ᠬᠤᠳᠠ ᠶᠢᠨ ᠲᠤᠶᠢᠮᠤ ᠪᠠᠶᠢᠳᠠᠯ
ᠨᠡᠶᠢᠲᠡᠯᠡᠭᠰᠡᠨ ᠴᠠᠭ᠄
2024/12/10
       ᠬᠠᠭᠤᠴᠢᠨ ᠪᠠᠷᠭᠤ ᠬᠤᠰᠢᠭᠤ ᠨᠢ ᠬᠥᠯᠥᠨ ᠪᠤᠶᠢᠷ ᠬᠤᠲᠠ ᠶᠢᠨ ᠪᠠᠷᠠᠭᠤᠨ ᠬᠤᠢᠲᠤ ᠬᠡᠰᠡᠭ ᠲᠤ ᠪᠠᠶᠢᠷᠢᠯᠠᠵᠤ᠂ 1732 ᠣᠨ ᠳᠤ ᠮᠣᠩᠭᠤᠯ ᠦᠨᠳᠦᠰᠦᠲᠡᠨ ᠤ ᠪᠠᠷᠭᠤ ᠠᠶᠢᠮᠠᠭ ᠨᠢ ᠠᠳᠡ ᠢᠷᠡᠵᠦ ᠰᠠᠭᠤᠷᠢᠰᠢᠭᠰᠠᠨ ᠠᠴᠠ ︽ᠬᠠᠭᠤᠴᠢᠨ ᠪᠠᠷᠭᠤ︾  ᠬᠡᠵᠦ ᠨᠡᠷᠡᠶᠢᠳᠤᠭ᠍ᠳᠡᠪᠡ᠃ ᠪᠦᠬᠦ ᠬᠤᠰᠢᠭᠤᠨ ᠤ ᠶᠡᠷᠦᠩᠬᠡᠢ ᠲᠠᠯᠠᠪᠠᠢ 17458 ᠲᠡᠭᠰᠢ ᠲᠦᠷᠪᠡᠯᠵᠢᠨ ᠺᠢᠯᠤᠮᠧᠲᠷ᠂ ᠬᠦᠮᠦᠨ ᠠᠮᠠ 5.05 ᠲᠦᠮᠡ᠂ ᠬᠢᠳᠠᠳ᠂ ᠮᠣᠩᠭᠤᠯ ᠦᠨᠳᠦᠰᠦᠲᠡᠨ᠂ ᠡᠸᠡᠩᠬᠢ ᠦᠨᠳᠦᠰᠦᠲᠡᠨ᠂ ᠳᠠᠭᠤᠷ ᠦᠨᠳᠦᠰᠦᠲᠡᠨ ᠵᠡᠷᠭᠡ 25 ᠦᠨᠳᠦᠰᠦᠲᠡᠨ ᠣᠷᠣᠰᠢᠨ ᠰᠠᠭᠤᠵᠦ ᠪᠣᠢ᠃ ᠬᠠᠷᠢᠶᠠᠨ ᠳᠤ 3 ᠪᠠᠯᠭᠠᠰᠤ᠂ 4 ᠰᠤᠮᠤ ᠪᠠᠶᠢᠵᠤ᠂ ᠬᠠᠷᠢᠶᠠᠳᠤ ᠤᠷᠤᠨ ᠳᠤ ᠬᠠᠳᠠᠲᠤ ᠵᠡᠷᠭᠡ 3 ᠲᠠᠷᠢᠶᠠᠯᠠᠩ ᠮᠠᠯᠵᠢᠯ ᠤᠨ ᠲᠠᠯᠠᠪᠠᠢ ᠪᠤᠢ᠃ ᠳᠤᠮᠳᠠ ᠥᠷᠭᠡᠷᠢᠭ ᠲᠤ ᠪᠠᠶᠢᠷᠢᠯᠠᠵᠤ᠂ ᠳᠤᠯᠠᠭᠠᠨ ᠪᠦᠰᠡ ᠶᠢᠨ ᠡᠬᠡ ᠬᠠᠭᠤᠷᠠᠶ ᠶᠢᠨ ᠴᠢᠨᠠᠷᠲᠠᠶ ᠠᠭᠤᠷ ᠠᠮᠢᠰᠬᠤᠯ ᠳᠤ ᠬᠠᠷᠢᠶᠠᠯᠠᠭᠳᠠᠵᠤ᠂ ᠳᠤᠮᠳᠠᠴᠢ ᠲᠤᠨᠳᠠᠰᠤᠨ ᠤ ᠬᠡᠮᠵᠢᠶ᠎ᠡ 320 ᠮᠢᠯᠢᠮᠧᠲᠷ᠂ ᠣᠷᠣᠰ ᠲᠠᠢ ᠡᠷᠭᠦᠨ᠎ᠡ ᠭᠤᠣᠯ ᠮᠥᠷᠡᠨ  ᠢᠶᠠᠷ ᠵᠠᠭ᠋ᠯᠠᠭᠳᠠᠵᠤ᠂ ᠬᠢᠯᠢ ᠶᠢᠨ ᠱᠤᠭᠤᠮ ᠤᠨ ᠶᠡᠷᠦᠩᠬᠡᠢ ᠤᠷᠲᠤ ᠨᠢ 206.7 ᠺᠢᠯᠣᠮᠧᠲᠷ᠃      ᠣᠷᠤᠨ ᠪᠠᠶᠢᠷᠢ ᠶᠢᠨ ᠳᠠᠪᠠᠭᠤᠯᠢᠭ ᠢᠯᠡᠷᠬᠡᠶ᠃ ᠬᠤᠰᠢᠭᠤᠨ ᠤ ᠪᠠᠶᠢᠭ᠎ᠠ ᠭᠠᠵᠠᠷ ᠨᠢ ᠬᠥᠯᠥᠨ ᠪᠤᠶᠢᠷ ᠬᠤᠲᠠ ᠶᠢᠨ ᠲᠥᠪ ᠬᠤᠲᠠ ᠲᠣᠭᠤᠷᠢᠭ ᠤᠨ ᠬᠠᠶᠢᠯᠠᠷ ᠠᠴᠠ 35 ᠺᠢᠯᠤᠮᠧᠲᠷ ᠵᠠᠶᠢᠲᠠᠶ ᠪᠠᠶᠢᠵᠤ᠂ ᠪᠥᠬᠦ ᠤᠯᠤᠰ ᠤᠨ ᠬᠠᠮᠤᠭ ᠤᠨ ᠶᠡᠭᠡ ᠬᠠᠭᠤᠷᠠᠶ ᠵᠠᠮ ᠤᠨ ᠪᠣᠭᠤᠮᠲᠠ ᠶᠢᠨ ᠬᠤᠲᠠ ᠠᠴᠠ ᠮᠠᠨᠵᠤᠤᠷ ᠬᠤᠲᠠ ᠠᠴᠠ160 ᠺᠢᠯᠤᠮᠧᠲᠷ ᠵᠠᠶᠢᠲᠠᠶ᠂ ᠤᠯᠤᠰ ᠤᠨ ᠲᠠᠰ ᠤᠨ ᠪᠣᠭᠤᠮᠲᠠ ᠶᠢᠨ ᠾᠧᠢ ᠱᠠᠨ ᠲᠧᠤ ᠠᠴᠠ 145 ᠺᠢᠯᠤᠮᠧᠲᠷ ᠵᠠᠶᠢᠲᠠᠶ ᠪᠠᠶᠢᠳᠠᠭ᠃ ᠬᠢᠯᠢ ᠶᠢᠨ ᠳᠣᠲᠣᠷ᠎ᠠ G10᠂ G301᠂ G331᠂ G332 ᠵᠡᠷᠭᠡ 4 ᠵᠤᠷᠪᠤᠰ ᠳᠡᠭᠡᠳᠦ ᠬᠤᠷᠳᠤ ᠶᠢᠨ ᠵᠠᠰᠠᠮᠠᠯ ᠵᠠᠮ ᠪᠠ ᠤᠯᠤᠰ ᠤᠨ ᠵᠠᠮ ᠢ ᠨᠡᠪᠲᠡᠷᠡᠭᠦᠯᠵᠦ᠂ ᠬᠠᠷᠪᠢᠨ ᠬᠤᠲᠠ ᠶᠢᠨ ᠲᠡᠮᠦᠷ ᠵᠠᠮ ᠬᠤᠰᠢᠭᠤᠨ ᠳᠤ 92 ᠺᠢᠯᠤᠮᠧᠲᠷ ᠦᠷᠭᠦᠯᠵᠢᠯᠡᠨ᠎ᠡ᠃
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ