︽ᠬᠥᠬᠡ ᠮᠣᠩᠭᠤᠯ ᠤᠨ ᠥᠨᠳᠦᠷᠯᠢᠭ︾ ᠠᠴᠠ ᠡᠭᠡᠰᠢᠭᠯᠡᠭᠰᠡᠨ ᠳᠠᠭᠤᠤ ᠶᠢᠨ ᠬᠠᠲᠣᠨ ᠬᠠᠭᠠᠨ
ᠨᠡᠶᠢᠲᠡᠯᠡᠭᠰᠡᠨ ᠴᠠᠭ᠄
2024/1/30
       — ᠠᠯᠳᠠᠷᠲᠤ ᠳᠠᠭᠤᠴᠢᠨ ᠠᠴᠢᠲᠤ ᠬᠥᠮᠥᠨ ᠳᠡᠳᠮ᠎ᠠ ᠪᠠᠭᠰᠢ ᠶᠢᠨ ᠭᠡᠭᠡᠨ ᠳᠤᠷᠠᠳᠬᠠᠯ ᠳᠤ
20240130-1.png
       2023 ᠣᠨ ᠤ  11 ᠰᠠᠷ᠎ᠠ ᠶᠢᠨ 28 ᠤ ᠦᠳᠡ ᠶᠢᠨ ᠬᠤᠶᠢᠨ᠎ᠠ ᠶᠢᠨ ᠭᠤᠷᠪᠠᠨ ᠴᠠᠭ ᠤᠨ ᠦᠶᠡᠰ ᠵᠢᠷᠭᠢᠶ᠎ᠡ ᠶᠢᠨ ᠬᠤᠩᠬᠤ ᠳᠤᠤᠭᠠᠷᠴᠤ ᠭᠤᠸᠠᠩᠵᠧᠦ ᠬᠤᠳᠠ ᠶᠢᠨ ᠨᠡᠷᠡᠲᠦ ᠳᠠᠭᠤᠤ ᠶᠢᠨ ᠰᠢᠯᠦᠭᠴᠢ ᠼᠦᠢ ᠹᠦ᠋ ᠠᠬ᠎ᠠ ᠠᠴᠠ ᠨᠠᠳᠠ ᠳᠤ ᠤᠲᠠᠰᠤ ᠢᠷᠡᠨ ᠳᠡᠳᠮ᠎ᠠ ᠪᠠᠭᠰᠢ ᠶᠢᠨ ᠨᠠᠰᠤ ᠪᠠᠷᠠᠭᠰᠠᠨ ᠭᠤᠨᠢᠭᠲᠤ ᠴᠢᠮᠡᠭᠡ ᠶᠢ ᠲᠤᠭᠤᠯᠭᠠᠯ᠎ᠠ᠃ ᠡᠨᠡ ᠵᠣᠯ ᠪᠤᠰᠤ ᠴᠢᠮᠡᠭᠡ ᠶᠢ ᠰᠣᠴᠢᠮᠠᠭ ᠰᠣᠨᠣᠰᠤᠭᠰᠠᠨ ᠨᠠᠳᠠ ᠳᠤ ᠢᠲᠡᠭᠡᠮᠡᠷ ᠦᠭᠡᠢ ᠰᠠᠨᠠᠭᠳᠠᠬᠤ ᠪᠠᠷ ᠨᠢ ᠳᠡᠳᠮ᠎ᠠ ᠪᠠᠭᠰᠢ ᠶᠢᠨ ᠪᠠᠭ᠎ᠠ ᠬᠦᠦ ᠮᠠᠭᠲᠠᠭᠠᠯ ᠠᠴᠠ ᠯᠠᠪᠯᠠᠭᠠᠳ ᠦᠨᠡᠨ ᠪᠤᠯᠬᠤ ᠶᠢ ᠮᠡᠳᠡᠵᠦ᠂ ᠵᠢᠷᠦᠬᠡ ᠰᠡᠳᠬᠢᠯ ᠮᠢᠨᠢ ᠰᠢᠮᠰᠢᠷᠡᠨ ᠨᠢᠳᠦᠨ ᠨᠢᠯᠪᠤᠰᠤ ᠥᠪᠡᠷ ᠤᠨ ᠡᠷᠬᠡ ᠦᠭᠡᠢ ᠪᠥᠮᠪᠥᠷᠢᠨ᠂ ᠬᠦᠨᠳᠦᠲᠦ ᠬᠠᠶᠢᠷᠠᠲᠤ ᠳᠡᠳᠮ᠎ᠠ ᠪᠠᠭᠰᠢ ᠶᠢᠨ ᠢᠶᠠᠨ ᠬᠠᠯᠢᠨ ᠣᠲᠣᠭᠰᠠᠨ ᠭᠤᠨᠢᠭᠲᠤ ᠴᠢᠮᠡᠭᠡ ᠶᠢ ᠠᠷᠭ᠎ᠠ ᠪᠤᠰᠤ ᠨᠠᠶᠢᠵᠠ ᠶᠢᠨ ᠲᠣᠭᠤᠷᠢᠭ  ᠲᠠᠭᠠᠨ ᠳᠠᠮᠵᠢᠭᠤᠯᠤᠨ ᠭᠠᠰᠢᠭᠤᠳᠠᠯ ᠢᠯᠡᠷᠬᠡᠶᠢᠯᠡᠯ᠎ᠡ᠃ ᠮᠠᠨ ᠤ ᠤᠯᠤᠰ ᠤᠨ ᠲᠣᠮᠣ ᠤᠷᠠᠯᠢᠭᠴᠢᠨ᠂ ᠡᠮᠡᠭᠲᠡᠢ ᠶᠢᠨ ᠠᠷᠭᠢᠯ ᠬᠤᠭᠤᠯᠠᠢ ᠶᠢᠨ ᠠᠯᠳᠠᠷᠲᠤ ᠳᠠᠭᠤᠴᠢᠨ ᠳᠡᠳᠮ᠎ᠠ ᠪᠠᠭᠰᠢ ᠮᠢᠨᠢ ᠬᠠᠶᠢᠷᠠᠲᠠᠢ ᠰᠣᠨᠣᠰᠤᠭᠴᠢᠳ ᠠᠴᠠ ᠪᠠᠨ ᠠᠶᠠᠷᠯᠠᠨ ᠣᠳᠣᠯ᠎ᠠ ᠁       ᠳᠡᠳᠮ᠎ᠠ ᠪᠠᠭᠰᠢ ᠪᠣᠯ ᠬᠡᠦᠬᠡᠳ ᠨᠠᠰᠤᠨ ᠤ ᠮᠢᠨᠢ ᠬᠦᠰᠡᠯᠡᠩᠲᠦ ᠣᠳᠣᠨ ᠶᠤᠮ       ᠬᠥᠳᠡᠭᠡ ᠨᠤᠲᠤᠭ ᠤᠨ ᠦᠵᠡᠮᠵᠢ᠂ ᠬᠡᠦᠬᠡᠳ ᠨᠠᠰᠤᠨ ᠤ ᠳᠤᠷᠠᠰᠤᠮᠵᠢ ᠨᠢ ᠬᠦᠷᠡᠩ ᠵᠢᠷᠦᠬᠡᠨ ᠤ ᠭᠦᠨ ᠳᠤ ᠮᠢᠨᠢ ᠭᠦᠭ ᠡᠭᠡᠰᠢᠭ ᠪᠣᠯᠣᠨ ᠰᠢᠩᠭᠡᠭᠰᠡᠨ ᠤᠴᠢᠷᠲᠠᠢ᠃ ᠬᠠᠷ᠎ᠠ ᠰᠠᠯᠬᠢ ᠰᠠᠯᠬᠢᠯᠠᠭᠰᠠᠨ ᠵᠤᠳ ᠲᠠᠢ ᠬᠠᠪᠤᠷ ᠲᠠᠢ᠂ ᠡᠪᠡᠰᠦ ᠪᠡᠯᠴᠢᠭᠡᠷ ᠬᠠᠯᠢᠭᠤᠷᠠᠭᠰᠠᠨ ᠲᠠᠩᠰᠤᠭ ᠵᠤᠨ ᠲᠠᠢ᠂ ᠡᠯᠪᠡᠭ ᠬᠤᠷᠢᠶᠠᠯᠲᠠ ᠪᠢᠯᠬᠠᠷᠠᠭᠰᠠᠨ ᠪᠠᠶᠠᠨ ᠨᠠᠮᠤᠷ ᠲᠠᠢ᠂ ᠴᠠᠰᠤ ᠬᠠᠶᠠᠯᠠᠵᠤ ᠰᠥᠭᠦ ᠬᠤᠷᠠᠭᠰᠠᠨ ᠵᠢᠬᠡᠭᠦᠨ ᠡᠪᠦᠯ ᠲᠠᠢ ᠲᠡᠷᠡ ᠰᠠᠶᠢᠬᠠᠨ ᠨᠤᠲᠤᠭ ᠤᠨ ᠮᠢᠨᠢ ᠦᠵᠡᠮᠵᠢ ᠲᠥᠷᠬᠦ᠂ ᠦᠯᠢᠭᠡᠷ ᠶᠠᠪᠤᠳᠠᠯ ᠨᠢ ᠶᠠᠭ ᠵᠢᠷᠤᠭ ᠰᠢᠯᠦᠭ ᠰᠢᠭ ᠵᠢᠷᠦᠬᠡ ᠰᠡᠳᠬᠢᠯ ᠳᠤ ᠬᠠᠳᠠᠩᠰᠢᠵᠤ ᠦᠯᠡᠳᠡᠵᠡᠢ᠃ ᠲᠡᠨᠳᠡ ᠮᠢᠨᠤ ᠠᠪᠤ ᠡᠵᠢ ᠲᠠᠢ ᠪᠠᠨ ᠵᠤᠯᠠᠢ ᠵᠤᠯᠠᠢ ᠪᠠᠨ ᠦᠨᠦᠰᠴᠦ ᠲᠥᠷᠦᠭᠰᠡᠨ ᠠᠬ᠎ᠠ ᠡᠭᠡᠴᠢ ᠳᠡᠭᠦᠦ ᠳᠣᠯᠣᠭᠤᠯᠠ ᠪᠠᠨ ᠬᠠᠶᠢᠷ᠎ᠠ ᠪᠢᠯᠬᠠᠭᠰᠠᠨ ᠬᠠᠯᠠᠭᠤᠨ ᠳᠤᠯᠠᠭᠠᠨ ᠭᠡᠷ ᠪᠦᠯᠢ ᠳᠤ ᠬᠠᠮᠲᠤ ᠠᠮᠢᠳᠤᠷᠠᠭᠰᠠᠨ ᠳᠤᠷᠠᠳᠬᠠᠯ ᠳᠦᠭᠦᠷᠡᠩ ᠪᠠᠭ᠎ᠠ ᠨᠠᠰᠤ ᠪᠠᠶᠢᠭ᠎ᠠ ᠶᠤᠮ᠃ ᠭᠡᠷ ᠣᠷᠣᠨ ᠳᠠᠭᠠᠨ ᠠᠯᠠᠭᠠᠨ ᠳᠡᠭᠡᠷ᠎ᠡ ᠪᠠᠨ ᠡᠩᠬᠦᠷᠡᠶᠢᠯᠡᠵᠦ᠂ ᠬᠤᠨᠢ ᠬᠠᠷᠢᠭᠤᠯᠬᠤ ᠳᠠᠭᠠᠨ ᠡᠪᠦᠷᠲᠦᠯᠡᠵᠦ ᠶᠠᠪᠤᠳᠠᠭ ᠮᠠᠨ ᠤ ᠭᠡᠷ ᠤᠨ ᠷᠠᠳᠢᠣ᠋ ᠪᠣᠯ ᠮᠢᠨᠤ ᠬᠠᠮᠤᠭ ᠤᠨ ᠳᠣᠲᠣᠨᠣ ᠨᠠᠶᠢᠵᠠ᠂ ᠬᠢᠮᠠᠭᠠᠳᠠᠵᠤ ᠬᠠᠶᠢᠷᠠᠯᠠᠬᠤ ᠥᠪ ᠮᠢᠨᠢ ᠪᠣᠯᠵᠤ ᠪᠠᠶᠢᠯ᠎ᠠ᠃ ᠲᠡᠷᠡ ᠦᠶᠡᠰ ᠷᠠᠳᠢᠣ᠋ ᠠᠴᠠ ᠲᠣᠮᠣ ᠲᠠᠭᠤᠴᠢᠳ ᠪᠠ ᠬᠥᠭᠵᠢᠮᠴᠢᠳ  ᠤᠨ ᠠᠯᠳᠠᠷᠲᠤ ᠪᠦᠲᠦᠭᠡᠯ ᠤᠳ ᠢ ᠰᠣᠨᠣᠰᠴᠤ ᠪᠠᠶᠢᠭᠰᠠᠨ ᠮᠠᠨᠢ ᠶᠠᠭᠠᠬᠢᠭᠰᠠᠨ ᠶᠡᠭᠡ ᠵᠢᠷᠭᠠᠯ᠂ ᠶᠠᠭᠠᠬᠢᠭᠰᠠᠨ ᠶᠡᠭᠡ ᠵᠠᠪᠰᠢᠶᠠᠨ ᠪᠤᠢ᠃ ᠷᠠᠳᠢᠣ᠋ ᠪᠣᠯ ᠲᠡᠷᠡ ᠴᠠᠭ ᠦᠶ᠎ᠡ  ᠶᠢᠨ ᠰᠢᠨ᠎ᠡ ᠵᠠᠭᠤᠴᠢᠯᠠᠭᠤᠷ᠂ ᠳᠠᠭᠤᠤ ᠬᠥᠭᠵᠢᠮ᠂ ᠦᠯᠢᠭᠡᠷ ᠬᠤᠯᠪᠤᠭ᠎ᠠ᠂ ᠰᠣᠨᠢᠨ ᠮᠡᠳᠡᠭᠡ ᠣᠯᠵᠤ ᠰᠣᠨᠤᠰᠬᠤ ᠬᠠᠮᠤᠭ ᠰᠢᠨ᠎ᠡ ᠲᠥᠬᠦᠭᠡᠷᠦᠮᠵᠢ ᠪᠠᠶᠢᠵᠤ᠂ ᠬᠥᠮᠥᠰ ᠡᠭᠦᠨ ᠢᠶᠠᠷ ᠢᠶᠠᠨ ᠪᠠᠭ᠋ᠠᠷᠬᠠᠵᠤ ᠣᠯᠵᠠᠭᠤᠷᠬᠠᠳᠠᠭ ᠪᠠᠶᠢᠯ᠎ᠠ᠃ ᠲᠡᠷᠡ ᠦᠶ᠎ᠡ ᠠᠴᠠ ᠯᠡ ᠡᠬᠢᠯᠡᠵᠦ ᠳᠡᠳᠮ᠎ᠠ ᠪᠠᠭᠰᠢ ᠶᠢᠨ ᠠᠷᠭᠢᠯ ᠬᠤᠭᠤᠯᠠᠢ ᠪᠠᠷ ᠳᠠᠭᠤᠯᠠᠭᠰᠠᠨ ᠰᠡᠳᠬᠢᠯᠭᠡ ᠭᠦᠨ᠂ ᠤᠶᠠᠷᠠᠭᠤᠨ ᠮᠥᠷᠲᠡᠭᠡᠨ ᠡᠪᠬᠡᠷᠡᠭᠦᠨ ᠣᠯᠠᠨ ᠰᠠᠶᠢᠬᠠᠨ ᠳᠠᠭᠤᠤ ᠨᠤᠭᠤᠳ ᠢ ᠷᠠᠳᠢᠣ᠋ ᠠᠴᠠ ᠰᠣᠨᠣᠰᠴᠤ ᠰᠣᠷᠤᠨ᠂ ᠪᠠᠭ᠎ᠠ ᠨᠠᠰᠤᠨ ᠤ ᠣᠢ ᠲᠤᠢ  ᠳᠤ ᠰᠡᠳᠬᠢᠯ ᠤᠨ ᠲᠡᠵᠢᠭᠡᠯ ᠪᠣᠯᠵᠤ ᠦᠯᠡᠳᠡᠭᠰᠡᠨ ᠪᠠᠶᠢᠯ᠎ᠠ᠃ ︽ᠦᠵᠡᠰᠬᠦᠯᠡᠩᠲᠦ ᠰᠠᠶᠢᠬᠠᠨ ᠮᠢᠨᠤ ᠨᠤᠲᠤᠭ︾᠂ ︽ᠡᠬᠡ ᠶᠢᠨ ᠬᠠᠶᠢᠷ᠎ᠠ︾᠂ ︽ᠵᠡᠭᠡᠷ᠎ᠡ ᠲᠠᠬᠰᠢᠬᠰᠠᠨ ᠭᠤᠪᠢ︾ ︽ᠴᠣᠮᠪᠣᠩ ᠲᠤᠭᠤᠷᠠᠢ ᠲᠠᠢ ᠬᠦᠷᠡᠩ︾ ᠭᠡᠬᠦ ᠮᠡᠲᠦ ᠶᠢᠨ ᠣᠯᠠᠨ ᠰᠠᠶᠢᠬᠠᠨ ᠳᠠᠭᠤᠤ ᠶᠢ ᠨᠢ ᠰᠣᠨᠣᠰᠴᠤ ᠰᠤᠷᠤᠭᠠᠳ ᠰᠤᠷᠭᠠᠭᠤᠯᠢ ᠳᠤ ᠶᠠᠪᠤᠬᠤ ᠵᠠᠮ  ᠳᠠᠭᠠᠨ᠂ ᠢᠰᠢᠭᠡ ᠬᠤᠷᠠᠭ᠎ᠠ ᠪᠠᠨ ᠬᠠᠷᠢᠭᠤᠯᠵᠤ ᠪᠠᠶᠢᠬᠤ ᠳᠠᠭᠠᠨ᠂ ᠠᠬᠠᠰ ᠵᠠᠬᠠᠰ ᠲᠠᠭᠠᠨ ᠴᠤ ᠭᠠᠶᠢᠬᠠᠭᠤᠯᠵᠤ ᠳᠠᠭᠤᠯᠠᠵᠤ ᠪᠠᠶᠢᠭᠰᠠᠨ ᠪᠠᠭ᠎ᠠ ᠨᠠᠰᠤ ᠮᠠᠨᠢ ᠲᠡᠭᠡᠵᠦ ᠯᠠ ᠳᠡᠳᠮ᠎ᠠ ᠪᠠᠭᠰᠢ ᠳᠠᠭᠠᠨ ︽ᠱᠠᠪᠢ ᠣᠷᠣᠭᠰᠠᠨ︾ ᠪᠠᠶᠢᠵᠤ ᠳ᠋ᠠ ᠁ ᠠᠩᠬ᠎ᠠ ᠳᠤᠮᠳᠠᠳᠤ ᠳᠤ ᠣᠷᠣᠭᠰᠠᠨ ᠠᠴᠠ ᠬᠤᠶᠢᠰᠢ ᠠᠮᠠᠷᠠᠯᠲᠠ ᠪᠠᠷ ᠢᠶᠠᠨ ᠬᠤᠨᠢ ᠬᠠᠷᠢᠭᠤᠯᠵᠤ ᠶᠠᠪᠤᠬᠤ ᠳᠠᠭᠠᠨ ᠰᠣᠷᠤᠬᠰᠠᠨ ᠳᠠᠭᠤᠤ ᠪᠠᠨ ᠬᠠᠩᠭᠢᠨᠠᠲᠠᠯ᠎ᠠ ᠳᠠᠭᠤᠯᠠᠵᠤ᠂ ᠡᠨᠡ ᠳᠠᠭᠤᠤ ᠶᠢ ᠳᠠᠭᠤᠯᠠᠭᠰᠠᠨ ᠲᠡᠷᠡ ᠣᠯᠠᠨ ᠪᠠᠭᠰᠢ ᠨᠠᠷ ᠲᠠᠢ ᠠᠭᠤᠯᠵᠠᠵᠤ ᠲᠠᠨᠢᠯᠴᠠᠭᠰᠠᠨ ᠪᠣᠯ ᠶᠠᠮᠠᠷ ᠰᠠᠶᠢᠬᠠᠨ ᠪᠤᠢ ᠭᠡᠵᠦ ᠬᠦᠰᠡᠵᠦ ᠰᠠᠨᠠᠵᠤ ᠪᠠᠶᠢᠭᠰᠠᠨ ᠮᠠᠨᠢ ᠴᠣ᠋ ᠶᠠᠭ ᠯᠠ ᠥᠴᠥᠭᠡᠳᠦᠷᠬᠡᠨ ᠰᠢᠭ ᠶᠡᠬᠡᠯ᠎ᠡ ᠣᠶᠢᠷᠠᠬᠠᠨ ᠰᠠᠨᠠᠭᠳᠠᠨ᠎ᠠ᠃ ᠲᠡᠷᠡ ᠦᠶ᠎ᠡ ᠳᠤ ᠪᠢ ᠳᠡᠳᠮ᠎ᠠ ᠪᠠᠭᠰᠢ᠂ ᠯᠾᠠᠰᠦ᠋ᠷᠦᠩ ᠪᠠᠭᠰᠢ᠂ ᠵᠢᠨᠬᠤᠸᠠᠷ ᠪᠠᠭᠰᠢ᠂ ᠮᠦᠯᠠᠨ ᠪᠠᠭᠰᠢ ᠵᠡᠷᠭᠡ ᠣᠯᠠᠨ ᠳᠠᠭᠤᠴᠢᠳ ᠤᠨ ᠳᠠᠭᠤᠤ ᠶᠢ ᠠᠨᠳᠠᠬᠤ ᠦᠭᠡᠢ ᠰᠠᠶᠢᠬᠠᠨ ᠮᠡᠳᠡᠳᠡᠭ᠃ ᠣᠳᠤ ᠡᠨᠡ ᠪᠦᠭᠦᠨ ᠢ ᠡᠷᠭᠢᠴᠡᠭᠦᠯᠦᠨ ᠪᠤᠳᠤᠬᠤ ᠳᠤ ᠲᠡᠷᠡ ᠦᠶ᠎ᠡ ᠶᠢᠨ ᠣᠯᠠᠨ ᠰᠠᠶᠢᠬᠠᠨ ᠪᠠᠭᠰᠢ ᠨᠠᠷ ᠤᠨ ᠳᠠᠭᠤᠤ ᠶᠢ ᠰᠣᠨᠣᠰᠤᠭᠠᠳ ᠳᠠᠭᠤᠤ ᠬᠥᠭᠵᠢᠮ ᠤᠨ ᠤᠷ᠎ᠠ ᠠᠪᠢᠶᠠᠰ᠂ ᠨᠠᠰᠣᠨ ᠤ ᠦᠢᠯᠡᠰ ᠤᠨ ᠮᠢᠨᠢ ᠬᠦᠰᠡᠯᠡᠩ ᠭᠦᠪᠦᠷᠡᠵᠦ ᠡᠬᠢᠯᠡᠭᠰᠡᠨ ᠠᠵᠢ᠃ ᠲᠡᠷᠡ ᠦᠶ᠎ᠡ ᠳᠤ ᠪᠠᠰᠠ ᠲᠣᠮᠣ ᠪᠠᠭᠰᠢ ᠨᠠᠷ  ᠤᠨ ᠬᠠᠶᠠ ᠨᠢᠭᠡ ᠮᠠᠨ ᠤ ᠬᠤᠰᠢᠭᠤᠨ ᠤ ᠲᠥᠪ ᠳ᠋ᠠᠪᠠᠨ ᠪᠠᠯᠭᠠᠰᠤᠨ ᠳᠤ ᠢᠷᠡᠵᠦ ᠲᠤᠬᠯᠠᠯᠳᠠ ᠭᠠᠷᠭᠠᠵᠤ᠂ ᠠᠯᠢ ᠪᠠᠭᠰᠢ ᠨᠢ ᠶᠠᠮᠠᠷ ᠳᠠᠭᠤᠤ ᠳᠠᠭᠤᠯᠠᠵᠤ᠂ ᠶᠠᠭᠤ ᠶᠠᠷᠢᠭᠰᠠᠨ ᠭᠡᠳᠡᠭ ᠰᠣᠨᠢᠷᠬᠠᠯᠲᠠᠢ ᠵᠣᠭᠤᠭ ᠢ ᠣᠯᠵᠤ ᠰᠣᠨᠣᠰᠤᠭᠠᠳ ᠥᠪᠡᠷ ᠢᠶᠠᠨ ᠣᠯᠣᠭᠠᠳ ᠠᠭᠤᠯᠵᠠᠴᠢᠬᠠᠭᠰᠠᠨ ᠰᠢᠭ᠋ ᠰᠡᠮᠭᠡᠨ ᠪᠠᠶᠠᠷᠯᠠᠵᠤ ᠣᠯᠵᠠᠭᠤᠷᠬᠠᠨ ᠶᠠᠪᠤᠳᠠᠭ ᠪᠠᠶᠢᠯ᠎ᠠ ᠁ ᠤᠷᠠᠯᠢᠭ ᠤᠨ ᠣᠳᠣᠨ ᠬᠥᠭᠡᠭᠡᠴᠡᠯᠳᠦᠬᠦ ᠤᠷᠤᠰᠬᠠᠯ ᠡᠬᠢᠯᠡᠭᠡ ᠦᠭᠡᠢ ᠲᠡᠷᠡ ᠴᠠᠭ ᠲᠤ᠂ ᠳᠡᠳᠮ᠎ᠠ ᠪᠠᠭᠰᠢ ᠮᠢᠨᠢ ᠬᠡᠦᠬᠡᠳ ᠨᠠᠰᠤᠨ ᠤ ᠮᠢᠨᠢ ᠬᠦᠰᠡᠯᠡᠩᠲᠦ ᠣᠳᠣᠨ ᠪᠣᠯᠵᠤ ᠪᠠᠶᠢᠭᠰᠠᠨ ᠨᠢ ᠦᠨᠡᠨᠲᠡᠢ᠃       ᠳᠡᠳᠮ᠎ᠠ ᠪᠠᠭᠰᠢ ᠪᠣᠯ ᠦᠢᠯᠡᠰ ᠤᠨ ᠮᠢᠨᠢ ᠥᠨᠳᠦᠷᠯᠢᠭ ᠢ ᠪᠣᠰᠬᠠᠵᠤ ᠥᠭᠭᠦᠭᠰᠡᠨ ᠠᠴᠢᠲᠠᠨ ᠶᠤᠮ       ᠲᠣᠮᠣ ᠳᠠᠭᠤᠴᠢᠨ ᠳᠡᠳᠮ᠎ᠠ ᠪᠠᠭᠰᠢ ᠮᠠᠨ ᠤ ᠬᠤᠶᠠᠭᠤᠯᠠ ᠶᠢᠨ ᠠᠩᠬᠠᠨ ᠤ ᠠᠭᠤᠯᠵᠠᠯᠲᠠ ᠪᠣᠯ ︽ᠬᠥᠬᠡ ᠮᠣᠩᠭᠤᠯ ᠤᠨ ᠥᠨᠳᠦᠷᠯᠢᠭ︾ ᠳᠠᠭᠤᠤ ᠠᠴᠠ ᠪᠣᠯᠤᠭᠰᠠᠨ ᠶᠤᠮ᠃ ᠣᠯᠠᠨ᠎ᠠ ᠮᠡᠳᠡᠷᠡᠭᠳᠡᠨ ᠳᠡᠯᠭᠡᠷᠡᠭᠰᠡᠨ︽ᠬᠥᠬᠡ ᠮᠣᠩᠭᠤᠯ ᠤᠨ ᠥᠨᠳᠦᠷᠯᠢᠭ︾ ᠳᠠᠭᠤᠤ ᠪᠠᠨ ᠪᠢ 1997 ᠣᠨ ᠤ 11 ᠰᠠᠷ᠎ᠠ ᠳᠤ ᠳᠤᠮᠳᠠᠳᠤ ᠤᠯᠤᠰ ᠤᠨ ᠳᠠᠭᠤᠤ ᠬᠥᠭᠵᠢᠮ ᠤᠨ ᠳᠡᠭᠡᠳᠦ ᠰᠤᠷᠭᠠᠭᠤᠯᠢ ᠳᠤ ᠰᠣᠷᠤᠯᠴᠠᠵᠤ ᠪᠠᠶᠢᠬᠤ ᠳᠠᠭᠠᠨ ᠠᠶᠠᠯᠭᠤ ᠶᠢ ᠨᠢ ᠵᠣᠬᠢᠶᠠᠭᠰᠠᠨ ᠶᠤᠮ᠃ ᠳᠤᠮᠳᠠᠳᠤ ᠰᠤᠷᠭᠠᠭᠤᠯᠢ ᠶᠢᠨ ᠦᠶ᠎ᠡ ᠶᠢᠨ ᠳᠡᠭᠡᠷ᠎ᠡ ᠣᠨ ᠤ ᠨᠣᠮ ᠤᠨ ᠠᠬ᠎ᠠ᠂ ᠵᠣᠬᠢᠶᠠᠯᠴᠢ᠂ ᠰᠤᠳᠤᠯᠤᠭᠠᠴᠢ  ᠦ᠊·ᠨᠠᠴᠢᠨ ᠭᠤᠸᠠᠢ ᠦᠭᠡ ᠶᠢ ᠨᠢ ᠪᠢᠴᠢᠵᠦ᠂ ᠪᠢᠳᠡ ᠬᠤᠶᠠᠷ ᠤᠨ ᠬᠠᠮᠲᠤᠷᠠᠭᠰᠠᠨ ᠪᠦᠲᠦᠭᠡᠯ ᠪᠣᠯᠤᠭᠰᠠᠨ ᠶᠤᠮ᠃ ᠨᠠᠴᠢᠨ ᠮᠠᠨᠢ ᠪᠡᠭᠡᠵᠢᠩ ᠳᠤ ᠠᠵᠢᠯᠯᠠᠵᠤ ᠠᠮᠢᠳᠤᠷᠠᠳᠠᠭ ᠢᠶᠠᠷ ᠢᠶᠠᠨ ᠲᠡᠨᠳᠡ ᠲᠠᠨᠢᠯ ᠣᠯᠠᠨ᠂ ᠭᠦᠭᠡᠬᠤᠳᠠ ᠠᠴᠠ ᠢᠷᠡᠭᠰᠡᠨ ᠨᠠᠳᠠ ᠳᠤ ᠪᠡᠭᠡᠵᠢᠩ ᠤᠨ ᠲᠠᠨᠢᠯ ᠬᠠᠷᠢᠨ ᠴᠥᠭᠡᠨ ᠶᠤᠮ ᠳ᠋ᠠ᠃ ᠮᠢᠨᠤ ᠡᠨᠡ ᠳᠠᠭᠤᠤ ᠪᠣᠯ ᠶᠠᠭ ᠳᠡᠳᠮ᠎ᠠ ᠪᠠᠭᠰᠢ ᠪᠠᠷ ᠳᠠᠭᠤᠯᠠᠭᠤᠯᠬᠤ ᠵᠣᠷᠢᠯᠭ᠎ᠠ ᠲᠠᠢ ᠪᠢᠴᠢᠭᠰᠡᠨ ᠤᠴᠢᠷ ᠠᠴᠠ ᠶᠠᠭᠤ ᠴᠦ ᠭᠡᠰᠡᠨ ᠡᠨᠡ ᠳᠠᠭᠤᠤ ᠪᠠᠨ ᠳᠡᠳᠮ᠎ᠠ ᠪᠠᠭᠰᠢ ᠳᠤ ᠬᠠᠷᠠᠭᠤᠯᠬᠤ ᠰᠠᠨ᠂ ᠰᠣᠨᠣᠰᠬᠠᠬᠤ ᠰᠠᠨ ᠭᠡᠰᠡᠨ ᠪᠤᠳᠤᠯ ᠲᠠᠢ ᠪᠠᠶᠢᠭᠰᠠᠨ᠃ ᠢᠩᠭᠢᠭᠡᠳ ᠨᠠᠴᠢᠨ ᠮᠠᠨᠢ ᠠᠯᠪᠠᠨ ᠪᠠᠶᠢᠭᠤᠯᠭ᠎ᠠ ᠶᠢᠨ ᠢᠶᠠᠨ ᠨᠠᠰᠤᠨᠪᠠᠭᠠᠲᠤᠷ ᠪᠠᠭᠰᠢ ᠪᠠᠷ ᠳᠡᠳᠮ᠎ᠠ ᠪᠠᠭᠰᠢ ᠳᠤ ᠦᠭᠡ ᠵᠠᠬᠢᠭᠤᠯᠤᠭᠰᠠᠨ ᠶᠤᠮ᠃ ᠨᠠᠴᠢᠨ ᠪᠢᠳᠡ ᠬᠤᠶᠠᠷ ᠳᠠᠭᠤᠤ ᠶᠢᠨ ᠢᠶᠠᠨ ᠨᠣᠲ᠂ ᠦᠭᠡ ᠪᠠᠨ ᠰᠠᠶᠢᠬᠠᠨ ᠬᠠᠭᠤᠯᠵᠤ ᠪᠦᠷᠢᠨ ᠪᠡᠯᠡᠳᠬᠡᠯ ᠬᠢᠭᠰᠡᠨ ᠤ ᠳᠠᠷᠠᠭ᠎ᠠ ᠪᠢ ᠨᠡᠶᠢᠳᠡ ᠶᠢᠨ ᠤᠲᠠᠰᠤ ᠪᠠᠷ ᠳᠡᠳᠮ᠎ᠠ ᠪᠠᠭᠰᠢ ᠶᠢᠨ ᠭᠡᠷ ᠤᠨ ᠤᠲᠠᠰᠤ ᠶᠢ ᠵᠠᠯᠭᠠᠯ᠎ᠠ᠃ ᠳᠡᠳᠮ᠎ᠠ ᠪᠠᠭᠰᠢ ᠤᠲᠠᠰᠤ ᠶᠢ ᠮᠠᠨᠢ ᠲᠤᠰᠴᠤ ᠳᠣᠲᠣᠨᠣ ᠬᠠᠯᠠᠭᠤᠮᠰᠤᠭ ᠢᠶᠠᠷ ︽ᠳᠠᠭᠤᠤ ᠶᠢᠨ ᠢᠶᠠᠨ ᠦᠭᠡ ᠠᠶ᠎ᠠ ᠶᠢ ᠢᠯᠡᠭᠡᠭᠡᠳ ᠢᠷᠡᠭᠦᠯᠦᠭᠡᠷᠡᠢ︾ ᠭᠡᠬᠦ ᠳᠤ ᠪᠢ ᠴᠢᠨᠢ ᠪᠠᠭᠰᠢ ᠶᠢᠨ ᠠᠵᠢᠯ ᠣᠯᠠᠨᠲᠠᠢ ᠶᠢ ᠮᠡᠳᠡᠵᠦ ᠪᠠᠶᠢᠬᠤ ᠭᠢᠷᠢᠨ᠎ᠡ ᠳᠠᠪᠰᠢᠭᠤᠷᠠᠵᠤ ︽ᠪᠠᠭᠰᠢ ᠶᠢᠨ ᠬᠤᠷᠢᠨ ᠮᠢᠨᠦ᠋ᠲ ᠤᠨ ᠴᠠᠭ ᠢ ᠭᠠᠷᠤᠵᠠᠳᠠᠭᠤᠯᠵᠤ᠂ ᠲᠠᠨ ᠤ ᠲᠡᠭᠦᠯᠳᠡᠷ ᠬᠤᠭᠤᠷ ᠳᠡᠭᠡᠷ᠎ᠡ ᠠᠶ᠎ᠠ ᠪᠠᠨ ᠬᠥᠭᠵᠢᠮᠳᠡᠵᠦ᠂ ᠳᠠᠭᠤᠤ ᠪᠠᠨ ᠳᠠᠭᠤᠯᠠᠵᠤ ᠰᠣᠨᠣᠰᠬᠠᠶ᠎ᠠ︾ ᠭᠡᠵᠦ ᠰᠠᠨᠠᠭ᠎ᠠ ᠪᠠᠨ ᠬᠡᠯᠡᠬᠦ ᠳᠤ ᠳᠡᠳᠮ᠎ᠠ ᠪᠠᠭᠰᠢ ᠮᠢᠨᠢ ᠭᠥᠯᠢᠶᠡᠨ ᠵᠥᠪᠰᠢᠶᠡᠷᠡᠵᠦ᠂ ᠮᠥᠨ ᠲᠡᠷᠡ ᠦᠳᠡ ᠶᠢᠨ ᠬᠤᠶᠢᠨ᠎ᠠ ᠨᠢ ᠪᠠᠭᠰᠢ ᠶᠢᠨ ᠭᠡᠷ ᠲᠤ ᠬᠦᠷᠴᠦ ᠣᠴᠢᠭᠰᠠᠨ ᠪᠢᠯᠡ᠃ ᠪᠠᠭᠰᠢ ᠶᠢᠨ ᠳᠤ ᠬᠦᠷᠬᠦ ᠳᠤ ᠪᠠᠭᠰᠢ ᠮᠠᠨᠢ ᠰᠣᠷᠤᠬᠴᠢ ᠳᠠᠭᠠᠨ ᠬᠢᠴᠢᠶᠡᠯ ᠣᠷᠣᠵᠤ ᠶᠠᠭᠠᠷᠠᠯᠲᠠᠶᠢᠬᠠᠨ ᠠᠵᠢᠯᠯᠠᠵᠤ ᠪᠠᠶᠢᠭᠰᠠᠨ ᠠᠴᠠ ᠪᠢᠳᠡ ᠵᠢᠭᠠᠬᠠᠨ ᠬᠦᠯᠢᠶᠡᠬᠦ ᠬᠡᠷᠡᠭᠲᠡᠢ ᠪᠣᠯᠵᠤ᠂ ᠳᠡᠳᠮ᠎ᠠ ᠪᠠᠭᠰᠢ ᠶᠢᠨ ᠨᠥᠬᠦᠷ ᠷᠠᠰᠢᠨᠢᠮ᠎ᠠ ᠪᠠᠭᠰᠢ ᠮᠠᠨᠤᠰ ᠢ ᠳᠣᠲᠣᠨᠣᠰᠤᠭ ᠢᠶᠠᠷ ᠵᠣᠴᠢᠯᠠᠵᠤ ᠭᠠᠷᠤᠯ᠎ᠠ᠃ ᠳᠡᠳᠮ᠎ᠠ ᠪᠠᠭᠰᠢ ᠬᠢᠴᠢᠶᠡᠯ ᠢᠶᠠᠨ ᠳᠠᠭᠤᠰᠬᠠᠵᠤ ᠮᠠᠨᠤᠰ ᠲᠠᠢ ᠶᠠᠷᠢᠯᠴᠠᠨ᠂ ᠪᠢ︽ᠬᠥᠬᠡ ᠮᠣᠩᠭᠤᠯ ᠤᠨ ᠥᠨᠳᠦᠷᠯᠢᠭ︾ ᠳᠠᠭᠤᠤ ᠪᠠᠨ ᠲᠡᠭᠦᠯᠳᠡᠷ ᠬᠤᠭᠤᠷ ᠢᠶᠠᠷ ᠬᠥᠭᠵᠢᠮᠳᠡᠵᠦ ᠳᠠᠭᠤᠯᠠᠵᠤ ᠥᠭᠭᠦᠯ᠎ᠡ᠃ ᠳᠡᠳᠮ᠎ᠠ ᠪᠠᠭᠰᠢ ᠨᠥᠬᠦᠷ ᠲᠠᠢ ᠪᠠᠨ ᠬᠠᠮᠲᠤ ᠪᠠᠷ ᠳᠠᠭᠤᠤ ᠶᠢ ᠶᠡᠭᠡ ᠲᠣᠭᠤᠵᠤ᠂ ᠮᠠᠨᠤᠰ ᠢ ᠮᠠᠰᠢ ᠵᠣᠷᠢᠭᠵᠢᠭᠤᠯᠤᠨ ᠬᠤᠨᠢᠨ ᠮᠢᠬ᠎ᠠ᠂ ᠰᠦ ᠲᠠᠢ ᠴᠠᠢ ᠪᠠᠷ ᠵᠣᠴᠢᠯᠠᠬᠤ ᠶᠢᠨ ᠬᠠᠮᠲᠤ ᠠᠮᠧᠷᠢᠺᠠ ᠬᠢᠴᠡ ᠲᠠᠢ ᠰᠢᠩᠭᠡᠭᠡᠯᠲᠡ ᠶᠢᠨ ᠮᠠᠰᠢᠨ ᠢᠶᠠᠷ ᠢᠶᠠᠨ ᠰᠢᠩᠭᠡᠬᠡᠨ ᠠᠪᠤᠭᠠᠳ ᠥᠪᠡᠷ ᠤᠨ ᠲᠤᠰᠬᠠᠢ ᠺᠠᠰᠲ ᠤᠨ ᠢᠶᠠᠨ ᠭᠤᠣᠯ ᠳᠠᠭᠤᠤ ᠪᠤᠯᠭᠠᠬᠤ ᠪᠠᠷ ᠶᠠᠷᠢᠯᠴᠠᠵᠤ ᠲᠣᠬᠢᠷᠠᠭᠰᠠᠨ ᠪᠥᠭᠡᠳ ᠳᠠᠭᠤᠤ ᠶᠢᠨ ᠦᠭᠡ ᠶᠢ ᠮᠣᠩᠭᠤᠯᠴᠢᠯᠠᠬᠤ ᠶᠢ ᠰᠠᠨᠠᠭᠠᠴᠢᠯᠠᠵᠤ᠂ 1998 ᠣᠨ ᠤ ᠥᠪᠥᠷ ᠮᠣᠩᠭᠤᠯ ᠤᠨ ᠮᠣᠩᠭᠤᠯ ᠣᠳᠤᠨ ᠲᠧᠯᠸᠢᠰ ᠤᠨ ᠬᠤᠣᠰ ᠬᠡᠯᠡᠨ ᠤ ᠴᠠᠭᠠᠨ ᠰᠠᠷ᠎ᠠ ᠶᠢᠨ ᠦᠳᠡᠰᠢᠯᠡᠭᠡ ᠪᠠᠷ ᠳᠡᠳᠮ᠎ᠠ ᠪᠠᠭᠰᠢ ᠠᠴᠠ ᠲᠤᠰ ᠳᠠᠭᠤᠤ ᠶᠢ ᠬᠤᠣᠰ ᠭᠡᠯᠡ ᠪᠠᠷ ᠳᠠᠭᠤᠯᠠᠬᠤ ᠪᠠᠷ ᠲᠣᠭᠲᠠᠭᠰᠠᠨ ᠶᠤᠮ᠃ ᠢᠩᠭᠢᠭᠡᠳ ᠲᠥᠪ ᠷᠠᠳᠢᠣ᠋ ᠶᠢᠨ ᠨᠣᠷᠪᠤ ᠠᠬ᠎ᠠ ᠮᠠᠨᠢ ᠳᠠᠭᠤᠤ ᠶᠢᠨ ᠰᠢᠩᠭᠡᠭᠡᠯᠲᠡ ᠬᠢᠵᠦ ᠥᠭᠭᠦᠨ᠂ ᠳᠡᠳᠮ᠎ᠠ ᠪᠠᠭᠰᠢ ᠶᠢᠨ ᠳᠠᠭᠤᠯᠠᠭᠰᠠᠨ ︽ᠬᠥᠬᠡ ᠮᠣᠩᠭᠤᠯ ᠤᠨ ᠥᠨᠳᠦᠷᠯᠢᠭ︾ ᠳᠠᠭᠤᠤ ᠪᠦᠭᠦ ᠣᠷᠣᠨ᠂ ᠴᠢᠨᠠᠭᠰᠢᠯᠠᠨ ᠪᠦᠭᠦ ᠤᠯᠤᠰ ᠤᠨ ᠰᠣᠨᠣᠰᠤᠭᠴᠢ ᠲᠦᠮᠡᠨ ᠤ ᠪᠠᠨ ᠳᠤᠮᠳᠠ ᠰᠠᠴᠤᠭᠳᠠᠨ ᠣᠯᠠᠨ ᠤ ᠲᠠᠭᠠᠰᠢᠶᠠᠯ ᠳᠤ ᠭᠦᠷᠦᠭᠰᠡᠨ ᠪᠦᠲᠦᠭᠡᠯ ᠪᠣᠯᠵᠤ᠂ ᠮᠢᠨᠤ ᠢᠲᠡᠭᠡᠯ ᠵᠣᠷᠢᠭ ᠢ ᠬᠥᠪᠴᠢᠯᠡᠵᠦ ᠤᠷᠠᠯᠢᠭ ᠤᠨ ᠥᠨᠳᠦᠷᠯᠢᠭ ᠵᠦᠭ ᠲᠡᠮᠡᠦᠯᠬᠦ ᠬᠠᠮᠤᠭ ᠤᠨ ᠢᠳᠡ ᠬᠦᠴᠦ ᠲᠠᠢ ᠲᠣᠮᠣ ᠳᠡᠮᠵᠢᠯᠭᠡ ᠪᠣᠯᠤᠭᠰᠠᠨ ᠰᠠᠨ᠃ ᠢᠩᠭᠢᠬᠦ ᠪᠠᠷ ᠨᠢ ᠨᠠᠴᠢᠨ ᠪᠢᠳᠡ ᠬᠤᠶᠠᠷ ᠲᠤ ᠠᠪᠴᠤ ᠬᠡᠯᠡᠪᠡᠯ ᠳᠡᠳᠮ᠎ᠠ ᠪᠠᠭᠰᠢ ᠶᠢᠨ ᠳᠠᠭᠤᠯᠠᠵᠤ ᠠᠮᠢᠯᠠᠭᠤᠯᠤᠭᠰᠠᠨ ᠡᠨᠡ ᠪᠦᠲᠦᠭᠡᠯ ᠨᠢ ᠮᠠᠨ ᠤ ᠬᠤᠶᠠᠷ ᠲᠤ ᠦᠢᠯᠡᠰ ᠤᠨ ᠥᠨᠳᠦᠷᠯᠢᠭ ᠤᠨ ᠰᠠᠭᠤᠷᠢ ᠶᠢ ᠲᠠᠯᠪᠢᠵᠤ ᠥᠭᠭᠦᠭᠰᠡᠨ ᠪᠢᠯᠡ᠃ ᠬᠤᠵᠢᠮ ᠨᠢ ᠨᠠᠴᠢᠨ ᠪᠢᠳᠡ ᠬᠤᠶᠠᠷ ᠤᠨ ᠪᠠᠰᠠ ᠨᠢᠭᠡᠨ ᠪᠦᠲᠦᠭᠡᠯ ︽ᠬᠠᠶᠢᠷ᠎ᠠ ᠶᠢᠨ ᠬᠠᠳᠠᠭ︾ ᠳᠠᠭᠤᠤ ᠶᠢ ᠴᠦ ᠳᠡᠳᠮ᠎ᠠ ᠪᠠᠭᠰᠢ ᠮᠠᠨᠢ ᠬᠢᠲᠠᠳ ᠮᠣᠩᠭᠤᠯ ᠬᠤᠶᠠᠷ ᠭᠡᠯᠡ ᠪᠠᠷ ᠳᠠᠭᠤᠯᠠᠵᠤ᠂︽ᠳᠡᠳᠮ᠎ᠠ ᠤᠷᠠᠯᠢᠭ ᠤᠨ ᠳᠡᠭᠡᠳᠦ ᠰᠤᠷᠭᠠᠭᠤᠯᠢ︾ ᠶᠢᠨ ᠢᠶᠠᠨ ᠰᠤᠷᠭᠠᠭᠤᠯᠢ ᠶᠢᠨ ᠳᠠᠭᠤᠤ ᠪᠤᠯᠭᠠᠬᠰᠠᠨ ᠶᠤᠮ᠃ ᠡᠭᠦᠨ ᠠᠴᠠ ᠭᠠᠳᠠᠨ᠎ᠠ︽ᠵᠠᠮ︾᠂ ︽ᠲᠠᠯ᠎ᠠ ᠶᠢᠨ ᠳᠠᠭᠤᠯᠠᠯ︾᠂ ︽ᠡᠬᠡ ᠳᠡᠯᠡᠬᠡᠢ ᠡᠩᠬᠡ ᠵᠢᠷᠭᠠᠯᠠᠩ︾᠂ ︽ᠪᠠᠶᠠᠨᠴᠠᠭᠠᠨ ᠮᠢᠨᠤ︾ ᠵᠡᠷᠭᠡ ᠨᠤᠲᠤᠭ ᠣᠷᠣᠨ ᠳᠤ ᠪᠢᠴᠢᠵᠦ ᠥᠭᠭᠦᠭᠰᠡᠨ ᠳᠠᠭᠤᠤ ᠪᠠ ᠬᠤᠶᠠᠷ ᠤᠳᠠᠭᠠᠨ ᠤ ᠬᠢᠵᠢᠭ ᠤᠨ ᠬᠤᠭᠤᠴᠠᠭᠠᠨ ᠳᠤ ᠪᠢᠴᠢᠭᠰᠡᠨ ᠭᠤᠷᠪᠠᠨ ᠳᠠᠭᠤᠤ ᠲᠠᠢ ᠨᠡᠶᠢᠲᠡ ᠠᠷᠪᠠᠭᠠᠳ ᠳᠠᠭᠤᠤ ᠶᠢ ᠳᠡᠳᠮ᠎ᠠ ᠪᠠᠭᠰᠢ ᠮᠠᠨᠢ ᠠᠮᠢᠯᠠᠭᠤᠯᠵᠤ ᠳᠠᠭᠤᠯᠠᠭᠰᠠᠨ ᠪᠥᠭᠡᠳ ᠶᠡᠭᠡ ᠥᠷᠭᠡᠨ ᠢᠶᠠᠷ ᠲᠠᠷᠬᠠᠭᠰᠠᠨ ᠪᠠᠶᠢᠳᠠᠭ᠃ ᠳᠡᠳᠮ᠎ᠠ ᠪᠠᠭᠰᠢ ᠮᠠᠨᠢ ᠵᠠᠯᠠᠭᠤ ᠬᠥᠮᠥᠨ ᠢ ᠳᠡᠮᠵᠢᠶ᠎ᠡ ᠭᠡᠬᠦ ᠰᠠᠨᠠᠭᠠᠨ ᠠᠴᠠ ᠮᠢᠨᠤ ᠣᠯᠠᠨ ᠤᠳᠠᠭᠠᠨ ᠤ ᠲᠥᠪ ᠲᠧᠯᠸᠢᠰ᠂ᠪᠡᠭᠡᠵᠢᠩ ᠤᠨ ᠲᠧᠯᠸᠢᠰ ᠪᠠ ᠥᠪᠥᠷ ᠮᠣᠩᠭᠤᠯ ᠤᠨ ᠲᠧᠯᠸᠢᠰ ᠬᠤᠷᠢᠶᠠᠨ ᠤ ᠰᠣᠷᠪᠤᠯᠵᠢᠯᠠᠭ᠎ᠠ ᠶᠢᠨ ᠠᠬᠤᠢ ᠲᠠᠯᠠᠪᠠᠢ ᠪᠣᠯᠣᠨ ᠭᠡᠳᠦ ᠤᠳᠠᠭᠠᠨ ᠤ ᠳᠠᠭᠤᠤ ᠬᠥᠭᠵᠢᠮ ᠤᠨ ᠪᠦᠲᠦᠭᠡᠯ ᠤᠨ ᠦᠳᠡᠰᠢᠯᠡᠭᠡ ᠳᠤ ᠬᠦᠷᠴᠦ ᠣᠷᠣᠯᠴᠠᠪᠠ᠃ ᠡᠳᠡᠭᠡᠷ ᠣᠯᠠᠨ ᠵᠣᠷᠢᠭᠵᠢᠭᠤᠯᠤᠯ᠂ ᠬᠠᠪᠰᠤᠷᠤᠯᠭ᠎ᠠ ᠳᠡᠮᠵᠢᠯᠭᠡ ᠶᠢ ᠪᠢ ᠦᠷᠭᠦᠯᠵᠢ ᠰᠠᠨᠠᠵᠤ ᠶᠠᠪᠤᠳᠠᠭ ᠪᠥᠭᠡᠳ ᠡᠨᠡ ᠪᠦᠭᠦᠨ ᠮᠠᠨᠢ ᠣᠳᠤ ᠮᠢᠨᠤ ᠰᠡᠳᠬᠢᠯ ᠳᠤ ᠮᠥᠩᠬᠡ ᠶᠢᠨ ᠳᠤᠷᠠᠳᠬᠠᠯ ᠪᠣᠯᠵᠤ ᠦᠯᠡᠳᠡᠵᠡᠢ᠃       ᠳᠡᠳᠮ᠎ᠠ ᠪᠠᠭᠰᠢ ᠪᠣᠯ ᠮᠣᠷᠠᠯ ᠡᠷᠳᠡᠮ ᠬᠤᠣᠰᠯᠠᠭᠰᠠᠨ ᠮᠤᠨᠳᠠᠭ ᠤᠷᠠᠯᠢᠭᠴᠢᠨ ᠶᠤᠮ       ᠳᠡᠳᠮ᠎ᠠ ᠪᠠᠭᠰᠢ ᠪᠣᠯ ᠮᠣᠷᠠᠯ ᠡᠷᠳᠡᠮ ᠬᠤᠣᠰᠯᠠᠭᠰᠠᠨ ᠮᠤᠨᠳᠠᠭ ᠤᠷᠠᠯᠢᠭᠴᠢᠨ ᠶᠤᠮ᠃ ᠬᠥᠬᠡ ᠮᠣᠩᠭᠤᠯ ᠤᠨ ᠥᠨᠳᠦᠷᠯᠢᠭ ᠲᠡᠭᠡᠨ ᠵᠠᠶᠠᠭᠠᠵᠤ ᠮᠡᠨᠳᠦᠯᠡᠭᠰᠡᠨ᠂ ᠲᠡᠷᠡ ᠶᠡᠭᠡ ᠥᠨᠳᠦᠷᠯᠢᠭ ᠠᠴᠠ ᠡᠭᠡᠰᠢᠭ ᠤᠶᠠᠩᠭ᠎ᠠ ᠪᠠᠷ ᠢᠶᠠᠨ ᠬᠠᠯᠢᠨ ᠳᠡᠪᠳᠡᠷᠢᠭᠰᠡᠨ᠂ ᠡᠬᠡ ᠤᠯᠤᠰ ᠤᠨ ᠢᠶᠠᠨ ᠥᠷᠭᠡᠨ ᠵᠠᠢ ᠳᠤ ᠳᠠᠭᠤᠤ ᠪᠠᠨ ᠳᠡᠯᠭᠡᠷᠡᠭᠦᠯᠵᠦ ᠴᠢᠳᠠᠭᠰᠠᠨ ᠳᠠᠭᠤᠤ ᠶᠢᠨ ᠬᠠᠳᠤᠨ ᠬᠠᠭᠠᠨ ᠶᠤᠮ᠃ ᠳᠡᠳᠮ᠎ᠠ ᠪᠠᠭᠰᠢ 1979 ᠣᠨ ᠳᠤ ︽ᠦᠵᠡᠰᠬᠦᠯᠡᠩᠲᠦ ᠰᠠᠶᠢᠬᠠᠨ ᠮᠢᠨᠤ ᠨᠤᠲᠤᠭ︾ ᠭᠡᠰᠡᠨ ᠳᠠᠭᠤᠤ ᠪᠠᠷ ᠢᠶᠠᠨ ᠪᠦᠭᠦ ᠤᠯᠤᠰ ᠤᠨ ᠱᠠᠩᠨᠠᠯ ᠢ ᠲᠤᠰᠴᠤ᠂ ᠲᠤᠰ ᠳᠠᠭᠤᠤ ᠪᠦᠭᠦ ᠤᠯᠤᠰ ᠲᠤ ᠶᠡᠭᠡ ᠳᠡᠯᠭᠡᠷᠡᠭᠰᠡᠨ᠃ ᠳᠡᠳᠮ᠎ᠠ ᠪᠠᠭᠰᠢ ᠮᠠᠨ ᠤ ᠤᠯᠤᠰ ᠤᠨ ᠡᠮᠡᠭᠲᠡᠢ ᠶᠢᠨ ᠠᠷᠭᠢᠯ ᠬᠤᠭᠤᠯᠠᠢ ᠶᠢᠨ ᠭᠤᠷᠪᠠᠨ ᠲᠣᠮᠣ ᠳᠠᠭᠤᠴᠢᠨ ᠤ ᠨᠢᠭᠡ ᠪᠥᠭᠡᠳ ᠲᠡᠭᠦᠨ ᠤ ᠬᠢᠲᠠᠳ ᠮᠣᠩᠭᠤᠯ ᠬᠤᠶᠠᠷ ᠭᠡᠯᠡ ᠪᠠᠷ ᠳᠠᠭᠤᠯᠠᠭᠰᠠᠨ ᠬᠡᠳᠦᠨ ᠠᠷᠪᠠᠨ ᠳᠠᠭᠤᠤ ᠨᠢ ᠪᠦᠭᠦ ᠤᠯᠤᠰ ᠲᠤ ᠲᠣᠮᠣ ᠬᠡᠪᠴᠢᠶ᠎ᠡ ᠪᠠᠷ ᠳᠡᠯᠭᠡᠷᠡᠵᠦ᠂ ᠮᠠᠨ ᠤ ᠤᠯᠤᠰ ᠤᠨ ᠠᠷᠪᠠᠨ ᠰᠣᠳᠣᠨ ᠡᠮᠡᠭᠲᠡᠢ ᠳᠠᠭᠤᠴᠢᠨ ᠤ ᠨᠢᠭᠡ ᠪᠣᠯᠤᠭᠰᠠᠨ ᠶᠤᠮ᠃ ᠲᠡᠷᠡ ᠪᠣᠯ ᠮᠠᠨ ᠤ ᠤᠯᠤᠰ ᠤᠨ ᠬᠡᠳᠦᠨ ᠦᠶ᠎ᠡ ᠶᠢᠨ ᠰᠣᠨᠣᠰᠤᠭᠴᠢ ᠲᠦᠮᠡᠨ ᠤ ᠪᠠᠭ᠋ᠠᠷᠬᠠᠯ ᠢ ᠣᠯᠣᠭᠰᠠᠨ᠂ ᠬᠡᠳᠦᠨ ᠦᠶ᠎ᠡ ᠶᠢᠨ ᠠᠶᠠᠯᠭᠤ ᠵᠣᠬᠢᠶᠠᠭᠴᠢᠳ ᠢ ᠬᠥᠮᠥᠵᠢᠭᠦᠯᠵᠦ᠂ ᠠᠶ᠎ᠠ ᠳᠠᠭᠤᠤ ᠶᠢ ᠨᠢ ᠳᠠᠶᠠᠩ ᠳᠤ ᠳᠠᠭᠤᠷᠢᠰᠤᠭᠤᠯᠵᠤ ᠴᠢᠳᠠᠭᠰᠠᠨ ᠶᠡᠭᠡ ᠳᠠᠭᠤᠴᠢᠳ ᠤᠨ ᠨᠢᠭᠡ ᠨᠢ ᠶᠤᠮ᠃ ᠲᠡᠭᠦᠨ ᠤ ᠳᠠᠭᠤᠯᠠᠭᠰᠠᠨ ᠳᠠᠭᠤᠤ ᠶᠢᠨ ᠳᠣᠲᠣᠷ᠎ᠠ ︽ᠦᠵᠡᠰᠬᠦᠯᠡᠩᠲᠦ ᠰᠠᠶᠢᠬᠠᠨ ᠮᠢᠨᠤ ᠨᠤᠲᠤᠭ︾᠂ ︽ᠲᠦᠮᠡᠨ ᠨᠠᠰᠤᠯᠠᠭᠠᠷᠠᠢ︾᠂ ︽ᠲᠠᠯ᠎ᠠ ᠶᠢᠨ ᠰᠥᠨᠢ ᠭᠤᠶᠣᠬᠠᠨ ᠳ᠋ᠠ︾᠂ ︽ᠠᠷᠰᠯᠠᠨ ᠤ ᠨᠢᠳᠦ︾᠂ ︽ᠬᠤᠯᠠ ᠶᠢᠨ ᠠᠨᠳᠠ︾᠂ ︽ᠪᠢ ᠲᠠᠯ᠎ᠠ ᠨᠤᠲᠤᠭ ᠠᠴᠠ ᠢᠷᠡᠭᠰᠡᠨ︾᠂ ︽ᠲᠠᠯ᠎ᠠ ᠳᠤ ᠤᠨᠠᠭᠰᠠᠨ ᠬᠠᠶᠢᠷ᠎ᠠ︾᠂ ︽ᠬᠠᠰᠠᠭ ᠲᠡᠷᠭᠡ︾᠂ ︽ᠬᠥᠬᠡ ᠮᠣᠩᠭᠤᠯ ᠤᠨ ᠥᠨᠳᠦᠷᠯᠢᠭ︾᠂ ︽ᠠᠪᠤ ᠡᠵᠢ ᠶᠢᠨ ᠨᠤᠲᠤᠭ ᠤᠰᠤ︾᠂ ︽ᠮᠠᠯᠴᠢᠨ︾᠂ ︽ᠬᠠᠶᠢᠷ᠎ᠠ ᠶᠢᠨ ᠬᠠᠳᠠᠭ︾ ᠵᠡᠷᠭᠡ ᠰᠣᠳᠣᠨ ᠳᠠᠭᠤᠤ ᠨᠤᠭᠤᠳ ᠪᠠᠶᠢᠳᠠᠭ᠃       ᠳᠡᠳᠮ᠎ᠠ ᠪᠠᠭᠰᠢ ᠪᠣᠯ ᠥᠪᠥᠷ ᠮᠣᠩᠭᠤᠯ ᠣᠷᠣᠨ ᠠᠴᠠ ᠬᠠᠮᠤᠭ ᠠᠩᠬ᠎ᠠ ᠪᠡᠭᠡᠵᠢᠩ ᠬᠤᠲᠠ ᠳᠤ ᠢᠷᠡᠵᠦ ᠠᠵᠢᠯᠯᠠᠭᠰᠠᠨ ᠲᠥᠷᠦ ᠭᠦᠷᠥᠨ ᠳᠤ ᠠᠯᠳᠠᠷᠰᠢᠭᠰᠠᠨ ᠰᠣᠳᠣᠨ ᠳᠠᠭᠤᠴᠢᠨ ᠤ ᠨᠢᠭᠡ᠃ ᠨᠠᠮ ᠲᠥᠷᠦ ᠶᠢᠨ ᠬᠡᠳᠦᠨ ᠦᠶ᠎ᠡ ᠶᠢᠨ ᠤᠳᠤᠷᠢᠳᠤᠯᠭ᠎ᠠ ᠲᠠᠢ ᠠᠭᠤᠯᠵᠠᠨ᠂ ᠣᠯᠠᠨ ᠤᠳᠠᠭ᠎ᠠ ᠲᠣᠬᠯᠠᠯᠳᠠ ᠪᠠᠨ ᠰᠣᠨᠢᠷᠬᠠᠭᠤᠯᠵᠤ ᠪᠠᠶᠢᠭᠰᠠᠨ ᠤᠯᠤᠰ ᠤᠨ ᠳᠡᠰ ᠤᠨ ᠤᠷᠠᠯᠢᠭ ᠤᠨ ᠲᠣᠮᠣ ᠵᠢᠳᠬᠦᠯᠲᠡᠨ᠃ ᠮᠥᠨ ᠴᠣ᠋ ᠮᠣᠷᠠᠯ ᠡᠷᠳᠡᠮ ᠬᠤᠣᠰᠯᠠᠭᠰᠠᠨ᠂ ᠡᠬᠡ ᠤᠯᠤᠰ᠂ ᠦᠨᠳᠦᠰᠦᠲᠡᠨ᠂ ᠠᠷᠠᠳ ᠲᠦᠮᠡᠨ ᠳᠡᠭᠡᠨ ᠬᠢᠵᠠᠭᠠᠯᠠᠰᠢ ᠦᠭᠡᠢ ᠬᠠᠶᠢᠷ᠎ᠠ ᠰᠡᠳᠬᠢᠯᠭᠡ ᠲᠠᠢ᠂ ᠬᠤᠯᠠᠴᠢ ᠪᠤᠳᠣᠯ ᠲᠠᠢ ᠠᠯᠳᠠᠷᠲᠠᠳ ᠤᠨ ᠨᠢᠭᠡ ᠪᠢᠯᠡ᠃       ᠳᠡᠳᠮ᠎ᠠ ᠪᠠᠭᠰᠢ ᠪᠣᠯ ᠤᠬᠠᠭᠠᠨ ᠰᠠᠨᠠᠭ᠎ᠠ ᠤᠷ᠎ᠠ ᠠᠪᠢᠶᠠᠰ ᠬᠤᠣᠰᠯᠠᠭᠰᠠᠨ ᠤᠷᠠᠯᠢᠭᠴᠢᠨ᠃ ᠲᠣᠮᠣ ᠬᠡᠪᠴᠢᠶᠡᠨ ᠤ ᠬᠤᠷᠠᠯ ᠴᠤᠭᠯᠠᠭ᠎ᠠ ᠪᠤᠶᠤ ᠨᠥᠬᠦᠳ ᠵᠠᠭᠤᠷ᠎ᠠ ᠶᠢᠨ ᠴᠠᠶᠢᠯᠠᠯᠭ᠎ᠠ ᠳᠡᠭᠡᠷ᠎ᠡ ᠴᠤ ᠭᠡᠰᠡᠨ ᠨᠥᠬᠦᠳ ᠵᠠᠭᠤᠷ᠎ᠠ ᠶᠢᠨ ᠡᠶ᠎ᠡ ᠨᠠᠶᠢᠷ ᠲᠠᠢ ᠦᠭᠡᠰ ᠢ ᠶᠠᠭᠠᠬᠢᠵᠤ ᠶᠠᠷᠢᠬᠤ᠂ ᠬᠥᠮᠥᠰ ᠲᠤ ᠶᠠᠭᠠᠬᠢᠵᠤ ᠶᠣᠰᠣᠷᠬᠠᠭ ᠪᠣᠯᠪᠠᠰᠤᠨ ᠬᠠᠨᠳᠤᠬᠤ ᠵᠡᠷᠭᠡ ᠶᠢ ᠵᠢᠭᠠᠨ ᠰᠤᠷᠭᠠᠵᠤ ᠪᠠᠶᠢᠳᠠᠭ᠃ ᠤᠴᠠᠷᠠᠵᠤ ᠵᠣᠯᠭᠠᠬᠤ ᠪᠣᠯᠭᠠᠨ ᠮᠠᠨᠤᠰ ᠢ ᠵᠣᠷᠢᠭᠵᠢᠭᠤᠯᠤᠨ᠂ ᠠᠵᠢᠯ ᠰᠤᠷᠤᠯᠭ᠎ᠠ ᠠᠴᠠ ᠭᠡᠷ ᠪᠦᠯᠢ ᠶᠢᠨ ᠪᠠᠶᠢᠳᠠᠯ ᠳᠤ ᠭᠦᠷᠲᠡᠯ᠎ᠡ ᠰᠠᠨᠠᠭᠠᠰᠢᠷᠠᠯ ᠪᠣᠯᠵᠤ ᠪᠠᠶᠢᠳᠠᠭ᠃ ᠴᠠᠶᠢᠯᠠᠯᠭ᠎ᠠ ᠵᠣᠴᠢᠯᠠᠭ᠎ᠠ ᠳᠡᠭᠡᠷ᠎ᠡ ᠴᠤ ᠥᠪᠡᠷ ᠤᠨ ᠳᠠᠭᠤᠤ ᠬᠤᠭᠤᠯᠠᠢ ᠪᠠᠷ ᠢᠶᠠᠨ ᠰᠡᠳᠬᠢᠯ ᠢᠶᠠᠨ ᠢᠯᠡᠳᠬᠡᠵᠦ᠂ ᠱᠤᠭ ᠶᠦᠮᠦᠷᠯᠢᠭ ᠦᠭᠡ ᠶᠠᠷᠢᠶ᠎ᠠ ᠲᠠᠢ᠂ ᠨᠠᠶᠢᠵᠠ ᠨᠥᠬᠦᠳ ᠲᠡᠭᠡᠨ ᠪᠠᠶᠠᠷ ᠵᠢᠷᠭᠠᠯ ᠢ ᠠᠪᠴᠢᠷᠠᠵᠤ ᠥᠭᠳᠡᠭ ᠰᠠᠶᠢᠬᠠᠨ ᠵᠠᠩ ᠲᠠᠢ  ᠪᠠᠷ ᠢᠶᠠᠨ ᠮᠥᠨ ᠴᠤ ᠪᠤᠰᠤᠳ ᠲᠠᠭᠤᠴᠢᠳ ᠠᠴᠠ ᠶᠡᠬᠡᠬᠡᠨ ᠢᠯᠭᠠᠷᠠᠵᠤ ᠪᠠᠶᠢᠳᠠᠭ᠃ ᠬᠠᠶᠠ ᠵᠠᠷᠢᠮ ᠳᠠᠭᠠᠨ ᠮᠠᠨ ᠤ ᠵᠠᠯᠠᠭᠤᠴᠤᠳ ᠦᠵᠡᠯ ᠪᠤᠳᠤᠯ ᠨᠢᠭᠡᠳᠬᠦ ᠦᠭᠡᠢ ᠬᠡᠯᠪᠡᠶᠢᠭᠦᠦ ᠪᠠᠶᠢᠳᠠᠯ ᠲᠠᠢ ᠪᠤᠯᠬᠤ ᠳᠤ ᠪᠠᠭᠰᠢ ᠮᠠᠨᠢ ᠢᠨᠢᠶᠡᠮᠰᠦᠭᠯᠡᠨ ᠪᠠᠶᠢᠵᠤ ᠠᠯᠳᠠᠭ᠎ᠠ ᠪᠤᠷᠤᠭᠤ ᠶᠢ ᠵᠠᠰᠠᠵᠤ ᠵᠠᠯᠠᠷᠠᠭᠤᠯᠵᠤ ᠥᠭᠳᠡᠭ᠃ ᠶᠡᠷᠦ ᠨᠢ ᠬᠥᠮᠥᠨ ᠪᠣᠯᠭᠠᠨ ᠳᠤ ᠬᠦᠨᠳᠦᠳᠬᠡᠯ ᠤᠨ ᠶᠣᠰᠣᠨ ᠲᠠᠢ ᠬᠠᠨᠳᠤᠵᠤ᠂ ᠬᠠᠯᠠᠭᠤᠮᠰᠤᠭ ᠳᠣᠲᠣᠨᠣ ᠦᠭᠡ ᠶᠠᠷᠢᠶ᠎ᠠ᠂ ᠬᠦᠩᠭᠢᠨᠡᠮ᠎ᠡ ᠤᠶᠠᠩᠭᠠᠯᠢᠭ ᠳᠠᠭᠤᠤ ᠬᠤᠭᠤᠯᠠᠢ ᠪᠠᠷ ᠢᠶᠠᠨ ᠬᠥᠮᠥᠰ ᠤᠨ ᠬᠠᠶᠢᠷ᠎ᠠ ᠬᠦᠨᠳᠦᠳᠬᠡᠯ ᠢ ᠭᠦᠨ ᠣᠯᠵᠤ᠂ ᠬᠥᠮᠥᠨ ᠠᠷᠠᠳ ᠲᠠᠭᠠᠨ ᠬᠠᠶᠢᠷᠠᠯᠠᠭᠳᠠᠵᠤ ᠬᠦᠨᠳᠦᠳᠬᠡᠭᠳᠡᠵᠦ ᠢᠷᠡᠭᠰᠡᠨ ᠤᠷᠠᠯᠢᠭᠴᠢᠨ ᠪᠠᠶᠢᠭ᠎ᠠ ᠶᠤᠮ᠃ ᠳᠡᠳᠮ᠎ᠠ ᠪᠠᠭᠰᠢ ᠳᠤ ᠮᠥᠨ ᠴᠤ ᠮᠠᠰᠢ ᠣᠨᠣᠴᠠ ᠲᠠᠢ᠂ ᠭᠦᠨ ᠤᠬᠠᠭᠠᠯᠢᠭ᠂ ᠬᠠᠶᠢᠷ᠎ᠠ ᠰᠡᠳᠬᠢᠯᠭᠡ ᠶᠢᠨ ᠥᠩᠭᠡ ᠪᠤᠳᠤᠭ ᠥᠳᠬᠡᠨ ᠦᠭᠡ ᠶᠠᠷᠢᠶ᠎ᠠ ᠪᠠᠷ ᠬᠥᠮᠥᠰ ᠤᠨ ᠰᠡᠳᠬᠢᠯ ᠢ ᠤᠶᠠᠷᠠᠨ ᠳᠣᠭᠳᠣᠯᠲᠠᠯ᠎ᠠ ᠶᠠᠷᠢᠵᠤ ᠴᠢᠳᠠᠬᠤ ᠦᠭᠡ ᠶᠢᠨ ᠳᠠᠷᠬᠠᠨ ᠤ ᠠᠪᠢᠶᠠᠰ ᠴᠢᠳᠠᠪᠤᠷᠢ ᠲᠠᠢ ᠪᠠᠶᠢᠳᠠᠭ᠃       ᠳᠡᠳᠮ᠎ᠠ ᠪᠠᠭᠰᠢ ᠲᠥᠪ ᠤᠨ ᠦᠨᠳᠦᠰᠦᠲᠡᠨ ᠤ ᠳᠠᠭᠤᠤ ᠪᠥᠵᠢᠭ ᠤᠨ ᠪᠦᠯᠭᠦᠮ ᠳᠤ ᠠᠵᠢᠯᠯᠠᠵᠤ ᠪᠠᠶᠢᠬᠤ ᠬᠤᠭᠤᠴᠠᠭᠠᠨ ᠳᠠᠭᠠᠨ ᠳᠡᠯᠡᠬᠡᠢ ᠳ᠋ᠠᠬᠢᠨ ᠵᠢᠴᠢ ᠪᠦᠭᠦ ᠤᠯᠤᠰ ᠤᠨ ᠤᠯᠠᠨ ᠭᠠᠵᠠᠷ ᠢᠶᠠᠷ ᠠᠶᠢᠯᠴᠢᠯᠠᠨ ᠲᠣᠭᠯᠠᠬᠤ ᠲᠠᠰᠢᠷᠠᠮ ᠢᠶᠠᠷ ᠲᠤᠬᠠᠢ ᠶᠢᠨ ᠭᠠᠵᠠᠷ ᠤᠨ ᠠᠷᠠᠳ ᠲᠦᠮᠡᠨ ᠲᠠᠢ ᠠᠭᠤᠰᠤᠯᠴᠠᠨ ᠳᠠᠰᠤᠯᠴᠠᠵᠤ᠂ ᠬᠠᠶᠢᠷ᠎ᠠ ᠰᠡᠳᠬᠢᠯᠭᠡ ᠪᠠᠨ ᠰᠣᠯᠢᠯᠴᠠᠨ᠂ ᠪᠤᠰᠤᠳ ᠦᠨᠳᠦᠰᠦᠲᠡᠨ ᠤ ᠳᠠᠭᠤᠤ ᠶᠢᠨ ᠪᠦᠲᠦᠭᠡᠯ ᠢ ᠴᠤ ᠠᠮᠢᠳᠤᠯᠢᠭ ᠰᠤᠷᠴᠤ ᠰᠤᠳᠤᠯᠤᠨ᠂ ᠪᠦᠲᠦᠭᠡᠯᠴᠢ ᠮᠥᠷᠲᠡᠭᠡᠨ ᠭᠠᠷᠮᠠᠭᠠᠢ ᠳᠠᠭᠤᠯᠠᠵᠤ᠂ ᠪᠦᠭᠦ ᠤᠯᠤᠰ ᠲᠤ ᠶᠡᠬᠡᠬᠡᠨ ᠨᠥᠯᠥᠭᠡ ᠲᠠᠢ᠂ ᠲᠦᠭᠡᠮᠡᠯ ᠳᠡᠯᠭᠡᠷᠡᠭᠰᠡᠨ ᠳᠠᠭᠤᠤ ᠨᠤᠭᠤᠳ ᠢ ᠮᠠᠰᠢ ᠣᠯᠠᠨ ᠳᠠᠭᠤᠯᠠᠭᠰᠠᠨ ᠪᠠᠶᠢᠳᠠᠭ᠃ ᠲᠡᠶᠢᠮᠦ ᠳᠡᠭᠡᠨ ᠳᠡᠳᠮ᠎ᠠ ᠪᠠᠭᠰᠢ ᠮᠠᠨᠢ ᠳᠡᠯᠡᠬᠡᠢ ᠳ᠋ᠠᠬᠢᠨ ᠳᠤ ᠲᠠᠨᠢᠭᠳᠠᠭᠰᠠᠨ᠂ ᠤᠯᠤᠰ ᠭᠦᠷᠦᠨ ᠳᠡᠭᠡᠨ ᠬᠦᠨᠳᠦᠳᠬᠡᠯ ᠵᠢᠳᠬᠦᠯ ᠲᠠᠢ᠂ ᠦᠨᠳᠦᠰᠦᠲᠡᠨ ᠤᠭᠰᠠᠭ᠎ᠠ ᠭᠡᠷ ᠪᠦᠯᠢ ᠳᠡᠭᠡᠨ ᠦᠯᠡᠮᠵᠢ ᠬᠠᠶᠢᠷ᠎ᠠ ᠲᠠᠢ ᠮᠣᠷᠠᠯ ᠡᠷᠳᠡᠮ ᠬᠤᠣᠰᠯᠠᠭᠰᠠᠨ ᠲᠣᠮᠣ ᠳᠠᠭᠤᠴᠢᠨ ᠪᠤᠯᠬᠤ ᠶᠤᠮ᠃       ᠳᠡᠳᠮ᠎ᠠ ᠪᠠᠭᠰᠢ ᠪᠣᠯ ᠲᠣᠮᠣ ᠰᠤᠷᠭᠠᠨ ᠭᠦᠮᠥᠵᠢᠭᠦᠯᠲᠡᠨ ᠶᠤᠮ       ᠳᠡᠳᠮ᠎ᠠ ᠪᠠᠭᠰᠢ ᠮᠠᠨᠢ ᠥᠪᠡᠷ ᠤᠨ ᠥᠰᠴᠦ ᠪᠣᠶᠢᠵᠢᠭᠰᠠᠨ ᠥᠩᠭᠡᠷᠡᠯᠲᠡ ᠪᠠᠨ ᠥᠷᠭᠦᠯᠵᠢ ᠳᠤᠷᠠᠰᠤᠨ ᠶᠠᠷᠢᠵᠤ᠂ ᠠᠴᠢ ᠡᠨᠡᠷᠢᠯ᠂ ᠶᠣᠰᠣ ᠵᠢᠷᠤᠮ᠂ ᠨᠠᠶᠢᠷ ᠬᠠᠶᠢᠷ᠎ᠠ ᠶᠢ ᠲᠣᠩ ᠨᠠᠨᠳᠢᠩᠨᠠᠨ᠂ ᠨᠡᠶᠢᠭᠡᠮ ᠨᠡᠶᠢᠲᠡ ᠶᠢᠨ ᠬᠥᠭᠵᠢᠯᠲᠡ ᠲᠠᠪᠰᠢᠯᠲᠡ ᠳᠤ ᠬᠦᠴᠦᠨ ᠢᠶᠠᠨ ᠡᠷᠭᠦᠵᠦ ᠲᠤᠰᠠ ᠲᠡᠮ ᠦᠵᠡᠭᠦᠯᠭᠦ ᠶᠢ ᠡᠷᠭᠢᠮᠯᠡᠳᠡᠭ᠂ ᠵᠥᠪ ᠡᠨᠧᠷᠭᠢ᠂ ᠢᠳᠡᠪᠬᠢ ᠴᠢᠨᠠᠷ ᠪᠦᠬᠦᠢ ᠲᠣᠮᠣ ᠤᠷᠠᠯᠢᠭᠴᠢᠨ ᠶᠤᠮ᠃ ᠲᠡᠷᠡ ᠬᠥᠳᠡᠭᠡ ᠶᠢᠨ ᠴᠢᠳᠠᠪᠤᠷᠢᠯᠢᠭ ᠬᠡᠦᠬᠡᠳ ᠤᠳ ᠤᠨ ᠡᠷᠳᠡᠮ ᠰᠤᠷᠬᠤ ᠠᠰᠠᠭᠤᠳᠠᠯ ᠢ ᠰᠠᠨᠠᠭᠠᠰᠢᠷᠠᠨ ᠪᠣᠳᠣᠯᠬᠢᠯᠠᠵᠤ ᠶᠠᠪᠤᠳᠠᠭ ᠪᠠᠶᠢᠪᠠ᠃ ᠲᠡᠷᠡ 16 ᠨᠠᠰᠤ ᠲᠠᠢ ᠳᠠᠭᠠᠨ ᠥᠪᠥᠷ ᠮᠣᠩᠭᠤᠯ ᠤᠨ ᠤᠷᠠᠯᠢᠭ ᠤᠨ ᠰᠤᠷᠭᠠᠭᠤᠯᠢ ᠳᠤ ᠡᠯᠰᠡᠭᠳᠡᠭᠰᠡᠨ ᠠᠴᠠ ᠨᠠᠭᠠᠰᠢᠬᠢ ᠥᠪᠡᠷ ᠤᠨ ᠥᠰᠥᠨ ᠪᠣᠶᠢᠵᠢᠭᠰᠠᠨ ᠥᠩᠭᠡᠷᠡᠯᠲᠡ ᠪᠠᠨ ᠳᠤᠷᠠᠰᠤᠨ ᠰᠠᠨᠠᠭᠠᠯᠵᠠᠵᠤ᠂ ᠲᠥᠷᠥᠯᠬᠢ ᠠᠪᠢᠶᠠᠰ ᠰᠠᠶᠢᠲᠠᠢ ᠬᠡᠦᠬᠡᠳ ᠤᠳ ᠤᠨ ᠰᠣᠶᠣᠯ ᠪᠤᠶᠤ ᠮᠡᠷᠭᠡᠵᠢᠯ ᠤᠨ ᠪᠣᠯᠪᠠᠰᠤᠷᠠᠯ ᠳᠤᠲᠠᠮᠠᠭ ᠠᠴᠠ ᠪᠣᠯᠵᠤ ᠥᠪᠡᠷ ᠤᠨ ᠬᠦᠰᠡᠵᠦ ᠪᠤᠳᠤᠬᠰᠠᠨ ᠰᠤᠷᠭᠠᠭᠤᠯᠢ ᠳᠠᠭᠠᠨ ᠡᠯᠰᠡᠭᠳᠡᠨ ᠰᠣᠷᠤᠯᠴᠠᠵᠤ ᠴᠢᠳᠠᠬᠤ ᠦᠭᠡᠢ ᠪᠠᠶᠢᠭ᠎ᠠ ᠦᠵᠡᠭᠳᠡᠯ ᠢ ᠭᠢᠷᠠᠬᠠᠢ ᠠᠵᠢᠵᠤ᠂ ᠡᠳᠡᠭᠡᠷ ᠬᠡᠦᠬᠡᠳ ᠤᠨ ᠡᠮᠦᠨ᠎ᠡ ᠠᠴᠠ ᠵᠢᠷᠦᠬᠡ ᠰᠢᠮᠰᠢᠷᠡᠨ ᠰᠠᠨᠠᠭᠠᠰᠢᠷᠠᠵᠤ᠂ ᠥᠪᠡᠷ ᠤᠨ ᠪᠡᠶ᠎ᠡ ᠶᠢᠨ ᠡᠪᠡᠳᠴᠢᠨ ᠬᠠᠭᠤᠴᠢᠨ ᠢᠶᠠᠨ ᠬᠠᠶᠢᠬᠤᠷᠤᠯ ᠦᠭᠡᠢ ︽ᠳᠡᠳᠮ᠎ᠠ ᠤᠷᠠᠯᠢᠭ ᠤᠨ ᠳᠡᠭᠡᠳᠦ ᠰᠤᠷᠭᠠᠭᠤᠯᠢ︾ ᠪᠠᠨ ᠵᠣᠷᠢᠭᠲᠠᠢ ᠪᠠᠶᠢᠭᠤᠯᠵᠤ᠂ ᠮᠠᠨ ᠤ ᠤᠯᠤᠰ ᠲᠤ ᠮᠠᠰᠢ ᠣᠯᠠᠨ ᠤᠯᠤᠰ ᠤᠨ ᠳᠠᠰ ᠪᠠ ᠣᠷᠣᠨ ᠤ ᠳᠡᠰ ᠤᠨ ᠳᠠᠭᠤᠤ ᠬᠥᠭᠵᠢᠮ ᠤᠨ ᠴᠢᠳᠠᠪᠤᠷᠢᠲᠠᠨ ᠢ ᠬᠥᠮᠥᠵᠢᠭᠦᠯᠵᠦ ᠥᠭᠭᠦᠭᠰᠡᠨ ᠪᠥᠭᠡᠳ ᠲᠤᠰ ᠰᠤᠷᠭᠠᠭᠤᠯᠢ ᠶᠢᠨ ᠰᠣᠷᠤᠬᠴᠢᠳ ᠤᠨ ᠠᠵᠢᠯ ᠣᠯᠭᠤᠯᠲᠠ ᠶᠢᠨ ᠨᠣᠷᠮ᠎ᠠ ᠨᠢ ᠠᠯᠪᠠᠨ ᠤ ᠰᠤᠷᠭᠠᠭᠤᠯᠢ ᠨᠤᠭᠤᠳ ᠠᠴᠠ ᠴᠤ ᠳᠠᠪᠠᠵᠤ ᠪᠠᠶᠢᠭᠰᠠᠨ ᠢ ᠪᠢ ᠠᠵᠢᠶᠠᠷᠠᠵᠤ ᠮᠡᠳᠡᠭᠰᠡᠨ ᠪᠢᠯᠡ᠃       ᠠᠷᠭ᠎ᠠ ᠴᠦ ᠦᠭᠡᠢ ᠯᠠ ᠳ᠋ᠧ᠂ ᠠᠯᠠᠱᠠ ᠨᠤᠲᠤᠭ ᠤᠨ ᠰᠢᠷᠭᠠᠯ ᠡᠯᠡᠰᠦᠨ ᠠᠴᠠ ᠠᠯᠳᠠ ᠰᠢᠭ᠋ ᠭᠢᠯᠠᠯᠵᠠᠨ ᠣᠯᠠᠨ ᠳᠠᠭᠠᠨ ᠲᠠᠨᠢᠭᠳᠠᠵᠤ ᠮᠡᠳᠡᠷᠡᠭᠳᠡᠨ ᠲᠣᠮᠣ ᠠᠮᠵᠢᠯᠲᠠ ᠳᠤ ᠭᠦᠷᠦᠭᠰᠡᠨ ᠬᠥᠮᠥᠨ ᠬᠥᠳᠡᠭᠡ ᠨᠤᠲᠤᠭ ᠤᠨ ᠪᠣᠷᠣᠭᠵᠢᠭᠤᠨ ᠠᠮᠢᠳᠤᠷᠠᠯ ᠢ ᠶᠠᠭᠤᠨ ᠠᠨᠳᠠᠬᠤ ᠪᠢᠯᠡ᠃ ᠡᠶᠢᠮᠦ ᠪᠠᠷ ᠢᠶᠠᠨ ᠪᠠᠭᠰᠢ ᠮᠠᠨᠢ ᠥᠪᠡᠷ ᠤᠨ ᠰᠤᠷᠭᠠᠭᠤᠯᠢ ᠳᠠᠭᠠᠨ ᠤᠯᠤᠰ ᠤᠨ ᠳᠣᠲᠣᠨ᠎ᠠ ᠭᠠᠳᠠᠨᠠᠬᠢ ᠠᠯᠳᠠᠷᠲᠠᠢ ᠪᠠᠭᠰᠢ ᠨᠠᠷ ᠢ ᠤᠷᠢᠵᠤ ᠬᠢᠴᠢᠶᠡᠯ ᠵᠢᠭᠠᠯᠭᠠᠭᠰᠠᠨ ᠠᠴᠠ ᠲᠤᠰ ᠰᠤᠷᠭᠠᠭᠤᠯᠢ ᠨᠢ ᠥᠪᠡᠷ ᠤᠨ ᠣᠨᠴᠠᠯᠢᠭ ᠲᠠᠢ᠂ ᠮᠡᠳᠡᠯᠭᠡ ᠴᠢᠳᠠᠪᠤᠷᠢ ᠶᠢ ᠦᠨᠡᠨ ᠬᠦ ᠡᠵᠡᠮᠰᠢᠭᠰᠡᠨ᠂ ᠨᠡᠶᠢᠭᠡᠮ ᠳᠤ ᠮᠠᠰᠢ ᠬᠡᠷᠡᠭᠴᠡᠭᠡ ᠲᠠᠢ ᠴᠢᠳᠠᠪᠤᠷᠢᠲᠠᠳ ᠢ ᠬᠥᠮᠥᠵᠢᠭᠦᠯᠵᠦ ᠤᠯᠤᠰ ᠣᠷᠣᠨ ᠤ ᠥᠨᠳᠥᠷ ᠦᠨᠡᠯᠡᠯᠲᠡ ᠶᠢ ᠣᠯᠣᠭᠰᠠᠨ ᠪᠠᠶᠢᠳᠠᠭ᠃ ᠬᠤᠶᠠᠷ ᠵᠢᠯ ᠤᠨ ᠡᠮᠦᠨ᠎ᠡ᠂ ᠵᠠᠪᠰᠢᠶᠠᠨ ᠢᠶᠠᠷ ᠰᠢᠨᠵᠢᠶᠠᠩ ᠤᠨ ᠪᠠᠶᠠᠩᠭᠤᠣᠯ ᠵᠧᠦ ᠳᠤ ᠬᠦᠷᠴᠦ ᠳᠠᠭᠤᠤ ᠪᠢᠴᠢᠬᠦ ᠪᠠᠷ ᠬᠡᠭᠡᠷ᠎ᠡ ᠶᠢᠨ ᠪᠠᠶᠢᠴᠠᠭᠠᠯᠲᠠ ᠬᠢᠵᠦ ᠪᠠᠶᠢᠭ᠎ᠠ ᠬᠤᠭᠤᠴᠠᠭᠠᠨ ᠳᠤ᠂ ᠲᠡᠨᠳᠡᠬᠢ ᠤᠷᠠᠯᠢᠭ ᠤᠨ ᠪᠦᠯᠭᠦᠮ ᠪᠠ ᠰᠤᠷᠭᠠᠭᠤᠯᠢ ᠶᠢᠨ ᠳᠠᠭᠤᠤ ᠬᠥᠭᠵᠢᠮ ᠤᠨ ᠪᠠᠭᠰᠢ ᠨᠠᠷ ᠤᠨ ᠣᠯᠠᠩᠬᠢ ᠨᠢ ᠳᠡᠳᠮ᠎ᠠ ᠤᠷᠠᠯᠢᠭ ᠤᠨ ᠳᠡᠭᠡᠳᠦ ᠰᠤᠷᠭᠠᠭᠤᠯᠢ ᠠᠴᠠ ᠲᠡᠭᠦᠰᠦᠭᠰᠡᠨ ᠣᠶᠤᠲᠠᠳ ᠪᠤᠯᠬᠤ ᠶᠢ ᠮᠡᠳᠡᠵᠦ᠂ ᠳᠡᠳᠮ᠎ᠠ ᠪᠠᠭᠰᠢ ᠪᠠᠨ ᠤᠯᠠᠮ ᠢᠯᠡᠭᠦᠦ ᠭᠠᠶᠢᠬᠠᠨ ᠪᠢᠰᠢᠷᠡᠭᠰᠡᠨ ᠰᠠᠨ᠃ ᠲᠡᠷᠡ ᠣᠯᠠᠨ ᠬᠥᠳᠡᠭᠡ ᠶᠢᠨ ᠬᠥᠷᠥᠰᠥᠨ ᠳᠤ ᠦᠨᠳᠦᠰᠦᠯᠡᠭᠰᠡᠨ ᠲᠥᠷᠥᠯᠬᠢ ᠠᠪᠢᠶᠠᠰ ᠲᠠᠢ ᠨᠢᠯᠬ᠎ᠠ ᠨᠠᠬᠢᠶ᠎ᠠ ᠶᠢ ᠲᠣᠮᠣ ᠮᠣᠳᠣ ᠪᠣᠯᠭᠠᠨ ᠪᠣᠶᠢᠵᠢᠭᠤᠯᠬᠤ ᠠᠯᠤᠰ ᠭᠡᠳᠦ ᠶᠢᠨ ᠠᠴᠢ ᠬᠤᠯᠪᠣᠭᠳᠠᠯ ᠲᠠᠢ ᠦᠢᠯᠡᠰ ᠢ ᠨᠢᠭᠡᠨ ᠵᠡᠮᠳᠡᠭ ᠪᠣᠯᠤᠭᠰᠠᠨ ᠲᠣᠮᠣ ᠳᠠᠭᠤᠴᠢᠨ ᠮᠠᠨᠢ ᠬᠤᠷᠢᠭᠠᠳ ᠵᠢᠯ ᠪᠠᠲᠤᠯᠠᠵᠤ ᠴᠢᠳᠠᠭᠰᠠᠨ ᠢ ᠬᠠᠷᠠᠬᠤ ᠳᠤ ᠳᠡᠳᠮ᠎ᠠ ᠪᠠᠭᠰᠢ ᠪᠣᠯ ᠤᠷᠠᠯᠢᠭᠴᠢᠨ ᠢᠶᠠᠷ ᠪᠠᠷᠠᠬᠤ ᠦᠭᠡᠢ ᠭᠠᠷᠮᠠᠭᠠᠢ ᠰᠠᠶᠢᠨ ᠰᠤᠷᠭᠠᠨ ᠬᠥᠮᠥᠵᠢᠭᠦᠯᠦᠭᠴᠢ ᠭᠡᠳᠡᠭ ᠢ ᠮᠡᠳᠡᠬᠦ ᠶᠣᠰᠣᠲᠠᠢ᠂ ᠮᠡᠳᠡᠷᠡᠬᠦ ᠶᠣᠰᠣᠲᠠᠢ᠃       ᠳᠡᠳᠮ᠎ᠠ ᠪᠠᠭᠰᠢ ᠲᠥᠪ ᠤᠨ ᠦᠨᠳᠦᠰᠦᠲᠡᠨ ᠤ ᠳᠠᠭᠤᠤ ᠪᠥᠵᠢᠭ ᠤᠨ ᠪᠦᠯᠭᠦᠮ ᠳᠤ ᠠᠵᠢᠯᠯᠠᠵᠤ ᠪᠠᠶᠢᠬᠤ ᠳᠠᠭᠠᠨ ᠥᠪᠥᠷ ᠮᠣᠩᠭᠤᠯ ᠠᠴᠠ ᠪᠡᠭᠡᠵᠢᠩ ᠳᠤ ᠢᠷᠡᠭᠰᠡᠨ ᠵᠠᠯᠠᠭᠤ ᠤᠷᠠᠯᠢᠭᠴᠢᠳ ᠢ ᠦᠷᠭᠦᠯᠵᠢ ᠵᠢᠭᠠᠨ ᠰᠤᠷᠭᠠᠵᠤ᠂ ᠬᠠᠪᠰᠤᠷᠴᠤ ᠳᠡᠮᠵᠢᠵᠦ ᠪᠠᠶᠢᠭᠰᠠᠨ ᠴᠢᠮᠡᠭᠡ ᠶᠢ ᠴᠤ ᠣᠯᠠᠨᠲᠠ ᠰᠣᠨᠣᠰᠴᠤ ᠪᠠᠶᠢᠯ᠎ᠠ᠃ ᠵᠠᠷᠢᠮ ᠰᠢᠯᠢᠳᠡᠭ ᠪᠦᠲᠦᠭᠡᠯ ᠢ ᠳᠡᠳᠮ᠎ᠠ ᠪᠠᠭᠰᠢ ᠳᠠᠭᠤᠯᠠᠮᠠᠭᠴᠠ ᠲᠡᠷᠡ ᠳᠠᠭᠤᠤ ᠬᠥᠮᠥᠰ ᠤᠨ ᠰᠡᠳᠬᠢᠯ ᠳᠤ ᠭᠦᠷᠦᠨ᠎ᠡ᠂ ᠵᠠᠷᠢᠮ ᠠᠨᠠᠢ ᠰᠢᠭ᠋ ᠳᠠᠭᠤᠤ ᠶᠢ ᠴᠦ ᠳᠡᠳᠮ᠎ᠠ ᠪᠠᠭᠰᠢ ᠮᠠᠨᠢ ᠨᠠᠷᠢᠯᠢᠭ ᠵᠠᠰᠠᠯᠲᠠ ᠬᠢᠵᠦ ᠳᠠᠭᠤᠯᠠᠭᠠᠳ ᠮᠥᠨ ᠰᠣᠨᠣᠰᠤᠭᠴᠢ ᠲᠦᠮᠡᠨ ᠤ ᠪᠠᠭ᠋ᠠᠷᠬᠠᠯ ᠲᠠᠭᠠᠰᠢᠶᠠᠯ ᠢ ᠣᠯᠣᠭᠰᠠᠨ ᠲᠣᠬᠢᠶᠠᠯᠳᠤᠯ ᠴᠤ ᠶᠡᠭᠡ ᠣᠯᠠᠨ ᠪᠤᠢ᠃ 1999 ᠣᠨ ᠤ ᠥᠪᠥᠷ ᠮᠣᠩᠭᠤᠯ ᠤᠨ ᠴᠠᠭᠠᠨ ᠰᠠᠷ᠎ᠠ ᠶᠢᠨ ᠲᠧᠯᠸᠢᠰ ᠦᠳᠡᠰᠢᠯᠡᠭᠡ ᠳᠤ ᠳᠡᠳᠮ᠎ᠠ ᠪᠠᠭᠰᠢ ᠮᠠᠨᠢ ᠰᠢ᠊·ᠮᠥᠷᠡᠨ᠂ ᠤᠯᠠᠭᠠᠨᠳᠤᠭ ᠬᠤᠶᠠᠷ ᠪᠠᠭᠰᠢ ᠶᠢᠨ ︽ᠠᠪᠤ ᠡᠵᠢ ᠶᠢᠨ ᠨᠤᠲᠤᠭ ᠤᠰᠤ︾ ᠳᠠᠭᠤᠤ ᠶᠢ ᠳᠠᠭᠤᠯᠠᠵᠤ᠂ ᠲᠤᠰ ᠳᠠᠭᠤᠤ ᠪᠦᠭᠦ ᠣᠷᠣᠨ ᠢᠶᠠᠷ ᠥᠷᠭᠡᠨ ᠳᠡᠯᠭᠡᠷᠡᠵᠦ᠂ ᠰᠣᠨᠣᠰᠤᠭᠴᠢ ᠲᠦᠮᠡᠨ ᠤ ᠲᠠᠭᠠᠰᠢᠶᠠᠯ ᠳᠤ ᠬᠦᠷᠴᠡᠢ᠃ ᠲᠤᠰ ᠦᠳᠡᠰᠢᠯᠡᠭᠡ ᠳᠠᠭᠤᠰᠤᠭᠰᠠᠨ ᠤ ᠳᠠᠷᠠᠭ᠎ᠠ ᠪᠢ ᠳᠡᠳᠮ᠎ᠠ ᠪᠠᠭᠰᠢ ᠲᠠᠢ ᠠᠭᠤᠯᠵᠠᠬᠤ ᠲᠠᠰᠢᠷᠠᠮ ᠳᠤ ᠳᠡᠳᠮ᠎ᠠ ᠪᠠᠭᠰᠢ ᠪᠣᠯᠣᠨ ᠤᠯᠠᠭᠠᠨᠳᠤᠭ ᠪᠠᠭᠰᠢ ᠬᠤᠶᠠᠷ ᠮᠠᠨᠢ ᠡᠨᠡ ᠳᠠᠭᠤᠤ ᠶᠢ ᠰᠢᠩᠭᠡᠭᠡᠬᠦ ᠦᠶ᠎ᠡ ᠶᠢᠨ ᠥᠩᠭᠡᠷᠡᠯᠲᠡ ᠶᠢ ᠶᠠᠷᠢᠯᠴᠠᠵᠤ᠂ ᠳᠡᠳᠮ᠎ᠠ ᠪᠠᠭᠰᠢ ᠠᠴᠠ ︽ᠡᠨᠡ ᠳᠠᠭᠤᠤ ᠶᠢᠨ ᠦᠭᠡ ᠴᠢᠨᠢ ᠰᠢᠯᠦᠭ ᠪᠠᠶᠢᠭᠰᠠᠨ᠂ ᠤᠯᠠᠭᠠᠨᠳᠤᠭ ᠪᠠᠭᠰᠢ ᠮᠠᠨ ᠤ ᠬᠤᠶᠠᠷ ᠨᠡᠯᠢᠶᠡᠳ ᠵᠥᠪᠯᠡᠯᠭᠡ ᠬᠢᠵᠦ ᠳᠠᠭᠤᠤ ᠶᠢᠨ ᠦᠭᠡ ᠶᠢᠨ ᠭᠡᠯᠪᠡᠷᠢ ᠲᠠᠢ ᠵᠠᠰᠠᠯᠲᠠ ᠬᠢᠭᠰᠡᠨ︾ ᠭᠡᠵᠦ ᠳᠡᠯᠭᠡᠷᠡᠬᠦ ᠪᠣᠯᠣᠮᠵᠢ ᠶᠢ ᠨᠢ ᠢᠲᠡᠭᠡᠯ ᠳᠦᠭᠦᠷᠡᠩ ᠶᠠᠷᠢᠵᠤ ᠪᠠᠶᠢᠭᠰᠠᠨ ᠨᠢ ᠣᠳᠤ ᠴᠦ ᠭᠡᠰᠡᠨ ᠲᠣᠳᠣᠬᠠᠨ ᠰᠠᠨᠠᠭᠳᠠᠵᠤ ᠪᠠᠶᠢᠨ᠎ᠠ᠃ ᠳᠡᠳᠮ᠎ᠠ ᠪᠠᠭᠰᠢ ᠳᠠᠭᠤᠤ ᠶᠢᠨ ᠦᠭᠡ ᠠᠶ᠎ᠠ ᠶᠢ ᠮᠠᠰᠢ ᠨᠠᠷᠢᠨ ᠰᠤᠳᠤᠯᠵᠤ᠂ ᠳᠠᠭᠤᠤ ᠶᠢᠨ ᠦᠭᠡ ᠠᠶ᠎ᠠ ᠶᠢ ᠶᠠᠭᠠᠬᠢᠵᠤ ᠡᠰᠬᠡᠨ ᠲᠠᠭᠠᠷᠠᠭᠤᠯᠬᠤ᠂ ᠳᠠᠭᠤᠤ ᠳᠤ ᠶᠠᠭᠠᠬᠢᠵᠤ ᠥᠪᠡᠷ ᠤᠨ ᠣᠨᠴᠠᠯᠢᠭ ᠢᠶᠠᠨ ᠲᠤᠪᠤᠶᠢᠯᠭᠠᠬᠤ᠂ ᠶᠠᠭᠠᠬᠢᠵᠤ ᠰᠡᠳᠬᠢᠯᠭᠡ ᠪᠠᠨ ᠰᠢᠩᠭᠡᠭᠡᠬᠦ ᠳᠡᠭᠡᠷ᠎ᠡ ᠶᠡᠬᠡᠬᠡᠨ ᠬᠦᠴᠦ ᠲᠠᠯᠪᠢᠵᠤ᠂ ᠬᠥᠮᠥᠰ ᠤᠨ ᠰᠡᠳᠬᠢᠯ ᠳᠤ ᠬᠦᠷᠴᠦ ᠴᠢᠳᠠᠬᠤ ᠨᠠᠷᠢᠯᠢᠭ ᠵᠦᠢᠯᠡᠰ ᠢ ᠠᠩᠬᠠᠷᠴᠤ᠂ ᠬᠠᠪᠰᠤᠷᠤᠯ ᠬᠥᠭᠵᠢᠮ ᠢ ᠬᠡᠷᠬᠢᠨ ᠵᠣᠬᠢᠴᠠᠭᠤᠯᠬᠤ᠂ ᠰᠢᠩᠭᠡᠭᠡᠯᠲᠡ ᠮᠠᠰᠲ᠋ᠧᠷ ᠢ ᠨᠢ ᠶᠠᠭᠠᠬᠢᠵᠤ ᠬᠢᠬᠦ ᠲᠤᠬᠠᠢ ᠪᠦᠷ ᠨᠠᠷᠢᠯᠢᠭ ᠰᠡᠳᠬᠢᠵᠦ ᠬᠢᠳᠡᠭ ᠢᠶᠠᠷ ᠢᠶᠠᠨ ᠥᠭᠡᠷ᠎ᠡ ᠳᠠᠭᠤᠴᠢᠳ ᠠᠴᠠ ᠪᠦᠷ ᠴᠦ ᠪᠦᠲᠦᠭᠡᠯᠴᠢ ᠭᠠᠷᠮᠠᠭᠠᠢ ᠪᠠᠶᠢᠵᠤ᠂ ᠴᠠᠭ ᠦᠶ᠎ᠡ ᠶᠢᠨ ᠬᠥᠭᠵᠢᠯᠲᠡ ᠶᠢ ᠶᠡᠬᠡᠬᠡᠨ ᠠᠩᠬᠠᠷᠴᠤ᠂ ᠳᠠᠭᠤᠤ ᠶᠢ ᠠᠮᠢᠳᠤᠯᠢᠭ ᠮᠥᠷᠲᠡᠭᠡᠨ ᠤᠷᠠᠯᠢᠭᠵᠢᠭᠤᠨ ᠪᠤᠯᠭᠠᠵᠤ ᠴᠢᠳᠠᠳᠠᠭ ᠷᠢᠳᠢ ᠰᠢᠳᠢ ᠲᠠᠢ ᠣᠶᠤᠨ ᠤ ᠢᠨᠵᠧᠨᠧᠷ ᠪᠢᠯᠡ᠃       ᠣᠷᠴᠢᠮ ᠤᠨ ᠵᠢᠯ ᠤᠳ ᠲᠤ ᠪᠣᠯᠵᠤ ᠥᠩᠭᠡᠷᠡᠭᠰᠡᠨ ᠲᠣᠮᠣ ᠲᠣᠮᠣ ᠤᠷᠠᠯᠢᠭ ᠤᠨ ᠬᠥᠳᠡᠯᠭᠡᠭᠡᠨ ᠢᠶᠠᠷ ᠣᠯᠠᠨ ᠦᠨᠳᠦᠰᠦᠲᠡᠨ ᠤ ᠲᠣᠮᠣ ᠳᠠᠭᠤᠴᠢᠳ ᠲᠠᠢ ᠲᠠᠭᠠᠷᠠᠯᠳᠤᠬᠤ ᠳᠤ ᠲᠡᠳᠡᠨᠡᠷ ᠨᠠᠳᠠ ᠠᠴᠠ ᠳᠡᠳᠮ᠎ᠠ ᠪᠠᠭᠰᠢ ᠶᠢ ᠠᠰᠠᠭᠤᠨ ᠰᠤᠷᠠᠵᠤ᠂ ᠳᠡᠳᠮ᠎ᠠ ᠪᠠᠭᠰᠢ ᠶᠢᠨ ᠵᠢᠭᠠᠨ ᠵᠢᠯᠣᠭᠤᠳᠤᠯᠭ᠎ᠠ ᠪᠠ ᠬᠠᠪᠰᠤᠷᠤᠯᠭ᠎ᠠ ᠳᠡᠮᠵᠢᠯᠭᠡ ᠶᠢ ᠬᠦᠷᠲᠡᠵᠦ ᠪᠠᠶᠢᠭᠰᠠᠨ ᠵᠣᠭᠤᠭ ᠢᠶᠠᠨ ᠶᠠᠷᠢᠬᠤ ᠶᠢ ᠨᠢ ᠰᠣᠨᠣᠰᠤᠭᠠᠳ ᠪᠢ ᠳᠡᠳᠮ᠎ᠠ ᠪᠠᠭᠰᠢ ᠪᠠᠷ ᠢᠶᠠᠨ ᠪᠠᠭ᠋ᠠᠷᠬᠠᠵᠤ ᠪᠠᠶᠢᠭᠰᠠᠨ ᠤᠳᠠᠭ᠎ᠠ ᠮᠤᠩ ᠦᠭᠡᠢ ᠣᠯᠠᠨ ᠪᠤᠢ᠃ ᠳᠡᠳᠮ᠎ᠠ ᠪᠠᠭᠰᠢ ᠥᠪᠡᠷ ᠢᠶᠠᠨ ᠨᠢᠭᠡᠨ ᠲᠣᠮᠣ ᠳᠠᠭᠤᠴᠢᠨ ᠪᠣᠯᠤᠭᠰᠠᠨ ᠤ ᠬᠤᠪᠢ ᠳᠤ᠂ᠨᠢᠭᠡᠨ ᠳᠠᠭᠤᠴᠢᠨ ᠶᠠᠭᠠᠬᠢᠵᠤ ᠬᠥᠮᠥᠨ ᠪᠤᠯᠬᠤ᠂ ᠶᠠᠭᠠᠬᠢᠵᠤ ᠠᠮᠵᠢᠯᠲᠠ ᠳᠤ ᠬᠦᠷᠬᠦ᠂ ᠠᠮᠵᠢᠯᠲᠠ ᠪᠠᠨ ᠶᠠᠭᠠᠬᠢᠵᠤ ᠪᠠᠲᠤᠳᠬᠠᠵᠤ ᠳᠠᠭᠢᠨ ᠰᠢᠨ᠎ᠡ ᠠᠮᠵᠢᠯᠲᠠ ᠳᠤ ᠬᠦᠷᠬᠦ ᠭᠡᠳᠡᠭ ᠶᠣᠰᠣ ᠤᠬᠠᠭᠠᠨ ᠢᠶᠠᠷ ᠢᠶᠠᠨ ᠶᠡᠭᠡ ᠣᠯᠠᠨ ᠬᠥᠮᠥᠨ ᠢ ᠬᠠᠪᠰᠤᠷᠴᠤ᠂ ᠤᠬᠠᠭᠠᠷᠠᠭᠤᠯᠵᠤ᠂ ᠬᠥᠮᠥᠵᠢᠭᠦᠯᠵᠦ ᠴᠢᠳᠠᠭᠰᠠᠨ ᠢᠶᠠᠷ ᠢᠶᠠᠨ ᠲᠡᠷᠡ ᠪᠣᠯ ᠨᠢᠭᠡᠨ ᠲᠣᠮᠣ ᠰᠤᠷᠭᠠᠨ ᠬᠥᠮᠦᠵᠢᠯ ᠤᠨ ᠵᠢᠳᠬᠦᠯᠲᠡᠨ ᠶᠤᠮ᠃       ᠳᠡᠳᠮ᠎ᠠ ᠪᠠᠭᠰᠢ ᠪᠣᠯ ᠥᠭᠭᠢᠶᠡᠮᠦᠷᠴᠢ ᠠᠷᠠᠨᠰᠢᠨ ᠲᠠᠢ ᠪᠤᠷᠬᠠᠨ ᠰᠡᠳᠬᠢᠯᠲᠡᠨ ᠶᠤᠮ       ᠳᠡᠳᠮ᠎ᠠ ᠪᠠᠭᠰᠢ ᠪᠣᠯ ᠪᠠᠰᠠ ᠴᠦ ᠬᠥᠳᠡᠭᠡ ᠨᠤᠲᠤᠭ ᠤᠨ ᠮᠠᠯᠴᠢᠳ ᠤᠨ ᠬᠡᠦᠬᠡᠳ ᠰᠤᠷᠭᠠᠭᠤᠯᠢ ᠰᠣᠶᠣᠯ ᠤᠨ ᠮᠥᠷ ᠬᠥᠭᠡᠭᠡᠬᠦ ᠳᠤ ᠲᠤᠰᠠᠯᠠᠬᠤ ᠠᠵᠢᠯ ᠢ ᠣᠯᠠᠨ ᠵᠢᠯ ᠬᠢᠵᠦ ᠢᠷᠡᠭᠰᠡᠨ ᠥᠭᠭᠢᠶᠡᠮᠦᠷᠴᠢ ᠲᠤᠰᠠᠷᠬᠠᠭ ᠪᠤᠷᠬᠠᠨ ᠰᠡᠳᠬᠢᠯ ᠲᠠᠢ ᠬᠥᠮᠥᠨ ᠪᠢᠯᠡ᠃ ᠤᠯᠠᠭᠠᠨᠬᠠᠳᠠ ᠬᠤᠳᠠ ᠶᠢᠨ ᠬᠡᠰᠢᠭᠲᠡᠨ ᠨᠤᠲᠤᠭ ᠤᠨ ᠬᠦᠴᠢᠷᠲᠡᠢ ᠮᠠᠯᠴᠢᠳ ᠤᠨ ᠬᠡᠦᠬᠡᠳ ᠢ ᠣᠯᠠᠨ ᠵᠢᠯ ᠳᠡᠮᠵᠢᠵᠡᠢ᠃ ᠥᠪᠡᠷ ᠤᠨ ᠢᠶᠠᠨ 16 ᠨᠠᠰᠤᠨ ᠳᠠᠭᠠᠨ ᠤᠷᠠᠯᠢᠭ ᠤᠨ ᠰᠤᠷᠭᠠᠭᠤᠯᠢ ᠳᠤ ᠪᠠᠲᠤᠯᠠᠭᠳᠠᠨ ᠡᠯᠰᠡᠭᠳᠡᠭᠰᠡᠨ ᠢᠶᠠᠨ ᠴᠠᠭ ᠢᠮᠠᠭᠲᠠ ᠳᠤᠷᠠᠰᠤᠨ ᠶᠠᠷᠢᠵᠤ᠂ ᠨᠠᠮ ᠲᠥᠷᠦ ᠪᠠ ᠡᠬᠡ ᠰᠤᠷᠭᠠᠭᠤᠯᠢ ᠶᠢᠨ ᠢᠶᠠᠨ ᠬᠥᠮᠥᠵᠢᠭᠦᠯᠦᠭᠰᠡᠨ ᠠᠴᠢ ᠭᠠᠪᠢᠶ᠎ᠠ ᠶᠢ ᠦᠷᠭᠦᠯᠵᠢ ᠰᠡᠳᠬᠢᠯ ᠳᠡᠭᠡᠨ ᠪᠤᠳᠤᠨ ᠰᠠᠨᠠᠵᠤ ᠲᠠᠯᠠᠷᠬᠠᠵᠤ ᠶᠠᠪᠤᠳᠠᠭ ᠪᠥᠭᠡᠳ ᠠᠮᠢᠳᠤᠷᠠᠯ ᠬᠦᠴᠢᠷᠲᠡᠢ ᠰᠤᠷᠤᠬᠴᠢᠳ ᠢ ᠬᠠᠪᠰᠤᠷᠴᠤ ᠲᠡᠮᠵᠢᠵᠤ ᠶᠠᠪᠤᠳᠠᠭ ᠢᠶᠠᠷ ᠢᠶᠠᠨ ᠪᠤᠰᠤᠳ ᠳᠠᠭᠤᠴᠢᠳ ᠠᠴᠠ ᠣᠨᠴᠠ ᠢᠯᠭᠠᠷᠠᠳᠠᠭ᠃ 2003 ᠣᠨ ᠳᠤ ᠡᠭᠦᠰᠦᠭᠰᠡᠨ ᠨᠡᠶᠢᠲᠡᠯᠢᠭ ᠪᠤᠰᠤ  ᠠᠭᠤᠰᠬᠢᠨ ᠦᠷᠪᠢᠰᠦᠯ ᠤᠨ ᠬᠢᠵᠢᠭ ᠳᠡᠯᠭᠡᠷᠡᠭᠰᠡᠨ ᠦᠶ᠎ᠡ ᠳᠤ ᠪᠢ ᠵᠠᠪᠰᠢᠶᠠᠨ ᠢᠶᠠᠷ ᠳᠡᠳᠮ᠎ᠠ ᠪᠠᠭᠰᠢ ᠲᠠᠢ ᠬᠤᠶᠠᠷ ᠳᠠᠭᠤᠤ ᠬᠠᠮᠲᠤᠷᠠᠨ ᠵᠣᠬᠢᠶᠠᠭᠰᠠᠨ ᠶᠤᠮ᠃ ᠮᠠᠨᠤᠰ ᠤᠨ ᠡᠷᠡᠭᠦᠯ ᠡᠩᠬᠡ ᠵᠣᠯ ᠵᠢᠷᠭᠠᠯ ᠤᠨ ᠵᠠᠭᠤᠴᠢ ᠪᠣᠯᠤᠭᠰᠠᠨ ᠡᠮᠴᠢ ᠨᠠᠷ ᠢᠶᠠᠨ ᠵᠣᠷᠢᠭᠵᠢᠭᠤᠯᠵᠤ᠂ ᠲᠡᠳᠡᠨ ᠤ ᠪᠠᠨ ᠦᠢᠯᠡᠰ ᠵᠢᠳᠬᠦᠯ ᠢ ᠦᠨᠡᠯᠡᠨ ᠰᠠᠶᠢᠰᠢᠶᠠᠬᠤ ᠠᠵᠢᠯ ᠳᠤ ᠳᠡᠳᠮ᠎ᠠ ᠪᠠᠭᠰᠢ ᠮᠠᠨᠢ ᠬᠠᠯᠠᠭᠤᠨ ᠰᠡᠳᠬᠢᠯᠭᠡ ᠪᠣᠯᠣᠨ ᠬᠠᠷᠢᠭᠤᠴᠠᠯᠭᠠᠲᠤ ᠣᠪᠣᠷ ᠢᠶᠠᠷ ᠬᠠᠨᠳᠤᠵᠤ᠂ ᠥᠪᠡᠷ ᠤᠨ ᠳᠠᠭᠤᠯᠠᠨ ᠰᠢᠩᠭᠡᠭᠡᠭᠰᠡᠨ CD ᠪᠢᠴᠢᠯᠭᠡ ᠪᠠᠨ ᠪᠡᠶ᠎ᠡ ᠶᠢᠨ ᠢᠶᠠᠨ ᠡᠷᠡᠭᠦᠯ ᠴᠢᠭᠢᠷᠠᠭ᠂ ᠡᠪᠡᠳᠴᠢᠨ ᠲᠠᠬᠤᠯ ᠢ ᠴᠦ ᠬᠠᠶᠢᠬᠤᠷᠤᠯ ᠦᠭᠡᠢ ᠪᠠᠷ ᠡᠮᠴᠢ ᠰᠤᠪᠢᠯᠠᠭᠴᠢ ᠨᠠᠷ ᠲᠤ ᠬᠦᠷᠭᠡᠵᠦ ᠶᠠᠪᠤᠭᠰᠠᠨ ᠠᠵᠢᠯᠯᠠᠭ᠎ᠠ ᠨᠢ ᠳᠡᠳᠮ᠎ᠠ ᠪᠠᠭᠰᠢ ᠶᠢᠨ ᠤᠯᠤᠰ ᠲᠥᠷᠦ ᠶᠢᠨ ᠦᠵᠡᠯ ᠤᠬᠠᠮᠰᠠᠷ ᠥᠨᠳᠥᠷ᠂ ᠪᠤᠳᠤᠯ ᠰᠠᠨᠠᠭ᠎ᠠ ᠭᠡᠭᠡᠨ ᠰᠠᠷᠠᠭᠤᠯ᠂ ᠬᠥᠮᠥᠨ ᠮᠥᠰᠥ ᠪᠠᠲᠤ ᠴᠠᠭᠠᠨ ᠤ ᠢᠯᠡᠷᠡᠯ ᠪᠤᠯᠬᠤ ᠶᠤᠮ᠃       2020 ᠣᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠦᠶ᠎ᠡ ᠳᠤ ᠴᠤ ᠮᠢᠨᠤ ᠠᠭᠤᠯᠠᠲᠠᠢ ᠠᠬ᠎ᠠ ᠲᠠᠢ ᠬᠠᠮᠲᠤᠷᠠᠵᠤ ᠪᠦᠲᠦᠭᠡᠭᠰᠡᠨ ᠳᠠᠭᠤᠤ ᠶᠢ ᠳᠡᠳᠮ᠎ᠠ ᠪᠠᠭᠰᠢ ᠬᠠᠯᠠᠭᠤᠨ ᠰᠡᠳᠬᠢᠯᠭᠡ ᠪᠠᠷ ᠭᠥᠯᠢᠶᠡᠨ ᠠᠪᠴᠤ᠂ ᠵᠠᠯᠠᠭᠤ ᠳᠠᠭᠤᠴᠢᠨ ᠪᠤᠤ ᠲᠢᠶᠠᠨ ᠪᠤᠤ ᠲᠠᠢ ᠬᠠᠮᠲᠤ ᠳᠠᠭᠤᠯᠠᠭᠰᠠᠨ ᠪᠠᠶᠢᠳᠠᠭ᠃ ᠳᠡᠳᠮ᠎ᠠ ᠪᠠᠭᠰᠢ ᠥᠪᠡᠷ ᠤᠨ ᠡᠭᠦᠰᠬᠡᠨ ᠪᠠᠶᠢᠭᠤᠯᠤᠭᠰᠠᠨ ᠤᠷᠠᠯᠢᠭ ᠤᠨ ᠰᠤᠷᠭᠠᠭᠤᠯᠢ ᠶᠢᠨ ᠠᠮᠢᠳᠤᠷᠠᠯ ᠬᠦᠴᠢᠷᠲᠡᠢ ᠰᠤᠷᠤᠬᠴᠢᠳ ᠤᠨ ᠢᠶᠠᠨ ᠰᠤᠷᠤᠯᠭ᠎ᠠ ᠶᠢᠨ ᠮᠥᠩᠭᠦ ᠶᠢ ᠬᠡᠯᠲᠦᠷᠢᠭᠦᠯᠦᠭᠰᠡᠨ ᠵᠢᠱᠢᠶ᠎ᠡ ᠭᠡᠪᠡᠯ ᠨᠡᠩ ᠴᠦ ᠲᠣᠭᠠᠯᠠᠰᠢ ᠦᠭᠡᠢ ᠣᠯᠠᠨ ᠪᠤᠢ᠃ ᠡᠳᠡᠭᠡᠷ ᠠᠵᠢᠯᠯᠠᠭ᠎ᠠ ᠨᠤᠭᠤᠳ ᠠᠴᠠ ᠳᠡᠳᠮ᠎ᠠ ᠪᠠᠭᠰᠢ ᠶᠢᠨ ᠥᠭᠭᠢᠶᠡᠮᠦᠷᠴᠢ᠂ ᠥᠷᠥᠪᠴᠢᠬᠡᠨ ᠰᠡᠳᠬᠢᠯᠲᠡᠨ ᠪᠤᠯᠬᠤ ᠶᠢ ᠮᠡᠳᠡᠵᠦ ᠪᠤᠯᠬᠤ ᠶᠤᠮ᠃ ᠥᠪᠥᠷ ᠮᠣᠩᠭᠤᠯ ᠣᠷᠣᠨ ᠪᠤᠶᠤ ᠪᠤᠰᠤᠳ ᠭᠠᠵᠠᠷ ᠤᠨ ᠡᠯ᠎ᠡ ᠦᠨᠳᠦᠰᠦᠲᠡᠨ ᠤ ᠤᠷᠤᠯᠳᠤᠭᠠᠨ  ᠪᠤᠶᠤ ᠮᠡᠷᠭᠡᠵᠢᠯ ᠳᠡᠭᠡᠭᠰᠢᠯᠡᠭᠦᠯᠭᠦ ᠪᠣᠯᠪᠠᠰᠤᠷᠠᠯ ᠢ ᠵᠢᠭᠠᠨ ᠵᠢᠯᠤᠭᠤᠳᠴᠤ ᠵᠠᠯᠠᠭᠤ ᠰᠤᠷᠤᠬᠴᠢᠳ ᠤᠨ ᠲᠣᠮᠣ ᠱᠠᠩᠨᠠᠯ ᠲᠤᠰᠬᠤ ᠪᠤᠶᠤ ᠤᠷᠠᠯᠢᠭᠴᠢᠨ ᠳᠠᠭᠤᠴᠢᠨ ᠪᠤᠯᠬᠤ ᠳᠤᠨᠢ ᠶᠡᠬᠡᠬᠡᠨ ᠬᠠᠪᠰᠤᠷᠤᠯᠭ᠎ᠠ ᠳᠡᠮᠵᠢᠯᠭᠡ ᠦᠵᠡᠭᠦᠯᠦᠭᠰᠡᠨ ᠵᠢᠱᠢᠶ᠎ᠡ ᠮᠥᠨ ᠵᠥᠩᠳᠡᠭᠡᠨ᠃ ᠳᠡᠳᠮ᠎ᠠ ᠪᠠᠭᠰᠢ ᠶᠡᠷᠦ ᠨᠢ ᠠᠮᠢᠳᠤᠷᠠᠯ ᠳᠤᠮᠳᠠᠬᠢ ᠠᠷᠰᠠᠷ ᠶᠠᠪᠤᠳᠠᠯ ᠠᠴᠠ ᠲᠣᠮᠣ ᠬᠡᠪᠴᠢᠶᠡᠨ ᠤ ᠠᠵᠢᠯᠯᠠᠭᠠᠨ ᠭᠦᠷᠲᠡᠯ᠎ᠡ ᠮᠠᠰᠢ ᠨᠠᠷᠢᠨ ᠬᠢᠨᠠᠮᠠᠭᠠᠢ᠂ ᠬᠠᠷᠢᠭᠤᠴᠠᠯᠭ᠎ᠠ ᠲᠠᠢ᠂ ᠪᠦᠷᠢᠨ ᠲᠡᠭᠦᠯᠳᠡᠷ ᠬᠢᠬᠦ ᠶᠢ ᠡᠷᠭᠢᠮᠯᠡᠳᠡᠭ ᠪᠥᠭᠡᠳ ᠪᠤᠰᠤᠳ ᠤᠨ ᠠᠴᠢ ᠲᠤᠰᠠ ᠶᠢ ᠮᠠᠷᠲᠠᠳᠠᠭ ᠦᠭᠡᠢ ᠬᠥᠮᠥᠨ ᠤ ᠨᠢᠭᠡ ᠪᠢᠯᠡ᠃ ᠲᠡᠭᠦᠨ ᠢ 16 ᠨᠠᠰᠤ ᠲᠠᠢ ᠪᠠᠶᠢᠬᠤ ᠳᠤᠨᠢ ᠤᠷ᠎ᠠ ᠠᠪᠢᠶᠠᠰ ᠢ ᠨᠢ ᠲᠠᠨᠢᠨ ᠮᠡᠳᠠᠵᠤ᠂ ᠣᠨᠴᠠ ᠬᠠᠷᠠᠭᠠᠯᠵᠠᠯ ᠦᠵᠡᠭᠦᠯᠵᠦ ᠠᠯᠠᠱᠠ ᠨᠤᠲᠤᠭ ᠠᠴᠠ ᠤᠷᠠᠯᠢᠭ ᠤᠨ ᠰᠤᠷᠭᠠᠭᠤᠯᠢ ᠳᠤ ᠡᠯᠰᠡᠭᠰᠡᠨ ᠠᠴᠢ ᠲᠠᠢ ᠬᠥᠮᠥᠨ ᠪᠤᠯᠬᠤ ᠲᠣᠮᠣ ᠬᠥᠭᠵᠢᠮ ᠤᠨ ᠵᠣᠬᠢᠶᠠᠯᠴᠢ᠂ ᠣᠨᠣᠯᠴᠢ ᠮᠡᠷᠭᠡᠵᠢᠬᠦ ᠪᠠᠭᠰᠢ ᠶᠢ ᠲᠣᠩ ᠭᠦᠨᠳᠦᠳᠭᠡᠵᠦ᠂ ᠤᠳᠠᠭ᠎ᠠ ᠪᠣᠯᠭᠠᠨ ᠤ ᠰᠣᠷᠪᠤᠯᠵᠢᠯᠠᠭ᠎ᠠ ᠳᠤ ᠴᠥᠮ ᠳᠤᠷᠠᠰᠤᠨ ᠶᠠᠷᠢᠵᠤ᠂ ᠪᠠᠶᠠᠷᠯᠠᠨ ᠲᠠᠯᠠᠷᠬᠠᠵᠤ ᠪᠠᠶᠢᠳᠠᠭ ᠢ ᠨᠢ ᠮᠥᠨ ᠣᠯᠠᠨ ᠤᠳᠠᠭ᠎ᠠ ᠰᠣᠨᠣᠰᠤᠭᠰᠠᠨ᠃ ᠲᠡᠭᠦᠨ ᠲᠠᠢ ᠬᠠᠮᠲᠤᠷᠠᠭᠰᠠᠨ ᠡᠯ᠎ᠡ ᠦᠨᠳᠦᠰᠦᠲᠡᠨ ᠤ ᠳᠠᠭᠤᠤ᠂ ᠰᠢᠯᠦᠭ᠂ ᠬᠥᠭᠵᠢᠮ ᠤᠨ ᠵᠣᠬᠢᠶᠠᠯᠴᠢ ᠪᠤᠶᠤ ᠮᠠᠨᠤᠰ ᠰᠢᠭ᠋ ᠵᠠᠯᠠᠭᠤ ᠤᠷᠠᠯᠢᠭᠴᠢᠳ ᠲᠤ ᠴᠦ ᠭᠦᠷᠲᠡᠯ᠎ᠡ ᠳᠠᠩᠳᠠ ᠪᠠᠶᠠᠷᠯᠠᠵᠤ ᠲᠠᠯᠠᠷᠬᠠᠭᠰᠠᠨ ᠬᠠᠯᠠᠭᠤᠨ ᠳᠤᠯᠠᠭᠠᠨ ᠦᠭᠡ ᠶᠠᠷᠢᠵᠤ ᠰᠡᠳᠬᠢᠯ ᠢ ᠳᠤᠯᠠᠭᠠᠴᠠᠭᠤᠯᠳᠠᠭ ᠪᠢᠯᠡ᠃ ᠲᠡᠷᠡ ᠪᠣᠯ ᠳᠠᠷᠤᠤ ᠬᠢᠴᠢᠶᠡᠩᠭᠦᠢ᠂ ᠪᠤᠰᠤᠳ ᠲᠤ ᠲᠤᠰᠠᠷᠬᠠᠭ᠂ ᠬᠥᠮᠥᠰ ᠲᠤ ᠵᠥᠪ ᠡᠨᠧᠷᠭᠢ ᠥᠭᠴᠦ ᠪᠠᠶᠢᠳᠠᠭ ᠨᠢᠭᠡᠨ ᠬᠥᠭᠡᠷᠦᠬᠦᠨ ᠮᠥᠷᠲᠡᠭᠡᠨ ᠠᠭᠤᠤ ᠶᠡᠭᠡ ᠤᠷᠠᠯᠢᠭᠴᠢᠨ ᠪᠠᠶᠢᠭ᠎ᠠ ᠶᠤᠮ᠃       ᠳᠡᠳᠮ᠎ᠠ ᠪᠠᠭᠰᠢ ᠪᠣᠯ ᠮᠢᠨᠤ ᠬᠤᠶᠠᠷ ᠦᠶ᠎ᠡ ᠶᠢᠨ ᠤᠷᠠᠯᠢᠭ ᠤᠨ ᠬᠥᠲᠥᠴᠢ ᠶᠤᠮ       ᠳᠡᠳᠮ᠎ᠠ ᠪᠠᠭᠰᠢ ᠮᠠᠨᠢ ᠤᠶᠠᠩᠭ᠎ᠠ ᠳᠠᠭᠤᠤ ᠪᠠᠷ ᠢᠶᠠᠨ ᠨᠠᠮᠠᠶᠢ ᠤᠷᠠᠯᠢᠭ ᠤᠨ ᠵᠠᠮ ᠳᠤ ᠬᠥᠲᠥᠯᠥᠭᠰᠡᠨ ᠪᠠᠭᠰᠢ ᠪᠤᠯᠬᠤ ᠪᠥᠭᠡᠳ ᠮᠥᠨ ᠴᠦ ᠤᠬᠠᠭᠠᠨᠲᠤ ᠰᠤᠷᠭᠠᠯ ᠢᠶᠠᠷ ᠢᠶᠠᠨ ᠬᠦᠦ ᠶᠢ ᠮᠢᠨᠢ ᠤᠷᠠᠯᠢᠭ ᠤᠨ ᠵᠠᠮ ᠳᠤ ᠬᠥᠲᠥᠯᠥᠭᠰᠡᠨ ᠪᠠᠭᠰᠢ ᠪᠣᠯᠣᠨ᠎ᠠ᠃ ᠡᠭᠦᠨ ᠳᠤ ᠪᠠᠰᠠ ᠥᠯᠢᠭᠡᠷ ᠲᠠᠢ᠃ ᠪᠢ ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠳᠤ ᠰᠠᠶ᠋ᠢᠬᠠᠨ ᠠᠵᠢᠯ ᠰᠢᠯᠵᠢᠵᠦ ᠢᠷᠡᠭᠡᠳ  ᠵᠣᠯᠲᠠᠶᠢᠭᠦᠦ ᠶᠢ ᠠᠩᠬ᠎ᠠ ᠬᠤᠶᠠᠷ ᠤᠨ ᠰᠤᠷᠤᠬᠴᠢ ᠪᠠᠶᠢᠬᠤ ᠳᠤ᠂ ᠪᠡᠭᠡᠵᠢᠩ ᠤᠨ ᠲᠧᠯᠸᠢᠰ ᠬᠤᠷᠢᠶ᠎ᠠ  ᠶᠢᠨ ᠰᠤᠷᠪᠤᠯᠵᠢᠯᠠᠬᠴᠢ ᠳᠡᠳᠮ᠎ᠠ ᠪᠠᠭᠰᠢ ᠮᠠᠨ ᠤ ᠬᠤᠶᠠᠷ ᠢ ᠰᠤᠷᠪᠤᠯᠵᠢᠯᠠᠬᠤ ᠶᠠᠪᠤᠴᠠ ᠳᠤ ᠳᠡᠳᠮ᠎ᠠ ᠪᠠᠭᠰᠢ ᠠᠴᠠ ᠳᠠᠭᠤᠤ ᠶᠢᠨ ᠰᠢᠯᠦᠭᠴᠢ ᠼᠦᠢ ᠹᠦ᠋᠂ ᠳᠠᠭᠤᠴᠢᠨ ᠴᠢ ᠹᠧᠩ ᠪᠣᠯᠣᠨ ᠪᠤᠰᠤᠳ ᠬᠡᠳᠦᠨ ᠨᠠᠶᠢᠵᠠ ᠵᠢᠴᠢ ᠮᠠᠨ ᠤ ᠨᠢᠭᠡ ᠭᠡᠷ ᠢ ᠤᠷᠢᠵᠤ ᠵᠣᠴᠢᠯᠠᠭᠰᠠᠨ ᠪᠢᠯᠡ᠃ ᠴᠠᠶᠢᠯᠠᠯᠭ᠎ᠠ ᠳᠡᠭᠡᠷ᠎ᠡ ᠬᠡᠳᠦᠨ ᠪᠠᠭᠰᠢ ᠮᠢᠨᠢ ᠶᠠᠷᠢᠶ᠎ᠠ ᠬᠥᠭᠡᠷᠦᠭᠡ ᠠᠴᠠ ᠪᠠᠨ ᠳᠠᠭᠤᠤ ᠰᠢᠯᠦᠭ ᠲᠤ ᠰᠢᠯᠵᠢᠵᠦ᠂ ᠤᠷ᠎ᠠ ᠠᠪᠢᠶᠠᠰ ᠢᠶᠠᠨ ᠭᠠᠶᠢᠬᠠᠭᠤᠯᠤᠨ ᠪᠠᠶᠠᠷ ᠭᠦᠷ ᠨᠡᠮᠡᠵᠦ ᠪᠠᠶᠢᠯ᠎ᠠ᠃ ᠮᠠᠨ ᠤ ᠭᠡᠷ ᠪᠦᠯᠢ ᠶᠢᠨ ᠪᠦᠷᠢᠯᠳᠦᠭᠦᠨ ᠪᠣᠯᠤᠭᠰᠠᠨ ᠤ ᠬᠤᠪᠢ ᠳᠤ᠂ ᠮᠢᠨᠤ ᠬᠦᠦ ᠵᠣᠯᠲᠠᠶᠢᠭᠦᠦ ᠨᠥᠭᠦᠭᠡ ᠥᠷᠥᠭᠡᠨ ᠠᠴᠠ ᠮᠠᠨᠤᠰ ᠤᠨ ᠰᠢᠷᠡᠭᠡᠨ ᠳᠤ ᠢᠷᠡᠵᠦ ᠬᠦᠨᠳᠦᠳᠬᠡᠯ ᠮᠡᠨᠳᠦᠴᠢᠯᠡᠯ ᠤᠨ ᠶᠣᠰᠣᠨ ᠢ ᠭᠦᠢᠴᠡᠳᠬᠡᠪᠡ᠃ ᠡᠮᠦᠨ᠎ᠡ ᠨᠢ ᠬᠦᠦ ᠳᠡᠭᠡᠨ ᠳᠠᠭᠤᠤ ᠰᠤᠷᠬᠤ ᠤᠷᠮ᠎ᠠ ᠪᠠᠬ᠎ᠠ ᠶᠢ ᠨᠢ ᠬᠥᠭᠵᠢᠭᠡᠬᠦ ᠢᠳᠬᠠᠯ ᠬᠢᠯᠭᠡᠬᠦ ᠰᠠᠨᠠᠭ᠎ᠠ ᠪᠠᠨ ᠭᠤᠷᠪᠠᠨ ᠪᠠᠭᠰᠢ ᠳᠤ ᠪᠢ ᠵᠥᠪᠯᠡᠵᠦ ᠥᠩᠭᠡᠷᠡᠭᠰᠡᠨ ᠰᠠᠨ᠃ ᠳᠡᠳᠮ᠎ᠠ ᠪᠠᠭᠰᠢ ᠮᠠᠨᠢ ᠵᠣᠯᠲᠠᠶᠢᠭᠦᠦ ᠶᠢ ᠬᠠᠷᠠᠭᠠᠳ ᠭᠠᠶᠢᠬᠠᠨ ᠪᠠᠶᠠᠰᠴᠤ᠂ ᠡᠨᠡ ᠬᠦᠦ ᠳᠤ ᠳᠠᠭᠤᠴᠢᠨ ᠪᠤᠯᠬᠤ ᠳᠠᠯᠳᠠ ᠠᠪᠢᠶᠠᠰ ᠪᠦᠷᠢᠨ ᠪᠤᠢ᠂ ᠳᠠᠭᠤᠷᠢ ᠶᠢᠨ ᠳᠠᠭᠤᠴᠢᠨ ᠤ ᠬᠡᠪ ᠰᠢᠨᠵᠢ ᠪᠤᠢ᠂ ᠠᠪᠤ ᠡᠵᠢ ᠶᠢᠨ ᠤᠳᠤᠮ ᠰᠢᠦ ᠳ᠋ᠠ ᠭᠡᠵᠦ ᠣᠨᠣᠰᠢᠯᠠᠪᠠ᠃ ᠦᠨᠡᠨ ᠳᠡᠭᠡᠨ ᠠᠪᠤ ᠡᠵᠢ ᠨᠢ ᠪᠦᠷ ᠳᠠᠭᠤᠤ ᠶᠢᠨ ᠮᠡᠷᠭᠡᠵᠢᠯ ᠰᠤᠷᠤᠬᠰᠠᠨ ᠪᠤᠯᠪᠠᠴᠤ ᠬᠦᠦ ᠳᠤ ᠮᠢᠨᠢ ᠳᠠᠭᠤᠴᠢᠨ ᠪᠣᠯᠣᠶ᠎ᠠ ᠭᠡᠰᠡᠨ ᠬᠦᠰᠡᠯ ᠲᠦᠷᠦᠭᠡ ᠦᠭᠡᠢ ᠯᠠ ᠪᠠᠶᠢᠭᠰᠠᠨ ᠳ᠋ᠠ᠃ ᠡᠨᠡ ᠨᠢ ᠮᠥᠨ ᠴᠤ ᠮᠠᠨ ᠤ ᠬᠤᠶᠠᠭᠤᠯᠠ ᠶᠢᠨ ᠭᠡᠶᠢᠲᠡᠯ᠎ᠡ ᠮᠡᠳᠡᠵᠦ ᠪᠠᠶᠢᠭᠠᠳ ᠬᠡᠯᠡᠬᠦ ᠶᠢᠨ ᠠᠷᠭ᠎ᠠ ᠦᠭᠡᠢ ︽ᠴᠡᠭᠡᠷ ᠲᠠᠢ ᠤᠴᠢᠷ︾ ᠶᠤᠮ ᠪᠢᠯᠡ᠃ ᠲᠡᠭᠡᠲᠡᠯ᠎ᠡ ᠳᠡᠳᠮ᠎ᠠ ᠪᠠᠭᠰᠢ ᠮᠠᠨᠢ ᠪᠦᠷ ᠴᠦ ᠶᠠᠷᠢᠯᠴᠠᠯᠭ᠎ᠠ ᠪᠠᠷ ᠳᠠᠮᠵᠢᠨ ᠵᠣᠯᠲᠠᠶᠢᠭᠦᠦ ᠲᠠᠢ ︽ᠰᠡᠳᠬᠢᠯ ᠤᠨ ᠬᠠᠨᠢ︾ ᠪᠣᠯᠣᠯᠴᠠᠵᠤ᠂ ᠤᠷᠮᠠᠰᠢᠭᠤᠯᠤᠯ ᠵᠣᠷᠢᠭᠵᠢᠭᠤᠯᠤᠯ ᠤᠨ ᠬᠠᠮᠢᠶᠠᠲᠠᠢ ᠵᠣᠭᠤᠭᠳᠠᠵᠤ᠂ ᠲᠡᠭᠦᠨ ᠤ ᠳᠠᠭᠤᠴᠢᠨ ᠪᠤᠯᠬᠤ ᠳᠠᠪᠠᠭᠤᠯᠢᠭ ᠲᠠᠯ᠎ᠠ ᠶᠢ ᠭᠦᠢᠴᠡᠳ ᠨᠤᠲᠠᠯᠠᠨ᠂ ᠳᠠᠭᠤᠤ ᠶᠢᠨ ᠮᠡᠷᠭᠡᠵᠢᠯ ᠰᠣᠩᠭᠤᠪᠠᠯ ᠣᠳᠣᠨ ᠳᠠᠭᠤᠴᠢᠨ ᠯᠠᠪᠲᠠᠢ ᠪᠤᠯᠬᠤ ᠨᠢᠭᠤᠴᠠ ᠶᠢ ᠰᠡᠮᠭᠡᠨ ᠵᠠᠳᠠᠷᠠᠭᠤᠯᠵᠤ᠂ ᠢᠲᠡᠭᠡᠯ ᠦᠨᠡᠮᠰᠢᠯ ᠣᠯᠭᠤᠵᠠᠢ᠃ ᠢᠩᠭᠢᠭᠡᠳ ᠯᠠ ᠬᠦᠦ ᠮᠢᠨᠢ ᠬᠤᠭᠤᠯᠠᠨ ᠤ ᠳᠠᠷᠠᠭ᠎ᠠ ᠡᠵᠢ ᠲᠠᠢ ᠪᠠᠨ ᠤᠷᠢᠳᠴᠢᠯᠠᠵᠤ ᠭᠡᠷ ᠲᠡᠭᠡᠨ ᠬᠠᠷᠢᠬᠤ ᠵᠠᠮ ᠳᠤ ᠳᠠᠭᠤᠤ ᠶᠢᠨ ᠮᠡᠷᠭᠡᠵᠢᠯ ᠰᠤᠷᠬᠤ ᠪᠠᠷ ᠵᠣᠷᠢᠭ ᠰᠢᠭᠤᠳᠴᠤ᠂ ᠲᠡᠷᠡ ᠦᠳᠡᠰᠢ ᠪᠢᠳᠡ ᠶᠣᠰᠣᠲᠠᠢ ᠪᠠᠶᠠᠷᠯᠠᠭᠰᠠᠨ ᠰᠠᠨ᠃       ᠳᠡᠳᠮ᠎ᠠ ᠪᠠᠭᠰᠢ ᠶᠢᠨ ᠣᠯᠵᠤ ᠲᠠᠨᠢᠭᠰᠠᠨ᠂ ᠤᠬᠠᠭᠠᠷᠠᠭᠤᠯᠵᠤ ᠳᠡᠶᠢᠯᠦᠭᠰᠡᠨ ᠤ ᠰᠠᠶᠢᠨ ᠢᠶᠠᠷ ᠬᠦᠦ ᠮᠢᠨᠢ ᠣᠳᠣ ᠢᠲ᠋ᠠᠯᠢ ᠶᠢᠨ ᠫᠠᠷᠠᠮ᠎ᠠ ᠳᠠᠭᠤᠤ ᠬᠥᠭᠵᠢᠮ ᠤᠨ ᠳᠡᠭᠡᠳᠦ ᠰᠤᠷᠭᠠᠭᠤᠯᠢ ᠳᠤ ᠮᠥᠨ ᠴᠦ ᠥᠪᠡᠷ ᠤᠨ ᠭᠡᠰᠡᠨ ᠬᠢᠷᠢ ᠪᠦᠲᠦᠮᠵᠢ ᠲᠠᠢ ᠳᠠᠭᠤᠷᠢ ᠶᠢᠨ ᠳᠠᠭᠤᠤ ᠶᠢᠨ ᠮᠡᠷᠭᠡᠵᠢᠯ ᠢᠶᠠᠷ ᠠᠰᠫᠢᠷᠠᠨᠲ ᠢᠶᠠᠷ ᠰᠤᠷᠤᠯᠴᠠᠵᠤ ᠪᠠᠶᠢᠭ᠎ᠠ ᠪᠢᠯᠡ᠃ ᠳᠡᠳᠮ᠎ᠠ ᠪᠠᠭᠰᠢ ᠶᠢᠨ ᠢᠶᠠᠨ ᠭᠠᠰᠢᠭᠤᠳᠠᠯ ᠤᠨ ᠴᠢᠮᠡᠭᠡ ᠶᠢ ᠲᠤᠭᠤᠯᠤᠭᠠᠳ᠂ ᠬᠦᠦ ᠮᠢᠨᠢ ᠪᠥᠮᠪᠥᠷᠴᠡᠭ ᠤᠨ ᠲᠡᠷᠲᠡᠭᠡ ᠲᠠᠯ᠎ᠠ ᠠᠴᠠ ᠳᠠᠯᠠᠢ ᠠᠯᠤᠰ ᠤᠨ ᠤᠲᠠᠰᠤ ᠢᠷᠡᠭᠦᠯᠵᠦ᠂ ᠰᠡᠳᠬᠢᠯ ᠤᠨ ᠦᠭᠡ ᠪᠠᠨ ᠤᠬᠢᠯᠠᠩᠨᠠᠨ ᠶᠠᠷᠢᠵᠤ ᠭᠦᠨ ᠡᠮᠭᠡᠨᠢᠯ ᠢᠯᠡᠷᠬᠡᠶᠢᠯᠡᠵᠦ ᠪᠠᠶᠢᠯ᠎ᠠ᠃ ᠢᠩᠭᠢᠬᠦ ᠪᠠᠷ ᠨᠢ᠂ ᠳᠡᠳᠮ᠎ᠠ ᠪᠠᠭᠰᠢ ᠮᠠᠨᠢ ᠮᠠᠨ ᠤ ᠭᠡᠷ ᠤᠨ ᠬᠤᠶᠠᠷ ᠦᠶ᠎ᠡ ᠶᠢᠨ ᠬᠢᠨ ᠤ ᠤᠷᠠᠯᠢᠭ ᠤᠨ ᠬᠥᠲᠥᠴᠢ᠂ ᠲᠠᠪᠢᠯᠭ᠎ᠠ ᠶᠢᠨ ᠠᠴᠢᠲᠠᠨ᠂ ᠪᠠᠷᠢᠯᠳᠤᠯᠭ᠎ᠠ ᠲᠠᠢ ᠪᠠᠭᠰᠢ ᠪᠤᠯᠬᠤ ᠶᠤᠮ᠃ ᠪᠢ ᠬᠦᠦ ᠲᠠᠢ ᠪᠠᠨ ᠬᠤᠶᠠᠭᠤᠯᠠ ᠪᠠᠨ᠂ ᠥᠪᠡᠷ ᠤᠨ ᠬᠡᠦᠬᠡᠳ ᠢᠶᠠᠨ ᠰᠢᠭ ᠬᠠᠶᠢᠷ᠎ᠠ ᠪᠠᠷ ᠢᠶᠠᠨ ᠬᠢᠴᠢᠶᠡᠯᠯᠡᠵᠦ ᠤᠬᠠᠭᠠᠷᠠᠭᠤᠯᠤᠭᠰᠠᠨ᠂ ᠬᠥᠮᠥᠨ ᠤ ᠠᠮᠢᠳᠤᠷᠠᠯ ᠳᠤ ᠲᠤᠰᠢᠶ᠎ᠠ ᠶᠢ ᠣᠭᠲᠣᠯᠵᠤ ᠬᠥᠯ ᠳᠤ ᠣᠷᠣᠭᠤᠯᠤᠭᠰᠠᠨ ᠡᠵᠢ ᠪᠠᠭᠰᠢ᠂ ᠡᠮᠡᠭᠡ ᠪᠠᠭᠰᠢ ᠪᠠᠨ ᠭᠡᠵᠦ ᠳᠡᠳᠮ᠎ᠠ ᠪᠠᠭᠰᠢ ᠳᠠᠭᠠᠨ ᠲᠠᠯᠠᠷᠬᠠᠵᠤ  ᠶᠠᠪᠤᠳᠠᠭ᠃       ᠳᠡᠳᠮ᠎ᠠ ᠪᠠᠭᠰᠢ ᠶᠢᠨ ᠮᠣᠩᠭᠤᠯ ᠬᠢᠲᠠᠳ ᠢᠶᠠᠷ ᠳᠠᠭᠤᠯᠠᠭᠰᠠᠨ ᠬᠡᠳᠦᠨ ᠠᠷᠪᠠᠨ ᠳᠠᠭᠤᠤ ᠨᠢ ᠪᠦᠭᠦ ᠤᠯᠤᠰ ᠤᠨ ᠬᠡᠪᠴᠢᠶᠡᠨ ᠳᠤ ᠲᠠᠷᠬᠠᠵᠤ ᠳᠡᠯᠭᠡᠷᠡᠭᠰᠡᠨ ᠪᠠᠶᠢᠳᠠᠭ᠃ ᠳᠡᠳᠮ᠎ᠠ ᠪᠠᠭᠰᠢ ᠮᠠᠨᠢ ᠥᠪᠡᠷ ᠤᠨ ᠢᠶᠠᠨ ᠬᠠᠮᠤᠭ ᠤᠨ ᠬᠠᠶᠢᠷᠠᠲᠠᠢ᠂ ᠬᠠᠯᠠᠭᠤᠨ ᠳᠣᠲᠣᠨᠣ ᠭᠡᠷ ᠪᠦᠯᠢ ᠪᠣᠯᠣᠨ ᠣᠶᠢᠷ᠎ᠠ ᠲᠥᠷᠥᠯ᠂ ᠲᠠᠨᠢᠯ ᠳᠠᠰᠤᠯ ᠨᠠᠶᠢᠵᠠ ᠨᠥᠬᠦᠳ᠂ ᠲᠡᠭᠦᠨ ᠢ ᠭᠦᠨᠳᠦᠳᠭᠡᠵᠦ ᠪᠢᠰᠢᠷᠡᠵᠦ ᠪᠠᠭ᠋ᠠᠷᠬᠠᠳᠠᠭ ᠪᠦᠭᠦ ᠤᠯᠤᠰ ᠤᠨ ᠦᠯᠡᠮᠵᠢ ᠣᠯᠠᠨ ᠰᠣᠨᠣᠰᠤᠭᠴᠢ ᠲᠦᠮᠡᠨ ᠠᠴᠠ ᠪᠠᠨ ᠥᠨᠢᠳᠡ ᠬᠠᠭᠠᠴᠠᠵᠤ ᠶᠢᠷᠲᠢᠨᠴᠦ ᠠᠴᠠ ᠠᠩᠭᠢᠵᠢᠷᠠᠯ᠎ᠠ᠃ ᠡᠨᠡ ᠪᠣᠯ ᠤᠯᠤᠰ ᠦᠨᠳᠦᠰᠦᠲᠡᠨ ᠤ ᠤᠷᠠᠯᠢᠭ ᠤᠨ ᠦᠢᠯᠡᠰ ᠤᠨ ᠶᠡᠭᠡ ᠬᠤᠬᠢᠷᠠᠯ᠂ ᠪᠢᠳᠡ ᠪᠦᠭᠦᠨ ᠤ ᠵᠣᠯ ᠪᠤᠰᠤ ᠲᠣᠮᠣ ᠶᠠᠪᠤᠳᠠᠯ ᠪᠤᠯᠬᠤ ᠶᠤᠮ᠃ ᠳᠡᠳᠮ᠎ᠠ ᠪᠠᠭᠰᠢ ᠪᠣᠯ ᠮᠣᠷᠠᠯ ᠡᠷᠳᠡᠮ ᠬᠤᠣᠰᠯᠠᠭᠰᠠᠨ ᠲᠣᠮᠣ ᠤᠷᠠᠯᠢᠭᠴᠢᠨ᠂ ᠮᠠᠨ ᠤ ᠤᠯᠤᠰ ᠤᠨ ᠡᠮᠡᠭᠲᠡᠢ ᠶᠢᠨ ᠠᠷᠭᠢᠯ ᠬᠤᠭᠤᠯᠠᠢ ᠶᠢᠨ ᠲᠣᠮᠣ ᠳᠠᠭᠤᠴᠢᠨ᠂ ᠲᠣᠮᠣ ᠰᠤᠷᠭᠠᠨ ᠬᠥᠮᠦᠵᠢᠯ ᠤᠨ ᠵᠢᠳᠬᠦᠯᠲᠡᠨ᠃ ᠲᠡᠭᠦᠨ ᠢ ᠬᠦᠨᠳᠦᠳᠬᠡᠨ ᠪᠢᠰᠢᠷᠡᠵᠦ᠂ ᠲᠡᠭᠦᠨ ᠤ ᠳᠠᠭᠤᠤ ᠬᠤᠭᠤᠯᠠᠢ ᠪᠠᠷ ᠣᠶᠤᠨ ᠰᠠᠨᠠᠭᠠᠨ ᠤ ᠲᠡᠵᠢᠭᠡᠯ ᠬᠦᠨᠡᠰᠦ ᠪᠠᠨ ᠪᠤᠯᠭᠠᠵᠣ ᠪᠠᠶᠢᠳᠠᠭ ᠪᠦᠭᠦ ᠤᠯᠤᠰ ᠤᠨ ᠡᠯ᠎ᠡ ᠦᠨᠳᠦᠰᠦᠲᠡᠨ ᠤ ᠬᠠᠶᠢᠷᠠᠲᠠᠢ ᠰᠣᠨᠣᠰᠤᠭᠴᠢ ᠲᠦᠮᠡᠨ ᠨᠢ ᠡᠮᠭᠡᠨᠢᠨ ᠭᠠᠰᠢᠭᠤᠳᠠᠵᠤ ᠪᠠᠶᠢᠨ᠎ᠠ᠃ ᠲᠡᠭᠦᠨ ᠤ ᠵᠣᠷᠢᠭ ᠰᠠᠨᠠᠭ᠎ᠠ᠂ ᠬᠢᠵᠦ ᠪᠦᠲᠦᠭᠡᠭᠰᠡᠨ ᠦᠢᠯᠡᠰ᠂ ᠤᠷᠮᠠᠰᠢᠭᠤᠯᠤᠯ ᠵᠣᠷᠢᠭᠵᠢᠭᠤᠯᠤᠯ ᠪᠣᠯ ᠪᠢᠳᠡ ᠪᠦᠭᠦᠨ ᠤ ᠥᠪᠯᠡᠵᠦ ᠦᠯᠡᠳᠡᠭᠡᠬᠦ ᠡᠷᠬᠢᠮ ᠨᠠᠨᠳᠢᠨ ᠰᠣᠶᠣᠯ ᠤᠨ ᠥᠪ ᠬᠥᠷᠥᠩᠭᠡ᠃ ᠬᠦᠨᠳᠦᠲᠦ ᠬᠠᠶᠢᠷᠠᠲᠤ ᠳᠡᠳᠮ᠎ᠠ ᠪᠠᠭᠰᠢ ᠪᠠᠨ ᠮᠥᠷᠥᠭᠡᠳᠦᠨ ᠰᠠᠨᠠᠭᠠᠯᠵᠠᠬᠤ ᠶᠢᠨ ᠬᠠᠮᠲᠤ ᠲᠡᠭᠦᠨ ᠤ ᠪᠦᠭᠦ ᠭᠡᠷ ᠤᠨ ᠬᠢᠨ ᠳᠤ ᠭᠠᠰᠢᠭᠤᠳᠠᠯ ᠢᠯᠡᠷᠬᠡᠶᠢᠯᠡᠨ᠂ ᠮᠣᠩᠭᠤᠯ ᠳᠠᠭᠠᠨ ᠳᠠᠭᠢᠨ ᠲᠥᠷᠦᠭᠡᠰᠡᠢ ᠬᠡᠮᠡᠨ ᠵᠠᠯᠪᠠᠷᠢᠨ ᠳᠠᠭᠠᠳᠬᠠᠵᠤ ᠪᠠᠶᠢᠨᠠᠮ ᠁       ᠡᠨᠡ ᠬᠦ ᠳᠤᠷᠠᠳᠬᠠᠯ ᠢ ᠪᠢᠴᠢᠵᠦ ᠪᠠᠷᠠᠭᠠᠬᠤ ᠲᠠᠰᠢᠷᠠᠮ ᠳᠤ ᠲᠡᠭᠦᠨ ᠤ ᠬᠦᠩᠭᠢᠨᠡᠮ᠎ᠡ ᠴᠡᠭᠡᠯᠬᠡᠨ ᠬᠤᠭᠤᠯᠠᠢ ᠪᠠᠷ ᠢᠶᠠᠨ ᠳᠠᠭᠤᠯᠠᠭᠰᠠᠨ ︽ᠲᠡᠭᠷᠢ ᠶᠢᠨ ᠰᠠᠯᠬᠢ︾ ᠶᠢᠨ ᠠᠶ᠎ᠠ ᠴᠢᠬᠢᠨ᠎ᠡ ᠴᠤᠤᠷᠢᠶᠠᠳᠴᠦ ᠪᠠᠶᠢᠨ᠎ᠠ  ᠁︽ᠲᠡᠭᠷᠢ ᠶᠢᠨ ᠰᠠᠯᠬᠢ ᠲᠡᠭᠰᠢ ᠦᠭᠡᠢ᠂ ᠲᠥᠷᠦᠭᠰᠡᠨ ᠪᠡᠶ᠎ᠡ ᠮᠢᠨᠢ ᠮᠥᠩᠬᠡ ᠦᠭᠡᠢ ᠁︾᠃ ᠲᠡᠶᠢᠮᠦ ᠠ᠋᠂ ᠪᠠᠭᠰᠢ ᠠ᠋᠂ ᠲᠥᠷᠦᠭᠰᠡᠨ ᠪᠡᠶ᠎ᠡ ᠴᠢᠨᠢ ᠶᠢᠷᠲᠢᠨᠴᠦ ᠠᠴᠠ ᠬᠠᠯᠢᠭᠰᠠᠨ ᠴᠦ ᠲᠠᠨ ᠤ ᠳᠠᠭᠤᠯᠠᠭᠰᠠᠨ ᠳᠠᠭᠤᠤ ᠨᠤᠭᠤᠳ ᠮᠥᠩᠬᠡᠷᠡᠬᠦ ᠶᠤᠮ᠃ ᠡᠨᠡ ᠳᠡᠯᠡᠬᠡᠢ ᠳᠤ ᠲᠠ ᠪᠣᠯ ᠠᠮᠠᠷᠠᠭ ᠨᠥᠬᠦᠷ ᠤᠨ ᠢᠶᠠᠨ ᠰᠠᠶᠢᠨ ᠬᠠᠨᠢ᠂  ᠠᠴᠢᠷ ᠦᠷ᠎ᠡ ᠶᠢᠨ ᠢᠶᠠᠨ ᠬᠠᠶᠢᠷᠠᠲᠠᠢ ᠡᠵᠢ᠂ ᠤᠯᠤᠰ ᠭᠡᠷ ᠤᠨ ᠢᠶᠠᠨ ᠰᠣᠶᠣᠯ ᠤᠨ ᠡᠷᠳᠡᠨᠢ᠂ ᠤᠭᠰᠠᠭ᠎ᠠ ᠦᠨᠳᠦᠰᠦᠲᠡᠨ ᠤ ᠪᠠᠨ ᠭᠠᠷᠮᠠᠭᠠᠢ ᠵᠢᠳᠬᠦᠯᠲᠡᠨ ᠶᠤᠮ᠃ ᠳᠠᠭᠤᠷᠢᠰᠬᠤ ᠠᠯᠳᠠᠷ ᠴᠢᠨᠢ᠂ ᠳᠠᠭᠤᠯᠠᠭᠰᠠᠨ ᠳᠠᠭᠤᠤ ᠴᠢᠨᠢ᠂ ᠬᠢᠵᠦ ᠪᠦᠲᠦᠭᠡᠭᠰᠡᠨ ᠦᠢᠯᠡᠰ ᠴᠢᠨᠢ ᠠᠷᠠᠳ ᠲᠦᠮᠡᠨ ᠤ ᠪᠠᠨ ᠰᠡᠳᠬᠢᠯ ᠳᠤ ᠬᠡᠵᠢᠶᠡᠳᠡ ᠪᠠᠨ ᠮᠥᠩᠬᠡᠷᠡᠬᠦ ᠶᠤᠮ ᠠ᠋ ᠁᠃                                                                       ᠵᠣᠬᠢᠶᠠᠭᠴᠢ᠄ ᠰᠡᠴᠡᠨᠴᠣᠭᠲᠤ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ