ᠪᠥᠬᠦ ᠤᠯᠤᠰ ᠤᠨ ᠠᠩᠬᠠᠳᠠᠭᠴᠢ ᠤᠰᠤᠲᠥ᠋ᠷᠥᠭᠴᠢ ᠴᠠᠬᠢᠯᠭᠠᠨ ᠤ ᠬᠤᠯᠢᠮᠠᠭ ᠬᠦᠳᠡᠯᠭᠡᠭᠦᠷᠲᠦ ᠬᠦᠨᠳᠦ ᠬᠡᠯᠪᠡᠷᠢ ᠶᠢᠨ ᠵᠢᠯᠣᠭᠤᠴᠢ ᠦᠯᠦ ᠬᠡᠷᠡᠭᠯᠡᠬᠦ ᠠᠭᠤᠷᠬᠠᠢ ᠶᠢᠨ ᠠᠴᠢᠶᠠᠨ ᠤ ᠮᠠᠰᠢᠨ ᠢ ᠲᠤᠷᠰᠢᠵᠦ ᠠᠵᠢᠯᠯᠠᠭᠤᠯᠬᠤ ᠶᠢ ᠰᠢᠯᠢ ᠶᠢᠨ ᠭᠤᠣᠯ ᠠᠶᠢᠮᠠᠭ ᠲᠤ ᠪᠡᠶᠡᠯᠡᠭᠦᠯᠪᠡ
ᠨᠡᠶᠢᠲᠡᠯᠡᠭᠰᠡᠨ ᠴᠠᠭ᠄
2024/12/19
       ᠲᠤᠰ ᠲᠥᠷᠥᠯ ᠵᠦᠢᠯ ᠢ ᠤᠯᠤᠰ ᠤᠨ ᠡᠨᠧᠷᠭᠢ ᠶᠢᠨ ᠪᠦᠯᠦᠭᠯᠡᠯ ᠤᠨ ᠱᠧᠩ ᠯᠢ ᠡᠨᠧᠷᠭᠢ ᠶᠢᠨ ᠺᠤᠮᠫᠠᠨᠢ ᠰᠤᠳᠤᠯᠤᠨ ᠦᠢᠯᠡᠳᠴᠦ᠂ ᠠᠭᠤᠷᠬᠠᠢ ᠶᠢᠨ ᠠᠴᠢᠶᠠᠨ ᠤ ᠮᠠᠰᠢᠨ ᠤ ᠲᠤᠰ ᠪᠡᠶ᠎ᠡ ᠶᠢᠨ ᠬᠦᠨᠳᠦ ᠨᠢ 90 ᠲᠣᠨ᠂ 110 ᠲᠣᠨ ᠤ ᠳᠠᠭᠠᠭᠠᠴᠠ ᠲᠠᠢ ᠪᠠᠶᠢᠬᠤ ᠪᠠᠷ ᠲᠥᠯᠥᠪᠯᠡᠵᠦ᠂ ᠪᠦᠬᠦ ᠮᠠᠰᠢᠨ ᠳᠤ 140kW ᠤᠨ ᠭᠠᠭᠴᠠ ᠵᠤᠤᠬ᠎ᠠ ᠪᠠᠷ ᠪᠦᠷᠢᠯᠳᠦᠭᠰᠡᠨ ᠤᠰᠤᠲᠥ᠋ᠷᠥᠭᠴᠢ ᠲᠦᠯᠡᠰᠢᠨ ᠳ᠋ᠢᠶᠠᠨ ᡂᠢ ᠶᠢᠨ ᠤᠷᠪᠠᠯ ᠤᠨ ᠵᠤᠤᠬ᠎ᠠ ᠶᠢ 4 ᠤᠭᠰᠠᠷᠠᠭᠤᠯᠤᠨ ᠲᠣᠬᠢᠷᠠᠭᠤᠯᠵᠤ᠂ ᠹᠣᠰᠹᠣᠷ ᠬᠦᠴᠢᠯ ᠤᠨ ᠲᠡᠮᠦᠷ ᠯᠢᠲ᠋ᠢ ᠶᠢᠨ ᠬᠦᠳᠡᠯᠭᠡᠭᠦᠷ ᠬᠦᠴᠦᠨ ᠤ ᠳ᠋ᠢᠶᠠᠨ ᡂᠢ ᠲᠠᠢ ᠤᠶᠠᠯᠳᠤᠭᠤᠯᠤᠭᠠᠳ ᠬᠦᠳᠡᠯᠭᠡᠭᠦᠷ ᠬᠦᠴᠦᠨ ᠤ ᠰᠢᠰᠲ᠋ᠧᠮ ᠤᠨ ᠶᠡᠷᠦᠩᠬᠡᠢ ᠭᠠᠷᠭᠠᠬᠤ ᠴᠢᠳᠠᠯ ᠨᠢ ᠬᠠᠮᠤᠭ ᠤᠨ ᠶᠡᠭᠡ ᠳᠤ ᠪᠠᠨ 900kW ᠳᠤ ᠬᠦᠷᠴᠦ ᠳᠡᠶᠢᠯᠦᠨ᠎ᠡ᠂ ᠵᠢᠯᠤᠭᠤᠳᠬᠤ ᠲᠠᠰᠤᠭ ᠤᠨ ᠠᠷᠤ ᠲᠠᠯ᠎ᠠ ᠳᠤ 70MPa ᠥᠨᠳᠥᠷ ᠳᠠᠷᠤᠯᠲᠠᠲᠤ ᠶᠡᠭᠡ ᠪᠠᠭᠲᠠᠭᠠᠮᠵᠢᠲᠤ ᠤᠰᠤᠲᠥ᠋ᠷᠥᠭᠴᠢ ᠨᠥᠭᠡᠴᠡᠯᠡᠬᠦ ᠰᠢᠰᠲ᠋ᠧᠮ ᠢ ᠠᠴᠢᠶᠠᠯᠠᠵᠤ᠂ ᠤᠰᠤᠲᠥ᠋ᠷᠥᠭᠴᠢ ᠶᠢᠨ ᠨᠥᠭᠡᠴᠡᠯᠡᠬᠦ ᠶᠡᠷᠦᠩᠬᠡᠢ ᠬᠡᠮᠵᠢᠶ᠎ᠡ ᠨᠢ 5052 ᠯᠢᠳ᠋ᠷ ᠲᠤ ᠬᠦᠷᠴᠦ᠂ ᠠᠭᠤᠷᠬᠠᠢ ᠶᠢᠨ ᠠᠴᠢᠶᠠᠨ ᠤ ᠮᠠᠰᠢᠨ ᠤ ᠴᠠᠬᠢᠯᠭᠠᠨ ᠵᠤᠤᠬᠠᠨ ᠤ ᠴᠢᠳᠠᠯ ᠤᠨ ᠨᠢᠭᠲᠠᠴᠠ᠂ ᠭᠠᠷᠭᠠᠬᠤ ᠴᠢᠳᠠᠯ ᠂ ᠤᠰᠤᠲᠥ᠋ᠷᠥᠭᠴᠢ ᠠᠬᠤᠭᠤᠯᠬᠤ ᠬᠡᠮᠵᠢᠶ᠎ᠡ ᠨᠢ ᠴᠥᠮ ᠤᠯᠤᠰ ᠤᠨ ᠳᠣᠲᠣᠭᠠᠳᠤᠬᠢ ᠬᠠᠮᠤᠭ ᠤᠨ ᠥᠨᠳᠥᠷ ᠲᠦᠪᠰᠢᠨ ᠳᠤ ᠬᠦᠷᠴᠦ᠂ ᠤᠯᠤᠰ ᠤᠨ ᠡᠭᠦᠳᠦᠯᠲᠡ ᠶᠢᠨ ᠲᠤᠰᠬᠠᠢ ᠠᠰᠢᠭ ᠢ ᠨᠡᠶᠢᠲᠡ 6 ᠵᠦᠢᠯ ᠬᠦᠷᠳᠡᠪᠡ᠃ ᠵᠠᠭᠤᠨ ᠲᠣᠨ ᠤ ᠲᠠᠰ ᠤᠨ ᠠᠭᠤᠷᠬᠠᠢ ᠶᠢᠨ ᠠᠴᠢᠶᠠᠨ ᠤ ᠮᠠᠰᠢᠨ ᠵᠢᠯ ᠳᠤ 300 ᠲᠣᠨ ᠰᠢᠲᠠᠭᠠᠯᠭ᠎ᠠ ᠶᠢᠨ ᠲᠣᠰᠣ ᠵᠠᠷᠤᠴᠠᠭᠤᠯᠬᠤ ᠪᠠᠷ ᠲᠥᠰᠥᠭᠡᠯᠡᠨ ᠪᠤᠳᠤᠪᠠᠯ᠂ ᠤᠰᠤᠲᠥ᠋ᠷᠥᠭᠴᠢ ᠡᠨᠧᠷᠭᠢ ᠶᠢᠨ ᠨᠢᠭᠡ ᠰᠠᠭᠤᠷᠢ ᠠᠭᠤᠷᠬᠠᠢ ᠶᠢᠨ ᠠᠴᠢᠶᠠᠨ ᠤ ᠮᠠᠰᠢᠨ ᠨᠢ ᠨᠡᠭᠦᠷᠡᠰᠦᠲᠥ᠋ᠷᠥᠭᠴᠢ ᠶᠢᠨ ᠭᠠᠳᠠᠭᠰᠢᠯᠠᠭᠤᠯᠤᠯᠲᠠ ᠶᠢ 1000 ᠲᠣᠨ ᠠᠴᠠ ᠳᠡᠭᠡᠭᠰᠢ ᠪᠠᠷ ᠪᠠᠭᠠᠰᠬᠠᠵᠤ ᠪᠣᠯᠣᠨ᠎ᠠ᠃ ︵ᠰᠢᠯᠢ ᠶᠢᠨ ᠭᠤᠣᠯ ᠠᠶᠢᠮᠠᠭ ᠤᠨ ᠵᠠᠬᠢᠷᠭ᠎ᠠ︶    
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ