᠵᠤᠭᠠᠴᠠᠰᠤᠭᠠᠢ       ︽ᠴᠠᠭᠠᠵᠠ ᠶᠢᠨ ᠲᠠᠪᠴᠠᠩ︾ ᠢ ᠤᠩᠰᠢᠵᠤ ᠡᠷᠲᠡᠨ ᠡᠳᠦᠭᠡ ᠶᠢ ᠰᠢᠭᠦᠰᠦᠭᠡᠢ︕       ᠮᠥᠷᠥᠭᠡᠳᠦᠯ ᠤᠨ ᠰᠣᠨᠳᠣᠷ ᠬᠡᠯᠬᠢᠵᠦ᠂ ᠮᠥᠩᠭᠦᠨ ᠴᠠᠰᠤᠨ ᠬᠠᠶᠠᠯᠠᠨ᠎ᠠ᠃ ᠴᠠᠰᠤᠨ ᠳᠠᠭᠢᠨᠢᠰ ᠦᠰᠦ ᠭᠡᠵᠢᠭᠡ ᠶᠢ ᠡᠩᠬᠦᠷᠡᠶᠢᠬᠡᠨ ᠦᠨᠦᠰᠴᠦ᠂ ᠠᠨᠢᠰᠬᠠᠨ ᠳᠡᠭᠡᠷ᠎ᠡ ᠲᠡᠷᠪᠡᠯᠵᠡᠨ᠎ᠡ᠃ ᠠᠶᠤᠤᠯᠢᠬᠠᠢ ᠶᠢᠨ ᠪᠤᠳᠤᠯ ᠢ ᠲᠣᠭᠠᠴᠢᠵᠤ᠂ ᠠᠯᠤᠰ ᠬᠢᠵᠠᠭᠠᠷ ᠲᠤ ᠰᠤᠪᠤᠷᠠᠨ᠎ᠠ᠃ ᠠᠯᠠᠭ᠎ᠠ ᠪᠠᠨ ᠠᠶᠠᠷᠬᠠᠨ ᠳᠡᠯᠭᠡᠬᠦ ᠳᠤ ᠠᠳᠬᠤᠨ ᠳᠤ ᠮᠢᠨᠢ ᠲᠤᠰᠤᠯ ᠮᠥᠷᠥᠭᠡᠳᠦᠯ ᠮᠡᠯᠲᠡᠭᠡᠨᠡᠨ᠎ᠡ᠃ ᠠᠯᠬᠤᠵᠤ ᠢᠷᠡᠭᠰᠡᠨ ᠤᠯᠠ ᠮᠥᠷ ᠮᠢᠨᠢ ᠴᠢᠩ ᠦᠨᠡᠨ ᠢᠶᠠᠷ ᠳᠤᠷᠠᠶᠢᠨ᠎ᠠ᠃ ᠠᠩᠭᠢᠷ ᠪᠠᠭ᠎ᠠ ᠨᠠᠰᠤᠨ ᠳᠠᠭᠠᠨ ᠴᠠᠰᠤᠨ ᠳᠡᠭᠡᠷ᠎ᠡ ᠲᠷᠠᠺᠲ᠋ᠣᠷ ᠤᠨ ᠬᠦᠷᠳᠦᠨ ᠮᠥᠷ ᠢ ᠳᠠᠭᠤᠷᠢᠶᠠᠵᠤ᠂ ᠲᠠᠷᠯᠠᠨ ᠮᠥᠷ ᠭᠠᠷᠭᠠᠵᠤ ᠪᠠᠶᠢᠭᠰᠠᠨ ᠮᠢᠨᠢ ᠴᠦ ᠰᠠᠶ᠋ᠢᠬᠠᠨ ᠰᠢᠭ᠋ ᠦᠭᠡᠶᠢᠯᠡᠭᠳᠡᠨ᠎ᠡ᠃       ᠬᠡᠨ ᠨᠢᠭᠡᠨ ᠤ ᠲᠤᠬᠠᠢ ᠰᠠᠶᠢᠬᠠᠨ ᠪᠦᠭᠦᠨ ᠢ ᠨᠢ ᠯᠠ ᠴᠡᠭᠡᠵᠢᠯᠡᠵᠦ ᠶᠠᠪᠤᠭᠰᠠᠨ᠃ ᠬᠡᠨ ᠳᠤ ᠴᠦ ᠠᠮᠠᠯᠠᠵᠤ ᠠᠨᠳᠠᠭᠠᠶᠢᠯᠠᠭᠰᠠᠨ ᠵᠦᠢᠯ ᠪᠠᠶᠢᠬᠤ ᠦᠭᠡᠢ᠂ ᠭᠤᠨᠢᠵᠤ ᠭᠤᠮᠣᠳᠠᠭᠰᠠᠨ ᠵᠦᠢᠯ ᠪᠠᠶᠢᠬᠤ ᠦᠭᠡᠢ᠂ ᠠᠯᠤᠰ ᠡᠮᠦᠨᠡᠰᠢ ᠴᠢᠭᠯᠡᠵᠦ᠂ ᠰᠡᠳᠬᠢᠯ ᠤᠨ ᠢᠶᠠᠨ ᠲᠡᠩᠬᠡᠭᠡ ᠪᠠᠷ ᠵᠢᠳᠬᠦᠵᠦ ᠢᠷᠡᠭᠰᠡᠨ᠃       ᠠᠮᠢᠳᠤᠷᠠᠯ ᠳᠤ ᠬᠦᠴᠢᠷᠳᠡᠨ ᠮᠤᠬᠤᠷᠳᠠᠵᠤ᠂ ᠲᠠᠭᠠᠷᠠᠵᠦ ᠪᠡᠭᠡᠷᠡᠵᠦ ᠪᠠᠶᠢᠭᠰᠠᠨ ᠦᠶ᠎ᠡ ᠳᠡᠭᠡᠨ ᠡᠪᠦᠯ ᠤᠨ ᠭᠤᠸ᠎ᠠ ᠬᠦᠢᠲᠡᠨ ᠳᠤ ᠪᠤᠢ᠂ ᠠᠮᠢᠳᠤᠷᠠᠯ ᠤᠨ ᠰᠠᠶᠢᠬᠠᠨ ᠵᠢᠳᠬᠦᠯ ᠳᠤ ᠪᠤᠢ ᠭᠡᠵᠦ ᠥᠪᠡᠷ ᠢ ᠪᠠᠨ ᠲᠠᠶᠢᠳᠬᠤᠷᠠᠭᠤᠯᠵᠤ ᠤᠷᠮᠠᠰᠢᠭᠤᠯᠵᠤ ᠪᠠᠶᠢᠭᠰᠠᠨ᠃       ᠨᠢᠳᠦᠨ ᠨᠠᠭᠤᠷ ᠤᠨ ᠮᠢᠨᠢ ᠠᠩᠭᠢᠷ ᠰᠢᠪᠠᠭᠤᠳ ᠪᠤᠴᠠᠬᠤ ᠳᠤ ᠮᠥᠷᠥᠭᠡᠳᠦᠯ ᠤᠨ ᠰᠢᠪᠠᠭᠤᠬᠠᠢ ᠮᠥᠷᠥᠨ ᠳᠡᠭᠡᠷ᠎ᠡ ᠮᠢᠨᠢ ᠳᠡᠪᠳᠡᠷᠢᠵᠦ᠂ ᠪᠢᠴᠢᠭ ᠤᠨ ᠥᠷᠥᠭᠡᠨ ᠳᠤ ᠠᠩᠬᠢᠯᠤᠮ᠎ᠠ ᠦᠨᠦᠷᠲᠦ ᠴᠠᠭ ᠮᠥᠴᠡ ᠠᠯᠢᠶᠠᠷᠬᠠᠨ ᠲᠤᠨᠢᠷᠬᠠᠵᠤ ᠪᠠᠶᠢᠭᠰᠠᠨ᠃       ᠬᠤᠯᠠ ᠶᠢᠨ ᠨᠢᠭᠡᠨ ᠬᠥᠮᠥᠨ ᠮᠥᠨ ᠨᠠᠳᠠ ᠰᠢᠭ᠋ ᠴᠠᠰᠤ ᠶᠢ ᠪᠠᠭ᠋ᠠᠳᠤᠨ᠂ ᠴᠠᠰᠤᠨ ᠴᠡᠴᠡᠭ ᠲᠠᠢ ᠵᠣᠭᠤᠭᠳᠠᠨ᠂ ᠴᠠᠰᠤᠲᠤ ᠳᠡᠯᠡᠬᠡᠢ ᠳᠤ ᠬᠦᠰᠡᠯ ᠢᠶᠠᠨ ᠰᠤᠪᠤᠷᠠᠭᠤᠯᠵᠤ᠂ ᠮᠥᠷᠥᠭᠡᠳᠦᠯ ᠢᠶᠠᠨ ᠬᠡᠯᠬᠢᠵᠦ ᠤᠶᠠᠩᠭ᠎ᠠ ᠨᠠᠶᠢᠷᠠᠭ ᠪᠢᠴᠢᠭᠯᠡᠵᠦ ᠪᠠᠶᠢᠬ᠎ᠠ᠃ᠬᠥᠮᠥᠨ ᠤ ᠰᠠᠶᠢᠬᠠᠨ ᠢᠲᠡᠭᠡᠯ ᠭᠡᠳᠡᠭ ᠶᠠᠭᠤ ᠪᠠᠷ ᠴᠦ ᠰᠣᠯᠢᠰᠢ ᠦᠭᠡᠢ ᠰᠡᠳᠬᠢᠯ ᠶᠤᠮ᠃ ᠨᠠᠶᠢᠵᠠ ᠨᠥᠬᠦᠳ ᠲᠡᠭᠡᠨ ᠢᠲᠡᠭᠡᠯ ᠲᠠᠢ ᠶᠠᠪᠤᠬᠤ ᠭᠡᠳᠡᠭ ᠶᠠᠭᠤᠨ ᠠᠴᠠ ᠴᠦ ᠡᠷᠬᠢᠮ᠃ ᠪᠤᠰᠤᠳ ᠢ ᠬᠠᠭᠤᠷᠴᠤ ᠮᠡᠬᠡᠯᠡᠬᠦ ᠦᠭᠡᠢ᠂ ᠪᠣᠷᠣᠭᠵᠢᠭᠤᠨ ᠴᠢᠩ ᠦᠨᠡᠨ ᠦᠭᠡ ᠬᠡᠯᠡᠵᠦ᠂ ᠢᠲᠡᠭᠡᠯ ᠬᠦᠨᠳᠦ ᠶᠢ ᠡᠷᠭᠢᠮᠯᠡᠳᠡᠭ ᠨᠢ ᠠᠮᠢᠳᠤᠷᠠᠯ ᠤᠨ ᠮᠢᠨᠢ ᠵᠦᠢ᠃       ᠬᠦᠰᠡᠯ ᠤᠨ ᠤᠶᠠᠩᠭ᠎ᠠ ᠡᠭᠡᠰᠢᠭᠯᠡᠵᠦ᠂ ᠮᠥᠩᠭᠦᠨ ᠴᠠᠰᠤᠨ ᠬᠠᠶᠠᠯᠠᠨ᠎ᠠ᠃ ᠬᠦᠰᠡᠬᠦ ᠳᠤ ᠠᠳᠠᠯᠢ ᠰᠠᠶᠢᠬᠠᠨ ᠶᠠᠭᠤᠮ᠎ᠠ ᠪᠠᠶᠢᠬᠤ ᠦᠭᠡᠢ᠂ ᠬᠦᠯᠢᠶᠡᠬᠦ ᠳᠤ ᠠᠳᠠᠯᠢ ᠤᠳᠠᠭᠠᠨ ᠵᠦᠢᠯ ᠪᠠᠶᠢᠬᠤ ᠦᠭᠡᠢ᠃ ᠮᠥᠷᠥᠭᠡᠳᠦᠯ ᠬᠦᠰᠡᠯ ᠭᠡᠳᠡᠭ ᠬᠡᠵᠢᠶᠡᠳᠡ ᠬᠠᠭᠤᠴᠢᠷᠠᠳᠠᠭ ᠦᠭᠡᠢ ᠮᠥᠩᠬᠡ ᠶᠢᠨ ᠠᠶᠠᠯᠭᠤᠨ᠃ ᠶᠠᠭ ᠯᠠ ᠰᠢᠨᠡᠬᠡᠨ ᠴᠠᠰᠤ ᠰᠢᠭ᠋ ᠴᠡᠪᠡᠷ ᠠᠷᠢᠭᠤᠨ᠂ ᠰᠢᠨ᠎ᠡ ᠪᠡᠷᠢ ᠶᠢᠨ ᠴᠢᠷᠠᠢ ᠰᠢᠭ᠋ ᠭᠡᠷᠡᠯ ᠳᠤᠸᠠᠯᠠᠮ᠎ᠠ᠃ ᠠᠮᠢᠳᠤᠷᠠᠯ ᠳᠤ ᠮᠥᠷᠥᠭᠡᠳᠦᠯ ᠲᠠᠢ ᠶᠠᠪᠤᠬᠤ ᠰᠠᠶᠢᠬᠠᠨ᠂ ᠬᠦᠰᠡᠯ ᠮᠥᠷᠥᠭᠡᠳᠦᠯ ᠤᠨ ᠢᠶᠠᠨ ᠲᠥᠯᠥᠭᠡ ᠬᠦᠴᠦᠯᠡᠨ ᠵᠢᠳᠬᠦᠬᠦ ᠨᠢ ᠨᠡᠩ ᠰᠠᠶᠢᠬᠠᠨ᠃ ᠠᠮᠢᠳᠤᠷᠠᠯ ᠤᠨ ᠰᠠᠶᠢᠬᠠᠨ ᠬᠦᠰᠡᠯ ᠮᠥᠷᠥᠭᠡᠳᠦᠯ ᠮᠥᠩᠬᠡ ᠨᠣᠭᠤᠭᠠᠨ ᠨᠠᠷᠠᠰᠤ ᠰᠢᠭ᠋ ᠰᠡᠳᠬᠢᠯ ᠤᠨ ᠬᠤᠶᠢᠮᠤᠷ ᠲᠤ ᠬᠥᠬᠡᠷᠡᠵᠦ ᠪᠠᠶᠢᠳᠠᠭ ᠠᠴᠠ᠂ ᠮᠥᠷᠡᠨ ᠭᠤᠣᠯ ᠤᠨ ᠴᠢᠳᠬᠤᠯᠠᠩ ᠰᠢᠭ᠋ ᠵᠣᠭᠰᠣᠰᠢ ᠦᠭᠡᠢ ᠬᠦᠷᠬᠢᠷᠡᠨ ᠳᠠᠪᠠᠯᠭᠠᠯᠠᠵᠤ ᠪᠠᠶᠢᠳᠠᠭ ᠠᠴᠠ ᠠᠮᠢᠳᠤᠷᠠᠯ ᠮᠢᠨᠢ ᠤᠶᠠᠩᠭ᠎ᠠ ᠳᠠᠭᠤᠤ ᠲᠠᠢ ᠢᠷᠠᠭᠤᠬᠠᠨ᠂ ᠠᠶᠢᠵᠠᠮ ᠭᠡᠮᠨᠡᠯ ᠲᠠᠢ ᠰᠢᠯᠤᠭᠤᠬᠠᠨ᠃       ᠠᠶᠠᠯᠭᠤ ᠪᠦᠷᠢᠨ ᠠᠮᠢᠳᠤᠷᠠᠯ ᠯᠠ ᠲᠡᠭᠦᠰ ᠲᠡᠭᠦᠯᠳᠡᠷ ᠪᠠᠶᠢᠳᠠᠭ᠂ ᠤᠯᠠᠷᠢᠯ ᠪᠦᠷᠢ ᠴᠡᠴᠡᠭᠯᠡᠳᠡᠭ ᠰᠡᠳᠬᠢᠯ ᠯᠠ ᠪᠠᠶᠠᠷ ᠪᠠᠶᠠᠰᠬᠤᠯᠠᠩ ᠲᠠᠢ ᠪᠠᠶᠢᠳᠠᠭ᠃ ᠪᠤᠰᠤᠳ ᠠᠴᠠ ᠭᠠᠷ ᠰᠠᠷᠪᠠᠶᠢᠵᠦ᠂ ᠬᠤᠪᠠᠯᠵᠠ ᠰᠢᠭ᠋ ᠠᠮᠢᠳᠤᠷᠠᠳᠠᠭ ᠪᠢᠰᠢ᠂ ᠥᠭᠭᠢᠶᠡᠮᠦᠷᠴᠢ ᠨᠢᠩᠵᠢᠨ ᠰᠡᠳᠬᠢᠯ ᠢᠶᠠᠷ ᠥᠪᠡᠷ ᠪᠤᠰᠤᠳ ᠲᠤ ᠬᠠᠨᠳᠤᠵᠤ᠂ ᠬᠠᠨᠠᠭᠠᠷ ᠲᠠᠯ᠎ᠠ ᠰᠢᠭ᠋ ᠠᠭᠤᠳᠠᠮ ᠰᠡᠳᠬᠢᠯ ᠲᠠᠢ᠂ ᠬᠠᠭᠠᠨ ᠨᠠᠷᠠᠨ ᠰᠢᠭ᠋ ᠬᠠᠯᠠᠭᠤᠨ ᠳᠤᠯᠠᠭᠠᠨ ᠪᠤᠳᠤᠯ ᠲᠠᠢ ᠪᠠᠶᠢᠮᠠᠨᠵᠢᠨ ᠠᠮᠢᠳᠤᠷᠠᠯ ᠢᠷᠡᠭᠡᠳᠦᠢ ᠵᠥᠪ ᠡᠨᠧᠷᠭᠢ ᠪᠠᠷ ᠳᠦᠭᠦᠷᠴᠦ᠂ ᠲᠦᠷᠪᠡᠨ ᠤᠯᠠᠷᠢᠯ ᠤᠨ ᠡᠭᠡᠯᠵᠢᠯᠡᠯ ᠢᠶᠠᠷ ᠵᠥᠩᠳᠡᠭᠡᠨ ᠪᠠᠶᠠᠰᠤᠯ ᠮᠦᠰᠢᠶᠡᠳᠦ ᠲᠠᠢ ᠦᠷᠭᠦᠯᠵᠢᠯᠡᠳᠡᠭ᠃ ᠡᠩᠭᠡᠷ ᠳᠡᠭᠡᠷ᠎ᠡ ᠴᠢᠨᠢ ᠡᠷᠬᠡᠯᠡᠬᠦ ᠡᠷᠪᠡᠬᠡᠢ ᠰᠢᠭ ᠴᠠᠰᠤᠨ ᠢ ᠥᠭᠭᠢᠶᠡᠮᠦᠷ ᠪᠤᠳᠤᠯ ᠳᠠᠭᠠᠨ ᠳᠡᠷᠪᠡᠯᠵᠡᠭᠦᠯᠦᠭᠡᠴᠢ᠂ ᠡᠪᠦᠯ ᠤᠨ ᠬᠦᠢᠲᠡᠨ ᠳᠤ ᠳᠤᠯᠠᠭᠠᠴᠠᠬᠤ ᠪᠠᠷ ᠢᠷᠡᠭᠰᠡᠨ ᠡᠩᠬᠦᠷᠡᠶᠢᠬᠡᠨ ᠰᠢᠪᠠᠭᠤᠳ ᠢ ᠥᠷᠥ ᠵᠢᠷᠦᠬᠡᠨ ᠳᠡᠭᠡᠨ ᠪᠦᠯᠢᠶᠡᠬᠡᠨ ᠡᠪᠦᠯᠵᠢᠭᠦᠯᠦᠭᠡᠴᠢ᠂ ᠡᠬᠡ ᠪᠠᠶᠢᠭᠠᠯᠢ ᠠᠴᠠ ᠰᠣᠶᠣᠷᠬᠠᠭᠰᠠᠨ ᠠᠶᠠᠯᠭᠤ ᠢᠷᠠᠭᠤᠬᠠᠨ ᠬᠥᠭᠵᠢᠮ ᠢ ᠠᠷᠪᠠᠨ ᠴᠠᠭᠠᠨ ᠬᠤᠷᠤᠭᠤ ᠪᠠᠷ ᠢᠶᠠᠨ ᠠᠶᠠᠷᠬᠠᠨ ᠬᠥᠭᠵᠢᠮᠳᠡᠭᠡᠴᠢ︕       ᠴᠠᠰᠤ ᠪᠥᠵᠢᠨ᠎ᠡ᠂ ᠴᠠᠭᠯᠠᠰᠢ ᠦᠭᠡᠢ ᠬᠠᠶᠢᠷ᠎ᠠ ᠶᠢᠨ ᠨᠣᠲ ᠳᠡᠪᠳᠡᠷᠢᠨ᠎ᠡ ᠁ ᠭᠦᠪ  ᠬᠥᠩᠭᠡᠬᠡᠨ ᠪᠠᠶᠢᠲᠠᠯ᠎ᠠ ᠪᠠᠨ ᠬᠦᠰᠡᠯ ᠰᠡᠳᠬᠢᠯ ᠢ ᠠᠴᠢᠶᠠᠯᠠᠨ ᠬᠥᠬᠡᠮᠳᠦᠭ ᠣᠭᠲᠠᠷᠭᠤᠢ ᠵᠦᠭ ᠰᠤᠮᠤᠳᠠᠨ᠎ᠠ᠂ ᠬᠦᠷᠬᠦ ᠢᠷᠡᠭᠡᠳᠦᠢ ᠵᠦᠭ ᠤᠷᠤᠭᠰᠢᠯᠠᠨ᠎ᠠ᠃       ᠴᠠᠰᠤ ᠪᠥᠵᠢᠨ᠎ᠡ᠂ ᠴᠡᠪᠡᠷ ᠠᠷᠢᠭᠤᠨ ᠳᠡᠯᠡᠬᠡᠢ ᠮᠦᠰᠢᠶᠡᠨ᠎ᠡ ᠁ ᠴᠢᠩᠭᠢᠷ ᠵᠢᠩᠭᠢᠷ ᠬᠡᠯᠲᠡᠰ ᠨᠢᠰᠦᠯᠴᠡᠵᠦ᠂ ᠴᠢᠩ ᠬᠠᠶᠢᠷ᠎ᠠ ᠶᠢᠨ ᠬᠦᠰᠡᠯ ᠤᠨ ᠦᠷ᠎ᠡ ᠶᠢ ᠰᠠᠴᠤᠨ᠎ᠠ᠃                                                                        ᠵᠣᠬᠢᠶᠠᠭᠴᠢ᠄ ᠴᠢ᠊ · ᠳᠣᠯᠭᠢᠶᠠᠨ
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ