ᠨᠤᠲᠤᠭ ᠤᠨ ᠨᠠᠮᠤᠷ
ᠨᠡᠶᠢᠲᠡᠯᠡᠭᠰᠡᠨ ᠴᠠᠭ᠄
2024/11/12
ᠣᠯᠠᠭᠠᠨᠨᠠᠭᠤᠷ ᠤᠨ ᠬᠤᠨᠤᠷᠤᠭᠰᠢ ᠬᠤᠶᠢᠰᠢ ᠪᠠᠨ ᠭᠠᠩᠭᠠᠨᠠᠯᠳᠤᠵᠤᠤᠶᠠᠭᠠᠨ ᠳᠡᠭᠡᠷᠡᠬᠢ ᠮᠣᠷᠢᠳᠰᠦᠷᠦᠭ ᠤᠨ ᠬᠤᠶᠢᠨ᠎ᠠ ᠠᠴᠠ ᠢᠨᠴᠠᠭᠠᠯᠳᠤᠵᠤᠣᠪᠣᠭᠠᠨ ᠱᠣᠩ ᠤᠨ ᠲᠤᠷᠳᠤᠩᠥᠩᠭᠡ ᠨᠢ ᠪᠠᠭᠤᠷᠠᠨ ᠰᠡᠮᠡᠷᠡᠵᠦᠣᠭᠲᠠᠷᠭᠤᠢ ᠶᠢᠨ ᠴᠠᠭᠠᠨ ᠡᠭᠦᠯᠡᠰᠤᠶᠢᠳᠬᠠᠷ ᠲᠥᠷᠥᠭᠦᠯᠦᠮ᠎ᠡ ᠨᠡᠭᠦᠯᠳᠤᠵᠤᠬᠤᠯᠠ ᠶᠢᠨ ᠬᠥᠬᠡ ᠠᠭᠤᠯᠠᠰᠰᠢᠩᠭᠡᠨ ᠤᠨᠢᠶᠠᠷ ᠲᠤ ᠪᠦᠳᠡᠭᠢᠷᠡᠵᠦᠬᠤᠯᠪᠤᠭ᠎ᠠ ᠨᠠᠭᠤᠷ ᠤᠨ ᠵᠡᠭᠡᠰᠦᠰᠢᠪᠠᠭᠤᠳ ᠢᠶᠠᠨ ᠦᠭᠡᠶᠢᠯᠡᠨ ᠭᠠᠩᠬᠤᠵᠤᠵᠢᠯᠠᠭ᠎ᠠ ᠶᠢᠨ ᠬᠤᠰᠤᠨ ᠤ ᠨᠠᠪᠴᠢᠰᠰᠢᠷᠭᠠᠯ ᠥᠩᠭᠡ ᠪᠠᠷ ᠰᠣᠯᠢᠭᠳᠠᠵᠤᠵᠢᠷᠭᠢᠭᠡ ᠪᠣᠯᠵᠣᠮᠣᠷ ᠤᠨ ᠬᠤᠰᠢᠭᠤᠮᠣᠶᠢᠯ ᠤᠨ ᠰᠢᠭᠦᠰᠦᠨ ᠳᠤ ᠪᠤᠳᠤᠭᠰᠢᠵᠤᠬᠠᠷᠢ ᠳᠤ ᠮᠣᠷᠳᠠᠬᠤ ᠥᠬᠢᠳ ᠤᠨᠬᠠᠨᠴᠤᠢ ᠨᠢ ᠨᠢᠯᠪᠤᠰᠤᠨ ᠳᠤ ᠳᠡᠪᠲᠦᠵᠦᠬᠤᠷᠢᠮ ᠤᠨ ᠨᠢᠵᠢᠭᠢᠷ ᠪᠠᠶᠠᠷᠬᠤᠭᠤᠷ ᠴᠤᠭᠤᠷ ᠢᠶᠠᠷ ᠡᠭᠡᠰᠢᠭᠷᠡᠵᠤᠨᠠᠶᠢᠷ ᠤᠨ ᠰᠢᠷᠡᠭᠡᠨ ᠤ ᠭᠡᠶᠢᠴᠢᠳᠨᠠᠩᠵᠢᠳ ᠤᠨ ᠳᠡᠭᠡᠵᠢ ᠢᠳᠠᠮᠯᠠᠵᠤᠲᠤᠰᠤᠨ ᠲᠠᠷᠭᠤ ᠲᠠᠢ ᠬᠤᠨᠢᠳᠤᠰᠤᠨ ᠵᠦᠭ ᠭᠦᠶᠦᠯᠳᠦᠵᠦᠳᠤᠨᠳᠠᠭᠤᠷ ᠪᠤᠳᠤᠩ ᠲᠠᠢ ᠰᠢᠷ᠎ᠠ ᠲᠣᠰᠣᠭᠦᠵᠡᠭᠡ ᠤᠷᠤᠭᠤ ᠨᠡᠭᠦᠵᠦᠬᠥᠨᠥᠭ ᠲᠠᠢ ᠰᠢᠷ᠎ᠠ ᠠᠶᠢᠷᠠᠭᠭᠦᠭᠡᠰᠦ ᠬᠤᠷᠢᠶᠠᠨ ᠬᠥᠷᠥᠩᠭᠡᠰᠢᠵᠦᠬᠥᠳᠥᠰᠥᠨ ᠲᠡᠪᠡᠯ ᠤᠨ ᠦᠰᠦᠨ ᠳᠤᠡᠪᠡᠰᠦᠨ ᠤ ᠦᠨᠦᠷ ᠰᠢᠩᠭᠡᠵᠦᠤᠷᠤᠯᠳᠤᠭᠠᠨ ᠮᠣᠷᠢᠳ ᠤᠨ ᠨᠣᠭᠲᠣᠬᠠᠨ᠎ᠠ ᠶᠢᠨ ᠲᠣᠯᠣᠭᠠᠢ ᠳᠤ ᠵᠡᠭᠦᠭᠳᠡᠵᠦᠤᠯᠢᠶᠠᠷᠬᠠᠭ ᠪᠤᠯᠪᠠᠷᠠᠢ ᠬᠡᠦᠬᠡᠳ ᠤᠳᠰᠤᠷᠭᠠᠭᠤᠯᠢ ᠵᠦᠭ ᠢᠶᠠᠨ ᠴᠤᠪᠤᠷᠠᠯᠳᠤᠵᠤᠨᠠᠷᠠᠨ ᠰᠢᠷᠭᠠᠯ ᠲᠠᠯ᠎ᠠ ᠪᠠᠷᠡᠪᠡᠰᠦᠨ ᠳᠠᠪᠠᠯᠭᠠᠨ ᠬᠠᠶᠠᠯᠠᠵᠤᠨᠠᠷᠠᠨ ᠤ ᠪᠣᠷᠣ ᠮᠠᠯᠴᠢᠳᠨᠠᠮᠤᠷ ᠤᠨ ᠠᠵᠢᠯ ᠳᠠᠭᠠᠨ ᠪᠤᠵᠢᠭᠢᠨᠠᠵᠤᠤᠶᠠᠬᠠᠨ ᠬᠤᠩᠭᠤᠷ ᠰᠠᠯᠬᠢᠦᠶ᠎ᠡ ᠦᠶ᠎ᠡ ᠰᠡᠪᠡᠯᠵᠡᠨᠤᠰᠤᠷᠬᠠᠤ ᠬᠦᠢᠲᠡᠨ ᠪᠣᠷᠤᠭ᠎ᠠᠬᠠᠶᠠ ᠨᠢᠭᠡ ᠰᠡᠩᠰᠡᠷᠡᠵᠦᠤᠶᠠᠭᠠᠲᠠᠢ ᠡᠷᠦᠬᠡᠨ ᠣᠭᠤᠰᠣᠷᠳᠡᠭᠡᠪᠦᠷ ᠴᠢᠪᠬᠠᠳᠠᠨ ᠪᠢᠵᠢᠭᠢᠨᠡᠭᠰᠡᠭᠡᠷᠮᠣᠩᠭᠤᠯ ᠨᠤᠲᠤᠭ ᠤᠨ ᠨᠠᠮᠤᠷᠮᠣᠷᠢᠨ ᠤᠶᠠᠭᠠᠨ ᠳᠡᠭᠡᠷ᠎ᠡ ᠢᠷᠡᠴᠢᠬᠡᠯ᠎ᠡ               ᠵᠣᠬᠢᠶᠠᠭᠴᠢ᠄ ᠰᠸ᠊·ᠡᠩᠬᠡ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ