ᠪᠠᠶᠢᠭᠠᠯᠢ ᠶᠢᠨ ᠭᠠᠵᠠᠷ ᠵᠦᠢ
ᠨᠡᠶᠢᠲᠡᠯᠡᠭᠰᠡᠨ ᠴᠠᠭ᠄
2024/12/10
       ᠭᠠᠵᠠᠷ ᠵᠦᠢ ᠶᠢᠨ ᠪᠠᠶᠢᠷᠢᠰᠢᠯ       ᠰᠢᠨ᠎ᠡ ᠪᠠᠷᠭᠤ ᠪᠠᠷᠠᠭᠤᠨ ᠬᠤᠰᠢᠭᠤ ᠪᠣᠯ ᠥᠪᠡᠷᠲᠡᠭᠡᠨ ᠵᠠᠰᠠᠬᠤ ᠣᠷᠣᠨ ᠤ ᠬᠢᠯᠢ ᠬᠢᠵᠠᠭᠠᠷ ᠤᠨ 19 ᠬᠤᠰᠢᠭᠤ ︵ᠬᠤᠲᠠ︶ ᠪᠠ 33 ᠮᠠᠯᠵᠢᠬᠤ ᠬᠤᠰᠢᠭᠤᠨ ᠤ ᠨᠢᠭᠡ ᠪᠠᠶᠢᠵᠤ᠂ ᠡᠬᠡ ᠤᠯᠤᠰ ᠤᠨ ᠵᠡᠭᠦᠨ ᠬᠤᠶᠢᠲᠤ ᠶᠢᠨ ᠬᠢᠯᠢ ︵ᠵᠡᠭᠦᠨ ᠤᠷᠲᠤᠷᠢᠭ ᠤᠨ 115°3-117°43°᠂ ᠤᠮᠠᠷᠠᠲᠤ ᠥᠷᠭᠡᠷᠢᠭ ᠤᠨ 47°36°-49°50°︶ ᠳᠤ ᠪᠠᠶᠢᠷᠢᠯᠠᠵᠤ᠂ ᠬᠥᠯᠥᠨ ᠪᠤᠶᠢᠷ ᠬᠤᠲᠠ ᠶᠢᠨ ᠪᠠᠷᠠᠭᠤᠨ ᠬᠡᠰᠡᠭ ᠤᠨ ᠳᠤᠮᠳᠠᠳᠤ ᠣᠷᠣᠰ ᠮᠣᠩᠭᠤᠯ ᠭᠤᠷᠪᠠᠨ ᠤᠯᠤᠰ ᠤᠨ ᠠᠭᠤᠯᠵᠠᠷ ᠲᠤ ᠪᠠᠶᠢᠷᠢᠯᠠᠵᠤ ᠪᠠᠶᠢᠨ᠎ᠠ᠃ ᠵᠡᠭᠦᠨ ᠬᠤᠢᠲᠤ ᠬᠡᠰᠡᠭ ᠢᠶᠠᠷ ᠢᠶᠠᠨ ᠪᠦᠬᠦ ᠤᠯᠤᠰ ᠤᠨ ᠬᠠᠮᠤᠭ ᠤᠨ ᠲᠣᠮᠣ ᠡᠬᠡ ᠬᠠᠭᠤᠷᠠᠢ ᠤᠨ ᠪᠣᠭᠤᠮᠲᠠ ᠶᠢᠨ ᠬᠤᠲᠠ ᠪᠣᠯᠬᠤ ᠮᠠᠨᠵᠤᠤᠷ ᠬᠤᠲᠠ ᠲᠠᠢ ᠬᠦᠷᠰᠢᠯᠡᠵᠦ ᠪᠠᠶᠢᠨ᠎ᠠ᠃ ᠤᠯᠤᠰ ᠤᠨ ᠬᠢᠯᠢ ᠶᠢᠨ ᠱᠤᠭᠤᠮ ᠤᠨ ᠤᠷᠲᠤ ᠨᠢ 515.4 ᠺᠢᠯᠣᠮᠧᠲᠷ ᠪᠠᠶᠢᠵᠤ᠂ ᠡᠭᠦᠨ ᠳᠤ ᠳᠤᠮᠳᠠᠳᠤ ᠮᠣᠩᠭᠤᠯ ᠤᠨ ᠬᠢᠯᠢ ᠶᠢᠨ ᠵᠠᠭᠠᠭ 467.4 ᠺᠢᠯᠣᠮᠧᠲᠷ᠂ ᠳᠤᠮᠳᠠᠳᠤ ᠣᠷᠣᠰ ᠤᠨ ᠬᠢᠯᠢ ᠶᠢᠨ ᠵᠠᠭᠠᠭ 48 ᠺᠢᠯᠣᠮᠧᠲᠷ ᠪᠠᠶᠢᠨ᠎ᠠ᠃ ᠪᠦᠬᠦ ᠬᠤᠰᠢᠭᠤᠨ ᠤ ᠶᠡᠷᠦᠩᠬᠡᠢ ᠲᠠᠯᠠᠪᠠᠢ 25194 ᠲᠡᠭᠰᠢ ᠳᠥᠷᠪᠡᠯᠵᠢᠨ ᠺᠢᠯᠤᠮᠧᠲᠷ ᠪᠣᠯᠣᠨ᠎ᠠ᠃       ᠭᠠᠵᠠᠷ ᠵᠦᠢ ᠶᠢᠨ ᠪᠦᠲᠦᠴᠡ ᠪᠠ ᠭᠠᠵᠠᠷ ᠤᠨ ᠭᠠᠳᠠᠷ ᠳᠥᠷᠬᠦ       ᠭᠠᠵᠠᠷ ᠵᠦᠢ ᠶᠢᠨ ᠪᠦᠲᠦᠴᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠭᠠᠵᠠᠷ ᠵᠦᠢ ᠶᠢᠨ ᠪᠦᠲᠦᠴᠡ ᠶᠢᠨ ᠲᠣᠭᠲᠠᠴᠠ ᠨᠢ ᠬᠤᠸᠠᠰᠢᠶᠠ ᠶᠢᠨ ᠭᠤᠷᠪᠠᠳᠤᠭᠠᠷ ᠰᠠᠭᠤᠭᠳᠠᠭᠰᠠᠨ ᠪᠦᠰᠡ ᠪᠣᠯᠬᠤ ᠬᠠᠶᠢᠯᠠᠷ ᠤᠨ ᠬᠤᠲᠣᠭᠤᠷ ᠰᠢ ᠶᠤᠸᠠᠨ ᠯᠦᠩ ᠳᠤ ᠡᠵᠡᠮᠰᠢᠭᠳᠡᠨ᠂ ᠶᠡᠭᠡ ᠬᠢᠩᠭᠠᠨ ᠳᠠᠪᠠᠭ᠎ᠠ ᠶᠢᠨ ᠠᠲᠤᠷᠢᠶᠠᠲᠤ ᠪᠦᠰᠡᠨ ᠳᠠᠬᠢ ᠡᠷᠭᠦᠨ᠎ᠡ ᠬᠤᠩᠭᠢᠯ ᠤᠨ ᠭᠦᠳᠦᠶᠢᠭᠰᠡᠨ ᠠᠲᠤᠷᠢᠯ ᠪᠣᠯᠣᠨ᠎ᠠ᠃ ᠭᠠᠵᠠᠷ ᠤᠨ ᠳᠠᠪᠬᠤᠷᠭ᠎ᠠ ᠨᠢ ᠭᠤᠣᠯᠳᠠᠭᠤ ᠳᠤᠮᠳᠠ ᠠᠮᠢᠳᠤ ᠡᠷᠢᠨ ᠤ ᠵᠦᠷ ᠤᠨ ᠶᠢᠷᠲᠢᠨᠴᠦ ᠶᠢᠨ ᠲᠤᠭᠲᠠᠴᠠ ᠶᠢᠨ ᠳᠠᠪᠬᠤᠷᠭ᠎ᠠ ︵J2︶ ᠳᠠᠬᠢ ᠭᠠᠯᠲᠤ ᠠᠭᠤᠯᠠ ᠶᠢᠨ ᠴᠢᠯᠠᠭᠤᠯᠢᠭ ᠪᠠᠶᠢᠵᠤ᠂ ᠴᠢᠯᠠᠭᠤᠯᠢᠭ ᠤᠨ ᠴᠢᠨᠠᠷ ᠨᠢ ᠬᠥᠩᠭᠡᠨ ᠢᠳᠡᠭᠳᠡᠯ ᠠᠴᠠ ᠪᠣᠯᠵᠤ ᠬᠠᠷ᠎ᠠ᠂ ᠪᠣᠷᠣ᠂ ᠰᠠᠷᠠᠯ ᠨᠤᠭᠤᠭᠠᠨ᠂ ᠭᠦᠨ ᠤᠯᠠᠭᠠᠨ ᠥᠩᠭᠡ ᠲᠠᠢ ᠠᠨᠳᠧᠰ ᠴᠢᠯᠠᠭᠤᠯᠢᠭ᠂ ᠠᠨᠳᠧᠰ ᠴᠣᠬᠤᠷ ᠴᠢᠯᠠᠭᠤᠯᠢᠭ᠂ ᠠᠨᠳᠧᠰ ᠢᠳᠡᠷ ᠴᠢᠯᠠᠭᠤᠯᠢᠭ ᠵᠡᠷᠭᠡ ᠪᠠᠶᠢᠳᠠᠭ᠃ ᠣᠷᠣᠢ ᠵᠦᠷ ᠤᠨ ᠶᠢᠷᠲᠢᠨᠴᠦ ᠶᠢᠨ ᠲᠣᠭᠲᠠᠴᠠ ᠶᠢᠨ ᠳᠠᠪᠬᠤᠷᠭ᠎ᠠ ᠳᠤ ︵J3︶ ᠭᠠᠯᠲᠤ ᠠᠭᠤᠯᠠ ᠶᠢᠨ ᠬᠡᠮᠬᠡᠳᠡᠰᠦᠨ ᠴᠢᠯᠠᠭᠤᠯᠢᠭ ᠪᠣᠢ ᠪᠣᠯᠵᠤ᠂ ᠴᠢᠯᠠᠭᠤᠯᠢᠭ ᠤᠨ ᠴᠢᠨᠠᠷ ᠨᠢ ᠰᠠᠭᠠᠷᠠᠯ᠂ ᠴᠠᠶᠢᠪᠤᠷ ᠴᠠᠭᠠᠨ᠂ ᠰᠠᠭᠠᠷᠠᠯ ᠨᠣᠭᠤᠭᠠᠨ᠂ ᠰᠠᠭᠠᠷᠠᠯ ᠪᠣᠷᠣ᠂ ᠭᠡᠭᠡᠪᠲᠦᠷ ᠰᠢᠷ᠎ᠠ ᠥᠩᠭᠡ ᠲᠠᠢ ᠳᠤᠮᠳᠠ ᠬᠦᠴᠢᠯᠯᠢᠭ ᠬᠠᠶᠢᠯᠤᠮᠠᠯ ᠴᠢᠯᠠᠭᠤᠯᠢᠭ ᠪᠠ ᠴᠠᠷᠴᠠᠮᠠᠯ ᠦᠨᠡᠰᠦᠨ ᠴᠢᠯᠠᠭᠤᠯᠢᠭ᠂ ᠬᠦᠴᠢᠯᠯᠢᠭ ᠬᠠᠶᠢᠯᠤᠮᠠᠯ ᠴᠢᠯᠠᠭᠤᠯᠢᠭ᠂ ᠴᠠᠷᠴᠠᠮᠠᠯ ᠴᠣᠬᠤᠢ ᠶᠢᠨ ᠦᠨᠴᠦᠭᠲᠦ ᠬᠠᠶᠢᠷ ᠴᠢᠯᠠᠭᠤᠯᠢᠭ᠂ ᠴᠠᠷᠴᠠᠮᠠᠯ ᠴᠣᠬᠤᠢ ᠶᠢᠨ ᠨᠠᠷᠢᠨ ᠡᠯᠡᠰᠦᠨ ᠴᠢᠯᠠᠭᠤᠯᠢᠭ᠂ ᠴᠠᠷᠴᠠᠮᠠᠯ ᠴᠣᠬᠤᠢ ᠶᠢᠨ ᠨᠤᠨᠳᠠᠭ ᠤᠨ ᠡᠯᠡᠰᠦᠨ ᠴᠢᠯᠠᠭᠤᠯᠢᠭ ᠪᠠ ᠴᠠᠷᠴᠠᠮᠠᠯ ᠬᠠᠶᠢᠯᠤᠮᠠᠯ ᠴᠢᠯᠠᠭᠤᠯᠢᠭ ᠵᠡᠷᠭᠡ ᠪᠣᠯᠣᠨ᠎ᠠ᠃ ᠣᠷᠣᠢ ᠵᠦᠷ ᠤᠨ ᠶᠢᠷᠲᠢᠨᠴᠦ ᠶᠢᠨ ᠲᠣᠭᠲᠠᠴᠠ ᠶᠢᠨ ᠳᠠᠪᠬᠤᠷᠭ᠎ᠠ ᠳᠤ ᠰᠠᠭᠤᠷᠢᠯᠠᠭ ᠭᠠᠯᠲᠤ ᠠᠭᠤᠯᠠ ᠶᠢᠨ ᠴᠢᠯᠠᠭᠤᠯᠢᠭ ᠪᠣᠢ ᠪᠣᠯᠵᠤ᠂ ᠴᠢᠯᠠᠭᠤᠯᠢᠭ ᠤᠨ ᠴᠢᠨᠠᠷ ᠨᠢ ᠠᠨᠳᠧᠰ ᠴᠣᠬᠤᠷ ᠴᠢᠯᠠᠭᠤᠯᠢᠭ᠂ ᠠᠨᠳᠧᠰ ᠬᠦᠷᠮᠡᠨ ᠴᠢᠯᠠᠭᠤᠯᠢᠭ᠂ ᠬᠦᠷᠮᠡᠨ ᠴᠢᠯᠠᠭᠤᠯᠢᠭ᠂ ᠨᠢᠮᠬᠡᠨ ᠳᠠᠪᠬᠤᠷᠭᠠᠲᠤ ᠬᠦᠴᠢᠯᠯᠢᠭ ᠭᠠᠯᠲᠤ ᠠᠭᠤᠯᠠ ᠶᠢᠨ ᠴᠢᠯᠠᠭᠤᠯᠢᠭ ᠪᠠ ᠭᠠᠯᠲᠤ ᠠᠭᠤᠯᠠᠨ ᠤ ᠬᠡᠮᠬᠡᠳᠡᠭ ᠴᠢᠯᠠᠭᠤᠯᠢᠭ ᠵᠡᠷᠭᠡ ᠪᠣᠯᠣᠨ᠎ᠠ᠃ ᠣᠷᠣᠢ ᠵᠦᠷ ᠤᠨ ᠶᠢᠷᠲᠢᠨᠴᠦ ᠳᠤ ᠪᠠᠰᠠ ᠬᠦᠴᠢᠯᠯᠢᠭ ᠭᠠᠯᠲᠤ ᠠᠭᠤᠯᠠ ᠶᠢᠨ ᠴᠢᠯᠠᠭᠤᠯᠢᠭ ᠪᠤᠢ ᠪᠣᠯᠵᠠᠢ᠃ ᠳᠡᠭᠡᠷ᠎ᠡ ᠳᠤᠷᠠᠳᠤᠭᠰᠠᠨ ᠳᠤᠮᠳᠠ ᠠᠮᠢᠳᠤ ᠡᠷᠢᠨ ᠤ ᠭᠠᠯᠲᠤ ᠠᠭᠤᠯᠠ ᠶᠢᠨ ᠴᠢᠯᠠᠭᠤᠯᠢᠭ ᠤᠨ ᠪᠦᠯᠦᠭ ᠨᠢ ᠬᠥᠯᠥᠨ ᠨᠠᠭᠤᠷ ᠠᠴᠠ ᠪᠠᠷᠠᠭᠤᠨᠰᠢ᠂ ᠬᠡᠷᠦᠯᠦᠨ ᠭᠤᠣᠯ ᠠᠴᠠ ᠬᠤᠶᠢᠰᠢᠬᠢ ᠪᠡᠰᠡᠷᠡᠭ ᠠᠭᠤᠯᠠᠷᠬᠠᠭ ᠣᠷᠣᠨ ᠵᠢᠴᠢ ᠨᠢᠭᠡᠳᠦᠭᠡᠷ ᠳᠡᠰ ᠤᠨ ᠲᠠᠪᠴᠠᠩ ᠬᠡᠯᠪᠡᠷᠢᠲᠦ ᠳᠤᠪᠤᠷᠬᠠᠭ ᠣᠷᠣᠨ ᠬᠢᠭᠡᠳ ᠬᠤᠶᠠᠳᠤᠭᠠᠷ ᠳᠡᠰ ᠤᠨ ᠲᠠᠪᠴᠠᠩ ᠬᠡᠯᠪᠡᠷᠢᠲᠦ ᠳᠤᠪᠤᠷᠬᠠᠭ ᠣᠷᠣᠨ ᠳᠤ ᠲᠠᠷᠬᠠᠵᠤ ᠪᠠᠶᠢᠨ᠎ᠠ᠃ ᠳᠤᠮᠳᠠ ᠠᠮᠢᠳᠤ ᠡᠷᠢᠨ ᠤ ᠡᠷᠲᠡ ᠴᠠᠷᠳᠠ ᠶᠢᠨ ᠶᠢᠷᠲᠢᠨᠴᠦ ︵K1︶ ᠶᠢᠨ ᠲᠤᠭᠲᠠᠴᠠ ᠶᠢᠨ ᠳᠠᠪᠬᠤᠷᠭ᠎ᠠ ᠳᠤ ᠳᠣᠲᠣᠭᠠᠳᠤ ᠬᠠᠭᠤᠷᠠᠢ ᠶᠢᠨ ᠨᠠᠭᠤᠷ ᠴᠦᠬᠦᠷᠡᠮ᠂ ᠨᠠᠮᠤᠭ ᠭᠠᠵᠠᠷ ᠤᠨ ᠲᠦᠷᠰᠦᠳᠦ ᠲᠤᠨᠤᠮᠠᠯ ᠪᠤᠳᠠᠰ ᠪᠣᠢ ᠪᠣᠯᠵᠠᠢ᠃ ᠴᠢᠯᠠᠭᠤᠯᠢᠭ ᠤᠨ ᠳᠡᠭᠡᠳᠦ ᠬᠡᠰᠡᠭ ᠨᠢ ᠰᠠᠭᠠᠷᠠᠯ᠂ ᠪᠣᠷᠣ ᠬᠦᠷᠡᠩ ᠥᠩᠭᠡ ᠶᠢᠨ ᠰᠢᠪᠠᠷ ᠴᠢᠯᠠᠭᠤᠯᠢᠭ᠂ ᠬᠠᠶᠢᠷᠬᠠᠭ ᠰᠢᠪᠡᠷ ᠴᠢᠯᠠᠭᠤᠯᠢᠭ᠂ ᠨᠢᠮᠭᠡᠨ ᠳᠠᠪᠬᠤᠷᠭᠠᠲᠤ ᠰᠢᠪᠠᠷᠯᠢᠭ ᠨᠤᠨᠳᠠᠭ ᠡᠯᠡᠰᠦᠨ ᠴᠢᠯᠠᠭᠤᠯᠢᠭ ᠪᠠ ᠵᠤᠭᠠᠩ ᠵᠡᠷᠭᠡ ᠪᠠᠶᠢᠵᠤ᠂ ᠳᠣᠣᠷ᠎ᠠ ᠬᠡᠰᠡᠭ ᠨᠢ ᠰᠠᠭᠠᠷᠠᠯ ᠥᠩᠭᠡ᠂ ᠭᠦᠨ ᠰᠠᠭᠠᠷᠠᠯ ᠥᠩᠭᠡ ᠶᠢᠨ ᠬᠠᠶᠢᠷ ᠴᠢᠯᠠᠭᠤᠯᠢᠭ ᠪᠠ ᠺᠠᠯᠼᠲᠦ ᠳᠤᠮᠳᠠ ᠬᠦᠴᠢᠯᠯᠢᠭ ᠴᠢᠨᠠᠷᠲᠤ ᠭᠠᠯᠲᠤ ᠠᠭᠤᠯᠠ ᠶᠢᠨ ᠴᠢᠯᠠᠭᠤᠯᠢᠭ ᠪᠠᠶᠢᠵᠤ᠂ ᠢᠷᠤᠭᠠᠷ ᠨᠢ ᠳᠡᠭᠡᠷ᠎ᠡ ᠵᠦᠷ ᠤᠨ ᠶᠢᠷᠲᠢᠨᠴᠦ ᠶᠢᠨ ᠨᠢᠭᠡᠳᠬᠡᠭᠰᠡᠨ ᠬᠢᠩᠭᠠᠨ ᠳᠠᠪᠠᠭᠠᠨ ᠤ ᠭᠠᠯᠲᠤ ᠠᠭᠤᠯᠠ ᠶᠢᠨ ᠴᠢᠯᠠᠭᠤᠯᠢᠭ ᠤᠨ ᠪᠦᠯᠦᠭ ︵J3S︶ ᠪᠠᠶᠢᠵᠤ᠂ ᠬᠡᠷᠦᠯᠦᠨ ᠭᠤᠣᠯ ᠤᠨ ᠵᠦᠷᠢᠭ ᠤᠨ ᠰᠠᠭᠤᠳᠠᠯ ᠤᠨ ᠬᠡᠪᠴᠢᠶᠡᠨ ᠳᠣᠲᠣᠷ᠎ᠠ ᠲᠠᠷᠬᠠᠵᠤ ᠪᠠᠶᠢᠳᠠᠭ᠃       ᠭᠠᠵᠠᠷ ᠤᠨ ᠳᠦᠷᠬᠦ᠄ ᠲᠤᠰ ᠬᠤᠰᠢᠭᠤᠨ ᠤ ᠭᠠᠵᠠᠷ ᠤᠨ ᠳᠦᠷᠬᠦ ᠨᠢ ᠬᠦᠯᠦᠨ ᠪᠤᠶᠢᠷ ᠤᠨ ᠬᠠᠭᠠᠷᠠᠯ ᠤᠨ ᠬᠤᠲᠣᠶᠢᠭᠰᠠᠨ ᠬᠤᠲᠤᠭᠤᠷ ᠲᠤ ᠬᠠᠷᠢᠶᠠᠯᠠᠭᠳᠠᠨ᠎ᠠ ᠃ ᠠᠭᠤᠯᠠ ᠨᠢᠷᠤᠭᠤᠨ ᠤ ᠴᠢᠭᠯᠡᠯ ᠨᠢ ᠭᠤᠣᠯ ᠤᠨ ᠤᠷᠤᠰᠬᠠᠯ ᠤᠨ ᠴᠢᠭᠯᠡᠯ ᠲᠠᠢ ᠠᠳᠠᠯᠢᠪᠳᠤᠷ᠂ ᠭᠧᠯᠤᠬᠢ ᠶᠢᠨ ᠲᠤᠭᠲᠠᠴᠠ ᠶᠢᠨ ᠱᠤᠭᠤᠮ ᠲᠠᠢ ᠨᠡᠶᠢᠴᠡᠵᠤ᠂ ᠠᠭᠤᠯᠠ ᠨᠢᠷᠤᠭᠤ ᠨᠢ ᠵᠡᠭᠦᠨ ᠬᠤᠶᠢᠨ᠎ᠠ ᠠᠴᠠ ᠪᠠᠷᠠᠭᠤᠨ ᠡᠮᠦᠨᠡᠰᠢ ᠴᠢᠭᠯᠡᠯ ᠲᠠᠢ᠂ ᠬᠦᠯᠦᠨ ᠨᠠᠭᠤᠷ᠂ ᠬᠡᠷᠦᠯᠦᠨ ᠭᠤᠣᠯ ᠨᠢ ᠬᠠᠭᠠᠷᠠᠯ ᠤᠨ ᠪᠦᠰᠡ ᠳᠠᠭᠠᠤ ᠤᠷᠤᠰᠴᠤ ᠪᠠᠶᠢᠳᠠᠭ᠃ ᠳᠠᠯᠠᠢ ᠨᠠᠭᠤᠷ ᠤᠨ ᠪᠠᠷᠠᠭᠤᠨ ᠡᠷᠭᠢ᠂ ᠭᠡᠷᠦᠯᠦᠨ ᠭᠤᠣᠯ ᠠᠴᠠ ᠣᠮᠠᠷᠠᠰᠢᠬᠢ ᠭᠠᠵᠠᠷ ᠤᠨ ᠳᠦᠷᠬᠦ ᠨᠢ ᠪᠡᠰᠡᠷᠡᠭ ᠠᠭᠤᠯᠠᠨ ᠳᠣᠪᠣᠷᠬᠠᠭ ᠲᠤ ᠬᠠᠷᠢᠶᠠᠯᠠᠭᠳᠠᠨ᠎ᠠ᠃ ᠡᠷᠭᠦᠭᠳᠡᠴᠡ ᠨᠢ ᠪᠠᠷᠤᠭ 650-1000 ᠮᠧᠲᠷ ᠪᠠᠶᠢᠵᠤ᠂ ᠬᠠᠮᠤᠭ ᠤᠨ ᠥᠨᠳᠥᠷ ᠨᠢ ᠪᠠᠶᠠᠨ ᠠᠭᠤᠯᠠ ᠪᠠᠶᠢᠵᠤ᠂ ᠡᠷᠭᠦᠭᠳᠡᠴᠡ ᠨᠢ 1011 ᠮᠧᠲᠷ᠂ ᠬᠠᠮᠤᠭ ᠤᠨ ᠳᠣᠣᠷ᠎ᠠ ᠨᠢ ᠠᠯᠠᠱᠠ ᠴᠠᠭᠠᠨ ᠨᠠᠭᠤᠷ ᠣᠷᠴᠢᠮ ᠪᠠᠶᠢᠵᠤ᠂ ᠡᠷᠭᠦᠭᠳᠡᠴᠡ ᠨᠢ 504 ᠮᠧᠲᠷ᠂ ᠪᠦᠬᠦ ᠬᠤᠰᠢᠭᠤᠨ ᠤ ᠭᠠᠵᠠᠷ ᠤᠨ ᠪᠠᠶᠢᠴᠠ ᠨᠢ ᠪᠠᠷᠠᠭᠤᠨ ᠬᠤᠶᠢᠨ᠎ᠠ ᠪᠠᠨ ᠥᠨᠳᠥᠷ᠂ ᠵᠡᠭᠦᠨ ᠡᠮᠦᠨ᠎ᠡ ᠪᠠᠨ ᠳᠣᠣᠷ᠎ᠠ᠂ ᠳᠠᠪᠬᠤᠷᠭᠠᠲᠤ ᠭᠠᠵᠠᠷ ᠤᠨ ᠭᠠᠳᠠᠷᠭᠤ ᠢᠯᠡᠷᠬᠡᠶ ᠪᠠᠶᠢᠳᠠᠭ᠃ ᠡᠯᠡᠭᠳᠡᠮᠡᠯ ᠭᠠᠵᠠᠷ ᠤᠨ ᠭᠠᠳᠠᠷᠭᠤ ᠂ ᠢᠳᠡᠭᠳᠡᠯ ᠤᠨ ᠭᠠᠵᠠᠷ ᠤᠨ ᠭᠠᠳᠠᠷᠭᠤ ᠪᠠ ᠣᠪᠣᠭᠠᠷᠠᠯ ᠤᠨ ᠭᠠᠵᠠᠷ ᠤᠨ ᠭᠠᠳᠠᠷᠭᠤ ᠭᠡᠵᠦ ᠭᠤᠷᠪᠠᠨ ᠭᠠᠵᠠᠷ ᠤᠨ ᠳᠦᠷᠬᠦ ᠬᠤᠪᠢᠶᠠᠳᠠᠭ᠃       ᠳᠡᠭᠡᠷ᠎ᠡ ᠶᠠᠷᠢᠭᠰᠠᠨ ᠭᠠᠵᠠᠷ ᠤᠨ ᠳᠦᠷᠬᠦ ᠶᠢᠨ ᠲᠥᠷᠥᠯ ᠵᠦᠢᠯ ᠠᠴᠠ ᠭᠠᠳᠠᠨ᠎ᠠ᠂ ᠪᠦᠬᠦ ᠬᠤᠰᠢᠭᠤᠨ ᠳᠤ ᠪᠠᠰᠠ ᠣᠯᠠᠨ ᠪᠢᠴᠢᠯ ᠭᠠᠵᠠᠷ ᠤᠨ ᠭᠠᠳᠠᠷᠭᠤ ᠪᠠᠶᠢᠳᠠᠭ᠃ ᠵᠢᠱᠢᠶᠡᠯᠡᠪᠡᠯ᠂ ᠪᠢᠲᠡᠭᠦᠦ ᠲᠦᠬᠦᠮ ᠣᠳᠣᠳ ᠲᠦᠭᠡᠭᠰᠡᠨ ᠮᠡᠲᠦ ᠲᠠᠷᠬᠠᠵᠤ ︵ᠬᠡᠳᠦᠨ ᠲᠡᠭᠰᠢ ᠳᠥᠷᠪᠡᠯᠵᠢᠨ ᠮᠧᠲᠷ︶᠂ ᠦᠶᠡᠷ ᠤᠨ ᠳᠡᠪᠢᠭᠦᠷᠯᠢᠭ ᠲᠤᠨᠤᠮᠠᠯ ᠭᠠᠵᠠᠷ᠂ ᠡᠯᠡᠭᠳᠡᠭᠰᠡᠨ ᠢᠳᠡᠭᠳᠡᠮᠡᠯ ᠳᠣᠪᠤ ︵ᠪᠠᠶᠠᠨᠳᠡᠷᠡᠰᠦ ᠠᠴᠠ ᠡᠮᠦᠨᠡᠬᠢ ᠣᠷᠣᠨ ᠪᠦᠰᠡ ᠳᠤ ᠣᠷᠣᠰᠢᠵᠤ᠂ ᠣᠷᠣᠢ ᠨᠢ ᠪᠦᠮᠪᠦᠷᠯᠢᠭ ᠬᠡᠯᠪᠡᠷᠢ ᠲᠠᠢ᠂ ᠭᠠᠵᠠᠷ ᠤᠨ ᠨᠢᠭᠤᠷ ᠠᠴᠠ ᠬᠡᠳᠦᠨ ᠠᠷᠪᠠᠨ ᠮᠧᠲᠷ ᠥᠨᠳᠥᠷ ᠪᠠᠶᠢᠵᠤ᠂ ᠣᠯᠠᠩᠬᠢ ᠨᠢ ᠤᠰᠤ ᠮᠦᠰᠦᠨ ᠤ ᠢᠳᠡᠭᠳᠡᠯ ᠤᠨ ᠦᠢᠯᠡᠳᠦᠯ ᠠᠴᠠ ᠪᠦᠷᠢᠯᠳᠦᠪᠡ︶᠂ ᠵᠦᠷᠢᠭᠳᠡᠯ ᠤᠨ ᠠᠰᠬ᠎ᠠ ︵ᠠᠳᠤᠭᠤᠨᠴᠢᠯᠠᠭᠤ ᠶᠢᠨ ᠬᠤᠶᠢᠳᠤ ᠠᠭᠤᠯᠠ ᠶᠢᠨ ᠪᠣᠷᠵᠢᠨ ᠴᠢᠯᠠᠭᠤᠯᠢᠭ ᠤᠨ ᠢᠳᠡᠭᠳᠡᠮᠡᠯ ᠣᠷᠣᠨ ᠪᠣᠯ ᠬᠠᠮᠤᠭ ᠤᠨ ᠨᠡᠶᠢᠲᠡᠯᠢᠭ ᠭᠠᠵᠠᠷ ᠪᠣᠯᠣᠨ᠎ᠠ︶᠂ ᠰᠠᠯᠬᠢᠨ ᠠᠴᠠ ᠣᠪᠣᠭᠠᠷᠠᠭᠰᠠᠨ ᠬᠠᠶᠢᠷᠬᠠᠭ ᠳᠣᠪᠤ᠂ ᠬᠠᠶᠢᠷᠬᠠᠭ ᠳᠣᠪᠣᠴᠠᠭ ︵ᠭᠤᠤᠯᠳᠠᠭᠤ ᠰᠢᠷᠠᠲᠠᠯ᠎ᠠ ᠭᠠᠴᠠᠭ᠎ᠠ ᠠᠴᠠ ᠪᠠᠷᠠᠭᠤᠨᠰᠢ᠂ ᠭᠤᠤᠯ ᠨᠠᠭᠤᠷ ᠤᠨ ᠡᠷᠭᠢ ᠳᠠᠭᠠᠤ ᠪᠦᠰᠡ ᠳᠤ ᠲᠠᠷᠬᠠᠵᠤ ᠪᠤᠢ︶ ᠪᠠᠶᠢᠳᠠᠭ᠃       ᠠᠭᠤᠷ ᠠᠮᠢᠰᠬᠤᠯ ᠤᠨ ᠣᠨᠴᠠᠯᠢᠭ       ᠰᠢᠨ᠎ᠡ ᠪᠠᠷᠭᠤ ᠪᠠᠷᠠᠭᠤᠨ ᠬᠤᠰᠢᠭᠤ ᠨᠢ ᠳᠤᠮᠳᠠ ᠰᠡᠷᠢᠭᠦᠨ ᠪᠦᠰᠡᠨ ᠤ ᠡᠬᠡ ᠬᠠᠭᠤᠷᠠᠢ ᠶᠢᠨ ᠴᠢᠨᠠᠷᠲᠠᠢ ᠭᠠᠩ ᠬᠠᠭᠤᠷᠠᠢ ᠠᠭᠤᠷ ᠠᠮᠢᠰᠭᠤᠯ ᠳᠤ ᠬᠠᠷᠢᠶᠠᠯᠠᠭᠳᠠᠨ᠎ᠠ᠃ ᠬᠥᠯᠥᠨ ᠪᠤᠶᠢᠷ ᠤᠨ ᠲᠠᠯ᠎ᠠ ᠨᠤᠲᠤᠭ ᠤᠨ ᠥᠷᠥᠴᠡ ᠭᠠᠵᠠᠷ ᠲᠤ ᠪᠠᠶᠢᠷᠢᠯᠠᠵᠤ ᠪᠠᠶᠢᠭ᠎ᠠ ᠪᠣᠯᠬᠤᠷ᠂ ᠨᠡᠯᠢᠶᠡᠳ ᠳᠠᠩ ᠴᠤᠯᠭᠤᠶ ᠪᠠᠶᠢᠵᠤ᠂ ᠰᠢᠨ᠎ᠡ ᠪᠠᠷᠭᠤ ᠪᠠᠷᠠᠭᠤᠨ ᠬᠤᠰᠢᠭᠤᠨ ᠤ ᠠᠭᠤᠷ ᠠᠮᠢᠰᠬᠤᠯ ᠤᠨ ᠵᠥᠷᠢᠶ᠎ᠡ ᠨᠢ ᠢᠯᠡᠷᠬᠡᠶ ᠪᠤᠰᠤ ᠪᠠᠶᠢᠳᠠᠭ᠃ ᠰᠢᠨ᠎ᠡ ᠪᠠᠷᠭᠤ ᠪᠠᠷᠠᠭᠤᠨ ᠬᠤᠰᠢᠭᠤᠨ ᠤ ᠳᠥᠷᠪᠡᠨ ᠤᠯᠠᠷᠢᠯ ᠲᠣᠳᠣᠷᠬᠠᠶ᠂ ᠬᠠᠪᠤᠷ ᠤᠨ ᠤᠯᠠᠷᠢᠯ ᠤᠨ ᠳᠤᠯᠠᠭᠠᠨ ᠤ ᠬᠡᠮᠵᠢᠶ᠎ᠡ ᠳᠡᠭᠡᠭᠰᠢᠯᠡᠬᠦ ᠨᠢ ᠲᠦᠷᠭᠡᠨ᠂ ᠭᠠᠩ ᠬᠠᠭᠤᠷᠠᠶ᠂ ᠶᠡᠭᠡ ᠰᠠᠯᠬᠢ ᠲᠠᠢ᠂ ᠵᠣᠨ ᠤ ᠤᠯᠠᠷᠢᠯ ᠬᠠᠯᠠᠭᠤᠨ ᠪᠦᠭᠡᠳ ᠣᠬᠤᠷ ᠪᠠᠶᠢᠵᠤ᠂ ᠬᠤᠷ᠎ᠠ ᠲᠣᠨᠣᠳᠠᠰᠤ ᠲᠥᠪᠯᠡᠷᠡᠵᠦ᠂ ᠬᠤᠷ᠎ᠠ ᠲᠣᠨᠣᠳᠠᠰᠤ ᠪᠠ ᠠᠭᠠᠬᠢᠮ᠎ᠠ ᠬᠠᠯᠠᠭᠤᠨ ᠨᠢᠭᠡ ᠯᠡ ᠤᠯᠠᠷᠢᠯ ᠳᠤ ᠪᠠᠶᠢᠵᠤ᠂ ᠨᠠᠮᠤᠷ ᠤᠨ ᠤᠯᠠᠷᠢᠯ ᠤᠨ ᠠᠭᠠᠷ ᠤᠨ ᠳᠤᠯᠠᠭᠠᠨ ᠲᠦᠷᠭᠡᠨ ᠳᠣᠷᠣᠭᠰᠢᠯᠠᠵᠤ᠂ ᠡᠪᠦᠯ ᠤᠨ ᠤᠯᠠᠷᠢᠯ ᠤᠷᠲᠤ ᠪᠦᠭᠡᠳ ᠬᠠᠬᠢᠷ ᠬᠦᠢᠲᠡᠨ ᠪᠠᠶᠢᠳᠠᠭ᠃ ᠬᠢᠷᠠᠭᠤ ᠦᠭᠡᠢ ᠬᠤᠭᠤᠴᠠᠭ᠎ᠠ ᠨᠢ ᠣᠬᠤᠷ᠂ ᠨᠠᠷᠠᠨ ᠤ ᠲᠤᠰᠤᠯᠲᠠ ᠭᠦᠢᠴᠡᠳ᠂ ᠬᠤᠷᠠᠮᠠᠯ ᠳᠤᠯᠠᠭᠠᠨ ᠤ ᠴᠢᠨᠠᠷ ᠥᠨᠳᠥᠷ᠂ ᠬᠤᠷ᠎ᠠ ᠲᠤᠨᠳᠠᠰᠤᠨ ᠤ ᠬᠡᠮᠵᠢᠶ᠎ᠡ ᠪᠠᠭ᠎ᠠ᠂ ᠠᠭᠤᠷᠰᠢᠬᠤ ᠬᠡᠮᠵᠢᠶ᠎ᠡ ᠶᠡᠭᠡ ᠪᠠᠶᠢᠳᠠᠭ᠃       ᠰᠢᠨ᠎ᠡ ᠪᠠᠷᠭᠤ ᠪᠠᠷᠠᠭᠤᠨ ᠬᠤᠰᠢᠭᠤᠨ ᠤ ᠵᠢᠯ ᠤᠨ ᠳᠤᠮᠳᠠᠴᠢ ᠠᠭᠠᠷ ᠤᠨ ᠳᠤᠯᠠᠭᠠᠨ 1.6 ℃ᠪᠠᠶᠢᠵᠤ᠂ ᠥᠩᠭᠡᠷᠡᠭᠰᠡᠨ ᠵᠢᠯ ᠤᠨ ᠬᠠᠮᠤᠭ ᠤᠨ ᠥᠨᠳᠥᠷ ᠳᠤᠯᠠᠭᠠᠨ ᠤ ᠬᠡᠮᠵᠢᠶ᠎ᠡ 42.5 ℃ ᠲᠤ ᠬᠦᠷᠴᠦ᠂ 2004 ᠣᠨ ᠤ 7 ᠰᠠᠷ᠎ᠠ ᠶᠢᠨ 21 ᠤ ᠡᠳᠦᠷ ︵2016 ᠣᠨ ᠤ 8 ᠰᠠᠷ᠎ᠠ ᠶᠢᠨ 3 ᠤ ᠡᠳᠦᠷ ᠬᠠᠮᠤᠭ ᠤᠨ ᠥᠨᠳᠥᠷ ᠳᠤᠯᠠᠭᠠᠨ ᠤ ᠬᠡᠮᠵᠢᠶ᠎ᠡ 44.1 ℃ ᠲᠤ ᠬᠦᠷᠴᠦ᠂ ᠥᠩᠭᠡᠷᠡᠭᠰᠡᠨ ᠵᠢᠯ ᠤᠨ ᠲᠦᠢᠯ ᠠᠴᠠ ᠳᠠᠪᠠᠪᠠ︶ ᠢᠯᠡᠷᠡᠵᠦ᠂ ᠬᠠᠮᠤᠭ ᠤᠨ ᠳᠣᠣᠷ᠎ᠠ ᠳᠤᠯᠠᠭᠠᠨ ᠤ ᠬᠡᠮᠵᠢᠶ᠎ᠡ -40.1 ℃ ᠲᠤ ᠬᠦᠷᠴᠦ᠂ 2001 ᠣᠨ ᠤ 1 ᠰᠠᠷ᠎ᠠ ᠶᠢᠨ 9 ᠤ ᠡᠳᠦᠷ ᠢᠯᠡᠷᠡᠪᠡ᠃ ᠰᠢᠨ᠎ᠡ ᠪᠠᠷᠭᠤ ᠪᠠᠷᠠᠭᠤᠨ ᠬᠤᠰᠢᠭᠤᠨ ᠤ ᠲᠤᠨᠳᠠᠰᠤᠨ ᠤ ᠬᠡᠮᠵᠢᠶ᠎ᠡ ᠵᠢᠭᠳᠡ ᠪᠤᠰᠤ ᠪᠠᠶᠢᠵᠤ᠂ ᠬᠤᠶᠢᠲᠤ ᠬᠡᠰᠡᠭ᠂ ᠡᠮᠦᠨ᠎ᠡ ᠬᠡᠰᠡᠭ᠂ ᠵᠡᠭᠦᠨ ᠬᠡᠰᠡᠭ ᠤᠨ ᠬᠤᠷ᠎ᠠ ᠲᠤᠨᠳᠠᠰᠤ ᠨᠡᠯᠢᠶᠡᠳ ᠤᠯᠠᠨ᠂ ᠳᠤᠮᠳᠠ ᠬᠡᠰᠡᠭ᠂ ᠪᠠᠷᠠᠭᠤᠨ ᠬᠡᠰᠡᠭ ᠤᠨ ᠬᠤᠷ᠎ᠠ ᠲᠤᠠᠳᠠᠰᠤ ᠪᠠᠭ᠎ᠠ᠂ ᠵᠢᠯ ᠤᠨ ᠳᠤᠮᠳᠠᠴᠢ ᠬᠤᠷ᠎ᠠ ᠲᠤᠠᠳᠠᠰᠤᠨ ᠤ ᠬᠡᠮᠵᠢᠶ᠎ᠡ 243.9 ᠮᠢᠯᠢᠮᠧᠲᠷ᠂ ᠡᠳᠦᠷ ᠤᠨ ᠬᠠᠮᠤᠭ ᠶᠡᠭᠡ ᠬᠤᠷ᠎ᠠ ᠲᠤᠠᠳᠠᠰᠤᠨ ᠤ ᠬᠡᠮᠵᠢᠶ᠎ᠡ 86.1mm ᠲᠤ ᠬᠦᠷᠴᠦ᠂ 1990 ᠤᠨ ᠤ 8 ᠰᠠᠷ᠎ᠠ ᠶᠢᠨ 28 ᠤ ᠡᠳᠦᠷ ᠢᠯᠡᠷᠡᠪᠡ᠃ ᠬᠤᠷ᠎ᠠ ᠲᠤᠠᠳᠠᠰᠤ ᠭᠤᠤᠯᠳᠠᠭᠤ 6-8 ᠰᠠᠷ᠎ᠠ ᠳᠤ ᠲᠦᠪᠯᠡᠷᠡᠵᠤ᠂ ᠵᠢᠯ ᠤᠨ ᠬᠤᠷ᠎ᠠ ᠲᠤᠠᠳᠠᠰᠤᠨ ᠤ ᠬᠡᠮᠵᠢᠶ᠎ᠡ ᠶᠢᠨ 34%-90% ᠢ ᠡᠵᠡᠯᠡᠳᠡᠭ᠃ ᠵᠢᠯ ᠤᠨ ᠳᠤᠮᠳᠠᠴᠢ ᠬᠢᠷᠠᠭᠤ ᠦᠭᠡᠢ ᠬᠤᠭᠤᠴᠠᠭ᠎ᠠ 136 ᠡᠳᠦᠷ ᠪᠠᠶᠢᠳᠠᠭ᠃ ᠵᠢᠯ ᠤᠨ ᠳᠤᠮᠳᠠᠴᠢ ᠨᠠᠷᠠᠨ ᠤ ᠳᠤᠰᠤᠯᠲᠠ ᠶᠢᠨ ᠴᠠᠭ ᠨᠢ 3031.3 ᠴᠠᠭ ᠪᠠᠶᠢᠳᠠᠭ᠃ ᠵᠢᠯ ᠤᠨ ᠳᠤᠮᠳᠠᠴᠢ ᠰᠠᠯᠬᠢᠨ ᠤ ᠬᠤᠷᠳᠤᠴᠠ ᠨᠢ 33 ᠮᠧᠲᠷ / ᠰᠧᠺᠦ᠋ᠨ᠋ᠳ᠋ ᠪᠠᠶᠢᠵᠤ᠂ ᠬᠠᠮᠤᠭ ᠤᠨ ᠠᠷᠪᠢᠨ ᠰᠠᠯᠬᠢᠨ ᠤ ᠴᠢᠭᠯᠡᠯ ᠨᠢ ᠪᠠᠷᠠᠭᠤᠨ ᠬᠤᠶᠢᠨ᠎ᠠ ᠠᠴᠠ ᠰᠠᠯᠬᠢᠯᠠᠵᠤ᠂ ᠰᠠᠯᠬᠢᠨ ᠤ ᠴᠢᠭᠯᠡᠯ ᠤᠨ ᠳᠠᠪᠲᠠᠮᠵᠢ ᠨᠢ 13.77% ᠳᠤ ᠬᠦᠷᠴᠦ᠂ ᠭᠤᠣᠯ ᠪᠣᠯᠬᠤ ᠴᠠᠭ ᠠᠭᠤᠷ ᠤᠨ ᠭᠠᠮᠰᠢᠭ ᠨᠢ ᠭᠠᠩ ᠬᠠᠭᠤᠷᠠᠢ᠂ ᠶᠡᠭᠡ ᠪᠣᠷᠣᠭᠠᠨ᠂ ᠴᠠᠭᠠᠨ ᠵᠤᠳ᠂ ᠰᠢᠭᠤᠷᠭ᠎ᠠ᠂ ᠶᠡᠭᠡ ᠰᠠᠯᠬᠢ᠂ ᠬᠦᠢᠲᠡᠨ ᠤᠷᠤᠰᠬᠠᠯ ᠵᠡᠷᠭᠡ ᠪᠤᠢ᠃       ᠠᠭᠤᠷᠬᠠᠢ ᠶᠢᠨ ᠡᠬᠢ ᠪᠠᠶᠠᠯᠢᠭ       ᠰᠢᠨ᠎ᠡ ᠪᠠᠷᠭᠤ ᠪᠠᠷᠠᠭᠤᠨ ᠬᠤᠰᠢᠭᠤᠨ ᠳᠤ ᠨᠢᠭᠡᠨᠲᠡ 31 ᠵᠦᠢᠯ ᠤᠨ ᠠᠭᠤᠷᠬᠠᠢ ᠶᠢᠨ ᠭᠠᠷᠤᠯᠲᠠ ︵ᠳᠡᠳ᠋ ᠠᠭᠤᠷᠬᠠᠢ ᠶᠢᠨ ᠲᠥᠷᠥᠯ ᠪᠠᠭᠲᠠᠨ᠎ᠠ︶ ᠶᠢ ᠢᠯᠡᠷᠡᠭᠦᠯᠵᠦ᠂ ᠬᠥᠯᠥᠨ ᠪᠤᠶᠢᠷ ᠬᠤᠲᠠ ᠶᠢᠨ ᠨᠢᠭᠡᠨᠲᠡ ᠢᠯᠡᠷᠡᠭᠦᠯᠦᠭᠰᠡᠨ ᠠᠭᠤᠷᠬᠠᠶ ᠶᠢᠨ ᠭᠠᠷᠤᠯᠲᠠ ᠶᠢᠨ ᠲᠥᠷᠥᠯ ᠵᠦᠢᠯ ᠤᠨ 38% ᠶᠢ ᠡᠵᠡᠯᠡᠪᠡ᠃ ᠪᠦᠬᠦ ᠬᠤᠰᠢᠭᠤᠨ ᠳᠤ ᠨᠢᠭᠡᠨᠲᠡ ᠪᠠᠶᠢᠴᠠᠭᠠᠨ ᠲᠣᠳᠣᠯᠠᠭᠰᠠᠨ ᠪᠤᠶᠤ ᠶᠡᠭᠡ ᠲᠦᠯᠦᠪ ᠪᠠᠶᠢᠴᠠᠭᠠᠨ ᠲᠤᠲᠤᠯᠠᠭᠰᠠᠨ ᠡᠬᠢ ᠪᠠᠶᠠᠯᠢᠭ ᠤᠨ ᠬᠠᠳᠠᠭᠠᠯᠠᠭᠳᠠᠴᠠ 25 ᠵᠦᠢᠯ᠂ ᠠᠭᠤᠷᠬᠠᠢ ᠶᠢᠨ ᠭᠠᠷᠤᠯᠲᠠ ᠶᠢᠨ ᠭᠠᠵᠠᠷ 33 ᠪᠠᠶᠢᠵᠤ᠂ ᠡᠭᠦᠨ ᠳᠤ ᠡᠨᠧᠷᠭᠢ ᠶᠢᠨ ᠠᠭᠤᠷᠬᠠᠢ ᠶᠢᠨ ᠭᠠᠷᠤᠯᠲᠠ ᠶᠢᠨ ᠭᠠᠵᠠᠷ 5᠂ ᠲᠡᠮᠦᠷᠯᠢᠭ ᠠᠭᠤᠷᠬᠠᠢ ᠶᠢᠨ ᠭᠠᠷᠤᠯᠲᠠ ᠶᠢᠨ ᠭᠠᠵᠠᠷ 7᠂ ᠲᠡᠮᠦᠷᠯᠢᠭ ᠪᠤᠰᠤ ᠠᠭᠤᠷᠬᠠᠢ ᠶᠢᠨ ᠭᠠᠷᠤᠯᠲᠠ ᠶᠢᠨ ᠭᠠᠵᠠᠷ 20᠂ ᠷᠠᠰᠢᠶᠠᠨ 1 ᠪᠤᠢ᠃ ᠥᠪᠡᠷᠲᠡᠭᠡᠨ ᠵᠠᠰᠠᠬᠤ ᠣᠷᠣᠨ ᠤ ᠠᠭᠤᠷᠬᠠᠢ ᠶᠢᠨ ᠭᠠᠷᠤᠯᠲᠠ ᠶᠢᠨ ᠡᠬᠢ ᠪᠠᠶᠠᠯᠢᠭ ᠤᠨ ᠬᠠᠳᠠᠭᠠᠯᠠᠭᠳᠠᠴᠠ ᠶᠢᠨ ᠬᠦᠰᠦᠨᠦᠭᠲᠦ ᠳᠤ ᠵᠢᠭᠰᠠᠭᠠᠭᠳᠠᠭᠰᠠᠨ ᠠᠭᠤᠷᠬᠠᠢ ᠶᠢᠨ ᠭᠠᠷᠤᠯᠲᠠ 13 ᠵᠦᠢᠯ ︵ᠴᠢᠯᠠᠭᠤᠨ ᠲᠣᠰᠣ᠂ ᠪᠠᠶᠢᠭᠠᠯᠢ ᠶᠢᠨ ᠰᠢᠲᠠᠮᠠᠬᠠᠢ ᠬᠡᠢ ᠶᠢ ᠪᠠᠭᠲᠠᠭᠠᠬᠤ ᠦᠭᠡᠢ︶᠂ ᠠᠭᠤᠷᠬᠠᠢ ᠶᠢᠨ ᠭᠠᠷᠤᠯᠲᠠ ᠶᠢᠨ ᠭᠠᠵᠠᠷ 8 ᠪᠠᠶᠢᠵᠤ᠂ ᠡᠭᠦᠨ ᠳᠤ ᠲᠣᠮᠣ ᠬᠡᠯᠪᠡᠷᠢ ᠶᠢᠨ ᠭᠠᠵᠠᠷ 5 ︵ᠨᠡᠭᠦᠷᠡᠰᠦ᠂ ᠵᠡᠰ ᠮᠤᠯᠢᠪᠳᠧᠨ᠂ ᠮᠥᠩᠭᠦ ᠲᠤᠰ ᠪᠦᠷᠢ 1᠂ ᠬᠠᠷ᠎ᠠ ᠲᠤᠭᠤᠯᠭ᠎ᠠ ᠴᠠᠶᠢᠷ 2︶ ᠪᠠᠶᠢᠵᠤ᠂ ᠳᠤᠮᠳᠠ ᠬᠡᠯᠪᠡᠷᠢ ᠶᠢᠨ ᠭᠠᠵᠠᠷ 3 ︵ᠨᠡᠭᠦᠷᠡᠰᠦ᠂ ᠬᠠᠷ᠎ᠠ ᠲᠤᠭᠤᠯᠭ᠎ᠠ ᠴᠠᠶᠢᠷ᠂ ᠴᠠᠭᠠᠨ ᠱᠠᠤ ᠲᠤᠰ ᠪᠦᠷᠢ 1︶ ᠪᠣᠢ᠃       ᠰᠢᠨ᠎ᠡ ᠪᠠᠷᠭᠤ ᠪᠠᠷᠠᠭᠤᠨ ᠬᠤᠰᠢᠭᠤ ᠪᠤᠯ ᠬᠦᠯᠦᠨ ᠪᠤᠶᠢᠷ ᠬᠤᠳᠠ ᠶᠢᠨ ᠠᠭᠤᠷᠬᠠᠢ ᠶᠢᠨ ᠡᠬᠢ ᠪᠠᠶᠠᠯᠢᠭ ᠡᠯᠪᠡᠭ ᠳᠡᠯᠪᠡᠭ ᠲᠦᠪᠯᠡᠷᠡᠭᠰᠡᠨ ᠤᠷᠤᠨ ᠤ ᠨᠢᠬᠡ ᠪᠤᠯᠤᠨ᠎ᠠ᠃ ᠨᠡᠭᠦᠷᠡᠰᠦ᠂ ᠴᠢᠯᠠᠭᠤᠨ ᠲᠣᠰᠣ᠂ ᠪᠠᠶᠢᠭᠠᠯᠢ ᠶᠢᠨ ᠰᠢᠲᠠᠮᠠᠬᠠᠶ ᠬᠡᠢ ᠪᠠᠷ ᠭᠤᠤᠯ ᠪᠣᠯᠭᠠᠭᠰᠠᠨ ᠡᠨᠧᠷᠭᠢ ᠶᠢᠨ ᠭᠠᠷᠤᠯᠲᠠ ᠬᠠᠷᠢᠴᠠᠩᠭᠤᠶ ᠡᠯᠪᠡᠭ ᠪᠠᠶᠠᠯᠢᠭ᠂ ᠲᠠᠷᠬᠠᠯᠲᠠ ᠲᠥᠪᠯᠡᠷᠡᠵᠦ᠂ ᠨᠡᠭᠡᠭᠡᠨ ᠠᠰᠢᠭᠯᠠᠬᠤ ᠨᠥᠬᠦᠴᠡᠯ ᠳᠠᠪᠠᠭᠤᠯᠢᠭ ᠪᠣᠯᠬᠤᠷ ᠣᠷᠣᠨ ᠨᠤᠲᠤᠭ ᠤᠨ ᠠᠵᠤ ᠠᠬᠤᠶ ᠶᠢᠨ ᠬᠥᠭᠵᠢᠯᠲᠡ ᠶᠢᠨ ᠬᠡᠷᠡᠭᠴᠡᠭᠡ ᠶᠢ ᠪᠠᠲᠤᠯᠠᠵᠤ ᠪᠠᠶᠢᠳᠠᠭ᠃ ᠲᠡᠮᠦᠷᠯᠢᠭ ᠤᠨ ᠠᠭᠤᠷᠬᠠᠶ ᠶᠢᠨ ᠭᠠᠷᠤᠯᠲᠠ ᠨᠢ ᠵᠡᠰ᠂ ᠬᠠᠷ᠎ᠠ ᠲᠤᠭᠤᠯᠭ᠎ᠠ᠂ ᠴᠠᠶᠢᠷ᠂ ᠮᠣᠯᠢᠪᠳᠧᠨ᠂ ᠮᠥᠩᠭᠦ ᠪᠠᠷ ᠭᠤᠤᠯ ᠪᠣᠯᠭᠠᠵᠤ᠂ ᠲᠣᠮᠣ ᠳᠤᠮᠳᠠ ᠬᠡᠯᠪᠡᠷᠢ ᠶᠢᠨ ᠠᠭᠤᠷᠬᠠᠶ ᠶᠢᠨ ᠭᠠᠷᠤᠯᠲᠠ ᠣᠯᠠᠨ᠂ ᠡᠬᠢ ᠪᠠᠶᠠᠯᠢᠭ ᠤᠨ ᠳᠠᠯᠳᠠ ᠬᠦᠴᠦᠨ ᠨᠢ ᠯᠤᠲᠤ ᠶᠡᠭᠡ ᠪᠠᠶᠢᠵᠤ᠂ ᠨᠢᠭᠡᠨᠲᠡ ᠬᠡᠪᠴᠢᠶᠡᠵᠢᠭᠦᠯᠦᠨ ᠨᠡᠭᠡᠭᠡᠨ ᠠᠰᠢᠭᠯᠠᠬᠤ ᠪᠤᠶ᠃ ᠤᠯᠤᠰ᠂ ᠥᠪᠡᠷᠲᠡᠭᠡᠨ ᠵᠠᠰᠠᠬᠤ ᠣᠷᠣᠨ ᠤ ᠴᠢᠬᠤᠯᠠ ᠪᠦᠬᠦᠢ ᠥᠩᠭᠡᠲᠦ ᠲᠡᠮᠦᠷᠯᠢᠭ ᠢ ᠬᠠᠶᠢᠨ ᠪᠠᠶᠢᠴᠠᠭᠠᠵᠤ ᠨᠡᠭᠡᠭᠡᠨ ᠬᠥᠭᠵᠢᠭᠦᠯᠬᠦ ᠰᠠᠭᠤᠷᠢᠨ ᠭᠠᠵᠠᠷ ᠪᠣᠯᠤᠨ᠎ᠠ᠃ ᠲᠡᠮᠦᠷᠯᠢᠭ ᠤᠨ ᠪᠤᠰᠤ ᠠᠭᠤᠷᠬᠠᠢ ᠶᠢᠨ ᠭᠠᠷᠤᠯᠲᠠ ᠶᠢᠨ ᠲᠥᠷᠥᠯ ᠵᠦᠢᠯ ᠬᠠᠷᠢᠴᠠᠩᠭᠤᠢ ᠪᠠᠷ ᠪᠦᠷᠢᠨ ᠭᠦᠢᠴᠡᠳ ᠪᠣᠯᠪᠠᠴᠤ ᠶᠡᠷᠦᠩᠬᠡᠢ ᠬᠠᠶᠢᠨ ᠪᠠᠶᠢᠴᠠᠭᠠᠯᠲᠠ ᠪᠠ ᠨᠡᠭᠡᠭᠡᠨ ᠠᠰᠢᠭᠯᠠᠯᠲᠠ ᠶᠢᠨ ᠬᠡᠮᠵᠢᠶ᠎ᠡ ᠨᠡᠯᠢᠶᠡᠳ ᠳᠣᠣᠷ᠎ᠠ ᠪᠠᠶᠢᠵᠤ᠂ ᠰᠤᠯᠠ ᠨᠡᠭᠡᠭᠡᠨ ᠠᠰᠢᠭᠯᠠᠯᠲᠠ ᠪᠠᠷ ᠭᠤᠣᠯ ᠪᠣᠯᠭᠠᠵᠤ ᠪᠠᠶᠢᠨ᠎ᠠ᠃ ᠪᠦᠬᠦ ᠬᠤᠰᠢᠭᠤᠨ ᠳᠤ 10 ᠵᠦᠢᠯ ᠤᠨ ᠠᠭᠤᠷᠬᠠᠢ ᠶᠢᠨ ᠡᠬᠢ ᠪᠠᠶᠠᠯᠢᠭ ᠤᠨ ᠬᠠᠳᠠᠭᠠᠯᠠᠭᠳᠠᠴᠠ ᠲᠠᠢ᠂ ᠬᠦᠯᠦᠨ ᠪᠤᠶᠢᠷ ᠬᠤᠳᠠ ᠶᠢᠨ ᠬᠤᠶᠠᠳᠤᠭᠠᠷ ᠲᠤ ᠪᠠᠶᠢᠷᠢᠯᠠᠵᠤ᠂ ᠤᠯᠤᠰ ᠠᠷᠠᠳ ᠤᠨ ᠠᠵᠤ ᠠᠬᠤᠢ ᠶᠢᠨ ᠬᠦᠭᠵᠢᠯᠳᠡ ᠳᠤ ᠴᠢᠬᠤᠯᠠ ᠠᠴᠢ ᠬᠤᠯᠪᠤᠭᠳᠠᠯ ᠲᠠᠢ ᠲᠤᠯᠭᠠᠭᠤᠷᠢᠳᠦ ᠠᠭᠤᠷᠬᠠᠢ ᠶᠢᠨ ᠭᠠᠷᠤᠯᠳᠠ ᠨᠢ ᠴᠢᠯᠠᠭᠤᠨ ᠲᠤᠰᠤ᠂ ᠵᠡᠰ᠂ ᠮᠤᠯᠢᠪᠳᠧᠨ᠂ ᠬᠠᠷ᠎ᠠ ᠲᠤᠭᠤᠯᠭ᠎ᠠ᠂ ᠴᠠᠶᠢᠷ᠂ ᠮᠦᠩᠬᠦ ᠪᠠᠶᠢᠵᠤ᠂ ᠤᠨᠴᠠᠯᠢᠭᠳᠦ ᠠᠭᠤᠷᠬᠠᠢ ᠶᠢᠨ ᠭᠠᠷᠤᠯᠳᠠ ᠨᠢ ᠲᠤᠩᠭᠠᠯᠠᠭ ᠪᠠᠶᠢᠪᠠᠩ ᠴᠢᠯᠠᠭᠤ᠂ ᠵᠤᠭᠠᠩ ᠪᠤᠯᠤᠨ᠎ᠠ᠃        
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ