2016 ᠤᠨ ᠤ ︽ᠪᠦᠮᠪᠦᠷᠴᠡᠭ ᠤᠨ ᠬᠦᠮᠦᠨ ᠲᠦᠷᠦᠯᠬᠢᠳᠡᠨ ᠤᠷᠤᠰᠢᠨ ᠠᠮᠢᠳᠣᠷᠠᠬᠤ ᠪᠠᠶᠢᠭᠠᠯᠢ ᠤᠷᠴᠢᠨ ᠳᠤ ᠭᠠᠷᠮᠠᠭᠠᠢ ᠬᠤᠪᠢ ᠨᠡᠮᠡᠷᠢ ᠦᠵᠡᠬᠦᠯᠦᠭᠰᠡᠨ | ᠱᠠᠩᠨᠠᠯ︾ ᠬᠦᠷᠳᠡᠭᠰᠡᠨ ᠮᠣᠩᠭᠤᠯ ᠦᠨᠳᠦᠰᠦᠲᠡᠨ ᠤ ᠠᠯᠳᠠᠷᠲᠤ ᠰᠢᠨᠵᠢᠯᠡᠬᠦ ᠤᠬᠠᠭᠠᠨᠲᠠᠨ ᠴᠢᠯᠠᠭᠤ ᠪᠤᠯ ᠪᠡᠭᠡᠵᠢᠩ ᠶᠡᠭᠡ ᠰᠣᠷᠭᠠᠭᠤᠯᠢ ᠶᠢᠨ ᠫᠷᠣᠹᠧᠰᠰᠣᠷ᠂ | ᠳ᠋ᠣᠺᠲ᠋ᠤᠷᠠᠨᠲ ᠤᠨ ᠵᠢᠯᠣᠭᠤᠳᠣᠭᠴᠢ᠂ ᠲᠦᠷᠦ ᠶᠢᠨ ᠶᠠᠪᠤᠳᠠᠯ ᠤᠨ ᠬᠤᠷᠢᠶᠠᠨ ᠤ ᠤᠨᠴᠠ ᠨᠦᠬᠦᠪᠦᠷᠢ ᠶᠢ ᠬᠦᠷᠳᠡᠵᠦ ᠪᠠᠶᠢᠭ᠎ᠠ ᠲᠤᠰᠬᠠᠢ ᠮᠡᠷᠭᠡᠵᠢᠯᠲᠡᠨ᠂ | ᠮᠠᠲ᠋ᠧᠷᠢᠶᠠᠯ ᠤᠨ ᠰᠢᠨᠵᠢᠯᠡᠭᠡᠨ ᠤ ᠲᠤᠰᠬᠠᠢ ᠮᠡᠷᠭᠡᠵᠢᠯᠲᠡᠨ᠂ ᠮᠠᠨ ᠤ ᠤᠯᠤᠰ ᠤᠨ ᠺᠣᠪᠠᠯᠲ ᠬᠦᠴᠢᠯ ᠤᠨ ᠯᠢᠲ᠋ᠢ᠂ ᠮᠠᠩᠭᠠᠨ ᠬᠦᠴᠢᠯ ᠤᠨ ᠯᠢᠲ᠋ᠢ ᠶᠢᠨ ᠴᠠᠬᠢᠯᠭᠠᠨ | ᠵᠠᠢ ᠶᠢᠨ ᠠᠷᠭ᠎ᠠ ᠲᠦᠢᠯ ᠤᠨ ᠮᠠᠲ᠋ᠧᠷᠢᠶᠠᠯ ᠤᠨ ᠰᠠᠭᠤᠷᠢᠯᠠᠭᠴᠢ ᠮᠦᠨ᠃ ᠠᠯᠤᠰ ᠲᠠᠯᠠᠢ ᠳᠤ ᠬᠦᠷᠴᠦ ᠤᠶᠤᠨ ᠤᠬᠠᠭᠠᠨ ᠢᠶᠠᠨ ᠴᠡᠨᠡᠭᠯᠡᠭᠰᠡᠨ ᠨᠢ ᠲᠡᠷᠡ 1957 | ᠤᠨ ᠤ 10 ᠰᠠᠷ᠎ᠠ ᠳᠤ ᠦᠪᠦᠷ ᠮᠤᠩᠭᠤᠯ ᠣᠷᠳᠣᠰ ᠬᠤᠲᠠ ᠶᠢᠨ ᠦᠦᠰᠢᠨ ᠬᠤᠰᠢᠭᠤᠨ ᠳᠤ ᠲᠦᠷᠦᠵᠡᠢ᠃ | 1977 ᠤᠨ ᠳᠤ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠬᠢᠮᠢ ᠶᠢᠨ ᠰᠠᠯᠪᠤᠷᠢ ᠳᠤ ᠰᠢᠯᠭᠠᠭᠤᠯᠤᠨ ᠤᠷᠤᠵᠤ᠂ 1982 ᠤᠨ ᠠᠴᠠ 1986 | ᠤᠨ ᠪᠤᠯᠲᠠᠯ᠎ᠠ ᠦᠪᠦᠷ ᠮᠤᠩᠭᠤᠯ ᠤᠨ ᠶᠡᠭᠡ ᠰᠣᠷᠭᠠᠭᠤᠯᠢ ᠶᠢᠨ ᠬᠢᠮᠢ ᠶᠢᠨ ᠰᠠᠯᠪᠤᠷᠢ ᠳᠤ ᠪᠠᠭᠰᠢᠯᠠᠬᠤ ᠶᠢᠨ ᠵᠡᠷᠭᠡᠪᠡᠷ ᠬᠤᠪᠤᠷ ᠰᠢᠷᠣᠢ ᠶᠢᠨ ᠡᠯᠧᠮᠧᠨ᠋ᠲ ᠢ ᠵᠠᠳᠠᠯᠬᠤ | ᠬᠢᠮᠢ ᠶᠢᠨ ᠰᠣᠳᠣᠯᠭᠠᠨ ᠤ ᠠᠵᠢᠯ ᠳᠤ ᠤᠷᠣᠯᠴᠠᠵᠠᠢ᠃ | 1988 ᠤᠨ ᠳᠤ ᠲᠡᠭᠦᠨ ᠤ ᠬᠤᠪᠤᠷ ᠰᠢᠷᠤᠢ ᠵᠠᠷᠭᠡ ᠬᠢᠮᠢ ᠶᠢᠨ ᠡᠯᠧᠮᠧᠨ᠋ᠲ ᠤᠨ ᠬᠦᠷᠢᠶᠡᠨ ᠳᠠᠬᠢ ᠰᠤᠳᠤᠯᠭᠠᠨ ᠤ ᠦᠷ ᠡ ᠪᠦᠳᠦᠮᠵᠢ ᠨᠢ ᠡᠷᠳᠡᠮ | ᠰᠢᠨᠵᠢᠯᠡᠭᠡᠨ ᠤ ᠬᠢᠨ ᠳᠤ ᠮᠡᠳᠡᠷᠡᠭᠳᠡᠵᠦ᠂ ᠠᠯᠪᠠᠨ ᠤ ᠲᠤᠮᠢᠯᠠᠯᠳᠠ ᠪᠠᠷ ᠶᠠᠫᠤᠨ ᠳᠤ ᠰᠤᠷᠤᠯᠴᠠᠵᠤ᠂ 1992 ᠤᠨ ᠤ ᠬᠠᠪᠣᠷ ᠲᠤᠤᠺᠢᠣ᠋ ᠶᠡᠭᠡ ᠰᠣᠷᠭᠠᠭᠤᠯᠢ ᠶᠢᠨ | ᠪᠠᠶᠢᠭᠠᠯᠢ ᠶᠢᠨ ᠰᠢᠨᠵᠢᠯᠡᠬᠦ ᠤᠬᠠᠭᠠᠨ ᠤ ᠳ᠋ᠣᠺᠲ᠋ᠣᠷ ᠴᠤᠯᠠ ᠬᠠᠮᠠᠭᠠᠯᠠᠵᠠᠢ᠃ | 1992 ᠤᠨ ᠠᠴᠠ 2000 ᠤᠨ ᠪᠣᠯᠲᠠᠯ᠎ᠠ ᠶᠠᠫᠤᠨ ᠤ ᠤᠯᠤᠰ ᠤᠨ ᠶᠡᠭᠡ ᠰᠣᠷᠭᠠᠭᠤᠯᠢ ᠪᠤᠯᠤᠨ ᠠᠵᠤ ᠠᠬᠤᠶᠢᠯᠠᠯ ᠳᠤ ᠰᠣᠳᠣᠯᠭᠠᠨ ᠤ ᠠᠵᠢᠯ ᠬᠢᠵᠦ᠂ | 2000 ᠤᠨ ᠤ 8 ᠰᠠᠷ᠎ᠠ ᠳᠤ ᠪᠡᠭᠡᠵᠢᠩ ᠶᠡᠭᠡ ᠰᠣᠷᠭᠠᠭᠤᠯᠢ ᠶᠢᠨ ᠹᠢᠽᠢᠺ ᠤᠨ ᠰᠠᠯᠪᠤᠷᠢ ᠳᠤ ᠢᠷᠡᠵᠦ ᠠᠵᠢᠯᠯᠠᠭᠠᠳ ᠣᠳᠣ ᠳᠤ ᠬᠦᠷᠴᠡᠢ᠃ | ᠶᠠᠫᠤᠨ ᠳᠤ ᠰᠤᠷᠤᠯᠴᠠᠨ ᠠᠮᠢᠳᠤᠷᠠᠵᠤ ᠪᠠᠶᠢᠬᠰᠠᠨ ᠡᠨᠡᠬᠦ 13 ᠵᠢᠯ ᠨᠢ ᠴᠢᠯᠠᠭᠤ ᠶᠢᠨ ᠰᠡᠭᠦᠯᠴᠢ ᠶᠢᠨ ᠰᠤᠳᠤᠯᠭᠠᠨ ᠤ ᠴᠢᠭᠯᠡᠯ ᠪᠡ ᠲᠤᠰᠬᠠᠢ ᠮᠡᠷᠭᠡᠵᠢᠯ ᠤᠨ | ᠰᠠᠭᠤᠷᠢ ᠶᠢ ᠲᠠᠯᠪᠢᠬᠰᠠᠨ ᠵᠠᠩᠬᠢᠯᠠᠭ᠎ᠠ ᠶᠢᠨ ᠴᠠᠭ ᠦᠶ ᠡ ᠪᠤᠯᠤᠬᠰᠡᠨ ᠪᠢᠯᠡ᠃ | 1992 ᠤᠨ ᠳᠤ ᠶᠠᠫᠤᠨ ᠤ ᠰᠦᠸᠧᠨᠢ ᠺᠤᠮᠫᠠᠨᠢ ᠠᠴᠠ ᠯᠢᠲ᠋ᠢ ᠢᠶᠦᠨ ᠤ ᠴᠠᠭᠢᠯᠭᠠᠨ ᠵᠠᠢ ᠶᠢ ᠦᠢᠯᠡᠳᠪᠦᠷᠢᠯᠡᠨ ᠲᠠᠸᠠᠷᠵᠢᠭᠤᠯᠤᠬᠰᠠᠨ ᠪᠢᠯᠡ᠃ ᠡᠨᠡᠬᠦ | ᠡᠨᠧᠷᠬᠢ ᠬᠠᠳᠠᠭᠠᠯᠠᠬᠤ ᠰᠢᠰᠲᠧᠮ ᠤᠨ ᠦᠭᠡᠷᠡᠴᠢᠯᠡᠯᠳᠡ ᠪᠠ ᠰᠢᠨ᠎ᠡ ᠡᠬᠦᠳᠦᠯᠳᠡ ᠨᠢ ᠲᠤᠬᠠᠢ ᠶᠢᠨ ᠦᠶ ᠠ ᠶᠢᠨ ᠭᠠᠷ ᠤᠳᠠᠰᠤ ᠵᠢᠴᠢ ᠪᠤᠰᠤᠳ ᠲᠡᠭᠡᠳᠦ ᠰᠢᠨᠵᠢᠯᠡᠭᠦ | ᠤᠬᠠᠭᠠᠨ ᠮᠡᠷᠭᠡᠵᠢᠯ ᠤᠨ ᠪᠦᠳᠦᠭᠡᠭᠳᠡᠭᠦᠨ ᠤ ᠲᠦᠳᠡᠴᠢᠯᠡᠬᠦ ᠬᠠᠨᠳᠤᠰᠢ ᠶᠢ ᠠᠪᠴᠢᠷᠠᠬᠰᠠᠨ᠃ ᠴᠢᠯᠠᠭᠤ ᠶᠢᠨ ᠰᠢᠨ᠎ᠡ ᠮᠠᠲᠧᠷᠢᠶᠠᠯ ᠤᠨ ᠲᠠᠯ ᠠ ᠪᠠᠷ ᠬᠢ ᠰᠤᠳᠤᠯᠤᠯ ᠤᠨ | ᠲᠦᠪᠰᠢᠨ ᠪᠡ ᠡᠭᠦᠳᠦᠯᠳᠡ ᠶᠢᠨ ᠴᠢᠳᠠᠪᠤᠷᠢ ᠨᠢ ᠶᠠᠫᠤᠨ ᠤ ᠤᠯᠠᠨ ᠺᠤᠮᠫᠠᠨᠢ ᠪᠡ ᠲᠡᠭᠡᠳᠦ ᠰᠤᠷᠭᠠᠭᠤᠯᠢ ᠳᠤ ᠮᠡᠳᠡᠷᠡᠭᠳᠡᠵᠦ᠂ ᠦᠨᠳᠦᠷ ᠴᠠᠯᠢᠩ ᠤᠬᠢ ᠰᠠᠶᠢᠨ | ᠨᠦᠭᠦᠴᠡᠯ ᠢᠶᠠᠷ ᠲᠡᠬᠦᠨ ᠢ ᠦᠯᠡᠳᠡᠭᠡᠬᠦ ᠪᠠᠷ ᠲᠠᠳᠠᠬᠰᠠᠨ ᠪᠠᠶᠢᠨ᠎ᠠ᠃ ᠭᠡᠪᠡᠴᠦ ᠲᠡᠷᠡ ᠡᠬᠡ ᠤᠯᠤᠰ ᠲᠠᠭᠠᠨ ᠬᠠᠷᠢᠵᠤ᠂ ᠡᠬᠡ ᠤᠯᠤᠰ ᠤᠨ ᠪᠦᠳᠦᠭᠡᠨ | ᠪᠠᠶᠢᠭᠤᠯᠤᠯᠳᠠ ᠳᠠᠭᠠᠨ ᠬᠦᠴᠦ ᠪᠠᠨ ᠡᠷᠭᠦᠬᠦ ᠭᠡᠰᠡᠨ ᠵᠤᠷᠢᠯᠳᠠ ᠶᠢ ᠭᠤᠶᠢᠪᠢᠰᠢ ᠦᠭᠡᠢ ᠪᠠᠷᠢᠮᠳᠠᠯᠠᠵᠤ ᠪᠠᠶᠢᠪᠠ᠃ ᠤᠯᠤᠰ ᠲᠠᠭᠠᠨ ᠬᠠᠷᠢᠵᠤ ᠢᠷᠡᠬᠦ ᠠᠴᠠ ᠡᠮᠦᠨ᠎ᠡ | ᠲᠡᠷᠡ ᠪᠠᠭ᠎ᠠ ᠪᠤᠰᠤ ᠪᠡᠯᠡᠳᠬᠡᠯ ᠠᠵᠢᠯ ᠬᠢᠭᠰᠡᠨ᠃ ᠨᠢᠭᠡ ᠵᠢᠯ ᠰᠢᠬᠠᠮ ᠴᠠᠭ ᠵᠠᠷᠤᠴᠠᠭᠤᠯᠵᠤ᠂ ᠶᠠᠫᠤᠨ ᠲᠤᠮᠳᠠᠳᠤ ᠬᠤᠶᠠᠷ ᠤᠯᠤᠰ ᠤᠨ ᠬᠤᠭᠤᠷᠤᠨᠳᠤ ᠵᠤᠷᠴᠢᠨ | ᠠᠶᠠᠯᠠᠵᠤ᠂ ᠦᠪᠡᠰᠦᠪᠡᠨ ᠵᠤᠭᠤᠰ ᠭᠠᠷᠭᠠᠵᠤ ᠰᠤᠳᠤᠯᠭᠠᠨ ᠳᠠᠭᠠᠨ ᠬᠡᠷᠡᠭᠰᠡᠭᠦ ᠲᠤᠨᠤᠭ ᠲᠦᠭᠦᠭᠡᠷᠦᠮᠵᠢ ᠶᠢ ᠬᠤᠳᠠᠯᠳᠤᠨ ᠠᠪᠤᠬᠰᠠᠨ ᠮᠦᠷᠳᠡᠭᠡᠨ ᠰᠤᠳᠤᠯᠬᠤ | ᠲᠤᠭᠤᠢᠢᠯᠠᠩ ᠵᠢᠴᠢ ᠬᠤᠪᠢ ᠤᠷᠤᠭᠤᠯᠤᠬᠰᠠᠨ ᠺᠤᠮᠫᠠᠨᠢ ᠶᠢ ᠰᠠᠨᠠᠭᠠᠴᠢᠯᠠᠨ ᠪᠠᠶᠢᠭᠤᠯᠵᠤ᠂ ᠤᠯᠤᠰ ᠲᠠᠭᠠᠨ ᠬᠠᠷᠢᠵᠤ ᠢᠷᠡᠭᠰᠡᠨ ᠤ ᠲᠠᠷᠠᠭ᠎ᠠ ᠰᠤᠳᠤᠯᠭᠠᠨ ᠤ | ᠠᠵᠢᠯᠯᠠᠭ᠎ᠠ ᠪᠠᠨ ᠦᠷᠭᠦᠯᠵᠢᠯᠡᠨ ᠦᠷᠨᠢᠭᠦᠯᠬᠦ ᠳᠤ ᠬᠦᠢᠴᠡᠳ ᠪᠡᠯᠡᠳᠭᠡᠯ ᠬᠢᠭᠰᠡᠨ ᠪᠠᠶᠢᠨ᠎ᠠ᠃ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠨᠢᠭᠡᠨ ᠴᠠᠭ ᠦᠶ᠎ᠡ ᠶᠢ | ᠨᠡᠭᠡᠭᠡᠭᠰᠡᠨ ᠨᠢ 2001 ᠤᠨ ᠤ ᠡᠬᠢᠨ ᠳᠤ᠂ ᠰᠠᠶ᠋ᠢᠬᠠᠨ ᠤᠯᠤᠰ ᠲᠠᠭᠠᠨ ᠪᠤᠴᠠᠵᠤ ᠢᠷᠡᠭᠰᠡᠨ ᠴᠢᠯᠠᠭᠤ ᠫᠷᠤᠫᠧᠰᠰᠤᠷ ᠬᠤᠪᠢ ᠶᠢᠨ ᠤᠶᠤᠨ ᠤ ᠦᠮᠴᠢ ᠶᠢᠨ | ᠡᠷᠭᠡ ᠲᠠᠢ ᠺᠣᠪᠠᠯᠲ ᠬᠦᠴᠢᠯ ᠤᠨ ᠯᠢᠲ᠋ᠢ ᠶᠢᠨ ᠨᠡᠶᠢᠯᠡᠭ ᠮᠡᠷᠭᠡᠵᠢᠯ ᠤᠨ ᠰᠢᠪᠳᠤᠯᠤᠯᠲᠠ ᠶᠢ ᠪᠡᠶᠡᠯᠡᠭᠦᠯᠦᠭᠰᠡᠨ ᠮᠦᠷᠳᠡᠭᠡᠨ ᠪᠦᠭᠡᠮ ᠢᠶᠠᠷ ᠦᠢᠯᠡᠳᠪᠦᠷᠢᠯᠡᠬᠦ ᠪᠤᠯᠭᠠᠵᠤ᠂ | ᠮᠠᠨ ᠤ ᠤᠯᠤᠰ ᠤᠨ ᠺᠣᠪᠠᠯᠲ ᠬᠦᠴᠢᠯ ᠤᠨ ᠯᠢᠲ᠋ᠢ ᠶᠢᠨ ᠴᠢᠬᠢᠯᠭᠠᠨ ᠵᠠᠢ ᠶᠢ ᠲᠤᠰᠠᠭᠠᠷ ᠦᠢᠯᠡᠳᠪᠦᠷᠢᠯᠡᠵᠦ ᠲᠡᠶᠢᠯᠬᠦ ᠦᠭᠡᠢ ᠲᠡᠦᠭᠡ ᠶᠢ ᠡᠴᠦᠰᠯᠡᠬᠦᠯᠵᠦ᠂ ᠴᠠᠬᠢᠯᠭᠠᠨ | ᠵᠠᠢ ᠶᠢᠨ ᠦᠪᠡᠷ ᠤᠨ ᠦᠷᠳᠡᠭ ᠢ ᠶᠡᠭᠡᠪᠡᠷ ᠪᠠᠭᠠᠰᠬᠠᠬᠰᠠᠨ ᠪᠠᠶᠢᠨ᠎ᠠ᠃ ᠴᠠᠬᠢᠯᠭᠠᠨ ᠵᠠᠢ ᠶᠢᠨ ᠵᠠᠩᠬᠢᠯᠠᠭ᠎ᠠ ᠶᠢᠨ ᠮᠠᠲᠧᠷᠢᠶᠠᠯ ᠢ ᠲᠤᠳᠤᠭᠠᠳᠤ ᠳᠠᠭᠠᠨ | ᠦᠢᠯᠡᠳᠪᠦᠷᠢᠯᠡᠭᠰᠡᠨ ᠠᠴᠠ ᠪᠤᠯᠵᠤ᠂ ᠤᠬᠤᠷᠬᠠᠨ ᠬᠡᠳᠦᠨ ᠵᠢᠯ ᠤᠨ ᠲᠤᠷᠰᠢ᠂ ᠲᠤᠮᠳᠠᠳᠤ ᠤᠯᠤᠰ ᠨᠢᠭᠡᠨᠳᠡ ᠲᠡᠯᠡᠬᠡᠢ ᠶᠢᠨ ᠯᠢᠲ᠋ᠢ ᠶᠢᠨ ᠴᠠᠬᠢᠯᠭᠠᠨ ᠵᠠᠢ | ᠦᠢᠯᠡᠳᠪᠦᠷᠢᠯᠡᠬᠦ ᠶᠡᠭᠡ ᠤᠯᠤᠰ ᠪᠤᠯᠵᠤ ᠬᠦᠭᠵᠢᠭᠰᠡᠨ ᠮᠦᠷᠳᠡᠭᠡᠨ ᠴᠠᠬᠢᠯᠭᠠᠨ ᠵᠠᠢ ᠶᠢᠨ ᠭᠠᠷᠭᠠᠯᠳᠠ ᠨᠢ ᠪᠦᠬᠦ ᠲᠡᠯᠡᠬᠡᠢ ᠶᠢᠨ ᠭᠤᠷᠪᠠᠨ ᠤ ᠨᠢᠭᠡ ᠶᠢ ᠡᠵᠡᠯᠡᠭᠰᠡᠨ | ᠪᠠᠶᠢᠨ᠎ᠠ᠃ ᠺᠣᠪᠠᠯᠲ ᠬᠦᠴᠢᠯ ᠤᠨ ᠯᠢᠲ᠋ᠢ ᠶᠢᠨ ᠨᠡᠶᠢᠯᠡᠭ ᠮᠡᠷᠭᠡᠵᠢᠯ ᠤᠨ ᠰᠢᠪᠳᠤᠯᠤᠯᠲᠠ ᠶᠢ ᠪᠡᠶᠡᠯᠡᠭᠦᠯᠦᠭᠰᠡᠨ ᠤ ᠲᠠᠷᠠᠭ᠎ᠠ ᠴᠢᠯᠠᠭᠤ ᠫᠷᠤᠫᠧᠰᠰᠤᠷ ᠴᠠᠬᠢᠯᠭᠠᠨ | ᠬᠦᠳᠡᠯᠭᠡᠭᠦᠷᠲᠣ ᠮᠠᠰᠢᠨ ᠲᠡᠷᠭᠡᠨ ᠳᠤ ᠬᠡᠷᠡᠭᠯᠡᠬᠦ ᠬᠦᠳᠡᠯᠭᠡᠭᠴᠢ ᠬᠦᠴᠦᠨ ᠤ ᠴᠠᠬᠢᠯᠭᠠᠨ ᠵᠠᠢ ᠦᠢᠯᠡᠳᠪᠦᠷᠢᠯᠡᠬᠦ ᠠᠵᠢᠯᠯᠠᠭ᠎ᠠ ᠳᠤ ᠠᠩᠬᠠᠷᠤᠯ ᠢᠶᠠᠨ ᠬᠠᠨᠳᠤᠭᠤᠯᠤᠬᠰᠠᠨ | ᠪᠠᠶᠢᠯ᠎ᠠ᠃ | ᠲᠤᠮᠳᠠᠳᠤ ᠤᠯᠤᠰ ᠲᠤ ᠺᠣᠪᠠᠯᠲ ᠤᠨ ᠡᠬᠢ ᠪᠠᠶᠠᠯᠢᠭ ᠨᠢ ᠲᠦᠢᠯ ᠤᠨ ᠬᠢᠵᠠᠭᠠᠷ ᠲᠠᠢ ᠪᠠᠶᠢᠵᠤ᠂ ᠦᠨᠳᠦᠰᠦᠨ ᠳᠡᠭᠡᠨ ᠭᠠᠳᠠᠭᠠᠳᠤ ᠠᠴᠠ ᠤᠷᠤᠭᠤᠯᠬᠤ ᠳᠤ | ᠲᠦᠰᠢᠭᠯᠡᠵᠦ ᠪᠠᠶᠢᠬᠰᠠᠠ ᠤᠴᠢᠷ ᠠᠴᠠ ᠺᠣᠪᠠᠯᠲ ᠬᠦᠴᠢᠯ ᠤᠨ ᠯᠢᠲ᠋ᠢ ᠶᠢᠨ ᠴᠠᠬᠢᠯᠭᠠᠨ ᠵᠠᠢ ᠶᠢᠨ ᠦᠢᠯᠡᠳᠪᠦᠷᠢᠯᠡᠯ ᠤᠨ ᠦᠪᠡᠷ ᠤᠨ ᠦᠷᠳᠡᠭ ᠨᠢ ᠬᠡᠳᠦ ᠦᠨᠳᠦᠷ | ᠮᠦᠷᠳᠡᠭᠡᠨ ᠺᠣᠪᠠᠯᠲ ᠬᠦᠴᠢᠯ ᠤᠨ ᠯᠢᠲ᠋ᠢ ᠶᠢᠨ ᠬᠠᠯᠠᠭᠤᠨ ᠤ ᠲᠤᠬᠳᠠᠯᠴᠠᠭ᠎ᠠ ᠠᠨᠠᠢ ᠪᠠᠶᠢᠵᠤ᠂ ᠵᠦᠪᠬᠡᠨ ᠭᠠᠷ ᠤᠳᠠᠰᠤ᠂ ᠺᠤᠮᠫᠢᠦ᠋ᠲᠧᠷ ᠵᠡᠷᠭᠡ ᠪᠠᠭ᠎ᠠ ᠬᠡᠯᠪᠡᠷᠢ ᠶᠢᠨ | ᠴᠡᠬᠢᠮ ᠪᠦᠳᠦᠭᠡᠭᠳᠡᠭᠦᠨ ᠤ ᠴᠠᠬᠢᠯᠭᠠᠨ ᠵᠠᠢ ᠪᠤᠯᠭᠠᠵᠤ ᠪᠤᠯᠳᠠᠭ ᠪᠤᠯᠪᠠᠴᠤ ᠴᠠᠬᠢᠯᠭᠠᠨ ᠭᠦᠳᠡᠯᠭᠡᠭᠦᠷᠳᠦ ᠮᠠᠰᠢᠨ ᠲᠡᠷᠭᠡᠨ ᠳᠤ ᠵᠤᠬᠢᠬᠤ ᠦᠭᠡᠢ ᠪᠠᠶᠢᠵᠠᠢ᠃ | 2002 ᠤᠨ ᠳᠤ ᠴᠢᠯᠠᠭᠤ ᠰᠤᠳᠤᠯᠭᠠᠨ ᠤ ᠲᠤᠭᠤᠢᠢᠯᠠᠩ ᠢᠶᠠᠨ ᠲᠠᠭᠠᠭᠤᠯᠵᠤ᠂ ᠮᠠᠩᠭᠠᠨ ᠬᠦᠴᠢᠯ ᠤᠨ ᠯᠢᠲ᠋ᠢ ᠶᠢᠨ ᠨᠡᠶᠢᠯᠡᠭ ᠮᠡᠷᠭᠡᠵᠢᠯ ᠤᠨ | ᠰᠢᠪᠳᠦᠯᠦᠯᠳᠡ ᠪᠠᠨ ᠡᠬᠢᠯᠡᠭᠦᠯᠦᠭᠰᠡᠨ ᠪᠠᠶᠢᠨ᠎ᠠ᠃ ᠡᠴᠦᠰ ᠲᠡᠭᠡᠨ᠂ 2003 ᠤᠨ ᠳᠤ ᠤᠯᠤᠰ ᠤᠨ ᠲᠤᠳᠤᠭᠠᠳᠤ ᠶᠢᠨ ᠤᠤᠭᠠᠨ ᠮᠠᠩᠭᠠᠨ ᠬᠦᠴᠢᠯ ᠤᠨ ᠯᠢᠲ᠋ᠢ ᠶᠢᠨ | ᠦᠢᠯᠡᠳᠪᠦᠷᠢᠯᠡᠯ ᠤᠨ ᠱᠤᠭᠤᠮ ᠢ ᠪᠠᠶᠢᠭᠤᠯᠵᠤ᠂ ᠶᠡᠭᠡ ᠬᠡᠮᠵᠢᠶᠡᠨ ᠤ ᠲᠤᠬᠳᠠᠪᠤᠷᠢᠳᠤ ᠴᠠᠬᠢᠯᠭᠠᠨ ᠬᠠᠳᠠᠭᠠᠯᠠᠵᠤ ᠲᠡᠶᠢᠯᠬᠦ ᠴᠢᠳᠠᠪᠬᠢ ᠲᠠᠢ ᠤᠬᠢ ᠰᠠᠶᠢᠨ ᠮᠠᠩᠭᠠᠨ | ᠬᠦᠴᠢᠯ ᠤᠨ ᠯᠢᠲ᠋ᠢ ᠶᠢᠨ ᠦᠢᠯᠡᠳᠬᠦᠨ ᠢ ᠵᠠᠬ᠎ᠠ ᠲᠡᠯᠭᠡᠭᠦᠷ ᠲᠤ ᠪᠤᠷᠤᠯᠠᠭᠤᠯᠤᠬᠰᠠᠨ ᠪᠠᠶᠢᠨ᠎ᠠ᠃ ᠮᠦᠨ ᠲᠤᠰ ᠵᠢᠯ ᠳᠤ᠂ ᠦᠪᠡᠷ ᠤᠨ ᠦᠢᠯᠡᠳᠪᠦᠷᠢᠯᠡᠭᠰᠡᠨ ᠮᠠᠩᠭᠠᠨ | ᠬᠦᠴᠢᠯ ᠤᠨ ᠯᠢᠲ᠋ᠢ ᠶᠢᠨ ᠴᠠᠬᠢᠯᠭᠠᠨ ᠵᠠᠢ ᠶᠢᠨ ᠠᠷᠭ᠎ᠠ ᠲᠦᠢᠯ ᠤᠨ ᠮᠠᠲ᠋ᠧᠷᠢᠶᠠᠯ ᠢᠶᠠᠨ ᠠᠰᠢᠬᠯᠠᠵᠤ᠂ ᠤᠯᠤᠰ ᠤᠨ ᠲᠤᠳᠤᠭᠠᠳᠤ ᠳᠤ ᠡᠩ ᠲᠡᠷᠢᠬᠦᠨ ᠳᠤ ᠶᠡᠭᠡ | ᠪᠠᠭᠳᠠᠭᠠᠮᠵᠢ ᠲᠠᠢ ᠬᠦᠳᠡᠯᠭᠡᠭᠦᠷ ᠴᠠᠬᠢᠯᠭᠠᠨ ᠵᠠᠢ ᠶᠢ ᠡᠭᠦᠳᠦᠨ ᠪᠦᠳᠦᠭᠡᠵᠦ᠂ ᠮᠠᠨ ᠤ ᠤᠯᠤᠰ ᠤᠨ ᠴᠠᠬᠢᠯᠭᠠᠨ ᠬᠦᠳᠡᠯᠭᠡᠭᠦᠷᠲᠣ ᠮᠠᠰᠢᠨ ᠲᠡᠷᠭᠡᠨ ᠤ ᠬᠦᠭᠵᠢᠯᠳᠡ ᠶᠢ | ᠤᠷᠳᠤ ᠬᠤᠭᠤᠴᠠᠭ᠎ᠠ ᠪᠠᠷ ᠬᠢᠵᠠᠭᠠᠷᠯᠠᠵᠤ ᠪᠠᠶᠢᠬᠰᠠᠨ ᠡᠨᠧᠷᠬᠢ ᠬᠠᠳᠠᠭᠠᠯᠠᠬᠤ ᠯᠢᠲ᠋ᠢ ᠶᠢᠨ ᠴᠠᠬᠢᠯᠭᠠᠨ ᠵᠠᠢ ᠶᠢᠨ ᠮᠡᠷᠭᠡᠵᠢᠯ ᠤᠨ ᠴᠢᠬᠤᠯᠠ ᠰᠢᠪᠳᠤᠯᠤᠯᠳᠠ ᠶᠢ | ᠪᠡᠶᠡᠯᠡᠬᠦᠯᠵᠡᠢ᠃ ᠡᠬᠦᠪᠡᠷ ᠪᠦᠬᠦ ᠲᠡᠯᠡᠬᠡᠢ ᠶᠢᠨ ︽ᠡᠨᠧᠷᠬᠢ ᠠᠷᠪᠢᠯᠠᠵᠤ ᠪᠤᠬᠢᠷᠳᠤᠯ ᠭᠠᠳᠠᠬᠰᠢᠯᠠᠭᠤᠯᠬᠤ ᠶᠢ ᠪᠠᠭᠠᠰᠬᠠᠬᠤ︾ ᠬᠠᠨᠳᠤᠰᠢ ᠳᠤ ᠨᠡᠶᠢᠴᠡᠭᠰᠡᠨ ᠰᠢᠨ᠎ᠡ | ᠮᠠᠶ᠋ᠢᠭ ᠤᠨ ᠴᠠᠬᠢᠯᠭᠠᠨ ᠬᠦᠳᠡᠯᠭᠡᠭᠦᠷᠲᠣ ᠮᠠᠰᠢᠨ ᠲᠡᠷᠭᠡᠨ ᠤ ᠬᠦᠭᠵᠢᠯᠳᠡ ᠶᠢ ᠠᠬᠢᠭᠤᠯᠤᠬᠰᠠᠨ ᠪᠠᠶᠢᠨ᠎ᠠ᠃ ᠮᠠᠯᠴᠢᠨ ᠠᠶᠢᠯ ᠢ ᠬᠡᠷᠡᠯᠳᠦᠭᠦᠯᠦᠭᠰᠡᠨ ︽ᠪᠢᠴᠢᠯ | ᠴᠠᠬᠢᠯᠭᠠᠨ ᠦᠷᠳᠡᠭᠡ︾ ᠲᠠᠯ ᠠ ᠨᠤᠳᠤᠭ ᠡᠬᠡ ᠤᠷᠤᠨ ᠳᠠᠭᠠᠨ ᠭᠦᠨ ᠵᠤᠵᠠᠭᠠᠨ ᠬᠠᠶᠢᠷ ᠠ ᠰᠡᠳᠬᠢᠯᠭᠡ ᠡᠪᠦᠷᠯᠡᠭᠰᠡᠭᠡᠷ ᠢᠷᠡᠭᠰᠡᠨ ᠴᠢᠯᠠᠭᠤ ᠫᠷᠤᠹᠧᠰᠰᠤᠷ ᠢᠮᠠᠬᠳᠠ | ᠲᠠᠯ ᠠ ᠨᠤᠳᠤᠭ ᠤᠨ ᠠᠷᠠᠳ ᠲᠦᠮᠡᠨ ᠤ ᠪᠠᠨ ᠠᠮᠢᠳᠤᠷᠠᠯ ᠳᠤ ᠠᠩᠬᠠᠷᠤᠯ ᠢᠶᠠᠨ ᠬᠠᠨᠳᠤᠭᠤᠯᠤᠭᠰᠠᠭᠠᠷ ᠢᠷᠡᠭᠰᠡᠨ ᠶᠤᠮ᠃ | 2001 ᠤᠨ ᠪᠡ 2004 ᠤᠨ ᠳᠤ᠂ ᠲᠡᠷᠡ ᠨᠤᠳᠤᠭ ᠤᠨ ᠢᠶᠠᠨ ᠪᠠᠭ᠎ᠠ ᠰᠤᠷᠭᠠᠭᠤᠯᠢ ᠶᠢᠨ ᠰᠤᠷᠤᠯᠭ᠎ᠠ ᠶᠢᠨ ᠤᠷᠴᠢᠨ ᠲᠤᠭᠤᠷᠢᠨ ᠢ | ᠰᠠᠶᠢᠵᠢᠷᠠᠭᠤᠯᠬᠤ ᠶᠢᠨ ᠲᠦᠯᠦᠭᠡ ᠦᠪᠡᠷ ᠤᠨ ᠰᠤᠳᠤᠯᠭᠠᠨ ᠤ ᠱᠠᠩᠨᠠᠯ ᠤᠨ ᠮᠦᠩᠬᠦ ᠪᠠᠨ ᠪᠦᠬᠦᠨ ᠢ ᠨᠢ ᠬᠠᠨᠳᠢᠪᠯᠠᠭᠰᠡᠨ ᠪᠦᠭᠡᠳ ᠪᠡᠭᠡᠵᠢᠩ ᠳᠠᠬᠢ | ᠮᠤᠩᠭᠤᠯᠴᠤᠳ ᠤᠨ ᠨᠤᠳᠤᠭ ᠨᠢᠭᠡᠳᠡᠨ ᠤ ᠨᠡᠶᠢᠭᠡᠮᠯᠢᠭ ᠢ ᠰᠠᠨᠠᠭᠠᠴᠢᠯᠠᠨ ᠪᠠᠶᠢᠭᠤᠯᠵᠤ᠂ ᠮᠤᠳᠤ ᠲᠠᠷᠢᠬᠤ᠂ ᠰᠤᠷᠤᠯᠭ᠎ᠠ ᠶᠢ ᠲᠡᠳᠬᠦᠬᠦ ᠵᠡᠷᠭᠡ ᠤᠯᠠᠨ ᠠᠵᠢᠯᠯᠠᠭ᠎ᠠ | ᠦᠷᠨᠢᠭᠦᠯᠦᠭᠰᠡᠨ ᠪᠠᠶᠢᠨ᠎ᠠ᠃ ᠡᠭᠦᠨ ᠠᠴᠠ ᠭᠠᠳᠠᠨ᠎ᠠ᠂ ᠲᠡᠷᠡ ᠪᠠᠰᠠ ᠪᠡᠭᠡᠵᠢᠩ ᠤᠨ ᠵᠦᠩ ᠭᠤᠸᠠᠨ ᠼᠦᠨ ᠳᠠᠬᠢ ᠲᠡᠭᠡᠳᠦ ᠰᠢᠨ᠎ᠡ ᠮᠡᠷᠭᠡᠵᠢᠯ ᠤᠨ ᠠᠵᠤ ᠠᠬᠤᠢᠢᠯᠠᠯ | ᠪᠡ ᠴᠢᠳᠡᠪᠤᠷᠢᠳᠡᠨ ᠢ ᠵᠤᠬᠢᠶᠠᠨ ᠪᠠᠶᠢᠭᠤᠯᠵᠤ ᠦᠪᠦᠷ ᠮᠤᠩᠭᠤᠯ ᠤᠷᠤᠨ ᠳᠤ ᠬᠦᠨᠵᠡᠭᠡᠶᠢᠷᠡᠨ ᠪᠠᠶᠢᠴᠠᠭᠠᠨ ᠰᠤᠳᠤᠯᠤᠯᠳᠠ ᠬᠢᠯᠭᠡᠵᠦ᠂ ᠮᠠᠨ ᠤ ᠤᠷᠤᠨ ᠤ | ᠴᠢᠳᠡᠪᠦᠷᠢᠳᠡᠨ ᠢ ᠬᠦᠮᠦᠵᠢᠬᠦᠯᠬᠦ ᠪᠡ ᠮᠡᠷᠭᠡᠵᠢᠯ ᠤᠨ ᠲᠠᠪᠰᠢᠯᠳᠡ ᠶᠢ ᠠᠬᠢᠭᠤᠯᠤᠬᠰᠠᠨ ᠪᠠᠶᠢᠨ᠎ᠠ᠃ ᠤᠳᠤᠬᠠᠨ ᠪᠤᠯᠳᠠᠯ ᠠ ᠮᠡᠨ ᠤ ᠤᠯᠤᠰ ᠤᠨ ᠬᠢᠯᠢ ᠬᠢᠵᠠᠭᠠᠷ | ᠤᠷᠤᠨ ᠳᠤ ᠴᠠᠬᠢᠯᠭᠠᠨ ᠨᠡᠪᠳᠡᠷᠡᠬᠡᠳᠦᠢ ᠪᠤᠶᠤ ᠴᠠᠬᠢᠯᠭᠠᠨ ᠤ ᠬᠠᠩᠭᠠᠯᠳᠠ ᠬᠦᠢᠴᠡᠳ ᠦᠭᠡᠢ ᠪᠠᠶᠢᠵᠤ᠂ ᠭᠠᠵᠠᠷ ᠤᠷᠤᠨ ᠤ ᠬᠦᠭᠵᠢᠯᠳᠡ ᠪᠡ ᠠᠷᠠᠳ ᠤᠨ | ᠠᠮᠢᠳᠤᠷᠠᠯ ᠤᠨ ᠬᠢᠷᠢ ᠲᠦᠪᠰᠢᠨ ᠤ ᠲᠡᠭᠡᠭᠰᠢᠯᠡᠯᠳᠡ ᠶᠢ ᠬᠢᠵᠠᠭᠠᠷᠯᠠᠵᠤ ᠪᠤᠢ᠃ ᠭᠡᠷᠪᠡ ᠡᠳᠡᠭᠡᠷ ᠭᠠᠵᠠᠷ ᠤᠷᠤᠨ ᠳᠤ ᠴᠠᠬᠢᠯᠭᠠᠨ ᠲᠤᠤᠷ ᠲᠠᠳᠠᠬᠤ ᠳᠤ ᠬᠦᠷᠪᠡᠯ ᠤᠯᠠᠨ | ᠮᠡᠷᠭᠡᠵᠢᠯ ᠤᠨ ᠲᠠᠯ ᠠ ᠶᠢᠨ ᠬᠦᠴᠢᠷᠳᠡᠯ ᠲᠠᠢ ᠮᠦᠷᠳᠡᠭᠡᠨ ᠦᠪᠡᠷ ᠤᠨ ᠦᠷᠳᠡᠭ ᠨᠢ ᠭᠡᠳᠦ ᠦᠨᠳᠦᠷ ᠪᠠᠶᠢᠳᠠᠭ᠂ ᠨᠢᠭᠡ ᠺᠢᠯᠤᠮᠧᠲᠷ ᠤᠨ ᠴᠠᠬᠢᠯᠭᠠᠨ ᠲᠤᠤᠷ | ᠲᠠᠳᠠᠬᠤ ᠳᠤ ᠪᠠᠷᠤᠭ ᠠᠷᠪᠠᠨ ᠲᠦᠮᠠᠨ ᠲᠦᠭᠦᠷᠢᠭ ᠰᠢᠬᠠᠮ ᠪᠡᠯᠡ ᠤᠷᠤᠭᠤᠯᠬᠤ ᠭᠡᠷᠡᠭᠳᠡᠢ᠃ ᠡᠶᠢᠮᠦ ᠠᠴᠠ ᠡᠳᠡᠭᠡᠷ ᠭᠠᠵᠠᠷ ᠤᠷᠤᠨ ᠤ ᠴᠠᠬᠢᠯᠭᠠᠨ ᠤ | ᠬᠠᠩᠭᠠᠯᠳᠠ ᠶᠢᠨ ᠪᠠᠶᠢᠳᠠᠯ ᠢ ᠬᠡᠷᠬᠢᠨ ᠰᠠᠶᠢᠵᠢᠷᠠᠭᠤᠯᠬᠤ ᠨᠢ ᠲᠤᠯᠭᠠᠮ᠎ᠠ ᠴᠢᠬᠤᠯᠠ ᠠᠰᠠᠭᠤᠳᠠᠯ ᠪᠤᠯᠤᠬᠰᠠᠨ ᠪᠠᠶᠢᠨ᠎ᠠ᠃ | 2011 ᠤᠨ ᠠᠴᠠ ᠨᠠᠰᠢ᠂ ᠴᠢᠯᠠᠭᠤ ᠫᠷᠤᠹᠧᠰᠰᠤᠷ ᠰᠢᠨ᠎ᠡ ᠠᠷᠭ᠎ᠠ ᠵᠠᠮ ᠰᠦᠪᠡᠭᠴᠢᠯᠡᠵᠦ᠂ ᠮᠠᠯᠴᠢᠨ ᠠᠷᠠᠳ ᠤᠨ ᠠᠮᠢᠳᠤᠷᠠᠯ ᠳᠤ ᠭᠡᠷᠡᠯ ᠪᠡ ᠢᠯᠴᠢ | ᠬᠦᠷᠭᠡᠬᠦ ᠪᠠᠷ ᠵᠤᠷᠢᠵᠤ᠂ ︽ᠪᠢᠴᠢᠯ ᠴᠠᠬᠢᠯᠭᠠᠨ ᠦᠷᠳᠡᠭᠡ︾ ᠬᠡᠬᠦ ᠤᠶᠤᠨᠴᠢ ᠰᠢᠰᠲᠧᠮ ᠤᠨ ᠪᠦᠳᠦᠭᠡᠨ ᠪᠠᠶᠢᠭᠤᠯᠤᠯᠳᠠ ᠳᠤ ᠤᠶᠤᠨ ᠴᠢᠳᠠᠯ ᠢᠶᠠᠨ ᠰᠢᠪᠬᠠᠬᠰᠠᠨ | ᠪᠠᠶᠢᠨ᠎ᠠ᠃ ᠴᠢᠯᠠᠭᠤ ᠫᠷᠤᠹᠧᠰᠰᠤᠷ ᠪᠡ ᠲᠡᠭᠦᠨ ᠤ ᠰᠤᠳᠤᠯᠭᠠᠨ ᠤ ᠲᠤᠭᠤᠢᠢᠯᠠᠩ ᠨᠢ ᠬᠤᠶᠠᠷ ᠵᠢᠯ ᠰᠢᠬᠠᠮ ᠤᠨ ᠲᠦᠯᠦᠪᠯᠡᠯᠭᠡ ᠪᠡ ᠲᠤᠷᠰᠢᠯᠳᠠ ᠪᠠᠷ ᠲᠠᠮᠵᠢᠨ᠂ | ᠡᠴᠦᠰ ᠲᠡᠭᠡᠨ 2013 ᠤᠨ ᠳᠤ ᠠᠩᠬᠠᠨ ᠤ ᠨᠢᠭᠡ ᠪᠦᠯᠦᠭ ᠪᠢᠴᠢᠯ ᠴᠠᠬᠢᠯᠭᠠᠨ ᠦᠷᠳᠡᠭᠡ ᠶᠢ ᠪᠠᠶᠢᠭᠤᠯᠵᠤ ᠠᠰᠢᠬᠯᠠᠯᠳᠠ ᠳᠤ ᠤᠷᠤᠭᠤᠯᠤᠭᠰᠠᠨ ᠪᠠᠶᠢᠨ᠎ᠠ᠃ | ᠪᠢᠴᠢᠯ ᠴᠠᠬᠢᠯᠭᠠᠨ ᠦᠷᠳᠡᠭᠡ ᠨᠢ ᠴᠢᠯᠠᠭᠤ ᠫᠷᠤᠹᠧᠰᠰᠤᠷ ᠤᠨ ︽ᠠᠷᠢᠭᠤᠨ ᠴᠡᠪᠡᠷ᠂ ᠲᠦᠬᠦᠮ ᠲᠦᠳᠡ᠂ ᠦᠨᠳᠦᠷ ᠠᠰᠢᠬᠯᠠᠮᠵᠢᠳᠠᠢ᠂ ᠤᠶᠤᠨᠴᠢ ᠴᠢᠳᠠᠪᠬᠢ ᠲᠠᠢ︾ | ᠵᠡᠷᠭᠡ ᠰᠢᠨ᠎ᠡ ᠶᠢ ᠡᠭᠦᠳᠬᠦ ᠰᠡᠳᠬᠢᠴᠡ ᠶᠢ ᠢᠯᠡᠷᠡᠬᠦᠯᠵᠦ᠂ ᠲᠤᠬᠠᠢ ᠶᠢᠨ ᠭᠠᠵᠠᠷ ᠤᠨ ᠪᠠᠶᠢᠭᠠᠯᠢ ᠶᠢᠨ ᠡᠨᠧᠷᠬᠢ ᠵᠢᠱᠢᠶᠡᠯᠡᠪᠡᠯ᠂ ᠨᠠᠷᠠᠨ ᠤ ᠡᠨᠧᠷᠬᠢ᠂ ᠰᠠᠯᠬᠢᠨ ᠡᠨᠧᠷᠬᠢ | ᠵᠡᠷᠭᠡ ᠴᠡᠪᠡᠷ ᠡᠨᠧᠷᠬᠢ ᠶᠢ ᠬᠠᠳᠠᠭᠠᠯᠠᠨ ᠠᠰᠢᠬᠯᠠᠵᠤ᠂ ᠠᠳᠠᠯᠢ ᠪᠤᠰᠤ ᠬᠡᠷᠡᠭᠯᠡᠭᠴᠢᠳ ᠤᠨ ᠴᠠᠬᠢᠯᠭᠠᠨ ᠬᠡᠷᠡᠭᠯᠡᠬᠦ ᠱᠠᠭᠠᠷᠳᠠᠯᠭ᠎ᠠ ᠶᠢ ᠬᠠᠩᠭᠠᠬᠰᠠᠨ ᠪᠠᠶᠢᠨ᠎ᠠ᠃ ᠨᠢᠭᠡ | ᠺᠢᠯᠦᠸᠤᠯᠲ ᠤᠨ ᠪᠢᠴᠢᠯ ᠴᠠᠬᠢᠯᠭᠠᠨ ᠦᠷᠳᠡᠭᠡ ᠨᠢ ᠦᠨᠳᠦᠰᠦᠨ ᠳᠡᠭᠡᠨ ᠨᠢᠭᠡ ᠮᠠᠯᠴᠢᠨ ᠠᠶᠢᠯ ᠤᠨ ᠭᠡᠷᠡᠯᠳᠦᠭᠦᠯᠭᠡ᠂ ᠲᠧᠯᠸᠢᠰ ᠦᠵᠡᠬᠦ ᠵᠡᠷᠭᠡ ᠡᠳᠦᠷ ᠲᠤᠳᠤᠮ ᠤᠨ | ᠬᠡᠷᠡᠭᠴᠡᠭᠡ ᠶᠢ ᠬᠠᠩᠭᠠᠵᠤ ᠲᠡᠶᠢᠯᠵᠦ᠂ ᠲᠠᠪᠤᠨ ᠺᠢᠯᠦᠸᠤᠯᠲ ᠤᠨ ᠪᠢᠴᠢᠯ ᠴᠠᠬᠢᠯᠭᠠᠨ ᠦᠷᠳᠡᠭᠡ ᠨᠢ ᠨᠢᠭᠡ ᠡᠷᠦᠭᠡ ᠶᠢᠨ ᠪᠤᠷᠳᠤᠭ᠎ᠠ ᠬᠡᠮᠬᠡᠯᠡᠬᠦ ᠮᠠᠰᠢᠨ᠂ ᠤᠰᠤ | ᠲᠠᠳᠠᠬᠤ ᠮᠠᠰᠢᠨ ᠵᠡᠷᠭᠡ ᠦᠢᠯᠡᠳᠪᠦᠷᠢᠯᠡᠯ ᠤᠨ ᠭᠡᠷᠡᠭᠰᠡᠯ ᠳᠤ ᠴᠠᠬᠢᠯᠭᠠᠨ ᠬᠠᠩᠭᠠᠵᠤ ᠲᠡᠶᠢᠯᠳᠡᠭ᠃ ᠡᠳᠡᠭᠡᠷ ᠪᠢᠴᠢᠯ ᠴᠠᠬᠢᠯᠭᠠᠨ ᠤ ᠦᠷᠳᠡᠭᠡ ᠨᠢ ᠪᠠᠶᠢᠭᠠᠯᠢ ᠶᠢᠨ | ᠡᠨᠧᠷᠬᠢ ᠶᠢ ᠠᠰᠢᠬᠯᠠᠵᠤ ᠮᠠᠯᠴᠢᠳ ᠤᠨ ᠠᠮᠢᠳᠤᠷᠠᠯ ᠪᠡ ᠦᠢᠯᠡᠳᠪᠦᠷᠢᠯᠡᠯ ᠳᠠᠬᠢ ᠴᠠᠬᠢᠯᠭᠠᠨ ᠤ ᠬᠡᠷᠡᠭᠴᠡᠭᠡ ᠶᠢ ᠦᠨᠳᠦᠰᠦᠨ ᠳᠡᠭᠡᠨ ᠬᠠᠩᠭᠠᠵᠤ᠂ ᠴᠠᠬᠢᠯᠭᠠᠨ | ᠲᠤᠳᠠᠬᠳᠠᠬᠤ ᠪᠠᠶᠢᠳᠠᠯ ᠢ ᠵᠤᠬᠢᠬᠤ ᠭᠡᠮᠵᠢᠶᠠᠨ ᠳᠤ ᠰᠠᠶᠢᠵᠢᠷᠠᠭᠤᠯᠤᠬᠰᠠᠨ ᠮᠦᠷᠳᠡᠭᠡᠨ ᠤᠷᠴᠢᠨ ᠲᠤᠭᠤᠷᠢᠨ ᠳᠤ ᠪᠤᠬᠢᠷᠳᠦᠯ ᠦᠭᠡᠢ ᠰᠢᠨ᠎ᠡ ᠡᠨᠧᠷᠬᠢ ᠶᠢᠨ | ᠦᠢᠯᠡᠳᠭᠦᠨ ᠤ ᠪᠤᠳᠠᠳᠤ ᠵᠢᠱᠢᠶ ᠡ ᠪᠤᠯᠵᠠᠢ᠃ | ᠴᠢᠯᠠᠭᠤ ᠫᠷᠤᠹᠧᠰᠰᠤᠷ᠄ ︽ᠪᠢᠳᠠ ᠤᠳᠤᠬᠠᠨ ᠳᠤ ᠨᠢᠭᠡ ᠠᠶᠢᠯ ᠨᠢᠭᠡ ᠡᠷᠦᠭᠡ ᠶᠢᠨ ᠴᠠᠬᠢᠯᠭᠠᠨ ᠤ ᠬᠡᠷᠡᠭᠴᠡᠭᠡ ᠶᠢ ᠬᠠᠩᠭᠠᠵᠤ ᠴᠢᠳᠠᠬᠰᠠᠨ᠂ ᠲᠠᠷᠠᠭᠠᠴᠢ ᠪᠠᠷ | ᠪᠦᠬᠦ ᠲᠡᠯᠡᠬᠡᠢ ᠶᠢᠨ ᠴᠠᠬᠢᠯᠭᠠᠨ ᠡᠨᠧᠷᠬᠢ ᠬᠠᠳᠠᠭᠠᠯᠠᠬᠳᠠᠬᠤ ᠠᠰᠠᠭᠤᠳᠠᠯ ᠳᠤ ᠴᠢᠭᠯᠡᠬᠦᠯᠵᠤ ᠰᠤᠳᠤᠯᠭᠠᠨ ᠢᠶᠠᠨ ᠦᠷᠭᠦᠯᠵᠢᠯᠡᠭᠦᠯᠦᠨ᠎ᠡ᠂ ᠡᠭᠦᠨ ᠤ ᠤᠯᠠᠮ ᠠᠴᠠ ᠪᠦᠬᠦ | ᠲᠡᠯᠡᠬᠡᠢ ᠶᠢᠨ ᠡᠨᠧᠷᠬᠢ ᠶᠢᠨ ᠠᠰᠠᠭᠤᠳᠠᠯ᠂ ᠤᠷᠴᠢᠨ ᠲᠤᠭᠤᠷᠢᠨ ᠤ ᠠᠰᠠᠭᠤᠳᠠᠯ᠂ ᠡᠬᠢ ᠪᠡᠶᠠᠯᠢᠭ ᠤᠨ ᠠᠰᠠᠭᠤᠳᠠᠯ ᠢ ᠰᠢᠢᠳᠪᠦᠷᠢᠯᠡᠬᠦ ᠪᠠᠷ ᠴᠢᠷᠮᠠᠶᠢᠵᠤ ᠪᠠᠶᠢᠨ᠎ᠠ︾ | ᠬᠡᠵᠦ ᠬᠤᠶᠢᠰᠢᠳᠠ ᠶᠢᠨ ᠲᠦᠰᠦᠪ ᠲᠦᠯᠦᠪᠯᠡᠭᠡ ᠪᠠᠨ ᠶᠠᠷᠢᠵᠤ ᠪᠠᠶᠢᠯ᠎ᠠ᠃ ᠰᠢᠷᠭᠠᠭᠤ ᠬᠠᠳᠠᠭᠤᠵᠢᠯᠳᠠᠢ ᠡᠭᠦᠳᠦᠨ ᠪᠦᠳᠦᠭᠡᠯᠳᠡ ᠶᠢᠨ ᠵᠠᠮ ᠴᠢᠯᠠᠭᠤ ᠫᠷᠤᠹᠧᠰᠰᠤᠷ | ᠬᠢᠭᠡᠳ ᠲᠡᠭᠦᠨ ᠤ ᠰᠤᠳᠤᠯᠭᠠᠨ ᠤ ᠲᠤᠭᠤᠢᠢᠯᠠᠩ 2008 ᠣᠨ ᠤ ᠪᠡᠭᠡᠵᠢᠩ ᠤᠨ ᠣᠯᠢᠮᠫᠢᠺ ᠤᠨ ᠲᠠᠮᠢᠷ ᠤᠨ ᠴᠤᠭᠯᠠᠭᠠᠨ᠂ 2010 ᠤᠨ ᠤ ᠱᠠᠩᠬᠠᠢ ᠶᠢᠨ | ᠳᠡᠯᠡᠬᠡᠢ ᠶᠢᠨ ᠦᠵᠡᠰᠭᠦᠯᠡᠩ ᠤᠨ ᠴᠠᠬᠢᠯᠭᠠᠨ ᠬᠦᠳᠡᠯᠭᠡᠭᠦᠷᠲᠣ ᠮᠠᠰᠢᠨ ᠲᠡᠷᠭᠡᠨ ᠳᠤ ᠬᠡᠷᠡᠭᠯᠡᠬᠦ ᠬᠦᠳᠡᠯᠭᠡᠭᠴᠢ ᠬᠦᠴᠦᠨ ᠤ ᠴᠠᠬᠢᠯᠭᠠᠨ ᠵᠠᠢ ᠶᠢᠨ ᠲᠦᠰᠦᠯ ᠢ | ᠬᠠᠷᠢᠭᠤᠴᠠᠨ ᠭᠦᠢᠴᠡᠳᠭᠡᠵᠠᠢ᠃ | ᠲᠡᠷᠨ ᠪᠠᠰᠠ ᠤᠯᠤᠰ ᠤᠨ ︽ᠠᠷᠪᠠᠨ ᠨᠢᠭᠡᠳᠦᠭᠡᠷ ᠲᠠᠪᠣᠨ ᠵᠢᠯ ᠤᠨ ᠲᠦᠯᠦᠪᠵᠢᠬᠦᠯᠭᠡ︾ ᠶᠢᠨ 863 ᠴᠠᠬᠢᠯᠭᠠᠨ ᠬᠦᠳᠡᠯᠭᠡᠭᠦᠷᠲᠣ ᠮᠠᠰᠢᠨ ᠲᠡᠷᠭᠡᠨ ᠤ | ᠬᠦᠳᠡᠯᠭᠡᠭᠴᠢ ᠬᠦᠴᠦᠨ ᠤ ᠯᠢᠲ᠋ᠢ ᠶᠢᠨ ᠴᠠᠬᠢᠯᠭᠠᠨ ᠵᠠᠢ ᠶᠢᠨ ᠲᠦᠰᠦᠯ ᠢ ᠬᠠᠷᠢᠭᠤᠴᠠᠭᠰᠠᠨ ᠪᠦᠭᠡᠳ ᠰᠤᠳᠤᠯᠭᠠᠨ ᠤ ᠦᠷ ᠡ ᠪᠦᠳᠦᠮᠵᠢ ᠨᠢ ᠤᠯᠤᠰ ᠤᠷᠤᠨ ᠲᠡᠯᠡᠬᠡᠢ | ᠨᠡᠶᠢᠳᠡ ᠶᠢᠨ ᠦᠨᠳᠦᠷ ᠦᠨᠡᠯᠡᠯᠳᠡ ᠶᠢ ᠤᠯᠤᠬᠰᠠᠭᠠᠷ ᠢᠷᠡᠵᠡᠢ᠃ 2016 ᠤᠨ ᠤ 10 ᠰᠠᠷ᠎ᠠ ᠶᠢᠨ 18 ᠤ ᠤᠷᠤᠢ᠂ ᠡᠺᠦ᠋ᠸᠠᠳᠣᠷ ᠤᠯᠤᠰ ᠤᠨ ᠨᠡᠶᠢᠰᠯᠡᠯ ᠺᠢᠲ᠋ᠣ᠋ | ᠬᠤᠲᠠ ᠳᠤ ᠶᠠᠪᠤᠭᠳᠠᠭᠰᠠᠨ ︽ᠦᠷᠬᠦᠯᠵᠢᠯᠡᠨ ᠬᠦᠭᠵᠢᠬᠦ ᠬᠤᠲᠠ ᠨᠤᠭᠤᠳ ᠬᠢᠭᠡᠳ ᠬᠦᠮᠦᠨ ᠲᠦᠷᠦᠯᠬᠢᠳᠡᠨ ᠤᠷᠤᠰᠢᠨ ᠠᠮᠢᠳᠣᠷᠠᠬᠤ ᠪᠠᠶᠢᠭᠠᠯᠢ ᠣᠷᠴᠢᠨ ᠤ ᠱᠠᠩᠨᠠᠯ | ︾ ᠭᠠᠷᠳᠠᠭᠤᠯᠬᠤ ᠶᠤᠰᠤᠯᠠᠯ ᠲᠡᠭᠡᠷ ᠡ᠂ ᠴᠢᠯᠠᠭᠤ ᠫᠷᠤᠹᠧᠰᠰᠤᠷ ᠯᠢᠲ᠋ᠢ ᠶᠢᠨ ᠴᠠᠬᠢᠯᠭᠠᠨ ᠵᠠᠢ ᠶᠢᠨ ᠰᠤᠳᠤᠯᠤᠯ ᠢᠶᠠᠷ ᠢᠶᠠᠨ ᠪᠤᠬᠢᠷᠳᠤᠯ ᠦᠭᠡᠢ ᠰᠢᠨ᠎ᠡ ᠡᠨᠧᠷᠬᠢ ᠶᠢᠨ | ᠭᠦᠷᠢᠶᠡᠨ ᠳᠤ ᠦᠵᠡᠭᠦᠯᠦᠭᠰᠡᠨ ᠬᠤᠪᠢ ᠨᠡᠮᠡᠷᠢ ᠪᠠᠷ ᠢᠶᠠᠨ ︽ᠪᠦᠮᠪᠦᠷᠴᠡᠭ ᠤᠨ ᠬᠦᠮᠦᠨ ᠲᠦᠷᠦᠯᠬᠢᠳᠡᠨ ᠤᠷᠤᠰᠢᠨ ᠠᠮᠢᠳᠣᠷᠠᠬᠤ ᠪᠠᠶᠢᠭᠠᠯᠢ ᠤᠷᠴᠢᠨ ᠳᠤ ᠭᠠᠷᠮᠠᠭᠠᠢ | ᠬᠤᠪᠢ ᠨᠡᠮᠡᠷᠢ ᠦᠵᠡᠬᠦᠯᠦᠭᠰᠡᠨ ᠱᠠᠩᠨᠠᠯ︾ ᠢ ᠲᠤᠰᠴᠠᠢ᠃ ︽ᠯᠢᠲ᠋ᠢ ᠶᠢᠨ ᠴᠠᠬᠢᠯᠭᠠᠨ ᠵᠠᠢ ᠳᠤ ᠮᠦᠨ ᠴᠦᠭᠡᠨ ᠪᠤᠰᠤ ᠠᠰᠠᠭᠤᠳᠠᠯ ᠤᠷᠤᠰᠢᠵᠤ ᠪᠤᠢ᠂ ᠡᠨᠡ ᠪᠤᠯ | ᠲᠡᠯᠡᠬᠡᠢ ᠶᠢᠨ ᠴᠢᠨᠠᠷᠳᠠᠢ ᠬᠦᠴᠢᠷ ᠠᠰᠠᠭᠤᠳᠠᠯ ᠮᠦᠨ᠃ ᠭᠡᠳᠦ᠋ᠢᠪᠡᠷ ᠵᠠᠮ ᠬᠤᠯᠠ ᠬᠠᠷᠰᠢ ᠰᠠᠭᠠᠳ ᠤᠯᠠᠨ ᠪᠤᠯᠪᠠᠴᠤ ᠴᠠᠬᠢᠯᠭᠠᠨ ᠬᠦᠳᠡᠯᠭᠡᠭᠦᠷᠳᠦ ᠲᠡᠷᠭᠡ ᠶᠢᠨ ᠠᠵᠤ | ᠦᠢᠯᠡᠳᠪᠦᠷᠢᠯᠡᠯ ᠢ ᠬᠦᠭᠵᠢᠭᠦᠯᠬᠦ ᠨᠢ ᠮᠡᠨ ᠤ ᠤᠯᠤᠰ ᠲᠡᠷᠡᠴᠢᠯᠡᠨ ᠪᠦᠬᠦ ᠲᠡᠯᠡᠬᠡᠢ ᠶᠢᠨ ᠬᠠᠨᠳᠤᠰᠢ ᠮᠦᠨ᠃ ᠡᠨᠧᠷᠬᠢ ᠠᠷᠪᠢᠯᠠᠬᠤ ᠪᠡ ᠰᠢᠨ᠎ᠡ ᠡᠨᠧᠷᠬᠢ ᠶᠢ | ᠬᠦᠭᠵᠢᠬᠦᠯᠬᠦ ᠶᠡᠭᠡ ᠭᠦᠭᠵᠢᠯᠳᠡ ᠶᠢᠨ ᠴᠢᠭᠯᠡᠯᠳᠡ ᠨᠢ ᠮᠠᠨ ᠤ ᠦᠢᠯᠡᠰ ᠪᠦᠳᠦᠭᠡᠵᠦ ᠰᠢᠨ᠎ᠡ ᠶᠢ ᠡᠭᠦᠳᠬᠦ ᠶᠢᠨ ᠦᠨᠳᠦᠰᠦᠨ ᠤᠷᠢᠳᠠᠯ ᠪᠤᠯᠤᠨ᠎ᠠ︾ ᠭᠡᠵᠦ ᠴᠢᠯᠠᠭᠤ | ᠫᠷᠤᠹᠧᠰᠰᠤᠷ ᠬᠡᠯᠡᠵᠦ ᠪᠠᠶᠢᠯ ᠠ᠃ | |