ᠪᠢᠯᠢᠭ ᠤᠨ ᠬᠡ ᠲᠠᠢ ︽ᠵᠠᠩᠭᠠᠷ︾
ᠨᠡᠶᠢᠲᠡᠯᠡᠭᠰᠡᠨ ᠴᠠᠭ᠄
2024/1/30
       ᠠᠷᠪᠠ ᠭᠦᠷᠦᠭᠡ ᠦᠭᠡᠢ ᠨᠠᠰᠤᠨ ᠳᠠᠭᠠᠨ ᠦᠶ᠎ᠡ ᠶᠢᠨ ᠥᠨᠥᠴᠢᠨ ᠵᠠᠩᠭᠠᠷ ᠤᠨ ᠦᠯᠢᠭᠡᠷ ᠲᠤᠤᠯᠢᠰ ᠲᠠᠢ ᠲᠠᠨᠢᠯᠴᠠᠭᠰᠠᠨ ᠪᠢᠯᠡ ᠤᠤ ᠪᠢ᠂ ᠬᠠᠨᠴᠤᠢ ᠶᠢᠨ ᠨᠢᠰᠦᠨ ᠳᠠᠭᠠᠨ ᠵᠥᠪ ᠦᠭᠡᠢ ᠠᠳᠡᠯ᠎ᠠ ᠠᠷᠠᠭ ᠤᠯᠠᠭᠠᠨ ᠬᠤᠩᠭᠤᠷ ᠰᠢᠭ᠋ ᠠᠭᠠᠷᠬᠠᠵᠤ ᠬᠡᠶᠢᠷᠬᠡᠵᠦ ᠶᠠᠪᠤᠭᠰᠠᠨ ᠪᠢᠯᠡ ᠤᠤ ᠪᠢ᠃       ᠪᠠᠭ᠎ᠠ ᠰᠤᠷᠭᠠᠭᠤᠯᠢ ᠶᠢᠨ ᠭᠤᠷᠪᠠᠳᠤᠭᠠᠷ ᠣᠨ ᠳᠤ ᠣᠷᠣᠭᠰᠠᠨ ᠲᠡᠷᠡ ᠨᠠᠮᠤᠷ ᠯᠠ ᠳ᠋ᠠ᠃ ᠪᠠᠭᠰᠢᠯᠠᠵᠤ ᠪᠠᠶᠢᠭᠰᠠᠨ ᠡᠭᠡᠴᠢ ᠶᠢᠨ ᠢᠶᠠᠨ ᠪᠠᠶᠢᠷᠢᠨ ᠳᠤ ᠣᠷᠣᠬᠤ  ᠳᠤ ᠶᠠᠭ ᠶᠠᠭᠤᠮ᠎ᠠ ᠬᠡᠦᠮ᠎ᠡ ᠪᠠᠨ ᠳᠢᠭᠯᠡᠨ ᠬᠤᠷᠢᠶᠠᠵᠤ ᠪᠠᠶᠢᠬᠤ ᠲᠠᠭᠠᠷᠠᠬᠰᠠᠨ ᠶᠤᠮ᠃ ᠡᠭᠡᠴᠢ ᠳᠤ ᠠᠳᠠᠯᠢᠬᠠᠨ ᠬᠤᠶᠠᠷ ᠰᠢᠷ᠎ᠠ ᠲᠠᠪᠰᠠᠭ ᠲᠠᠢ᠃ ᠨᠢᠭᠡᠨ ᠳᠤᠨᠢ ᠨᠠᠷᠢᠨ ᠨᠠᠨᠳᠢᠨ ᠵᠦᠢᠯᠡᠰ ᠢᠶᠠᠨ ᠬᠢᠵᠦ᠂ ᠨᠦᠭᠦᠭᠡ ᠳᠤᠨᠢ ᠡᠩ ᠤᠨ ᠬᠡᠷᠡᠭᠯᠡᠭᠡᠨ ᠤ ᠶᠠᠭᠤᠮᠠᠰ ᠢᠶᠠᠨ ᠬᠢᠳᠡᠭ ᠪᠠᠶᠢᠭᠰᠠᠨ᠃ ᠨᠠᠮ᠎ᠠ ᠶᠢ ᠬᠦᠷᠬᠦ ᠳᠤ ᠶᠠᠭ ᠨᠦᠭᠦᠭᠡ ᠨᠠᠷᠢᠨ ᠨᠠᠨᠳᠢᠨ ᠵᠦᠢᠯᠡᠰ ᠢᠶᠠᠨ ᠬᠢᠳᠡᠭ ᠲᠠᠪᠰᠠᠭ ᠢᠶᠠᠨ ᠳᠢᠭᠯᠡᠵᠦ ᠪᠠᠶᠢᠪᠠ᠃ ᠡᠩ ᠤᠨ ᠦᠶ᠎ᠡ ᠳᠤ ᠨᠡᠭᠡᠭᠡᠬᠦ ᠶᠢ ᠨᠢ ᠬᠠᠷᠠᠳᠠᠭ ᠦᠭᠡᠢ ᠪᠣᠯᠬᠤᠷ ᠰᠣᠨᠢᠷᠬᠠᠨ ᠥᠩᠭᠡᠶᠢᠪᠡᠯ ᠢᠷᠤᠭᠠᠷ ᠲᠤᠨᠢ ᠨᠡᠯᠢᠶᠡᠳ ᠬᠡᠳᠦᠨ ᠳᠡᠪᠲᠡᠷ ᠨᠣᠮ ᠢ ᠬᠡᠪᠲᠡᠭᠦᠯᠦᠨ ᠲᠠᠯᠪᠢᠭᠰᠠᠨ ᠪᠠᠶᠢᠬᠤ ᠪᠠᠷ ᠨᠢ ᠭᠠᠷ ᠤᠨ ᠠᠶ᠎ᠠ ᠪᠠᠷ ᠨᠢᠭᠡ ᠶᠢ ᠨᠢ ᠠᠪᠤᠭᠠᠳ ᠦᠵᠡᠭᠰᠡᠨ ᠳᠤ ᠳᠦᠷᠪᠡᠨ ᠲᠤᠭᠤᠷᠠᠢ ᠳᠤᠨᠢ ᠭᠠᠯ ᠠᠪᠤᠯᠴᠠᠭᠰᠠᠨ ᠭᠦᠯᠦᠭ ᠤᠨ ᠨᠢᠷᠤᠭᠤᠨ ᠳᠡᠭᠡᠷ᠎ᠡ ᠳᠦᠷᠦᠭᠡ ᠵᠢᠭᠢᠨ᠂ ᠮᠢᠯᠠᠭ᠎ᠠ ᠭᠤᠶᠠᠳᠠᠯᠠᠨ ᠳᠠᠪᠬᠢᠭᠤᠯᠵᠤ ᠶᠠᠪᠤᠭ᠎ᠠ ᠬᠤᠶᠠᠭ ᠳᠤᠭᠤᠯᠭ᠎ᠠ ᠡᠮᠦᠰᠦᠭᠰᠡᠨ ᠪᠠᠭᠠᠲᠤᠷ ᠤᠨ ᠵᠢᠷᠤᠭ ᠲᠠᠢ᠂ ᠰᠢᠷᠠᠩᠭᠤᠢ ᠬᠠᠲᠠᠭᠤ ᠬᠠᠪᠲᠠᠰᠤ ᠲᠠᠢ ︽ᠵᠠᠩᠭᠠᠷ︾ ᠬᠡᠮᠡᠬᠦ ᠨᠣᠮ ᠪᠠᠶᠢᠪᠠ᠃ ᠨᠣᠮ ᠬᠤᠪᠣᠷ ᠴᠠᠭ ᠶᠤᠮ ᠭᠡᠨ᠎ᠡ᠂ ᠨᠣᠮ ᠬᠠᠷᠠᠭᠰᠠᠨ ᠬᠡᠦᠬᠡᠳ ᠶᠤᠮ ᠭᠡᠨ᠎ᠡ᠂ ᠤᠩᠰᠢᠬᠤ ᠳᠤᠷ᠎ᠠ ᠬᠥᠳᠡᠯᠦᠨ ᠡᠭᠡᠴᠢ ᠪᠠᠨ ᠴᠢᠷᠠᠶᠢᠴᠢᠯᠠᠪᠠᠯ ᠡᠭᠡᠴᠢ ᠮᠠᠨᠢ ᠨᠣᠮ ᠢᠶᠠᠨ ᠠᠪᠴᠤ ᠲᠠᠪᠰᠠᠭ ᠲᠠᠭᠠᠨ ᠪᠤᠴᠠᠭᠠᠵᠤ ᠬᠢᠭᠡᠳ ︽ᠤᠳᠤ ᠪᠤᠯᠬᠤ ᠦᠭᠡᠢ᠂ ᠬᠡᠵᠢᠶ᠎ᠡ ᠤᠩᠰᠢᠵᠤ ᠴᠢᠳᠠᠪᠠᠯ ᠲᠡᠷᠡ ᠦᠶ᠎ᠡ ᠳᠤᠨᠢ ᠴᠢᠮ᠎ᠠ ᠳᠤ ᠦᠭᠭᠦᠶ᠎ᠡ᠃ ᠬᠠᠷᠢᠨ ᠭᠠᠷᠤᠭᠠᠳ ᠡᠨᠡ ᠲᠡᠷᠡ ᠬᠥᠮᠥᠨ  ᠳᠤ ᠨᠠᠳᠠ ᠳᠤ ᠡᠶᠢᠮᠦ ᠨᠣᠮ ᠪᠠᠶᠢᠨ᠎ᠠ ᠭᠡᠵᠦ ᠪᠢᠲᠡᠭᠡᠢ ᠬᠡᠯᠡᠭᠡᠷᠡᠢ︾ ᠭᠡᠬᠦ ᠨᠢ ᠠ᠋᠃ ᠬᠡᠳᠦᠶᠢᠪᠡᠷ ᠴᠠᠭ ᠤᠨ ᠥᠩᠭᠡ ᠨᠠᠭᠠᠰᠢᠯᠠᠭᠠᠳ ᠪᠠᠶᠢᠭᠰᠠᠨ ᠴᠤ ᠭᠡᠰᠡᠨ ᠵᠠᠷᠢᠮ ᠨᠣᠮ ᠮᠥᠨ ᠬᠤᠷᠢᠭᠠᠲᠠᠢ ᠪᠠᠶᠢᠭᠰᠠᠨ ᠶᠤᠮ ᠤᠤ᠂ ᠠᠯᠢ ᠡᠰᠡᠬᠦᠯ᠎ᠡ ᠪᠤᠶᠢᠳᠠ ᠪᠥᠭᠯᠡᠭᠦᠦ ᠬᠥᠳᠡᠭᠡ ᠨᠤᠲᠤᠭ ᠲᠤ ᠪᠤᠯᠬᠤ ᠦᠭᠡᠢ ᠭᠡᠵᠦ ᠪᠠᠶᠢᠭᠰᠠᠨ ᠵᠠᠷᠢᠮ ᠵᠦᠢᠯᠡᠰ ᠪᠤᠯᠬᠤ ᠪᠣᠯᠤᠭᠰᠠᠨ ᠴᠦ ᠮᠡᠳᠡᠬᠦ ᠦᠭᠡᠢ ᠬᠤᠴᠣᠷᠳᠠᠭ ᠪᠠᠶᠢᠭᠰᠠᠨ ᠤᠤ︖ ᠶᠠᠭᠤ ᠴᠤ ᠭᠡᠰᠡᠨ ᠤᠩᠰᠢᠬᠤ ᠶᠢ ᠪᠢᠲᠡᠭᠡᠢ ᠭᠡᠯᠡ᠂ ᠪᠠᠶᠢᠨ᠎ᠠ ᠭᠡᠰᠡᠨ ᠢᠶᠠᠨ ᠴᠤ ᠮᠡᠳᠡᠭᠳᠡᠵᠦ ᠪᠤᠯᠬᠤ ᠦᠭᠡᠢ ᠰᠦᠷᠡᠬᠡᠢ ᠨᠣᠮ ᠶᠤᠮ ᠪᠠᠶᠢᠨ᠎ᠠ ᠭᠡᠵᠦ ᠮᠡᠳᠡᠭᠰᠡᠨ ᠳᠠᠷᠤᠢ ᠳᠤ ᠭᠡᠳᠡᠷᠭᠦ ᠪᠠᠨ ᠶᠠᠭᠠᠬᠢᠵᠤ ᠪᠠᠶᠢᠭᠠᠳ ᠴᠤ ᠭᠡᠰᠡᠨ ᠤᠩᠰᠢᠵᠤ ᠦᠵᠡᠬᠦ ᠶᠤᠮ ᠰᠠᠨ ᠭᠡᠰᠡᠨ ᠬᠦᠰᠡᠯ ᠪᠤᠴᠠᠯᠤᠨ ᠰᠣᠨᠢᠷᠬᠠᠵᠤ ᠡᠬᠢᠯᠡᠭᠰᠡᠨ ᠢ ᠬᠡᠯᠡᠬᠦ ᠤᠤ᠃       ᠲᠡᠷᠡ ᠦᠶ᠎ᠡ ᠳᠤ ᠦᠳᠡ ᠠᠴᠠ ᠬᠤᠶᠢᠰᠢ ᠬᠤᠶᠠᠷ ᠬᠢᠴᠢᠶᠡᠯ ᠣᠷᠣᠪᠠᠯ ᠳᠠᠷᠠᠭ᠎ᠠ ᠨᠢ ᠬᠢᠴᠢᠶᠡᠯ ᠤᠨ ᠭᠠᠳᠠᠨ᠎ᠠ ᠶᠢᠨ ᠬᠥᠳᠡᠯᠭᠡᠭᠡᠨ ᠬᠡᠮᠡᠨ ᠲᠠᠮᠢᠷ ᠤᠷᠠᠯᠢᠭ  ᠤᠨ ᠠᠵᠢᠯᠯᠠᠭ᠎ᠠ ᠵᠣᠬᠢᠶᠠᠨ ᠪᠠᠶᠢᠭᠤᠯᠳᠠᠭ ᠪᠠᠶᠢᠭᠰᠠᠨ᠃ ᠡᠭᠡᠴᠢ ᠰᠤᠷᠭᠠᠭᠤᠯᠢ ᠶᠢᠨ ᠰᠠᠭᠰᠤᠨ ᠪᠥᠮᠪᠥᠭᠡᠨ ᠤ ᠠᠩᠭᠢ ᠶᠢ ᠳᠠᠭᠠᠭᠤᠯᠤᠨ ᠰᠣᠷᠢᠶ᠎ᠠ ᠬᠢᠬᠦ ᠪᠥᠭᠡᠳ ᠪᠥᠵᠢᠭ  ᠤᠨ ᠠᠩᠭᠢ ᠳᠤ ᠪᠥᠵᠢᠭ ᠵᠢᠭᠠᠳᠠᠭ ᠪᠣᠯᠬᠤᠷ ᠬᠢᠴᠢᠶᠡᠯ ᠤᠨ ᠭᠠᠳᠠᠨ᠎ᠠ ᠶᠢᠨ ᠬᠥᠳᠡᠯᠭᠡᠭᠡᠨ ᠤ ᠴᠠᠭ ᠲᠤ ᠪᠦᠷ ᠴᠤ ᠶᠠᠭᠠᠷᠠᠤ ᠪᠣᠯᠣᠨ᠎ᠠ᠃ ᠳᠡᠭᠡᠭᠦᠯᠡᠷ ᠪᠢ ᠪᠠᠶᠢᠷᠢᠨ  ᠳᠤᠨᠢ ᠣᠷᠣᠭᠠᠳ ᠨᠦᠭᠦᠭᠡ ᠲᠠᠪᠰᠠᠭ ᠢ ᠨᠢ ᠨᠡᠭᠡᠭᠡᠨ ᠡᠪᠬᠡᠭᠡᠰᠦᠲᠡᠢ ᠬᠤᠪᠴᠠᠰᠤ᠂ ᠳᠡᠪᠡᠯ ᠤᠨ ᠥᠩᠭᠡ ᠮᠡᠲᠦᠰ ᠤᠨ ᠬᠠᠵᠠᠭᠤ ᠪᠠᠷ ᠭᠠᠷ ᠢᠶᠠᠨ ᠣᠷᠣᠭᠤᠯᠤᠨ ᠨᠦᠭᠦᠭᠡ ᠨᠢᠳᠦᠯᠡᠭᠰᠡᠨ ᠨᠣᠮ ᠢᠶᠠᠨ ᠲᠡᠮᠳᠡᠭᠡ ᠪᠠᠷ ᠢᠶᠠᠨ ᠣᠯᠵᠤ ᠡᠪᠦᠷᠯᠡᠭᠡᠳ ᠬᠡᠨ ᠳᠤ ᠴᠤ ᠮᠡᠳᠡᠭᠳᠡᠯ ᠦᠭᠡᠢ ᠪᠠᠷ ᠰᠤᠷᠭᠠᠭᠤᠯᠢ ᠶᠢᠨ ᠮᠣᠳᠣᠨ ᠬᠦᠷᠢᠶᠡᠨ ᠤ ᠬᠤᠶᠢᠨᠠᠬᠢ ᠰᠢᠪᠠᠭ ᠲᠤ ᠣᠴᠢᠨ ᠨᠢᠭᠤᠵᠤ ᠤᠩᠰᠢᠭᠠᠳ ᠣᠷᠣᠢ ᠶᠢᠨ ᠬᠤᠭᠤᠯᠠᠨ ᠤ ᠳᠠᠷᠠᠭ᠎ᠠ ᠪᠠᠭᠰᠢ ᠨᠠᠷ ᠠᠯᠪᠠᠨ ᠭᠡᠷ ᠲᠡᠭᠡᠨ ᠣᠴᠢᠨ ᠳᠠᠰᠬᠠᠯ ᠬᠠᠯᠠᠬᠤ ᠴᠢᠯᠦᠭᠡᠨ ᠳᠤ ᠪᠤᠴᠠᠭᠠᠭᠠᠳ ᠣᠷᠣᠨ ᠳᠤᠨᠢ ᠠᠪᠠᠴᠢᠨ ᠲᠠᠯᠪᠢᠴᠢᠬᠠᠳᠠᠭ ᠪᠣᠯᠪᠠ᠃ ᠪᠢ ᠢᠩᠭᠢᠵᠦ ᠯᠠ ︽ᠳᠠᠭᠢᠯ ᠵᠤᠯᠠ ᠬᠠᠭᠠᠨ ᠤ ᠦᠯᠡᠳᠡᠯ ᠲᠠᠩᠰᠤᠭ ᠪᠤᠮᠪᠠ ᠬᠠᠭᠠᠨ  ᠤ ᠠᠴᠢ ᠦᠵᠦᠩ ᠠᠯᠳᠠᠷ ᠬᠠᠭᠠᠨ ᠤ ᠬᠥᠪᠡᠭᠦᠨ ᠦᠶ᠎ᠡ ᠶᠢᠨ ᠥᠨᠥᠴᠢᠨ ᠵᠠᠩᠭᠠᠷ ᠤᠨ ᠲᠤᠭᠤᠵᠢ ᠠᠷᠪᠠᠨ ᠭᠤᠷᠪᠠᠨ ᠪᠦᠯᠦᠭ︾ ᠢ ᠰᠢᠮᠡᠷᠭᠡᠨ ᠤᠩᠰᠢᠵᠤ ᠳᠠᠭᠤᠰᠬᠠᠭᠰᠠᠨ ᠪᠢᠯᠡ᠃       ᠡᠳᠦᠭᠡ ᠪᠤᠳᠤᠪᠠᠰᠤ ᠪᠠᠭ᠎ᠠ ᠰᠤᠷᠭᠠᠭᠤᠯᠢ ᠶᠢᠨ ᠭᠤᠷᠪᠠᠳᠤᠭᠠᠷ ᠣᠨ ᠤ ᠬᠡᠦᠬᠡᠳ ᠶᠠᠭᠠᠬᠢᠵᠤ ᠣᠶᠢᠯᠠᠭᠠᠬᠤ ᠪᠤᠢ ᠳ᠋ᠠ ᠭᠡᠮᠡᠷ ᠲᠡᠷᠡ ᠯᠠ ᠨᠣᠮ ᠮᠢᠨᠤ ᠴᠢᠰᠤ ᠶᠢ ᠣᠶᠢᠯᠤᠭᠤᠯᠵᠤ ᠵᠢᠷᠦᠬᠡ ᠶᠢ ᠳᠡᠯᠡᠰᠦᠭᠦᠯᠵᠦ᠂ ᠡᠷ᠎ᠡ ᠶᠢᠨ ᠰᠠᠶᠢᠨ ᠢ ᠪᠠᠭ᠋ᠠᠳᠤᠨ ᠭᠦᠯᠦᠭ ᠤᠨ ᠰᠠᠶᠢᠨ ᠢ ᠱᠠᠭᠰᠢᠷᠠᠵᠤ᠂ ᠳᠠᠭᠠᠷᠠᠬᠤ ᠬᠦᠢᠲᠡᠨ ᠦᠭᠡᠢ᠂ ᠬᠠᠯᠠᠭᠠᠬᠤ ᠬᠠᠯᠠᠭᠤᠨ ᠦᠭᠡᠢ᠂ ᠰᠡᠷ ᠰᠡᠷ ᠭᠡᠰᠡᠨ ᠰᠠᠯᠬᠢ ᠲᠠᠢ᠂ ᠪᠤᠷ ᠪᠤᠷ ᠭᠡᠰᠡᠨ ᠬᠤᠷ᠎ᠠ ᠲᠠᠢ ᠪᠤᠮᠪᠠ ᠶᠢᠨ ᠰᠠᠶᠢᠬᠠᠨ ᠣᠷᠣᠨ ᠳᠤ ᠴᠠᠭ ᠤᠨ ᠣᠭᠲᠠᠷᠭᠤᠢ ᠶᠢ ᠠᠯᠭᠠᠰᠠᠨ ᠣᠷᠣᠨ ᠤ ᠬᠢᠵᠠᠭᠠᠷ ᠢ ᠡᠪᠳᠡᠭᠡᠳ ᠪᠤᠳᠠ ᠪᠡᠶ᠎ᠡ ᠪᠠᠷ ᠢᠶᠠᠨ ᠭᠦᠷᠦᠭᠡᠳ ᠣᠴᠢᠭᠰᠠᠨ ᠮᠡᠲᠦ ᠭᠠᠶᠢᠬᠠᠯᠲᠠᠢ ᠮᠡᠳᠡᠷᠡᠮᠵᠢ ᠶᠢ ᠲᠦᠷᠦᠭᠦᠯᠦᠭᠰᠡᠭᠡᠷ ᠪᠠᠶᠢᠭᠰᠠᠨ ᠤ ᠠᠯᠢ ᠶᠢ ᠲᠡᠷᠡ ᠭᠡᠬᠦ ᠪᠤᠢ᠃ ᠠᠷᠠᠨᠵᠠᠯ ᠵᠡᠭᠡᠷᠳᠡ ᠭᠦᠯᠦᠭ ᠲᠠᠢ ᠠᠯᠳᠠᠷ ᠨᠣᠶᠠᠨ ᠵᠠᠩᠭᠠᠷ ᠤᠨ ᠪᠠᠷᠠᠭᠤᠨ ᠪᠡᠶ᠎ᠡ ᠶᠢ ᠠᠬᠠᠯᠠᠳᠠᠭ ᠠᠭᠰᠤᠮ ᠵᠡᠭᠡᠷᠳᠡ ᠮᠣᠷᠢ ᠲᠠᠢ ᠪᠠᠶᠠᠨ ᠭᠦᠩᠭᠡ  ᠶᠢᠨ ᠠᠯᠲᠠᠨ ᠴᠡᠭᠡᠵᠢ᠂ ᠵᠡᠭᠦᠨ ᠪᠡᠶ᠎ᠡ ᠶᠢ ᠠᠬᠠᠯᠠᠳᠠᠭ ᠤᠴᠤᠯ ᠬᠥᠬᠡ ᠬᠠᠯᠵᠠᠨ ᠭᠦᠯᠦᠭ ᠲᠠᠢ ᠵᠡᠭᠦᠳᠦᠨ ᠪᠣᠯᠤᠭᠰᠠᠨ ᠠᠷᠠᠭ ᠤᠯᠠᠭᠠᠨ ᠬᠤᠩᠭᠤᠷ ᠠᠴᠠ ᠡᠬᠢᠯᠡᠭᠡᠳ ᠵᠠᠭᠠᠨ ᠤ ᠲᠠᠪᠠᠭᠲᠤ ᠬᠠᠶᠢᠰᠠᠨ ᠬᠠᠷ᠎ᠠ ᠭᠦᠯᠦᠭ ᠲᠠᠢ ᠭᠦᠵᠡᠭᠡᠨ ᠭᠦᠮᠪᠢ᠂ ᠬᠦᠷᠡᠩ ᠬᠠᠯᠵᠠᠨ ᠮᠣᠷᠢ ᠲᠠᠢ ᠬᠥᠮᠥᠨ ᠤ ᠨᠠᠴᠢᠨ ᠬᠦᠨᠳᠦ ᠭᠠᠷᠲᠤ ᠰᠠᠪᠠᠷ᠂ ᠪᠤᠭᠤᠷᠤᠯ ᠬᠠᠯᠵᠠᠨ ᠭᠦᠯᠦᠭ ᠲᠠᠢ ᠪᠤᠯᠠᠩᠭᠢᠷ ᠤᠨ ᠬᠥᠪᠡᠭᠦᠨ ᠳᠤᠬᠰᠢᠨ ᠬᠠᠷ᠎ᠠ ᠰᠠᠨᠠᠯ᠂ ᠬᠤᠷᠳᠤᠨ ᠬᠠᠷ᠎ᠠ ᠮᠣᠷᠢ ᠲᠠᠢ ᠬᠥᠬᠡ ᠮᠥᠩᠭᠦᠨ ᠰᠢᠭᠰᠢᠷᠡᠭᠡ᠂ ᠴᠠᠭᠠᠰᠢᠳᠠ ᠪᠠᠨ ᠶᠡᠷᠡᠨ ᠨᠢᠭᠡᠨ ᠴᠢᠪᠬᠠᠳᠠᠰᠤ ᠲᠠᠢ ᠶᠡᠨᠳᠡᠷ ᠮᠥᠩᠭᠦᠨ ᠬᠤᠭᠤᠷ ᠢᠶᠠᠨ ᠵᠢᠩᠭᠢᠰ ᠬᠢᠲᠡᠯ᠎ᠡ ᠲᠠᠲᠠᠳᠠᠭ ᠠᠯᠳᠠᠷ ᠵᠠᠩᠭᠠᠷ ᠤᠨ ᠬᠠᠲᠤᠨ ᠠᠭᠠᠢ ᠱᠠᠪᠲᠠᠯ᠎ᠠ᠂ ᠠᠭᠠᠢ ᠱᠠᠪᠳᠠᠯ᠎ᠠ ᠶᠢᠨ ᠬᠤᠭᠤᠷ ᠤᠨ ᠡᠭᠡᠰᠢᠭ ᠢ ᠠᠯᠳᠠᠯ ᠦᠭᠡᠢ ᠳᠠᠭᠠᠵᠤ ᠳᠠᠭᠤᠯᠠᠳᠠᠭ ᠠᠯᠲᠠᠨ ᠰᠢᠷᠭᠠᠯ ᠮᠣᠷᠢ ᠲᠠᠢ ᠣᠷᠴᠢᠯᠠᠩ ᠤᠨ ᠰᠠᠶᠢᠬᠠᠨ ᠮᠢᠩᠶᠡᠨ ᠭᠡᠳ ᠪᠦᠭᠦᠳᠡ ᠮᠢᠨᠤ ᠪᠤᠳᠤᠯ ᠰᠡᠳᠬᠢᠯ ᠳᠤ ᠠᠮᠢᠯᠠᠨ ᠪᠣᠰᠣᠭᠠᠳ ᠪᠢ ᠲᠡᠲᠡᠨ ᠲᠠᠢ ᠴᠤᠭ ᠳᠠᠶᠢᠯᠠᠬᠤ ᠳᠠᠶᠢᠰᠤᠨ ᠬᠡᠵᠢᠶ᠎ᠡ ᠤᠴᠠᠷᠠᠬᠤ ᠪᠤᠢ᠂ ᠭᠥᠷᠥᠭᠡᠯᠡᠬᠦ ᠭᠥᠷᠥᠭᠡᠰᠦᠨ ᠬᠡᠵᠢᠶ᠎ᠡ ᠲᠠᠭᠠᠷᠠᠯᠳᠤᠬᠤ ᠪᠤᠢ ᠭᠡᠳ ᠲᠠᠲᠠᠯᠳᠤᠵᠤ ᠰᠢᠭᠦᠷᠡᠯᠳᠦᠵᠦ ᠰᠠᠭᠤᠳᠠᠭ ᠪᠣᠯᠤᠭᠰᠠᠨ᠃ ᠳᠡᠭᠡᠭᠦ ᠲᠤᠰᠤᠮ ᠢᠶᠠᠨ ᠰᠢᠩᠭᠡᠨ ᠪᠤᠭᠤᠷᠤᠯ ᠭᠡᠵᠢᠭᠡ ᠲᠠᠢ ᠰᠢᠷᠠᠮᠠᠩ ᠨᠢᠮᠭᠡᠨ ᠴᠢᠷᠠᠢ ᠲᠠᠢ ᠡᠩᠬᠡᠪᠠᠶᠠᠷ ᠠᠪᠤ ᠶᠢ ᠠᠯᠲᠠᠨ ᠴᠡᠭᠡᠵᠢ᠂ ᠳᠠᠰ ᠬᠢᠭᠰᠡᠨ ᠲᠠᠭᠤ ᠲᠠᠢ ᠢᠷᠠᠰ ᠬᠢᠭᠰᠡᠨ ᠰᠢᠳᠦ ᠲᠠᠢ ᠰᠦᠮᠪᠦᠷ ᠠᠪᠠᠢ ᠶᠢ ᠬᠤᠩᠭᠤᠷ᠂ ᠬᠦᠴᠦ ᠪᠢᠷ᠎ᠠ ᠲᠠᠢ ᠬᠦᠳᠡᠷ ᠰᠠᠶᠢᠬᠠᠨ ᠪᠡᠶ᠎ᠡ  ᠲᠠᠢ ᠪᠤᠤᠰᠤᠸᠠᠷ ᠠᠬ᠎ᠠ ᠶᠢ ᠬᠦᠨᠳᠦ ᠭᠠᠷᠲᠤ ᠰᠠᠪᠠᠷ ᠮᠥᠨ ᠰᠠᠨ ᠪᠣᠯᠪᠠ ᠤᠤ ᠬᠡᠮᠡᠨ ᠭᠠᠴᠠᠭᠠᠨ ᠤ ᠪᠠᠨ ᠬᠥᠮᠥᠰ ᠢ ᠵᠠᠩᠭᠠᠷ ᠤᠨ ᠪᠠᠭᠠᠲᠤᠷ ᠤᠳ ᠢᠶᠠᠷ ᠲᠥᠰᠥᠭᠡᠯᠡᠵᠦ᠂ ᠠᠪᠤ ᠶᠢᠨ ᠬᠠᠷᠢᠭᠤᠯᠳᠠᠭ ᠠᠳᠤᠭᠤᠨ ᠤ ᠳᠣᠲᠣᠷ᠎ᠠ ᠠᠴᠠ ᠲᠦᠮᠡ ᠨᠠᠢᠮᠠᠨ ᠮᠢᠩᠭᠠᠨ ᠴᠢᠰᠤᠨ ᠵᠡᠭᠡᠷᠳᠡ ᠠᠭᠲᠠ ᠰᠠᠯᠭᠠᠨ ᠠᠯᠢᠶ᠎ᠠ ᠮᠤᠩᠭᠤᠯᠠᠢ ᠪᠣᠯᠵᠤ ᠭᠡᠯᠢᠨ ᠳᠠᠪᠬᠢᠭᠤᠯᠬᠤ ᠶᠤᠮ ᠰᠠᠨ ᠭᠡᠵᠦ ᠮᠥᠷᠥᠭᠡᠳᠳᠡᠭ ᠴᠤ ᠪᠠᠶᠢᠯ᠎ᠠ᠃ ᠬᠡᠦᠬᠡᠳ ᠦᠵᠡᠭᠰᠡᠨ ᠢᠶᠠᠨ ᠭᠡᠭᠴᠢ ᠪᠠᠷ ᠦᠶ᠎ᠡ ᠶᠢᠨ ᠬᠢᠨ ᠳᠡᠭᠡᠨ ᠵᠠᠩᠭᠠᠷ ᠤᠨ ᠦᠯᠢᠭᠡᠷ ᠢ ᠶᠠᠷᠢᠨ ᠰᠣᠨᠣᠰᠬᠠᠬᠤ ᠬᠦᠰᠡᠯ ᠪᠠᠶᠢᠨ ᠪᠠᠶᠢᠨ ᠳᠡᠪᠡᠯᠵᠡᠭᠡᠳ ᠡᠴᠦᠰ ᠲᠡᠭᠡᠨ ᠨᠢᠭᠡᠨ ᠡᠳᠦᠷ ᠳᠡᠰᠴᠦ ᠴᠢᠳᠠᠯ ᠦᠭᠡᠢ ᠳᠡᠭᠡᠷ᠎ᠡ ᠳᠣᠣᠷ᠎ᠠ ᠣᠨ ᠤ ᠬᠡᠳᠦᠨ ᠬᠡᠦᠬᠡᠳ ᠤᠨ ᠳᠤᠮᠳᠠ ᠳᠡᠪᠡᠯ ᠳᠡᠭᠡᠨ ᠪᠠᠭᠲᠠᠵᠤ ᠶᠠᠳᠠᠭᠰᠠᠨ ᠰᠦᠷᠡᠬᠡᠢ ᠠᠮᠢᠲᠠᠨ᠄ ︽ᠡᠵᠡᠨ ᠨᠣᠶᠠᠨ ᠵᠠᠩᠭᠠᠷ᠂ ᠣᠷᠴᠢᠯᠠᠩ ᠤᠨ ᠰᠠᠶᠢᠬᠠᠨ ᠮᠢᠩᠶᠠᠨ ᠢᠶᠠᠨ ᠳᠠᠭᠠᠭᠤᠯᠤᠭᠠᠳ ᠳᠡᠯᠳᠡᠩ ᠳᠡᠯᠳᠡᠩ ᠰᠠᠶᠢᠪᠤᠷ ᠢᠶᠠᠷ ᠰᠠᠶᠢᠪᠤᠷᠯᠠᠭᠤᠯᠤᠭᠠᠳ ᠪᠤᠮ ᠭᠦᠢᠴᠡᠭᠰᠡᠨ ᠵᠠᠬᠠᠷ ᠤᠨ ᠡᠮᠦᠨ᠎ᠡ ᠪᠡᠶ᠎ᠡ ᠪᠠᠷ ᠭᠠᠷᠤᠭᠠᠳ ᠢᠷᠡᠬᠦ ᠶᠢᠨ ᠴᠠᠭ ᠲᠤ ᠭᠤᠣᠯ ᠳᠡᠭᠡᠷ᠎ᠡ ᠤᠰᠤ ᠠᠪᠴᠤ ᠪᠠᠶᠢᠭᠰᠠᠨ ᠡᠮᠡᠭᠡᠨ ᠬᠥᠮᠥᠨ ᠦᠵᠡᠭᠡᠳ ᠤᠳᠬᠤᠭᠤᠷ ᠢᠶᠠᠷ ᠢᠶᠠᠨ ᠭᠠᠵᠠᠷ ᠳᠡᠯᠡᠳᠦᠨ᠂ ᠠᠢ ᠴᠠᠪᠠᠰᠤ ᠮᠢᠨᠢ᠂ ᠠᠷᠪᠠᠨ ᠲᠠᠪᠤᠨ ᠨᠠᠰᠤᠨ ᠳᠤ ᠤᠴᠠᠷᠠᠬᠤ ᠪᠠᠨ ᠶᠠᠭᠠᠬᠢᠯ᠎ᠠ ᠡᠶᠢᠮᠦ ᠰᠠᠶᠢᠬᠠᠨ ᠬᠥᠮᠥᠨ ᠲᠠᠢ ᠭᠡᠳ ᠤᠭᠢᠯᠠᠨ ᠬᠠᠶᠢᠯᠠᠵᠤ ᠪᠠᠶᠢᠨ᠎ᠠ ᠭᠡᠨ᠎ᠡ︾ ᠬᠡᠮᠡᠨ ᠬᠤᠩᠭᠤᠷ ᠤᠨ ᠭᠡᠷ ᠠᠪᠤᠯᠭ᠎ᠠ ᠶᠢᠨ ᠪᠦᠯᠦᠭ ᠢ ᠬᠡᠯᠡᠭᠡᠳ ᠰᠠᠭᠤᠵᠤ ᠪᠠᠶᠢᠬᠤ ᠶᠢᠨ ᠴᠠᠭ ᠲᠤ ᠠᠷᠤ ᠳᠤ ᠳᠠᠰ ᠬᠢᠭᠰᠡᠨ ᠳᠠᠭᠤ ᠭᠠᠷᠴᠤ᠂ ᠤᠷᠢᠳᠤ ᠨᠢ ᠪᠠᠭᠰᠢ ᠬᠢᠵᠦ ᠪᠠᠶᠢᠭᠰᠠᠨ ᠨᠢᠭᠡᠨ ᠤᠯᠴᠠᠭᠠᠷ ᠤᠯᠠᠭᠠᠨ ᠡᠷ᠎ᠡ᠄ ︽ᠭᠡᠶᠢᠷᠦᠪ ᠤᠨ ᠬᠦᠦ ᠴᠢ ᠶᠠᠭᠠᠬᠢᠵᠤ ᠡᠶᠢᠮᠦ ᠬᠠᠷ᠎ᠠ ᠹᠧᠣᠳᠠᠯ ᠤᠨ ᠬᠤᠭ ᠪᠣᠯᠤᠭᠰᠠᠨ ᠮᠠᠭᠤᠬᠠᠢ ᠦᠯᠢᠭᠡᠷ ᠬᠡᠯᠡᠳᠡᠭ ᠪᠠᠶᠢᠨ᠎ᠠ︖ ᠨᠣᠮ ᠠᠴᠠ ᠤᠩᠰᠢᠭᠰᠠᠨ ᠪᠣᠯ ᠨᠣᠮ ᠴᠢᠨᠢ ᠬᠠᠮᠢᠭ᠎ᠠ ᠪᠠᠶᠢᠨ᠎ᠠ︖ ᠬᠥᠮᠥᠨ ᠠᠴᠠ ᠰᠣᠨᠣᠰᠤᠭᠰᠠᠨ ᠪᠣᠯ ᠬᠥᠮᠥᠨ ᠨᠢ ᠬᠡᠨ ᠪᠤᠢ︖︾ ᠬᠡᠮᠡᠨ ᠵᠠᠩᠨᠠᠵᠤ ᠭᠠᠷᠬᠤ ᠳᠤᠨᠢ ᠬᠡᠦᠬᠡᠨ ᠴᠠᠭᠠᠨ ᠨᠣᠶᠠᠨ ᠢ ᠪᠦᠰᠡᠨ ᠠᠴᠠ ᠨᠢ ᠰᠢᠭᠦᠷᠡᠵᠦ ᠡᠮᠦᠨ᠎ᠡ ᠪᠠᠨ ᠪᠠᠷᠢᠭᠠᠳ ᠠᠯᠲᠠᠨ ᠲᠤᠷᠯᠢᠭ ᠪᠠᠶᠢᠰᠢᠩ ᠤᠨ ᠳᠤᠮᠳᠠ ᠠᠪᠤᠭᠠᠳ ᠣᠷᠣᠭᠰᠠᠨ ᠬᠤᠰᠢᠭᠤᠨ ᠤᠯᠠᠭᠠᠨ ᠠᠳᠠᠯᠢ ᠭᠡᠳᠡᠰᠬᠢᠵᠦ᠄ ︽ᠬᠡᠨ ᠤ ᠬᠦᠦ ᠭᠡᠭᠴᠢ ᠶᠢ ᠨᠢ ᠮᠡᠳᠡᠭᠰᠡᠭᠡᠷ ᠪᠠᠶᠢᠵᠤ᠂ ᠬᠡᠨ ᠠᠴᠠ ᠰᠣᠨᠣᠰᠤᠭᠰᠠᠨ ᠭᠡᠭᠴᠢ ᠶᠢ ᠨᠢ ᠰᠠᠨᠠᠳᠠᠭ ᠦᠭᠡᠢ ᠤᠤ ᠲᠠ︾ ᠭᠡᠰᠡᠨ ᠰᠠᠨ᠃ ᠨᠦᠭᠦᠭᠡ ᠬᠥᠮᠥᠨ ᠬᠠᠮᠠᠷ ᠢᠶᠠᠷ ᠢᠶᠠᠨ ᠵᠠᠨᠤᠭᠠᠳ ᠡᠷᠭᠢᠭᠡᠳ ᠶᠠᠪᠤᠭᠰᠠᠨ ᠤ ᠬᠢᠨᠢ ᠠᠷᠤ ᠳᠤ ᠠᠪᠤ ᠠᠴᠠ ᠠᠰᠠᠭᠤᠪᠠᠯ ᠶᠠᠭᠠᠬᠢᠨ᠎ᠠ ᠬᠡᠮᠡᠨ ᠠᠶᠢᠳᠠᠰ ᠲᠤ ᠣᠷᠢᠶᠠᠭᠳᠠᠨ ᠲᠠᠭᠵᠢᠭᠰᠠᠨ ᠬᠢᠷᠢ ᠨᠢ ᠪᠠᠨ ᠦᠭᠦᠴᠡᠨ  ᠤ ᠴᠢᠯᠦᠭᠡ ᠪᠠᠷ ᠬᠠᠷᠢᠬᠤ ᠲᠠᠰᠢᠷᠠᠮ ᠢᠶᠠᠷ ᠠᠪᠤ ᠳᠠᠭᠠᠨ ᠦᠶ᠎ᠡ ᠶᠢᠨ ᠥᠨᠥᠴᠢᠨ ᠵᠠᠩᠭᠠᠷ ᠤᠨ ᠦᠯᠢᠭᠡᠷ ᠲᠤᠤᠯᠢ ᠭᠡᠳ ᠵᠢᠷᠭᠢᠵᠦ ᠭᠠᠷᠤᠭᠰᠠᠨ ᠪᠢᠯᠡ᠃ ᠳᠡᠭᠡᠭᠦ ᠳᠤ ᠠᠪᠤ ᠮᠠᠨᠢ ︽ᠳ᠋ᠠᠨᠢᠰᠲᠠᠨ ᠭᠠᠷᠤᠳᠢ︾ ᠬᠡᠮᠡᠬᠦ ᠪᠡᠰᠡᠷᠡᠭ ᠲᠤᠤᠯᠢ ᠶᠢ ᠪᠠᠭ᠎ᠠ ᠳᠠᠭᠠᠨ ᠰᠣᠨᠣᠰᠴᠤ ᠪᠠᠶᠢᠯ᠎ᠠ ᠭᠡᠳ ᠨᠠᠳᠠ ᠳᠤ ᠪᠦᠷᠢᠨ ᠤᠳᠬ᠎ᠠ ᠪᠠᠷ ᠨᠢ ᠶᠠᠷᠢᠭᠰᠠᠨ ᠨᠢ ᠬᠤᠰᠢᠭᠤᠨ ᠤᠯᠠᠭᠠᠨ᠂ ᠪᠠᠭᠠᠲᠤᠷ ᠵᠢᠯᠭᠠᠨ᠂ ᠠᠯᠢᠶ᠎ᠠ ᠱᠣᠩᠬᠤᠷ ᠤᠨ ᠪᠦᠯᠦᠭ ᠲᠠᠢ ᠲᠡᠩᠴᠡᠮ᠎ᠡ ᠰᠠᠶᠢᠬᠠᠨ ᠰᠠᠨᠠᠭᠳᠠᠬᠤ ᠪᠠᠷ ᠨᠢ ᠪᠢ ᠠᠪᠤ ᠪᠠᠨ ᠲᠤᠤᠯᠢ ᠮᠡᠳᠡᠳᠡᠭ ᠶᠤᠮ ᠪᠠᠶᠢᠨ᠎ᠠ ᠬᠡᠮᠡᠨ ᠣᠶᠢᠯᠠᠭᠠᠵᠤ ᠲᠠᠶᠢᠳᠬᠤᠷᠠᠭᠰᠠᠨ ᠳ᠋ᠠᠭ᠃       1958 ᠣᠨ ᠳᠤ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠠᠴᠠ ᠬᠡᠪᠯᠡᠭᠦᠯᠦᠭᠰᠡᠨ ᠲᠡᠷᠡ ᠬᠦ ᠠᠷᠪᠠᠨ ᠭᠤᠷᠪᠠᠨ ᠪᠦᠯᠦᠭᠲᠦ  ︽ᠵᠠᠩᠭᠠᠷ︾ ᠢᠶᠠᠨ ᠡᠭᠡᠴᠢ ᠮᠠᠨᠢ ᠨᠠᠮ᠎ᠠ ᠶᠢ ᠳᠤᠮᠳᠠᠳᠤ ᠰᠤᠷᠭᠠᠭᠤᠯᠢ ᠳᠤ ᠣᠷᠣᠭᠰᠠᠨ ᠤ ᠬᠤᠶᠢᠨ᠎ᠠ ᠨᠠᠳᠠ ᠳᠤ ᠥᠭᠭᠦᠭᠰᠡᠨ ᠨᠢ ᠤᠳᠤ ᠴᠤ ᠮᠢᠨᠤ ᠬᠠᠳᠠᠭᠠᠯᠠᠮᠵᠢ ᠳᠤ ᠪᠠᠶᠢᠭᠰᠠᠭᠠᠷ ᠪᠠᠶᠢᠨ᠎ᠠ᠃ ᠤᠷᠠᠨ ᠰᠠᠨᠠᠭᠠᠨ ᠤ ᠵᠢᠭᠦᠷ ᠳᠠᠯᠠᠪᠴᠢ ᠪᠠᠨ ᠴᠢᠯᠦᠭᠡᠲᠡᠢ ᠳᠡᠪᠢᠬᠦ ᠳᠤ ᠮᠠᠨᠢ ᠲᠤᠰᠠᠯᠠᠭᠰᠠᠨ ᠤᠤᠯ ᠨᠣᠮ ᠤᠨ ᠠᠮᠢᠳᠤ ᠳᠦᠷᠰᠦᠯᠢᠭ ᠵᠡᠭᠦᠯᠲᠡ ᠵᠢᠷᠤᠭ ᠪᠣᠯᠣᠨ ᠵᠢᠭᠢᠷᠢᠭ ᠵᠢᠷᠤᠭ ᠤᠳ ᠪᠣᠯ ᠦᠨᠡᠬᠡᠷ ᠰᠠᠶᠢᠬᠠᠨ ᠤᠷᠠᠯᠢᠭ ᠤᠨ ᠪᠦᠲᠦᠭᠡᠯ ᠤᠳ ᠪᠢᠯᠡ᠃ ᠳᠠᠩᠴᠤ ᠲᠤᠬᠠᠢ ᠶᠢᠨ ᠦᠶ᠎ᠡ ᠶᠢᠨ ᠬᠡᠪᠯᠡᠯ ᠤᠨ ᠮᠡᠷᠭᠡᠵᠢᠯ ᠠᠴᠠ ᠰᠢᠯᠲᠠᠭᠠᠯᠠᠭᠠᠳ ᠲᠡᠳᠡᠭᠡᠷ ᠪᠠᠷ ᠵᠢᠷᠤᠭ ᠤᠨ ᠵᠢᠷᠤᠭᠠᠰᠤ ᠲᠠᠲᠠᠯᠭ᠎ᠠ ᠨᠢ ᠪᠠᠯᠠᠷᠠᠬᠤ ᠪᠤᠶᠤ ᠵᠠᠯᠭᠠᠯᠳᠤᠭᠠᠳ ᠪᠦᠳᠦᠭᠦᠪᠴᠢ ᠵᠢᠷᠤᠭ ᠲᠡᠳᠦᠢ ᠪᠣᠯᠴᠢᠬᠠᠭᠠᠳ ᠪᠠᠶᠢᠭᠰᠠᠨ ᠢ 2018 ᠣᠨ ᠳᠤ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠠᠴᠠ ᠳᠠᠭᠢᠨ ᠬᠡᠪ ᠬᠢᠵᠦ ᠬᠡᠪᠯᠡᠭᠦᠯᠬᠦ ᠳᠤᠨᠢ ᠪᠢ ᠨᠢᠭᠡ ᠨᠢᠭᠡ ᠵᠢᠷᠤᠭᠠᠰᠤ᠂ ᠨᠢᠭᠡ ᠨᠢᠭᠡ ᠴᠡᠭ ᠳᠤᠰᠤᠯ ᠭᠦᠷᠲᠡᠯ᠎ᠡ ᠨᠢ ᠨᠠᠷᠢᠪᠴᠢᠯᠠᠨ ᠬᠢᠨᠠᠵᠤ ᠠᠷᠢᠭᠤᠳᠬᠠᠨ ᠰᠡᠷᠭᠦᠭᠡᠵᠦ ᠵᠢᠷᠤᠭᠰᠠᠨ᠃ ᠳᠡᠭᠡᠭᠦ ᠳᠤ ᠳᠥᠴᠢᠨ ᠵᠢᠯ ᠤᠨ ᠡᠮᠦᠨ᠎ᠡ ᠰᠤᠳᠠᠯ ᠳᠤ ᠮᠠᠨᠢ ᠪᠠᠭᠲᠠᠨ ᠶᠠᠳᠠᠨ ᠬᠦᠷᠬᠢᠷᠡᠨ ᠴᠠᠯᠭᠢᠯᠠᠵᠤ ᠠᠭᠰᠠᠨ ᠨᠢᠯᠬ᠎ᠠ ᠪᠠᠭ᠎ᠠ ᠶᠢᠨ ᠴᠢᠰᠤᠨ ᠤ ᠱᠤᠤᠭᠢᠶᠠᠨ ᠮᠥᠨ ᠯᠠ ᠲᠣᠳᠣᠬᠠᠨ ᠰᠣᠨᠣᠰᠳᠠᠵᠤ ᠪᠠᠶᠢᠯ᠎ᠠ᠃                                                           ᠵᠣᠬᠢᠶᠠᠭᠴᠢ᠄ ᠪᠡᠰᠦᠲᠡᠢ ᠬᠠᠰᠪᠢᠯᠢᠭ᠌
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ