ᠶᠠᠩ ᠢ ᠹᠠᠨ ︵︖ — 1934 ᠣᠨ︶᠂ ᠥᠭᠡᠷ᠎ᠡ ᠨᠡᠷ᠎ᠡ ᠨᠢ ᠶᠠᠩ ᠵᠢᠶ ᠱᠠᠨ ᠭᠡᠳᠡᠭ᠂ ᠬᠢᠲᠠᠳ ᠦᠨᠳᠦᠰᠦᠲᠡᠨ᠂ ᠠᠨᠾᠦ᠋ᠢ ᠶᠢᠨ ᠬᠥᠮᠦᠨ᠃ | ᠡᠷᠲᠡ ᠦᠶ᠎ᠡ ᠳᠤ ᠪᠠᠨ ᠹᠷᠠᠨᠼᠢ ᠳᠤ ᠣᠴᠢᠵᠤ ᠠᠵᠢᠯᠴᠢ ᠠᠷᠪᠢᠴᠢ ᠪᠠᠷ ᠰᠤᠷᠤᠯᠴᠠᠨ᠂ ᠬᠤᠵᠢᠮ ᠨᠢ ᠲᠥᠪ ᠤᠨ ᠰᠣᠪᠢᠶᠠᠳ ᠣᠷᠣᠨ ᠪᠣᠯᠤᠨ ᠳᠤᠮᠳᠠᠳᠤ ᠤᠯᠤᠰ ᠤᠨ | ᠡᠪ ᠬᠠᠮᠲᠤ ᠨᠠᠮ ᠤᠨ ᠱᠦᠨ ᡁᠢ ᠮᠤᠵᠢ ᠶᠢᠨ ᠨᠠᠮ ᠤᠨ ᠬᠤᠷᠢᠶ᠎ᠠ᠂ ᠡᠾᠧᠪᠸᠢ ᠮᠤᠵᠢ ᠶᠢᠨ ᠨᠠᠮ ᠤᠨ ᠬᠤᠷᠢᠶᠠᠨ ᠳᠤ ᠠᠵᠢᠯᠯᠠᠵᠤ᠂ ︽ᠳᠤᠮᠳᠠᠳᠤ ᠤᠯᠤᠰ ᠤᠨ | ᠨᠡᠶᠢᠭᠡᠮ ᠤᠨ ᠵᠠᠳᠠᠯᠤᠯᠲᠠ︾ ᠭᠡᠬᠦ ᠨᠣᠮ ᠢ ᠪᠢᠴᠢᠵᠡᠢ᠃ | 1932 ᠣᠨ ᠤ 8 ᠳ᠋ᠤᠭᠠᠷ ᠰᠠᠷ᠎ᠠ ᠳᠤ᠂ ᠶᠠᠩ ᠢ ᠹᠠᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠡᠾᠧᠪᠸᠢ ᠮᠤᠵᠢ ᠶᠢᠨ ᠬᠤᠷᠢᠶ᠎ᠠ ᠶᠢᠨ | ᠲᠣᠮᠢᠯᠠᠯᠲᠠ ᠪᠠᠷ ᠰᠦᠢ ᠶᠤᠸᠠᠨ ᠳᠤ ᠢᠷᠡᠵᠦ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠦᠢ ᠰᠦᠢ ᠶᠢᠨ ᠲᠥᠪ ᠰᠢᠶᠠᠨ ᠤ ᠬᠤᠷᠢᠶ᠎ᠠ ᠶᠢ ᠬᠠᠪᠰᠤᠷᠤᠨ | ᠪᠠᠶᠢᠭᠤᠯᠤᠭᠰᠠᠨ ᠪᠠ ᠡᠵᠡᠷᠬᠡᠭ ᠳᠦᠷᠢᠮᠡᠬᠡᠶᠢᠳᠡᠨ ᠢ ᠡᠰᠡᠷᠭᠦᠴᠡᠬᠦ ᠶᠡᠭᠡ ᠬᠤᠯᠪᠣᠭ᠎ᠠ ᠶᠢᠨ ᠠᠵᠢᠯ ᠢ ᠤᠳᠤᠷᠢᠳᠤᠪᠠ᠃ | 1933 ᠣᠨ ᠤ 1 ᠳ᠋ᠤᠭᠡᠷ ᠰᠠᠷ᠎ᠠ ᠳᠤ᠂ ᠶᠠᠩ ᠢ ᠹᠠᠨ ᠳ᠋ᠦ᠋ ᠷᠤ᠋ ᠰᠢᠨ ᠨᠠᠷ ᠲᠠᠢ ᠪᠸᠢᠢᠫᠢᠩ ᠳᠤ ᠣᠴᠢᠵᠠᠢ᠃ ᠳᠤᠮᠳᠠᠳᠤ ᠤᠯᠤᠰ ᠤᠨ ᠡᠪ ᠬᠠᠮᠲᠤ | ᠨᠠᠮ ᠤᠨ ᠡᠾᠧᠪᠸᠢ ᠮᠤᠵᠢ ᠶᠢᠨ ᠬᠤᠷᠢᠶ᠎ᠠ ᠪᠸᠢᠢᠫᠢᠩ ᠤᠨ ᠰᠢᠤᠸᠠᠨ ᠦ᠋ ᠮᠧᠨ ᠤ ᠭᠠᠳᠠᠨᠠᠬᠢ ᠨᠢᠭᠡ ᠨᠢᠭᠤᠴᠠ ᠠᠵᠢᠯ ᠤᠨ ᠴᠡᠭ ᠲᠤ ᠶᠠᠩ ᠢ ᠹᠠᠨ᠂ ᠳ᠋ᠦ᠋ ᠷᠤ᠋ ᠰᠢᠨ | ᠵᠢᠴᠢ ᠪᠤᠷᠤᠳᠤᠬᠠᠢ ᠳᠤ ᠠᠵᠢᠯ ᠥᠷᠨᠢᠬᠦᠯᠵᠦ ᠪᠠᠶᠢᠭᠰᠠᠨ ᠸᠠᠩ ᠰᠧᠨ ᠲᠠᠢ ᠰᠦᠢ ᠶᠤᠸᠠᠨ ᠤ ᠠᠵᠢᠯ ᠤᠨ ᠠᠰᠠᠭᠤᠳᠠᠯ ᠢ ᠶᠠᠷᠢᠯᠴᠠᠵᠤ᠂ ᠭᠦᠢ ᠰᠦᠢ᠂ ᠯᠢᠨ ᠾᠧ | ᠬᠤᠶᠠᠷ ᠰᠢᠶᠠᠨ ᠤ ᠨᠠᠮ ᠤᠨ ᠬᠤᠷᠢᠶ᠎ᠠ ᠪᠠᠶᠢᠭᠤᠯᠬᠤ ᠪᠠᠷ ᠲᠤᠭᠲᠠᠵᠠᠢ᠃ 2 ᠳ᠋ᠤᠭᠠᠷ ᠰᠠᠷ᠎ᠠ ᠳᠤ᠂ ᠶᠠᠩ ᠢ ᠹᠠᠨ ᠳᠤᠮᠳᠠᠳᠤ ᠤᠯᠤᠰ ᠤᠨ ᠡᠪ ᠬᠠᠮᠲᠤ ᠨᠠᠮ ᠤᠨ | ᠾᠧᠪᠸᠢ ᠮᠤᠵᠢ ᠶᠢᠨ ᠬᠤᠷᠢᠶ᠎ᠠ ᠶᠢ ᠲᠥᠯᠥᠭᠡᠯᠡᠨ ᠬᠥᠬᠡᠬᠤᠲᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠦᠢ ᠰᠦᠢ ᠶᠢᠨ ᠲᠥᠪ ᠰᠢᠶᠠᠨ ᠤ ᠬᠤᠷᠢᠶ᠎ᠠ ᠶᠢ | ᠪᠠᠶᠢᠭᠤᠯᠬᠤ ᠪᠠᠷ ᠨᠡᠶᠢᠲᠡᠯᠡᠵᠦ᠂ ᠳ᠋ᠦ᠋ ᠷᠦ ᠰᠢᠨ ᠢ ᠱᠦᠵᠢ ᠪᠠᠷ ᠲᠣᠮᠢᠯᠠᠵᠤ᠂ ᠮᠠ ᠯᠢᠨ ᠵᠣᠬᠢᠶᠠᠨ ᠪᠠᠶᠢᠭᠤᠯᠬᠤ ᠠᠵᠢᠯ ᠢ ᠬᠤᠪᠢᠳᠠᠨ ᠬᠠᠮᠢᠶᠠᠷᠴᠤ᠂ ᠰᠦ᠋ ᠴᠢᠶᠠᠨ ᠢ | ᠤᠬᠠᠭᠤᠯᠬᠤ ᠠᠵᠢᠯ ᠢ ᠬᠤᠪᠢᠳᠠᠨ ᠬᠠᠮᠢᠶᠠᠷᠬᠤ ᠪᠠᠷ ᠲᠣᠭᠲᠠᠵᠠᠢ᠃ ᠰᠢᠶᠠᠨ ᠤ ᠨᠠᠮ ᠤᠨ ᠬᠤᠷᠢᠶ᠎ᠠ ᠠᠴᠠ ᠤᠳᠤᠷᠢᠳᠤᠭᠰᠠᠨ ᠨᠠᠮ ᠤᠨ ᠭᠡᠰᠢᠭᠦᠨ ᠳᠤ ᠪᠠᠰᠠ ᠶᠠᠩ ᠶᠧ | ᠫᠧᠩ᠂ ᠡᠦ ᠳ᠋ᠡ ᠫᠢᠩ᠂ ᠸᠠᠩ ᠪᠢᠩ ᠢᠥᠢ᠂ ᠵᠦ ᠪᠦᠦ ᠭᠤᠸᠠᠩ ᠨᠠᠷ ᠪᠤᠢ᠃ 4 ᠳ᠋ᠤᠭᠡᠷ ᠰᠠᠷ᠎ᠠ ᠳᠤ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠦᠢ | ᠰᠦᠢ ᠶᠢᠨ ᠲᠥᠪ ᠰᠢᠶᠠᠨ ᠤ ᠬᠤᠷᠢᠶ᠎ᠠ ᠪᠣᠯᠤᠨ ᠰᠦᠢ ᠶᠤᠸᠠᠨ ᠤ ᠡᠵᠡᠷᠬᠡᠭ ᠲᠦᠷᠢᠮᠡᠬᠡᠶᠢᠳᠡᠨ ᠢ ᠡᠰᠡᠷᠭᠦᠴᠡᠬᠦ ᠶᠡᠭᠡ ᠬᠤᠯᠪᠣᠭ᠎ᠠ ᠡᠪᠳᠡᠭᠳᠡᠪᠡ᠃ 6 ᠳ᠋ᠤᠭᠠᠷ ᠰᠠᠷ᠎ᠠ ᠳᠤ᠂ | ᠶᠠᠩ ᠢ ᠹᠠᠨ ᠨᠥᠬᠦᠷ ᠪᠤᠭᠤᠲᠤ ᠳᠤ ᠪᠠᠷᠢᠪᠴᠢᠯᠠᠭᠳᠠᠵᠤ᠂ ᠤᠳᠠᠯ ᠦᠭᠡᠢ ᠬᠥᠬᠡᠬᠤᠲᠠ ᠳᠤ ᠬᠦᠷᠭᠡᠭᠳᠡᠨ ᠰᠦᠢ ᠶᠤᠸᠠᠨ ᠤ ︽ᠨᠢᠭᠡᠳᠦᠭᠡᠷ ᠵᠢᠱᠢᠶᠡᠴᠢ ᠭᠢᠨᠳᠠᠨ︾ | ᠳᠤ ᠬᠤᠷᠢᠭᠳᠠᠪᠠ᠃ ᠲᠡᠨᠳᠡ ᠶᠠᠩ ᠢ ᠹᠠᠨ ᠨᠥᠬᠦᠷ ᠸᠠᠩ ᠷᠦᠸᠧ ᠹᠸᠢ ᠵᠡᠷᠭᠡ ᠭᠢᠨᠳᠠᠨ ᠳᠠᠬᠢ ᠨᠠᠮ ᠤᠨ ᠭᠡᠰᠢᠭᠦᠨ ᠲᠠᠢ ᠬᠤᠯᠪᠤᠭ᠎ᠠ ᠠᠪᠴᠤ᠂ ᠭᠢᠨᠳᠠᠨ ᠳᠤ | ᠲᠦᠢᠯ ᠤᠨ ᠪᠡᠷᠭᠡ ᠬᠠᠲᠠᠭᠤᠵᠢᠯᠲᠠᠢ ᠲᠡᠮᠡᠴᠡᠯ ᠶᠠᠪᠤᠭᠤᠯᠵᠠᠢ᠃ ᠲᠡᠷᠡ ᠰᠠᠯᠬᠢ ᠦᠵᠡᠬᠦ ᠵᠠᠪᠰᠢᠶᠠᠨ ᠢᠶᠠᠷ ᠶᠠᠩ ᠶᠧ ᠫᠧᠩ ᠳᠤ᠄ ︽ᠲᠩᠷᠢ ᠶᠠᠭᠠᠬᠢᠭᠰᠠᠨ ᠴᠤ | ᠭᠡᠭᠡᠷᠡᠨ᠎ᠡ᠂ ᠰᠢᠪᠠᠭᠤ ᠶᠠᠭᠠᠬᠢᠭᠰᠠᠨ ᠴᠤ ᠵᠢᠷᠬᠢᠨ᠎ᠡ᠃ ᠶᠠᠫᠣᠨ ᠳᠡᠭᠡᠷᠡᠮᠴᠢᠳ ᠤᠮᠠᠷᠠᠲᠤ ᠣᠷᠣᠨ ᠳᠤ ᠰᠢᠬᠠᠨ ᠤᠶᠢᠷᠠᠳᠤᠵᠤ᠂ ᠭᠤᠮᠢᠨᠳᠠᠩ ᠠᠭᠤᠯᠠ ᠤᠰᠤ ᠪᠠᠨ | ᠬᠤᠳᠠᠯᠳᠤᠪᠠ᠃ ᠳᠤᠮᠳᠠᠳᠤ ᠤᠯᠤᠰ ᠢ ᠠᠪᠤᠷᠠᠬᠤ ᠬᠦᠨᠳᠦ ᠡᠭᠦᠷᠭᠡ ᠴᠥᠮ ᠮᠠᠨ ᠤ ᠡᠳᠡᠭᠡᠷ ᠬᠥᠮᠦᠰ ᠤᠨ ᠮᠥᠷᠥᠨ ᠲᠡᠭᠡᠷ᠎ᠡ ᠪᠠᠶᠢᠨ᠎ᠠ᠃ ᠬᠠᠮᠤᠭ ᠤᠨ ᠬᠠᠷᠠᠩᠭᠤᠶ | ᠪᠥᠭᠡᠳ ᠬᠠᠮᠤᠭ ᠤᠨ ᠪᠡᠷᠬᠡ ᠬᠠᠲᠠᠭᠤᠵᠢᠯᠲᠠᠶ ᠡᠨᠡ ᠴᠠᠭ ᠦᠶ᠎ᠡ ᠶᠢ ᠡᠷᠡᠰ ᠴᠢᠩᠭ᠎ᠠ ᠪᠠᠷ ᠲᠤᠭᠤᠯᠬᠤ ᠬᠡᠷᠡᠭᠲᠡᠶ ᠭᠡᠵᠦ ᠨᠥᠬᠦᠳ ᠲᠤ ᠬᠡᠯᠡᠵᠦ ᠥᠭᠭᠦᠭᠡᠷᠡᠶ᠃ ᠬᠡᠵᠢᠶ᠎ᠡ | ᠨᠢᠭᠡᠨ ᠡᠳᠦᠷ᠂ ᠪᠢᠳᠡ ᠥᠥᠷ ᠤᠨ ᠭᠡᠭᠡ ᠳᠤᠮᠳᠠ ᠬᠠᠩᠭᠢᠨᠠᠳᠠᠯ᠎ᠠ ᠲᠠᠭᠤᠯᠠᠵᠤ ᠢᠯᠠᠯᠲᠠ ᠶᠢᠨ ᠵᠦᠭ ᠡᠷᠡᠯᠬᠡᠭᠯᠡᠨ ᠤᠷᠤᠭᠰᠢᠯᠠᠬᠤ ᠪᠣᠯᠤᠨ᠎ᠠ᠃ ᠪᠠᠰᠠ ᠠᠯᠢ ᠨᠢᠭᠡᠨ | ᠡᠳᠦᠷ᠂ ᠪᠢᠳᠡ ᠡᠨᠡ ᠭᠢᠨᠳᠠᠨ ᠢ ᠡᠭᠡᠯᠵᠢ ᠰᠤᠯᠢᠭᠤᠯᠤᠨᠠ︕︾ ᠭᠡᠵᠡᠢ᠃ ᠬᠤᠵᠢᠮ ᠨᠢ ᠭᠢᠨᠳᠠᠨ ᠤ ᠨᠥᠬᠦᠴᠡᠯ ᠮᠠᠭᠤ ᠠᠴᠠ ᠪᠤᠯᠵᠤ᠂ ᠶᠠᠩ ᠢ ᠹᠠᠨ ᠨᠥᠬᠦᠷ | ᠶᠤᠯᠬᠤᠳᠠᠰᠤᠯᠠᠬᠤ ᠡᠪᠡᠳᠴᠢᠨ ᠣᠯᠵᠤ᠂ ᠭᠢᠨᠳᠠᠨ ᠤ ᠡᠮᠴᠢ ᠪᠠᠰᠠ ᠡᠮᠨᠡᠵᠦ ᠥᠭᠭᠦᠭᠰᠡᠨ ᠦᠭᠡᠢ ᠠᠴᠠ ᠲᠡᠭᠦᠨ ᠤ ᠠᠮᠢ ᠨᠠᠰᠤ ᠨᠢ ᠠᠶᠤᠯ ᠲᠠᠢ ᠪᠣᠯᠪᠠ᠃ ᠨᠠᠰᠤ | ᠪᠠᠷᠠᠬᠤ ᠠᠴᠠ ᠪᠠᠨ ᠡᠮᠦᠨ᠎ᠡ ᠲᠡᠷᠡ ᠬᠠᠮᠲᠤ ᠬᠤᠷᠢᠭᠳᠠᠵᠤ ᠪᠠᠶᠢᠭᠰᠠᠨ ᠨᠠᠶᠢᠵᠠ ᠳᠤ ᠪᠠᠨ᠄ ︽ᠵᠠᠪᠠᠯ ᠵᠤᠪᠠᠯᠠᠩ ᠤᠨ ᠲᠤᠮᠳᠠ ᠵᠢᠷᠭᠠᠯ ᠢ ᠬᠠᠶᠢᠵᠤ᠂ ᠠᠮᠢᠳᠤ | ᠭᠠᠷᠤᠭᠠᠷᠠᠢ᠂ ᠨᠢᠭᠡ ᠴᠠᠭ ᠤᠨ ᠣᠬᠤᠷ ᠪᠤᠳᠤᠯ ᠢᠶᠠᠷ ᠡᠬᠡᠨᠡᠷ ᠬᠡᠦᠬᠡᠳ ᠤᠨ ᠢᠶᠠᠨ ᠨᠢᠭᠡ ᠨᠠᠰᠤᠨ ᠤ ᠭᠤᠨᠢᠭᠳᠤ ᠵᠦᠴᠦᠭᠡ ᠶᠢ ᠪᠦᠳᠦᠭᠡᠵᠦ ᠪᠣᠯᠬᠤ ᠦᠭᠡᠢ︾ ᠭᠡᠵᠦ | ᠢᠳᠬᠠᠨ ᠲᠠᠶᠢᠳᠬᠤᠷᠠᠭᠤᠯᠵᠠᠢ᠃ ᠨᠤᠲᠤᠭ ᠤᠰᠤᠨ ᠠᠴᠠ ᠪᠠᠨ ᠰᠠᠯᠵᠤ᠂ ᠲᠠᠶᠠᠩ ᠲᠡᠯᠡᠭᠡᠢ ᠪᠠᠷ ᠭᠡᠷ ᠢᠶᠠᠨ ᠪᠣᠯᠭᠠᠵᠤ ᠶᠠᠪᠤᠭᠰᠠᠨ ᠡᠪ ᠬᠠᠮᠲᠤ ᠨᠠᠮᠲᠠᠨ ᠶᠠᠩ ᠢ | ᠹᠠᠨ ᠤ ᠲᠥᠷᠥᠭᠰᠡᠨ ᠣᠨ ᠰᠠᠷ᠎ᠠ ᠪᠠ ᠰᠦᠢ ᠶᠤᠸᠠᠨ ᠳᠤ ᠢᠷᠡᠬᠦ ᠠᠴᠠ ᠡᠮᠦᠨᠡᠬᠢ ᠬᠤᠪᠢᠰᠬᠠᠯ ᠤᠨ ᠥᠩᠭᠡᠷᠡᠯᠲᠡ ᠶᠢ ᠨᠢ ᠪᠢᠳᠡ ᠤᠳᠤ ᠪᠤᠯᠳᠠᠯ᠎ᠠ ᠮᠡᠳᠡᠬᠦ ᠦᠭᠡᠢ | ᠪᠠᠶᠢᠭᠰᠠᠭᠠᠷ᠃ ᠲᠡᠷᠡ ᠥᠪᠥᠷ ᠮᠣᠩᠭᠤᠯ ᠤᠨ ᠬᠤᠪᠢᠰᠬᠠᠯ ᠤᠨ ᠲᠡᠦᠭᠡᠨ ᠲᠠᠶᠢᠰᠠᠨ ᠲᠡᠭᠡᠷ᠎ᠡ᠂ ᠤᠯᠤᠰ ᠠᠷᠠᠳ ᠢᠶᠠᠨ ᠠᠪᠤᠷᠠᠬᠤ ᠶᠢᠨ ᠲᠥᠯᠥᠭᠡ᠂ ᠡᠪ ᠬᠠᠮᠲᠤ | ᠶᠣᠰᠣᠨ ᠤ ᠦᠢᠯᠡᠰ ᠤᠨ ᠲᠥᠯᠥᠭᠡ ᠭᠠᠷᠮᠠᠭᠠᠶᠢᠯᠠᠨ ᠲᠡᠮᠡᠴᠡᠵᠦ᠂ ᠡᠴᠦᠰ ᠰᠡᠭᠦᠯ ᠳᠡᠭᠡᠨ ᠭᠤᠮᠢᠨᠳᠠᠩ ᠤᠨ ᠲᠡᠷᠰᠯᠡᠭᠦᠴᠦᠳ ᠤᠨ ᠭᠢᠨᠳᠠᠨ ᠳᠤ ᠴᠢᠮᠡᠭᠡ ᠠᠨᠢᠷ ᠦᠭᠡᠢ | ᠪᠡᠶ᠎ᠡ ᠦᠷᠡᠭᠳᠡᠵᠡᠢ᠃ ᠭᠡᠪᠡᠴᠦ ᠲᠡᠭᠦᠨ ᠤ ᠠᠯᠳᠠᠷ ᠨᠡᠷ᠎ᠡ ᠪᠣᠯᠤᠨ ᠭᠠᠪᠢᠶ᠎ᠠ ᠵᠢᠳᠬᠦᠯ ᠢ ᠥᠪᠥᠷ ᠮᠣᠩᠭᠤᠯ ᠤᠨ ᠠᠷᠠᠳ ᠲᠦᠮᠡᠨ ᠥᠨᠢ ᠡᠭᠦᠷᠢᠳᠡ ᠪᠠᠲᠤ ᠴᠡᠭᠡᠵᠢᠯᠡᠨ᠎ᠡ᠃ | | |