ᠪᠠᠶᠢᠭᠠᠯᠢ ᠶᠢᠨ ᠭᠠᠵᠠᠷ ᠵᠦᠢ
ᠨᠡᠶᠢᠲᠡᠯᠡᠭᠰᠡᠨ ᠴᠠᠭ᠄
2024/12/10
       ᠭᠠᠵᠠᠷ ᠵᠦᠢ ᠶᠢᠨ ᠣᠷᠴᠢᠨ ᠲᠣᠭᠤᠷᠢᠨ       ᠪᠠᠶᠢᠷᠢᠰᠢᠯ᠂ ᠤᠷᠤᠨ ᠬᠡᠪᠴᠢᠶ᠎ᠡ        ᠬᠠᠶᠢᠯᠠᠷ ᠲᠣᠭᠤᠷᠢᠭ ᠤᠨ ᠭᠠᠵᠠᠷ ᠵᠦᠢ ᠶᠢᠨ ᠪᠠᠶᠢᠷᠢᠰᠢᠯ ᠨᠢ ᠵᠡᠭᠦᠨ ᠤᠷᠲᠤᠷᠢᠭ ᠤᠨ 119。32 ' —120。35 ' ᠪᠣᠯᠣᠨ ᠤᠮᠠᠷᠠᠲᠤ ᠥᠷᠭᠡᠷᠢᠭ ᠤᠨ 49。06 ' — 49。32 '  ᠤᠨ ᠬᠤᠭᠤᠷᠣᠨᠳᠤ ᠪᠠᠶᠢᠳᠠᠭ᠃ ᠬᠠᠶᠢᠯᠠᠷ ᠲᠣᠭᠤᠷᠢᠭ ︵ᠤᠤᠯ ᠤᠨ ᠬᠥᠯᠥᠨ ᠪᠤᠶᠢᠷ ᠬᠤᠲᠠ︶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠡᠭᠦᠨ ᠬᠤᠶᠢᠲᠤ ᠬᠡᠰᠡᠭ ᠤᠨ ᠶᠡᠭᠡ ᠬᠢᠩᠭᠠᠨ ᠳᠠᠪᠠᠭ᠎ᠠ ᠶᠢᠨ ᠪᠠᠷᠠᠭᠤᠨ ᠬᠤᠷᠮᠣᠢ᠂ ᠬᠥᠯᠥᠨ ᠪᠤᠶᠢᠷ ᠤᠨ ᠲᠠᠯ᠎ᠠ ᠨᠤᠲᠤᠭ ᠤᠨ ᠵᠡᠭᠦᠨ ᠬᠡᠰᠡᠭ᠂ ᠢᠮᠢᠨ ᠭᠤᠣᠯ ᠬᠢᠭᠡᠳ ᠬᠠᠶᠢᠯᠠᠷ ᠭᠤᠣᠯ ᠤᠨ ᠠᠭᠤᠯᠵᠠᠷ ᠲᠤ ᠪᠠᠶᠢᠷᠢᠯᠠᠵᠤ ᠪᠣᠶ᠃ ᠵᠡᠭᠦᠨ ᠲᠠᠯ᠎ᠠ ᠪᠠᠷ ᠢᠶᠠᠨ ᠶᠠᠭᠰᠢ ᠬᠤᠲᠠ ᠲᠠᠢ ᠵᠠᠬ᠎ᠠ ᠨᠡᠶᠢᠯᠡᠵᠦ᠂ ᠡᠮᠦᠨ᠎ᠡ ᠲᠠᠯ᠎ᠠ ᠪᠠᠷ ᠢᠶᠠᠨ ᠡᠸᠡᠩᠬᠢ ᠦᠨᠳᠦᠰᠦᠲᠡᠨ ᠤ ᠥᠪᠡᠷᠲᠡᠭᠡᠨ ᠵᠠᠰᠠᠬᠤ ᠬᠤᠰᠢᠭᠤ ᠲᠠᠢ ᠬᠥᠷᠰᠢᠯᠡᠵᠦ᠂ ᠪᠠᠷᠠᠭᠤᠨ ᠬᠡᠰᠡᠭ᠂ ᠬᠤᠶᠢᠲᠤ ᠬᠡᠰᠡᠭ ᠨᠢ ᠬᠠᠭᠤᠴᠢᠨ ᠪᠠᠷᠭᠤ ᠬᠤᠰᠢᠭᠤ ᠲᠠᠢ ᠵᠠᠬ᠎ᠠ ᠨᠡᠶᠢᠯᠡᠵᠦ ᠪᠠᠶᠢᠨ᠎ᠠ᠃ ᠣᠷᠣᠰ ᠤᠨ ᠬᠢᠯᠢ ᠶᠢᠨ ᠵᠠᠭᠠᠭ ᠠᠴᠠ ᠬᠠᠮᠤᠭ ᠤᠨ ᠣᠶᠢᠷ᠎ᠠ ᠳᠤ ᠪᠠᠨ 110 ᠺᠢᠯᠣᠮᠧᠲᠷ ᠵᠠᠶᠢᠲᠠᠢ᠂ ᠮᠣᠩᠭᠤᠯ ᠤᠯᠤᠰ ᠤᠨ ᠬᠢᠯᠢ ᠶᠢᠨ ᠵᠠᠭᠠᠭ ᠠᠴᠠ ᠬᠠᠮᠤᠭ ᠤᠨ ᠣᠶᠢᠷ᠎ᠠ ᠳᠤ ᠪᠠᠨ 160 ᠺᠢᠯᠣᠮᠧᠲᠷ ᠵᠠᠶᠢᠲᠠᠢ᠃ ᠬᠠᠶᠢᠯᠠᠷ ᠲᠣᠭᠤᠷᠢᠭ ᠤᠨ ᠬᠢᠯᠢ ᠶᠢᠨ ᠵᠠᠭᠠᠭ ᠱᠤᠭᠤᠮ ᠨᠢ ᠮᠤᠷᠤᠢ ᠰᠠᠷᠤᠢ ᠪᠠᠶᠢᠵᠤ᠂ ᠵᠡᠭᠦᠨᠰᠢ ᠪᠠᠷᠠᠭᠤᠨᠰᠢ ᠣᠷᠳᠣ ᠨᠢ 77 ᠺᠢᠯᠣᠮᠧᠲᠷ᠂ ᠡᠮᠦᠨᠡᠰᠢ ᠤᠮᠠᠷᠠᠰᠢ ᠥᠷᠭᠡᠨ ᠨᠢ 40 ᠺᠢᠯᠣᠮᠧᠲᠷ ᠪᠠᠶᠢᠳᠠᠭ᠃ ᠵᠡᠭᠦᠨᠰᠢ ᠪᠠᠨ ᠬᠠᠶᠢᠯᠠᠷ ᠭᠤᠣᠯ ᠬᠢᠭᠡᠳ ᠡᠸᠡᠩᠬᠢ ᠦᠨᠳᠦᠰᠦᠲᠡᠨ ᠤ ᠥᠪᠡᠷᠲᠡᠭᠡᠨ ᠵᠠᠰᠠᠬᠤ ᠬᠤᠰᠢᠭᠤᠨ ᠤ ᠠᠭᠤᠯᠵᠠᠷ ᠤᠨ ᠴᠡᠭ ᠠᠴᠠ ᠡᠬᠢᠯᠡᠵᠦ᠂ ᠪᠠᠷᠠᠭᠤᠨᠰᠢ ᠪᠠᠨ ᠰᠢᠶᠣᠣ ᠯᠢᠶᠠᠩ ᠲᠡᠷᠭᠡᠨ ᠦᠷᠲᠡᠭᠡ ᠬᠦᠷᠦᠨ᠎ᠡ︔ ᠬᠤᠶᠢᠰᠢ ᠪᠠᠨ ᠰᠢᠷᠠᠲᠠᠯ᠎ᠠ ᠶᠢᠨ ᠡᠭᠦᠯᠳᠡᠷ ᠤᠨ ᠦᠬᠡᠷ ᠤᠨ ᠲᠠᠯᠠᠪᠠᠢ ᠶᠢᠨ ᠠᠷᠪᠠᠳᠤᠭᠠᠷ ᠠᠩᠭᠢ ᠠᠴᠠ ᠡᠬᠢᠯᠡᠵᠦ᠂ ᠡᠮᠦᠨᠡᠰᠢ ᠪᠠᠨ ᠤᠤᠯ ᠤᠨ ᠬᠥᠯᠥᠨ ᠪᠤᠶᠢᠷ ᠠᠶᠢᠮᠠᠭ ᠤᠨ ᠵᠠᠬᠢᠷᠭ᠎ᠠ ᠶᠢᠨ ᠢᠳᠡᠰᠢᠨ ᠨᠣᠭᠤᠭ᠎ᠠ ᠶᠢᠨ ᠭᠠᠵᠠᠷ ᠤᠨ ᠤᠰᠤᠨ ᠰᠤᠪᠠᠭ ᠬᠦᠷᠦᠨ᠎ᠡ᠃ ᠶᠡᠷᠦᠩᠬᠡᠢ ᠲᠠᠯᠠᠪᠠᠶ ᠨᠢ 1440 ᠲᠡᠭᠰᠢ ᠳᠥᠷᠪᠡᠯᠵᠢᠨ ᠺᠢᠯᠣᠮᠧᠲᠷ ᠪᠠᠶᠢᠵᠤ᠂ ᠬᠥᠯᠥᠨ ᠪᠤᠶᠢᠷ ᠬᠤᠲᠠ ᠶᠢᠨ ᠶᠡᠷᠦᠩᠬᠡᠢ ᠲᠠᠯᠠᠪᠠᠶ ᠶᠢᠨ 0.57% ᠶᠢ ᠡᠵᠡᠯᠡᠵᠦ᠂ ᠬᠤᠲᠠ ᠶᠢᠨ ᠲᠠᠯᠠᠪᠠᠶ ᠨᠢ 64.4 ᠲᠡᠭᠰᠢ ᠳᠥᠷᠪᠡᠯᠵᠢᠨ ᠺᠢᠯᠣᠮᠧᠲᠷ ᠪᠠᠶᠢᠨ᠎ᠠ᠃ ᠬᠠᠶᠢᠯᠠᠷ ᠲᠣᠭᠤᠷᠢᠭ ᠪᠣᠯ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠥᠯᠥᠨ ᠪᠤᠶᠢᠷ ᠬᠤᠳᠠ ᠶᠢᠨ ᠬᠤᠷᠢᠶ᠎ᠠ᠂ ᠬᠥᠯᠥᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠣᠷᠳᠣᠨ ᠤ ᠪᠠᠶᠢᠭ᠎ᠠ ᠭᠠᠵᠠᠷ᠂ ᠪᠦᠬᠦ ᠬᠤᠳᠠ ᠶᠢᠨ ᠤᠯᠤᠰ ᠲᠦᠷᠦ᠂ ᠠᠵᠤ ᠠᠬᠤᠢ᠂ ᠰᠣᠶᠣᠯ᠂ ᠵᠠᠮ ᠬᠠᠷᠢᠯᠴᠠᠭ᠎ᠠ᠂ ᠮᠡᠳᠡᠭᠡ ᠵᠠᠩᠭᠢ ᠪᠣᠯᠣᠨ ᠵᠤᠭᠠᠴᠠᠯ ᠤᠨ ᠲᠥᠪ ᠪᠣᠯᠣᠨ᠎ᠠ᠃       ᠭᠠᠵᠠᠷ ᠤᠨ ᠪᠠᠶᠢᠴᠠ ᠶᠢᠨ ᠣᠨᠴᠠᠯᠢᠭ        ᠬᠠᠶᠢᠯᠠᠷ ᠪᠣᠯ ᠶᠡᠭᠡ ᠬᠢᠩᠭᠠᠨ ᠳᠠᠪᠠᠭ᠎ᠠ ᠶᠢᠨ ᠪᠠᠷᠠᠭᠤᠨ ᠬᠤᠷᠮᠣᠢ ᠶᠢᠨ ᠪᠣᠭᠤᠨᠢ ᠠᠭᠤᠯᠠ ᠳᠣᠪᠣᠷᠬᠠᠭ ᠬᠢᠭᠡᠳ ᠬᠥᠯᠥᠨ ᠪᠤᠶᠢᠷ ᠤᠨ ᠥᠨᠳᠥᠷ ᠲᠠᠯ᠎ᠠ ᠭᠠᠵᠠᠷ ᠤᠨ ᠠᠭᠤᠯᠵᠠᠷ ᠭᠠᠵᠠᠷ ᠲᠤ ᠣᠷᠣᠰᠢᠵᠤ ᠪᠠᠶᠢᠨ᠎ᠠ᠃ ᠵᠡᠭᠦᠨ ᠢᠶᠠᠨ ᠥᠨᠳᠥᠷ ᠪᠠᠷᠠᠭᠤᠨ ᠢᠶᠠᠨ ᠳᠣᠣᠷ᠎ᠠ ᠪᠠᠶᠢᠵᠤ᠂ ︽ᠬᠠᠶᠢᠯᠠᠷ ᠤᠨ ᠳᠣᠲᠣᠭᠠᠳᠤ ᠬᠠᠭᠤᠷᠠᠢ ᠶᠢᠨ ᠵᠥᠷᠢᠭᠳᠡᠯ ᠤᠨ ᠬᠤᠲᠣᠭᠤᠷ︾ ᠲᠤ ᠬᠠᠷᠢᠶᠠᠯᠠᠭᠳᠠᠵᠤ᠂ ᠭᠠᠵᠠᠷ ᠤᠨ ᠲᠥᠷᠬᠦ ᠶᠢᠨ ᠲᠥᠷᠥᠯ ᠵᠦᠢᠯ ᠨᠢ ᠣᠯᠠᠨ ᠶᠠᠩᠵᠤ ᠶᠢᠨ ᠪᠠᠶᠢᠵᠤ᠂ ᠳᠠᠯᠠᠶ ᠶᠢᠨ ᠲᠦᠪᠰᠢᠨ ᠠᠴᠠ ᠳᠡᠭᠡᠭᠰᠢ 603.0 —776.6 ᠮᠧᠲᠷ ᠤᠨ ᠬᠤᠭᠤᠷᠣᠨᠳᠤ ᠡᠷᠭᠦᠭᠳᠡᠵᠦ᠂ ᠬᠠᠷᠢᠴᠠᠩᠭᠤᠢ ᠥᠨᠳᠥᠷ ᠤᠨ ᠵᠥᠷᠢᠶ᠎ᠡ ᠨᠢ 170 ᠭᠠᠷᠤᠢ ᠮᠧᠲᠷ ᠪᠠᠶᠢᠳᠠᠭ᠃ ᠰᠢᠷᠠᠲᠠᠯ᠎ᠠ᠂ ᠵᠡᠭᠦᠨ ᠠᠭᠤᠯᠠ ᠬᠤᠶᠠᠷ ᠲᠣᠭᠲᠠᠴᠠ ᠶᠢᠨ ᠳᠡᠨᠵᠢ ᠵᠢᠴᠢ ︽ᠬᠠᠶᠢᠯᠠᠷ ᠤᠨ ᠬᠤᠲᠣᠭᠤᠷ︾ ᠭᠤᠷᠪᠠᠨ ᠭᠠᠵᠠᠷ ᠰᠢᠨᠵᠢᠯᠡᠭᠡᠨ ᠤ ᠨᠢᠭᠡᠴᠢ ᠶᠢ ᠪᠦᠷᠢᠯᠳᠦᠭᠦᠯᠦᠭᠰᠡᠨ ᠪᠠᠶᠢᠨ᠎ᠠ᠃ ᠡᠮᠦᠨᠡᠬᠢ ᠨᠢ ᠥᠨᠳᠥᠷ ᠲᠡᠭᠰᠢ ᠭᠠᠵᠠᠷ ᠢᠶᠠᠷ ᠭᠤᠣᠯᠯᠠᠵᠤ᠂ ᠬᠤᠶᠢᠨᠠᠬᠢ ᠨᠢ ᠪᠣᠭᠤᠨᠢ ᠲᠡᠭᠰᠢ ᠭᠠᠵᠠᠷ ᠪᠠ ᠭᠤᠣᠯ ᠤᠨ ᠵᠢᠯᠠᠭᠠᠢ ᠭᠠᠵᠠᠷ ᠢᠶᠠᠷ ᠭᠤᠣᠯᠯᠠᠵᠤ᠂ ᠭᠠᠵᠠᠷ ᠤᠨ ᠲᠥᠷᠬᠦ ᠶᠢᠨ ᠲᠥᠷᠥᠯ ᠵᠦᠢᠯ ᠢ ᠪᠣᠭᠤᠨᠢ ᠠᠭᠤᠯᠠ ᠳᠣᠪᠣᠷᠬᠠᠭ᠂ ᠥᠨᠳᠥᠷ ᠲᠡᠭᠰᠢ ᠭᠠᠵᠠᠷ᠂ ᠪᠣᠭᠤᠨᠢ ᠲᠡᠭᠰᠢ ᠭᠠᠵᠠᠷ ᠪᠠ ᠭᠤᠣᠯ ᠤᠨ ᠵᠢᠯᠠᠭᠠᠢ ᠭᠠᠵᠠᠷ ᠭᠡᠵᠦ ᠠᠩᠭᠢᠯᠠᠳᠠᠭ᠃       ᠠᠭᠤᠷ ᠠᠮᠢᠰᠬᠤᠯ ᠤᠨ ᠣᠨᠴᠠᠯᠢᠭ        ᠬᠠᠶᠢᠯᠠᠷ ᠪᠣᠯ ᠳᠤᠮᠳᠠ ᠰᠡᠷᠢᠭᠦᠨ ᠪᠦᠰᠡ ᠶᠢᠨ ᠵᠠᠷᠢᠮᠳᠤᠭ ᠭᠠᠩ ᠬᠠᠭᠤᠷᠠᠢ ᠡᠬᠡ ᠭᠠᠵᠠᠷ ᠤᠨ ᠴᠢᠨᠠᠷᠲᠠᠢ ᠬᠡᠭᠡᠷ᠎ᠡ ᠲᠠᠯ᠎ᠠ ᠶᠢᠨ ᠠᠭᠤᠷ ᠠᠮᠢᠰᠬᠤᠯ ᠳᠤ ᠬᠠᠷᠢᠶᠠᠯᠠᠭᠳᠠᠨ᠎ᠠ᠃ ᠥᠷᠭᠡᠷᠢᠭ ᠨᠢ ᠥᠨᠳᠥᠷ ᠰᠢᠭ᠂ ᠲᠡᠯᠡᠶ ᠲᠠᠩᠭᠢᠰ ᠠᠴᠠ ᠬᠤᠯᠠ ᠪᠥᠭᠡᠳ ᠶᠡᠭᠡ ᠬᠢᠩᠭᠠᠨ ᠳᠠᠪᠠᠭ᠎ᠠ ᠶᠢᠨ ᠬᠠᠯᠬᠠᠪᠴᠢ ᠶᠢᠨ ᠦᠢᠯᠡᠳᠦᠯ ᠠᠴᠠ ᠪᠣᠯᠵᠤ᠂ ᠴᠢᠭᠢᠭᠯᠢᠭ ᠲᠡᠯᠡᠶ ᠶᠢᠨ ᠴᠢᠨᠠᠷᠲᠠᠢ ᠠᠭᠤᠷ ᠠᠮᠢᠰᠬᠤᠯ ᠤᠨ ᠪᠥᠭᠡᠮ ᠤᠨ ᠨᠥᠯᠥᠭᠡ ᠨᠢ ᠪᠠᠭᠤᠷᠠᠵᠤ᠂ ᠶᠡᠬᠡᠩᠬᠢ ᠴᠠᠭ ᠲᠤ ᠰᠢᠪᠧᠷᠢᠶ᠎ᠠ ᠶᠢᠨ ᠥᠨᠳᠥᠷ ᠳᠠᠷᠤᠯᠲᠠ ᠶᠢᠨ ᠡᠵᠡᠮᠰᠢᠯ ᠳᠣᠣᠷ᠎ᠠ᠂ ᠳᠣᠣᠷᠠᠬᠢ ᠮᠡᠲᠦ ᠣᠷᠣᠨ ᠪᠦᠰᠡ ᠶᠢᠨ ᠠᠭᠤᠷ ᠠᠮᠢᠰᠬᠤᠯ ᠤᠨ ᠣᠨᠴᠠᠯᠢᠭ ᠢ ᠪᠣᠶ ᠪᠣᠯᠭᠠᠪᠠ᠄ ᠬᠠᠪᠤᠷ ᠤᠨ ᠤᠯᠠᠷᠢᠯ ᠳᠤ ᠰᠠᠯᠬᠢ ᠶᠡᠭᠡ ᠪᠣᠯᠪᠠᠴᠤ ᠪᠣᠷᠣᠭᠠᠨ ᠪᠠᠭ᠎ᠠ᠂ ᠠᠭᠤᠷᠰᠢᠯᠲᠠ ᠶᠢᠨ ᠬᠡᠮᠵᠢᠶ᠎ᠡ ᠨᠢ ᠶᠡᠭᠡ ᠪᠠᠶᠢᠳᠠᠭ︔ ᠵᠣᠨ ᠤ ᠤᠯᠠᠷᠢᠯ ᠰᠡᠷᠢᠭᠦᠨ ᠮᠥᠷᠲᠡᠭᠡᠨ ᠣᠭᠵᠣᠮ ᠪᠠᠶᠢᠵᠤ᠂ ᠬᠤᠷ᠎ᠠ ᠲᠤᠨᠳᠠᠰᠤ ᠲᠥᠪᠯᠡᠷᠡᠨ᠎ᠡ︔ ᠨᠠᠮᠤᠷ ᠤᠨ ᠤᠯᠠᠷᠢᠯ ᠳᠤ ᠳᠤᠯᠠᠭᠠᠨ ᠤ ᠬᠡᠮᠵᠢᠶ᠎ᠡ ᠪᠠᠭᠤᠷᠠᠬᠤ ᠨᠢ ᠲᠦᠷᠭᠡᠨ᠂ ᠬᠢᠷᠠᠭᠤ ᠤᠨᠠᠬᠤ ᠨᠢ ᠡᠷᠲᠡ︔ ᠡᠪᠦᠯ ᠤᠨ ᠤᠯᠠᠷᠢᠯ ᠬᠠᠬᠢᠷ ᠬᠦᠢᠲᠡᠨ ᠮᠦᠷᠲᠡᠭᠡᠨ ᠣᠷᠳᠣ ᠪᠠᠶᠢᠵᠤ᠂ ᠭᠠᠵᠠᠷ ᠤᠨ ᠭᠠᠳᠠᠷᠭᠤ ᠳᠤ ᠴᠠᠰᠤ ᠬᠤᠷᠠᠬᠤ ᠬᠤᠭᠤᠴᠠᠭ᠎ᠠ ᠨᠢ ᠣᠷᠳᠣ ᠪᠠᠶᠢᠳᠠᠭ᠃        ᠵᠢᠯ ᠤᠨ ᠳᠤᠮᠳᠠᠴᠢ ᠠᠭᠠᠷ ᠤᠨ ᠳᠤᠯᠠᠭᠠᠨ ᠨᠢ -1℃ ᠠᠴᠠ -2℃᠂ 1 ᠰᠠᠷ᠎ᠠ ︵ᠬᠠᠮᠤᠭ ᠤᠨ ᠬᠦᠢᠲᠡᠨ ᠰᠠᠷ᠎ᠠ︶ ᠶᠢᠨ ᠳᠤᠮᠳᠠᠴᠢ ᠳᠣᠣᠷ᠎ᠠ ᠳᠤᠯᠠᠭᠠᠨ  ᠨᠢ -30.83℃᠂ 7 ᠰᠠᠷ᠎ᠠ ︵ᠬᠠᠮᠤᠭ ᠤᠨ ᠬᠠᠯᠠᠭᠤᠨ ᠰᠠᠷ᠎ᠠ︶ ᠶᠢᠨ ᠳᠤᠮᠳᠠᠴᠢ ᠥᠨᠳᠥᠷ ᠳᠤᠯᠠᠭᠠᠨ ᠨᠢ 25.84℃ ᠪᠠᠶᠢᠳᠠᠭ᠃        ᠵᠢᠯ ᠤᠨ ᠳᠤᠮᠳᠠᠴᠢ ᠲᠤᠨᠳᠠᠰᠤᠨ ᠤ ᠬᠡᠮᠵᠢᠶ᠎ᠡ ᠨᠢ 350-370mm᠂ 1 ᠰᠠᠷ᠎ᠠ ᠶᠢᠨ ᠳᠤᠮᠳᠠᠴᠢ ᠲᠤᠨᠳᠠᠰᠤᠨ ᠤ ᠬᠡᠮᠵᠢᠶ᠎ᠡ ᠨᠢ 3.79 mm᠂ 7 ᠰᠠᠷ᠎ᠠ ᠶᠢᠨ ᠳᠤᠮᠳᠠᠴᠢ ᠲᠤᠨᠳᠠᠰᠤᠨ ᠤ ᠬᠡᠮᠵᠢᠶ᠎ᠡ ᠨᠢ 99.38 mm ᠪᠣᠯᠣᠨ᠎ᠠ᠃ ᠵᠢᠯ ᠤᠨ ᠨᠡᠷᠡᠨ ᠤ ᠲᠤᠰᠤᠯᠲᠠ ᠶᠢᠨ ᠴᠠᠭ ᠤᠨ ᠲᠤᠭ᠎ᠠ ᠨᠢ ᠳᠤᠮᠳᠠᠴᠢ ᠪᠠᠷ 2800 ᠴᠠᠭ ᠪᠠᠶᠢᠳᠠᠭ᠃        ᠬᠢᠷᠠᠭᠤ ᠦᠭᠡᠢ ᠬᠤᠭᠤᠴᠠᠭ᠎ᠠ ᠨᠢ ᠳᠤᠮᠳᠠᠴᠢ ᠪᠠᠷ 130 ᠡᠳᠦᠷ ᠪᠠᠶᠢᠵᠤ᠂ 5-9 ᠰᠠᠷ᠎ᠠ ᠶᠢᠨ ᠳᠤᠮᠳᠠᠴᠢ ᠳᠣᠣᠷ᠎ᠠ ᠳᠤᠯᠠᠭᠠᠨ ᠨᠢ 0℃ ᠠᠴᠠ ᠦᠨᠳᠦᠷ ᠪᠠᠶᠢᠳᠠᠭ᠃       ᠪᠠᠶᠢᠭᠠᠯᠢ ᠶᠢᠨ ᠡᠬᠢ ᠪᠠᠶᠠᠯᠢᠭ       ᠭᠠᠵᠠᠷ ᠰᠢᠷᠤᠢ ᠶᠢᠨ ᠬᠢ ᠪᠠᠶᠠᠯᠢᠭ        ᠬᠠᠶᠢᠯᠠᠷ ᠲᠣᠭᠤᠷᠢᠭ ᠤᠨ ᠬᠥᠷᠥᠰᠥᠨ ᠤ ᠡᠬᠡ ᠪᠣᠳᠠᠰ ᠤᠨ ᠲᠥᠷᠥᠯ ᠵᠦᠢᠯ ᠢ ᠲᠡᠭᠦᠨ ᠤ ᠪᠦᠲᠦᠭᠰᠡᠨ ᠬᠥᠷᠥᠰᠥᠨ ᠤ ᠡᠬᠡ ᠪᠣᠳᠠᠰ ᠤᠨ ᠲᠥᠷᠥᠯ ᠵᠦᠢᠯ ᠢᠶᠠᠷ ᠨᠢ ᠭᠤᠣᠯᠳᠠᠭᠤ ᠦᠯᠡᠳᠡᠭᠳᠡᠯ ᠲᠤᠨᠤᠮᠠᠯ ᠨᠠᠯᠠᠤ ᠶᠢᠨ ᠲᠤᠨᠤᠮᠠᠯ ᠪᠣᠳᠠᠰ ᠤᠨ ᠡᠬᠡ ᠪᠣᠳᠠᠰ᠂ ᠰᠢᠷ᠎ᠠ ᠰᠢᠷᠣᠶᠢᠲᠤ ᠪᠣᠳᠠᠰ ᠤᠨ ᠡᠬᠡ ᠪᠣᠳᠠᠰ᠂ ᠦᠶᠡᠷ ᠤᠨ ᠲᠤᠨᠤᠮᠠᠯ ᠪᠣᠳᠠᠰ ᠤᠨ ᠡᠬᠡ ᠪᠣᠳᠠᠰ ᠪᠠ ᠰᠠᠯᠬᠢᠨ ᠡᠯᠡᠰᠦᠨ ᠤ ᠪᠣᠳᠠᠰ ᠤᠨ ᠡᠬᠡ ᠪᠣᠳᠠᠰ ᠵᠡᠷᠭᠡ ᠲᠠᠪᠤᠨ ᠵᠦᠢᠯ ᠬᠤᠪᠢᠶᠠᠳᠠᠭ᠃ ᠡᠭᠦᠨ ᠤ ᠰᠠᠭᠤᠷᠢᠨ ᠳᠡᠭᠡᠷ᠎ᠡ 5 ᠬᠥᠷᠥᠰᠥᠨ ᠤ ᠲᠥᠷᠥᠯ᠂ 16 ᠳᠡᠳ᠋ ᠲᠥᠷᠥᠯ ᠪᠣᠯᠣᠨ ᠪᠣᠶᠢᠵᠢᠵᠠᠢ᠃        1. ᠬᠠᠷ᠎ᠠ ᠺᠠᠯᠽᠳᠤ ᠬᠥᠷᠥᠰᠥ᠄ ᠲᠣᠭᠤᠷᠢᠭ ᠤᠨ ᠵᠡᠭᠦᠨ ᠬᠡᠰᠡᠭ ᠤᠨ ᠳᠣᠪᠣᠷᠬᠠᠭ ᠣᠷᠣᠨ ᠢᠶᠠᠷ ᠲᠠᠷᠬᠠᠳᠠᠭ᠃       2. ᠬᠦᠷᠡᠩ ᠺᠠᠯᠽᠳᠤ ᠬᠥᠷᠥᠰᠥ᠄ ᠲᠣᠭᠤᠷᠢᠭ ᠤᠨ ᠬᠠᠷᠢᠶ᠎ᠠ ᠣᠷᠣᠨ ᠤ ᠥᠷᠭᠡᠨ ᠠᠭᠤᠳᠠᠮ ᠲᠠᠯ᠎ᠠ ᠭᠠᠵᠠᠷ ᠲᠠᠷᠬᠠᠵᠤ ᠪᠠᠶᠢᠳᠠᠭ᠃       3. ᠪᠠᠷᠠᠭᠠᠨ ᠥᠩᠭᠡᠲᠡᠢ ᠨᠤᠭᠤ ᠶᠢᠨ ᠬᠥᠷᠥᠰᠥ᠄ ᠭᠤᠣᠯᠳᠠᠭᠤ ᠬᠠᠶᠢᠯᠠᠷ ᠭᠤᠣᠯ ᠪᠣᠯᠣᠨ ᠢᠮᠢᠨ ᠭᠤᠣᠯ ᠤᠨ ᠬᠥᠨᠳᠡᠢ ᠶᠢᠨ ᠱᠠᠲᠤᠯᠢᠭ ᠭᠠᠵᠠᠷ ᠪᠣᠯᠣᠨ ᠭᠤᠣᠯ ᠤᠨ ᠰᠠᠶᠢᠷᠭᠠᠯ ᠭᠠᠵᠠᠷ ᠲᠤ ᠲᠠᠷᠬᠠᠳᠠᠭ᠃       4. ᠨᠠᠮᠤᠭ ᠤᠨ ᠬᠥᠷᠥᠰᠥ᠄ ᠭᠤᠣᠯᠳᠠᠭᠤ ᠬᠠᠶᠢᠯᠠᠷ ᠭᠤᠣᠯ ᠪᠣᠯᠣᠨ ᠢᠮᠢᠨ ᠭᠤᠣᠯ ᠤᠨ ᠳᠣᠣᠷ᠎ᠠ ᠱᠠᠲᠤᠯᠢᠭ ᠭᠠᠵᠠᠷ᠂ ᠭᠤᠣᠯ ᠤᠨ ᠰᠠᠶᠢᠷᠭᠠᠯ ᠭᠠᠵᠠᠷ ᠪᠣᠯᠣᠨ ᠨᠠᠭᠤᠷ ᠴᠦᠬᠦᠷᠦᠮ ᠤᠨ ᠨᠠᠮᠤᠭ ᠭᠠᠵᠠᠷ ᠤᠨ ᠣᠷᠴᠢᠮ ᠳᠤ ᠲᠠᠷᠬᠠᠳᠠᠭ᠃       5. ᠰᠠᠯᠬᠢ ᠡᠯᠡᠰᠦᠲᠦ ᠬᠥᠷᠥᠰᠥ᠄ ᠭᠤᠣᠯᠳᠠᠭᠤ ᠬᠠᠷᠢᠶ᠎ᠠ ᠭᠠᠵᠠᠷ ᠤᠨ ᠪᠠᠷᠠᠭᠤᠨ ᠠᠭᠤᠯᠠ᠂ ᠬᠤᠲᠠ ᠶᠢᠨ ᠬᠤᠶᠢᠲᠦ ᠬᠡᠰᠡᠭ ᠤᠨ ᠵᠠᠷᠢᠮ ᠦᠨᠳᠦᠷᠯᠢᠭ ᠲᠠᠯ᠎ᠠ ᠂ ᠢᠮᠢᠨ ᠭᠤᠣᠯ ᠤᠨ ᠵᠡᠭᠦᠨ ᠡᠷᠭᠢ ᠶᠢᠨ ᠱᠠᠲᠤᠯᠢᠭ ᠭᠠᠵᠠᠷ ᠤᠨ ᠡᠮᠦᠨ᠎ᠡ ᠬᠡᠰᠡᠭ ᠤᠨ ᠡᠮᠡᠭᠡᠯᠲᠦ ᠠᠭᠤᠯᠠ ᠪᠣᠯᠣᠨ ᠠᠷᠪᠠᠨ ᠵᠢᠷᠭᠤᠳᠤᠭᠠᠷ ᠲᠣᠰᠬᠤᠨ ᠢᠶᠠᠷ ᠲᠠᠷᠬᠠᠳᠠᠭ         ᠤᠰᠤᠨ ᠤ ᠡᠬᠢ ᠪᠠᠶᠠᠯᠢᠭ        ᠬᠠᠶᠢᠯᠠᠷ ᠲᠣᠭᠤᠷᠢᠭ ᠤᠨ ᠤᠰᠤᠨ ᠤ ᠡᠬᠢ ᠪᠠᠶᠠᠯᠢᠭ ᠲᠤ ᠪᠣᠷᠣᠭᠠᠨ ᠠᠴᠠ ᠭᠠᠳᠠᠨ᠎ᠠ᠂ ᠪᠠᠰᠠ ᠭᠠᠵᠠᠷ ᠤᠨ ᠭᠠᠳᠠᠷᠭᠤ ᠶᠢᠨ ᠤᠰᠤ ᠪᠠ ᠭᠠᠵᠠᠷ ᠳᠣᠣᠷᠠᠬᠢ ᠤᠰᠤ ᠪᠠᠶᠢᠳᠠᠭ᠃        ︵1︶ ᠭᠤᠣᠯ ᠮᠥᠷᠡᠨ᠄ ᠬᠠᠶᠢᠯᠠᠷ ᠲᠣᠭᠤᠷᠢᠭ ᠤᠨ ᠬᠢᠯᠢ ᠳᠣᠲᠣᠷ᠎ᠠ ᠢᠮᠢᠨ ᠭᠤᠣᠯ ᠪᠠ ᠬᠠᠶᠢᠯᠠᠷ ᠭᠤᠣᠯ ᠭᠡᠬᠦ ᠬᠤᠶᠠᠷ ᠨᠡᠯᠢᠶᠡᠳ ᠶᠡᠭᠡ ᠭᠠᠳᠠᠭᠠᠳᠤ ᠠᠴᠠ ᠣᠷᠣᠵᠤ ᠬᠢᠯᠢ ᠪᠠᠷ ᠥᠩᠭᠡᠷᠡᠬᠦ ᠭᠤᠣᠯ ᠮᠥᠷᠡᠨ ᠪᠠᠶᠢᠨ᠎ᠠ᠃ ᠬᠤᠶᠠᠷ ᠭᠤᠣᠯ ᠮᠥᠷᠡᠨ ᠪᠦᠷ ᠡᠷᠭᠦᠨ᠎ᠡ ᠭᠤᠣᠯ ᠤᠨ ᠤᠰᠤᠨ ᠰᠢᠰᠲ᠋ᠧᠮ ᠳᠤ ᠬᠠᠷᠢᠶᠠᠯᠠᠭᠳᠠᠨ᠎ᠠ᠂ ᠤᠰᠤᠨ ᠤ ᠭᠠᠳᠠᠷᠭᠤ ᠶᠢᠨ ᠲᠠᠯᠠᠪᠠᠢ ᠨᠢ5.02 ᠲᠦᠮᠡᠨ ᠮᠦ᠃       ︵2︶ ᠨᠠᠭᠤᠷ ᠤᠨ ᠴᠥᠪᠥᠷᠢᠭᠦᠦ ᠭᠤᠤ ᠶᠢᠨ ᠰᠠᠯᠠᠭ᠎ᠠ᠄ ᠬᠠᠶᠢᠯᠠᠷ ᠲᠣᠭᠤᠷᠢᠭ ᠤᠨ ᠨᠠᠭᠤᠷ ᠤᠨ ᠴᠥᠪᠥᠷᠢᠭᠦᠦ ᠭᠤᠤ ᠶᠢᠨ ᠰᠠᠯᠠᠭ᠎ᠠ ᠨᠢ 34 ᠪᠠᠶᠢᠵᠤ᠂ ᠶᠡᠷᠦᠩᠬᠡᠢ ᠲᠠᠯᠠᠪᠠᠶ ᠨᠢ 2955 ᠾᠧᠺᠲ᠋ᠠᠷ ᠪᠠᠶᠢᠳᠠᠭ᠃        ᠬᠠᠶᠢᠯᠠᠷ ᠲᠣᠭᠤᠷᠢᠭ ᠤᠨ ᠭᠠᠵᠠᠷ ᠳᠣᠣᠷᠠᠬᠢ ᠤᠰᠤᠨ ᠤ ᠡᠬᠢ ᠪᠠᠶᠠᠯᠢᠭ ᠪᠤᠶ ᠪᠣᠯᠤᠭᠰᠠᠨ ᠪᠠ ᠲᠠᠷᠬᠠᠭᠰᠠᠨ ᠨᠢ ᠭᠠᠵᠠᠷ ᠤᠨ ᠲᠣᠭᠲᠠᠴᠠ᠂ ᠣᠷᠣᠨ ᠪᠦᠰᠡ᠂ ᠭᠠᠵᠠᠷ ᠤᠨ ᠭᠠᠳᠠᠷᠭᠤ᠂ ᠭᠠᠵᠠᠷ ᠤᠨ ᠪᠠᠶᠢᠴᠠ ᠪᠠ ᠠᠭᠤᠷ ᠠᠮᠢᠰᠬᠤᠯ ᠤᠨ ᠨᠥᠬᠦᠴᠡᠯ ᠤᠨ ᠡᠵᠡᠮᠰᠢᠯ ᠪᠠ ᠨᠥᠯᠥᠭᠡ ᠠᠴᠠ ᠪᠣᠯᠵᠤ᠂ ᠭᠤᠣᠯᠳᠠᠭᠤ ᠳᠥᠷᠪᠡᠳᠦᠭᠡᠷ ᠰᠢᠰᠲ᠋ᠧᠮ ᠤᠨ ᠲᠤᠨᠤᠮᠠᠯ ᠡᠯᠡᠰᠦᠨ ᠬᠠᠶᠢᠷ ᠤᠨ ᠵᠠᠪᠰᠠᠷ ᠤᠨ ᠳᠠᠯᠳᠠ ᠤᠰᠤ ᠵᠡᠷᠭᠡ ᠭᠤᠷᠪᠠᠨ ᠵᠦᠢᠯ ᠪᠤᠶ᠂ ᠳᠠᠷᠤᠢ ᠳᠥᠷᠪᠡᠳᠦᠭᠡᠷ ᠰᠢᠰᠲ᠋ᠧᠮ ᠤᠨ ᠲᠤᠨᠤᠮᠠᠯ ᠡᠯᠡᠰᠦᠨ ᠬᠠᠶᠢᠷ ᠤᠨ ᠳᠠᠪᠬᠤᠷᠭ᠎ᠠ ᠶᠢᠨ ᠵᠠᠪᠰᠠᠷ ᠤᠨ ᠳᠠᠯᠳᠠ ᠤᠰᠤ᠂ ᠴᠠᠷᠳᠠ ᠶᠢᠨ ᠰᠢᠰᠲ᠋ᠧᠮ᠂ ᠶᠦᠷ ᠤᠨ ᠰᠢᠰᠲ᠋ᠧᠮ ᠤᠨ ᠡᠯᠡᠰᠦᠨ ᠬᠠᠶᠢᠷ ᠤᠨ ᠴᠢᠯᠠᠭᠤᠯᠢᠭ᠂ ᠡᠯᠡᠰᠦᠨ ᠴᠢᠯᠠᠭᠤᠯᠢᠭ ᠤᠨ ᠳᠠᠷᠤᠯᠲᠠᠲᠤ ᠤᠰᠤ᠂ ᠰᠠᠭᠤᠷᠢ ᠴᠢᠯᠠᠭᠤᠯᠢᠭ ᠤᠨ ᠲᠣᠭᠲᠠᠴᠠ ᠶᠢᠨ ᠥᠭᠢᠷᠡᠰᠢᠭᠰᠡᠨ ᠠᠩ ᠵᠠᠪᠰᠠᠷ ᠤᠨ ᠤᠰᠤ ᠪᠣᠯᠣᠨ᠎ᠠ᠃       ᠤᠷᠭᠤᠮᠠᠯ ᠤᠨ ᠬᠤᠴᠢᠯᠭ᠎ᠠ ᠶᠢᠨ ᠡᠬᠢ ᠪᠠᠶᠠᠯᠢᠭ       ᠬᠠᠶᠢᠯᠠᠷ ᠲᠣᠭᠤᠷᠢᠭ ᠤᠨ ᠪᠠᠶᠢᠭᠠᠯᠢ ᠶᠢᠨ ᠤᠷᠭᠤᠮᠠᠯ ᠤᠨ ᠬᠤᠴᠢᠯᠭ᠎ᠠ ᠨᠢ ᠵᠢᠷᠭᠤᠭᠠᠨ ᠵᠦᠢᠯ ᠤᠨ ᠬᠡᠯᠪᠡᠷᠢ ᠲᠠᠢ ᠪᠠᠶᠢᠳᠠᠭ᠃        1. ᠳᠤᠮᠳᠠ ᠵᠡᠷᠭᠡ ᠶᠢᠨ ᠡᠪᠡᠰᠦᠲᠦ ᠨᠤᠭᠤ ᠶᠢᠨ ᠨᠤᠲᠤᠭ ᠪᠡᠯᠴᠢᠭᠡᠷ ᠤᠨ ᠤᠷᠭᠤᠮᠠᠯ ᠤᠨ ᠬᠤᠴᠢᠯᠭ᠎ᠠ᠄ ᠭᠤᠣᠯᠳᠠᠭᠤ ᠲᠣᠭᠤᠷᠢᠭ ᠤᠨ ᠵᠡᠭᠦᠨ ᠬᠡᠰᠡᠭ ᠤᠨ ᠪᠣᠭᠤᠨᠢ ᠠᠭᠤᠯᠠ ᠳᠣᠪᠤ ᠭᠠᠵᠠᠷ ᠲᠤ ᠲᠠᠷᠬᠠᠳᠠᠭ᠃ ᠡᠨᠡ ᠤᠷᠭᠤᠮᠠᠯ ᠤᠨ ᠪᠦᠷᠬᠦᠴᠡ ᠳᠣᠣᠷ᠎ᠠ ᠪᠣᠢ ᠪᠣᠯᠣᠭᠰᠠᠨ ᠬᠦᠷᠦᠰᠦ ᠨᠢ ᠬᠠᠷ᠎ᠠ ᠺᠠᠯᠽᠲᠤ ᠰᠢᠷᠣᠢ ᠪᠣᠯᠣᠨ᠎ᠠ᠃       2. ᠲᠣᠮᠣ ᠬᠢᠯᠭᠠᠨ᠎ᠠ ᠶᠢᠨ ᠬᠡᠭᠡᠷ᠎ᠡ ᠶᠢᠨ ᠤᠷᠭᠤᠮᠠᠯ ᠤᠨ ᠬᠤᠴᠢᠯᠭ᠎ᠠ᠄ ᠲᠣᠭᠤᠷᠢᠭ ᠤᠨ ᠦᠨᠳᠦᠷᠯᠢᠭ ᠲᠠᠯ᠎ᠠ ᠳᠡᠭᠡᠷ᠎ᠡ ᠲᠠᠷᠬᠠᠵᠤ ᠪᠠᠶᠢᠨ᠎ᠠ᠃ ᠤᠷᠭᠤᠮᠠᠯ ᠤᠨ ᠪᠦᠷᠬᠦᠴᠡ ᠳᠣᠣᠷᠠᠬᠢ ᠬᠦᠷᠦᠰᠦ ᠨᠢ ᠬᠦᠷᠡᠩ ᠺᠠᠯᠽᠳᠤ ᠬᠥᠷᠥᠰᠥ ᠪᠣᠯᠣᠨ᠎ᠠ᠃       3. ᠨᠤᠭᠤ ᠶᠢᠨ ᠤᠷᠭᠤᠮᠠᠯ ᠤᠨ ᠬᠤᠴᠢᠯᠭ᠎ᠠ᠄ ᠬᠠᠶᠢᠯᠠᠷ ᠭᠤᠣᠯ᠂ ᠢᠮᠢᠨ ᠭᠤᠣᠯ ᠤᠨ ᠬᠤᠶᠠᠷ ᠡᠷᠭᠢ ᠶᠢᠨ ᠭᠤᠣᠯ ᠤᠨ ᠬᠥᠨᠳᠡᠢ ᠶᠢᠨ ᠱᠠᠲᠤᠯᠢᠭ ᠭᠠᠵᠠᠷ ᠢᠶᠠᠷ ᠲᠠᠷᠬᠠᠵᠤ ᠪᠤᠢ᠃ ᠤᠷᠭᠤᠮᠠᠯ ᠤᠨ ᠬᠤᠴᠢᠯᠭ᠎ᠠ ᠶᠢᠨ ᠲᠤᠤᠷᠠᠬᠢ ᠬᠦᠷᠦᠰᠦ ᠨᠢ ᠬᠦᠨ ᠦᠩᠭᠡᠳᠦ ᠡᠪᠡᠰᠦᠲᠦ ᠲᠠᠯ᠎ᠠ ᠶᠢᠨ ᠰᠢᠷᠤᠢ᠂ ᠬᠡᠰᠡᠭ ᠵᠦᠯᠭᠡᠯᠢᠭ ᠬᠠᠷ᠎ᠠ ᠺᠠᠯᠼᠲᠦ ᠰᠢᠷᠤᠢ ᠪᠠ ᠵᠦᠯᠭᠡᠯᠢᠭ ᠬᠦᠷᠡᠩ ᠺᠠᠯᠼᠲᠦ ᠰᠢᠷᠤᠢ ᠪᠤᠯᠤᠨ᠎ᠠ᠃       4. ᠬᠤᠵᠢᠷᠯᠢᠭ ᠴᠢᠭᠢᠭᠯᠢᠭ ᠬᠤᠨᠢᠨ ᠡᠪᠡᠰᠦᠲᠦ ᠬᠡᠭᠡᠷ᠎ᠡ ᠲᠠᠯ᠎ᠠ ᠶᠢᠨ ᠤᠷᠭᠤᠮᠠᠯ ᠤᠨ ᠬᠤᠴᠢᠯᠭ᠎ᠠ᠄ ᠭᠤᠣᠯ ᠤᠨ ᠬᠥᠨᠳᠡᠢ ᠶᠢᠨ ᠮᠠᠩᠬᠠᠨ ᠭᠠᠵᠠᠷ ᠪᠠ ᠨᠠᠭᠤᠷ ᠤᠨ ᠡᠷᠭᠢᠨ ᠲᠣᠭᠤᠷᠢᠨ ᠳᠤ ᠪᠠᠶᠢᠳᠠᠭ᠃ ᠤᠷᠭᠤᠮᠠᠯ ᠤᠨ ᠬᠤᠴᠢᠯᠭ᠎ᠠ ᠶᠢᠨ ᠲᠤᠤᠷᠠᠬᠢ ᠬᠦᠷᠦᠰᠦ ᠨᠢ ᠬᠤᠵᠢᠷᠰᠢᠭᠰᠠᠨ ᠵᠦᠯᠭᠡ ᠶᠢᠨ ᠰᠢᠷᠤᠢ ᠪᠠ ᠬᠤᠵᠢᠷᠰᠢᠭᠰᠠᠨ ᠵᠦᠯᠭᠡ ᠶᠢᠨ ᠺᠠᠯᠼᠳᠤ ᠰᠢᠷᠤᠢ ᠪᠤᠯᠤᠨ᠎ᠠ᠃       5. ᠨᠠᠮᠤᠭ ᠤᠨ ᠤᠷᠭᠤᠮᠠᠯ ᠤᠨ ᠬᠤᠴᠢᠯᠭ᠎ᠠ᠄ ᠬᠠᠶᠢᠯᠠᠷ ᠭᠤᠤᠯ᠂ ᠢᠮᠢᠨ ᠭᠤᠤᠯ ᠤᠨ ᠬᠤᠶᠠᠷ ᠡᠷᠭᠢ ᠪᠤᠯᠤᠨ ᠨᠠᠭᠤᠷ ᠤᠨ ᠬᠦᠪᠡᠭᠡ ᠲᠠᠭᠠᠤ ᠭᠠᠵᠠᠷ ᠲᠤ ᠪᠠᠶᠢᠳᠠᠭ᠃ ᠤᠷᠭᠤᠮᠠᠯ ᠤᠨ ᠬᠤᠴᠢᠯᠭ᠎ᠠ ᠶᠢᠨ ᠲᠤᠤᠷᠠᠬᠢ ᠬᠦᠷᠦᠰᠦ ᠨᠢ ᠨᠠᠮᠤᠭ ᠤᠨ ᠰᠢᠷᠤᠢ ᠪᠠ ᠡᠪᠡᠰᠦᠲᠦ ᠲᠠᠯ᠎ᠠ ᠶᠢᠨ ᠨᠠᠮᠤᠭ ᠤᠨ ᠰᠢᠷᠤᠢ ᠪᠤᠯᠤᠨ᠎ᠠ᠃       6. ᠡᠯᠡᠰᠦᠨ ᠤ ᠤᠷᠭᠤᠮᠠᠯ ᠤᠨ ᠬᠤᠴᠢᠯᠭ᠎ᠠ᠄ ᠬᠠᠶᠢᠯᠠᠷ ᠲᠣᠭᠤᠷᠢᠭ ᠤᠨ ᠪᠠᠷᠠᠭᠤᠨ ᠬᠡᠰᠡᠭ᠂ ᠢᠮᠢᠨ ᠭᠤᠣᠯ ᠤᠨ ᠵᠡᠭᠦᠨ ᠡᠷᠭᠢ ᠵᠢᠴᠢ ᠠᠷᠪᠠᠨ ᠵᠢᠷᠭᠤᠭᠠᠳᠤᠭᠠᠷ ᠲᠣᠰᠬᠤᠨ ᠢᠶᠠᠷ ᠲᠠᠷᠬᠠᠵᠤ ᠪᠤᠢ᠃ ᠤᠷᠭᠤᠮᠠᠯ ᠤᠨ ᠬᠤᠴᠢᠯᠭ᠎ᠠ ᠶᠢᠨ ᠲᠤᠤᠷᠠᠬᠢ ᠬᠦᠷᠦᠰᠦ ᠨᠢ ᠬᠠᠭᠠᠰ ᠲᠤᠭᠲᠠᠪᠦᠷᠢᠵᠢᠭ᠌ᠰᠠᠨ ᠡᠯᠡᠰᠦᠨ ᠰᠢᠷᠤᠢ ᠪᠣᠯᠣᠨ ᠲᠤᠭᠲᠠᠪᠦᠷᠢᠵᠢᠭ᠌ᠰᠠᠨ ᠡᠯᠡᠰᠦᠨ ᠰᠢᠷᠤᠢ ᠪᠤᠯᠤᠨ᠎ᠠ᠃       ᠠᠭᠤᠷᠬᠠᠢ ᠶᠢᠨ ᠡᠬᠢ ᠪᠠᠶᠠᠯᠢᠭ       ᠬᠠᠶᠢᠯᠠᠷ ᠲᠣᠭᠤᠷᠢᠭ ᠤᠨ ᠬᠢᠯᠢ ᠳᠣᠲᠣᠷ᠎ᠠ ᠠᠯᠲᠠ᠂ ᠮᠥᠩᠭᠦ᠂ ᠮᠣᠯᠢᠪᠳᠧᠨ᠂ ᠬᠠᠷ᠎ᠠ ᠲᠤᠭᠤᠯᠭ᠎ᠠ᠂ ᠵᠡᠰ᠂ ᠴᠢᠯᠠᠭᠤᠨ ᠲᠣᠰᠣ ᠵᠡᠷᠭᠡ 40 ᠭᠠᠷᠤᠢ ᠵᠦᠢᠯ ᠤᠨ ᠠᠭᠤᠷᠬᠠᠢ ᠶᠢᠨ ᠭᠠᠷᠤᠯᠲᠠ ᠲᠠᠢ᠃ 2008 ᠣᠨ ᠪᠣᠯᠲᠠᠯ᠎ᠠ᠂ ᠬᠠᠶᠢᠯᠠᠷ ᠲᠣᠭᠤᠷᠢᠭ ᠤᠨ ᠬᠢᠯᠢ ᠳᠣᠲᠣᠷᠠᠬᠢ ᠰᠢᠷᠠᠲᠠᠯ᠎ᠠ ᠶᠢᠨ ᠲᠡᠮᠦᠷ ᠴᠠᠶᠢᠷ ᠤᠨ ᠠᠭᠤᠷᠬᠠᠢ ᠶᠢᠨ ᠬᠠᠳᠠᠭᠠᠯᠠᠭᠳᠠᠴᠠ 5851 ᠲᠦᠮᠡᠨ ᠲᠣᠨ ᠳᠤ ᠬᠦᠷᠴᠡᠢ᠂ ᠳ᠋ᠠ ᠶᠠᠨ ᠨᠡᠭᠦᠷᠡᠰᠦᠨ ᠠᠭᠤᠷᠬᠠᠢ ᠪᠠ ᠬᠠᠭᠤᠴᠢᠨ ᠪᠠᠷᠭᠤ ᠬᠤᠰᠢᠭᠤᠨ ᠤ ᠪᠣᠷᠣ ᠰᠢᠯᠢ ᠨᠡᠭᠦᠷᠡᠰᠦᠨ ᠠᠭᠤᠷᠬᠠᠢ ᠨᠢ ᠪᠦᠷ ᠬᠠᠶᠢᠯᠠᠷ ᠲᠣᠭᠤᠷᠢᠭ ᠤᠨ ᠬᠢᠯᠢ ᠳᠤ ᠬᠦᠷᠲᠡᠯ᠎ᠡ ᠦᠷᠭᠦᠯᠵᠢᠯᠡᠵᠡᠢ᠂ ᠴᠣᠬᠤᠢ ᠶᠢᠨ ᠴᠢᠯᠠᠭᠤ ᠶᠢᠨ ᠬᠠᠶᠢᠨ ᠲᠣᠳᠣᠯᠠᠭᠳᠠᠭᠰᠠᠨ ᠬᠠᠳᠠᠭᠠᠯᠠᠭᠳᠠᠴᠠ 3348 ᠲᠦᠮᠡᠨ ᠲᠣᠨ᠂ ᠪᠠᠷᠠᠭᠤᠨ ᠠᠭᠤᠯᠠ ᠶᠢᠨ ᠴᠠᠬᠢᠭᠤᠷᠲᠤ ᠡᠯᠡᠰᠦ ᠨᠢ ᠲᠣᠮᠣ ᠬᠡᠯᠪᠡᠷᠢ ᠶᠢᠨ ᠠᠭᠤᠷᠬᠠᠢ ᠳᠤ ᠬᠠᠷᠢᠶᠠᠯᠠᠭᠳᠠᠨ᠎ᠠ᠃       ᠠᠮᠢᠳᠤ ᠪᠣᠳᠠᠰ ᠤᠨ ᠡᠬᠢ ᠪᠠᠶᠠᠯᠢᠭ       ᠡᠮ ᠳᠤ ᠣᠷᠣᠬᠤ ᠤᠷᠭᠤᠮᠠᠯ᠄ ᠬᠠᠶᠢᠯᠠᠷ ᠲᠣᠭᠤᠷᠢᠭ ᠲᠤ ᠬᠥᠬᠡ ᠳᠡᠯᠳᠡᠦ᠂ ᠪᠣᠷᠴᠠ ᠡᠪᠡᠰᠦ᠂  ᠪᠠᠭᠪᠠᠭ᠋ᠠᠢ ᠴᠡᠴᠡᠭ᠂ ᠲᠥᠮᠥᠰᠥ᠂ ᠬᠠᠰ ᠬᠤᠯᠤᠰᠤ᠂ ᠰᠠᠷᠠᠨ᠎ᠠ᠂ ᠨᠡᠷᠡᠨ ᠨᠣᠭᠤᠭ᠎ᠠ᠂ ᠴᠢᠨ᠋ᠸ᠎ᠠ ᠶᠢᠨ ᠬᠤᠣᠷ᠂ ᠬᠡᠭᠡᠷ᠎ᠡ ᠶᠢᠨ ᠰᠠᠷᠭᠠᠢ᠂ ᠱᠦᠭᠦᠷᠭᠡᠨ᠎ᠡ᠂ ᠬᠤᠨᠴᠢᠷ᠂ ᠤᠯᠠᠭᠠᠨ ᠴᠠᠨ᠎ᠠ᠂ ᠰᠤᠶᠢᠬ᠎ᠠ᠂ ᠰᠢᠷ᠎ᠠ ᠴᠡᠴᠡᠭ ᠤᠨ ᠦᠨᠳᠦᠰᠦ᠂ ᠰᠢᠷ᠎ᠠ ᠴᠡᠴᠡᠭ ᠤᠨ ᠦᠷ᠎ᠡ᠂ ᠵᠠᠢ ᠪᠤᠭᠤᠳᠠᠢ᠂ ᠵᠠᠪᠠᠶ ᠣᠯᠣᠰᠤ᠂ ᠴᠠᠭᠠᠨ ᠦᠷ᠎ᠡ᠂ ᠭᠤᠭᠤᠳ ᠤᠨ ᠦᠷ᠎ᠡ᠂ ᠮᠠᠯᠤᠷ ᠡᠪᠡᠰᠦ᠂ ᠴᠠᠭᠠᠨ ᠤᠯᠠᠯᠵᠢ ᠶᠢᠨ ᠦᠨᠳᠦᠰᠦ᠂ ᠵᠣᠷᠭᠤᠳᠠᠰᠤ᠂ ᠳᠥᠷᠪᠡᠯᠵᠢ ᠡᠪᠡᠰᠦ᠂ ᠴᠢᠨ᠋ᠸ᠎ᠠ ᠶᠢᠨ ᠡᠪᠡᠷ ᠡᠪᠡᠰᠦ᠂ ᠤᠯᠠᠭᠠᠨ ᠠᠵᠠᠷᠭᠠᠨ᠎ᠠ᠂ ᠵᠢᠵᠢᠭ ᠠᠵᠠᠷᠭᠠᠨ᠎ᠠ ᠵᠡᠷᠭᠡ ᠵᠠᠭᠤᠭᠠᠳ ᠵᠦᠢᠯ ᠪᠤᠶ᠃ ᠬᠡᠭᠡᠷ᠎ᠡ ᠶᠢᠨ ᠬᠤᠯᠢᠰᠢᠨ ᠢᠳᠡᠭᠡᠨ ᠤ ᠤᠷᠭᠤᠮᠠᠯ ᠳᠤ ᠭᠤᠣᠯᠳᠠᠭᠤ ᠰᠢᠷ᠎ᠠ ᠴᠡᠴᠡᠭᠲᠦ ᠨᠤᠭᠤᠭ᠎ᠠ᠂ ᠬᠥᠷᠥᠰᠥᠨ ᠵᠠᠮᠠᠭ᠂ ᠬᠡᠭᠡᠷ᠎ᠡ ᠶᠢᠨ ᠭᠤᠭᠤᠳ ᠵᠡᠷᠭᠡ ᠪᠤᠢ᠃ ᠢᠳᠡᠭᠡᠨ ᠤ ᠮᠥᠭᠦ ᠳᠤ ᠭᠤᠣᠯᠳᠠᠭᠤ ᠴᠠᠭᠠᠨ ᠮᠥᠭᠦ᠂ ᠠᠯᠠᠭ ᠴᠢᠷᠠᠶᠢᠲᠤ ᠮᠥᠭᠦ᠂ ᠡᠪᠡᠰᠦᠨ ᠮᠥᠭᠦ ᠪᠠ ᠨᠠᠷᠠᠰᠤᠨ ᠮᠥᠭᠦ ᠵᠡᠷᠭᠡ ᠪᠤᠶ᠃ ᠬᠡᠭᠡᠷ᠎ᠡ ᠶᠢᠨ ᠵᠢᠮᠢᠰ ᠤᠨ ᠤᠷᠭᠤᠮᠠᠯ ᠭᠤᠣᠯᠳᠠᠭᠤ ᠠᠭᠤᠯᠠ ᠶᠢᠨ ᠤᠯᠠᠯᠵᠢ᠂ ᠤᠯᠠᠭᠠᠨ ᠭᠦᠢᠯᠡᠰᠦ᠂ ᠳ᠋ᠧᠩᠯᠦ ᠵᠢᠮᠢᠰ᠂ ᠥᠷᠭᠡᠰᠦᠲᠦ ᠭᠦᠢᠯᠡᠰᠦ᠂ ᠬᠦᠢᠯᠡᠰᠦ ᠵᠡᠷᠭᠡ ᠪᠣᠢ᠃ ᠤᠰᠤᠨ ᠤ ᠤᠷᠭᠤᠮᠠᠯ ᠭᠤᠣᠯᠳᠠᠭᠤ ᠬᠤᠯᠤᠰᠤ᠂ ᠪᠠᠭᠪᠠᠭ᠋ᠠᠢ ᠶᠢᠨ ᠡᠪᠡᠰᠦ᠂ ᠤᠰᠤᠨ ᠰᠣᠩᠭᠢᠨ᠎ᠠ᠂ ᠤᠨᠵᠢᠭᠢᠷ ᠡᠪᠡᠰᠦ ᠵᠡᠷᠭᠡ ᠪᠣᠢ᠃        ᠬᠡᠭᠡᠷ᠎ᠡ ᠶᠢᠨ ᠠᠵᠤ ᠠᠬᠤᠢ ᠶᠢᠨ ᠠᠮᠢᠲᠠᠨ ᠤ ᠳᠣᠲᠣᠷ᠎ᠠ ᠠᠷᠠᠰᠤ ᠨᠣᠣᠰᠣᠲᠤ ᠠᠮᠢᠲᠠᠨ ᠳᠤ ᠪᠣᠷᠣ ᠭᠥᠷᠥᠭᠡᠰᠦ᠂ ᠵᠡᠭᠡᠷ᠎ᠡ᠂ ᠴᠢᠨ᠋ᠸ᠎ᠠ᠂ ᠦᠨᠡᠭᠡ᠂ ᠲᠠᠷᠪᠠᠭ᠎ᠠ᠂ ᠵᠠᠷᠠᠭ᠎ᠠ᠂ ᠬᠠᠯᠢᠭᠤ᠂ ᠮᠠᠩᠭᠢᠰᠤ᠂ ᠤᠰᠤᠨ ᠬᠤᠯᠤᠭᠠᠨ᠎ᠠ᠂ ᠣᠭᠤᠲᠣᠨ᠎ᠠ᠂ ᠨᠠᠷᠢᠬᠠᠨ ᠣᠭᠤᠲᠣᠨ᠎ᠠ᠂ ᠰᠢᠷ᠎ᠠ ᠰᠣᠯᠣᠩᠭ᠎ᠠ᠂ ᠵᠡᠭᠦᠨ ᠬᠤᠶᠢᠲᠤ ᠶᠢᠨ ᠰᠣᠬᠤᠷ ᠣᠭᠤᠲᠣᠨ᠎ᠠ ᠪᠠ ᠬᠡᠭᠡᠷ᠎ᠡ ᠶᠢᠨ ᠲᠠᠤᠯᠠᠢ ᠵᠡᠷᠭᠡ ᠪᠤᠶ᠃ ᠰᠢᠪᠠᠭᠤᠨ ᠤ ᠲᠥᠷᠥᠯ ᠳᠤ ᠲᠣᠩᠰᠢᠭᠤᠯ᠂ ᠬᠡᠭᠡᠷ᠎ᠡ ᠶᠢᠨ ᠨᠤᠭᠤᠰᠤ᠂ ᠪᠣᠷᠣ ᠲᠣᠭᠤᠷᠤᠤ᠂ ᠬᠠᠷᠢᠶᠠᠴᠠᠢ᠂ ᠰᠢᠷ᠎ᠠ ᠪᠣᠯᠵᠣᠮᠣᠷ᠂ ᠱᠠᠭᠠᠵᠠᠭᠠᠢ᠂ ᠬᠠᠶᠢᠷᠠᠭᠤᠴᠠᠢ᠂ ᠡᠯᠡᠰᠦᠨ ᠲᠠᠬᠢᠶ᠎ᠠ ᠪᠠ ᠣᠭᠤᠯᠢ ᠵᠡᠷᠭᠡ ᠪᠤᠶ᠃ 
ᠢᠷᠡᠯᠲᠡ᠄ ᠬᠠᠶᠢᠯᠠᠷ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ