ᠯᠢ ᠢᠥᠢ ᡁᠢ ︵1901-1927︶ ᠮᠤᠩᠭᠤᠯ ᠨᠡᠷ᠎ᠡ ᠪᠠᠲᠤᠠᠣᠷᠤᠰᠢᠨᠠ︖᠂ ᠡᠷᠭᠦᠭᠰᠡᠨ ᠨᠡᠷ᠎ᠡ ᠷᠦᠸᠧ ᠢᠦᠢ᠂ ᠡᠷᠡᠭᠳᠡᠢ᠂ ᠮᠤᠩᠭᠤᠯ ᠦᠨᠳᠦᠰᠦᠳᠡᠨ᠃ | ᠦᠪᠦᠷ ᠮᠤᠩᠭᠤᠯ ᠤᠨ ᠲᠦᠮᠡᠳ ᠬᠤᠰᠢᠭᠤᠨ ᠤ ᠬᠦᠮᠦᠨ᠂ ᠲᠤᠭᠲᠠᠬᠤ ᠰᠢᠶᠠᠨ ᠤ ᠭᠤᠣᠯ ᠤᠨ ᠠᠮᠠ ᠶᠢᠨ ᠡᠮᠦᠨ᠎ᠡ ᠱᠤᠸᠠᠩ ᠴᠢᠶᠠᠩ ᠲᠤᠰᠬᠤᠨ ᠤ ᠨᠢᠭᠡ | ᠲᠠᠷᠢᠶᠠᠴᠢᠨ ᠤ ᠭᠡᠷ ᠲᠤ ᠲᠦᠷᠦᠵᠡᠢ᠃ | 1910 ᠣᠨ ᠳᠤ᠂ ᠯᠢ ᠢᠥᠢ ᡁᠢ ᠲᠤᠰᠬᠤᠨ ᠤ ᠪᠠᠨ ᠭᠡᠷ ᠤᠨ ᠰᠤᠷᠭᠠᠭᠤᠯᠢ ᠳᠤ ᠰᠤᠷᠤᠯᠴᠠᠪᠠ᠃ 1912 ᠣᠨ ᠤ ᠨᠠᠮᠤᠷ᠂ ᠲᠤᠭᠲᠠᠬᠤ ᠰᠢᠶᠠᠨ ᠤ | ᠭᠤᠣᠯ ᠤᠨ ᠠᠮᠠ ᠶᠢᠨ ᠢᠥᠢ ᠼᠠᠢ ᠪᠠᠭ᠎ᠠ ᠰᠤᠷᠭᠠᠭᠤᠯᠢ ᠳᠤ ᠰᠢᠯᠵᠢᠨ ᠰᠤᠷᠤᠯᠴᠠᠪᠠ᠃ 1918 ᠣᠨ ᠤ ᠨᠠᠮᠤᠷ ᠲᠦᠮᠡᠳ ᠦᠨᠳᠦᠷ ᠵᠡᠷᠭᠡ ᠶᠢᠨ ᠪᠠᠭ᠎ᠠ | ᠰᠤᠷᠭᠠᠭᠤᠯᠢ ᠳᠤ ᠰᠢᠯᠭᠠᠨ ᠤᠷᠤᠵᠠᠢ᠃ ︽ᠲᠠᠪᠤᠨ ᠰᠠᠷ᠎ᠠ ᠶᠢᠨ ᠳᠦᠷᠪᠡᠨ︾ ᠤ ᠬᠦᠳᠡᠯᠭᠡᠭᠡᠨ ᠤ ᠬᠤᠭᠤᠴᠠᠭᠠᠨ ᠳᠤ ᠯᠢ ᠢᠥᠢ ᡁᠢ ᠲᠦᠮᠡᠳ ᠦᠨᠳᠦᠷ ᠵᠡᠷᠭᠡ ᠶᠢᠨ | ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠤᠯᠤᠰ ᠢᠶᠠᠨ ᠬᠠᠶᠢᠷᠠᠯᠠᠬᠤ ᠬᠦᠳᠡᠯᠭᠡᠭᠡᠨ ᠢ ᠵᠤᠬᠢᠶᠠᠨ ᠪᠠᠶᠢᠭᠤᠯᠤᠭᠴᠢ ᠶᠢᠨ ᠨᠢᠭᠡ ᠪᠠᠶᠢᠪᠠ᠃ | 1921 ᠣᠨ ᠤ ᠨᠠᠮᠤᠷ᠂ ᠲᠡᠷᠡ ᠭᠦᠢ ᠰᠦᠢ ᠲᠤᠮᠳᠠᠳᠤ ᠰᠤᠷᠭᠠᠭᠤᠯᠢ ᠳᠤ ᠰᠢᠯᠭᠠᠨ ᠤᠷᠤᠵᠤ᠂ 9 ᠳ᠋ᠤᠭᠡᠷ ᠰᠠᠷ᠎ᠠ ᠳᠤ ᠨᠢ ᠬᠦᠬᠡᠬᠤᠲᠠ ᠶᠢᠨ | ᠰᠤᠷᠤᠭᠴᠢᠳ ᠤᠨ ᠶᠠᠫᠤᠨ ᠤ ᠪᠡᠯᠡ ᠤᠷᠤᠭᠤᠯᠤᠬᠰᠠᠨ ᠴᠠᠬᠢᠯᠭᠠᠨ ᠳ᠋ᠧᠩ ᠤᠨ ᠺᠤᠮᠫᠠᠨᠢ ᠶᠢ ᠪᠠᠯᠪᠠᠴᠢᠬᠤ ᠲᠡᠮᠡᠴᠡᠯ ᠳᠤ ᠣᠷᠤᠯᠴᠠᠨ ᠤᠳᠤᠷᠢᠳᠤᠵᠠᠢ᠃ 1923 | ᠣᠨ ᠤ 5 ᠳ᠋ᠤᠭᠠᠷ ᠰᠠᠷ᠎ᠠ ᠳᠤ᠂ ᠬᠥᠬᠡᠬᠤᠲᠠ ᠶᠢᠨ ᠰᠤᠷᠤᠭᠴᠢᠳ ᠤᠨ ︽ᠲᠠᠪᠤᠨ ᠰᠠᠷ᠎ᠠ ᠶᠢᠨ ᠲᠦᠷᠪᠡᠨ︾ ᠤ ᠬᠦᠳᠡᠯᠭᠡᠭᠡᠨ ᠪᠠ ︽ᠲᠠᠪᠤᠨ ᠰᠠᠷ᠎ᠠ ᠶᠢᠨ ᠲᠤᠯᠤᠭᠠᠨ︾ | ᠤ ᠤᠯᠤᠰ ᠤᠨ ᠢᠴᠢᠭᠦᠷᠢ ᠶᠢᠨ ᠡᠳᠦᠷ ᠤᠨ ᠬᠦᠳᠡᠯᠭᠡᠭᠡᠨ ᠥᠷᠨᠢᠬᠦᠯᠬᠦ ᠳᠤ ᠤᠷᠤᠯᠴᠠᠵᠤ ᠵᠤᠬᠢᠶᠠᠨ ᠪᠠᠶᠢᠭᠤᠯᠪᠠ᠃ ᠨᠠᠮᠤᠷ ᠨᠢ᠂ ᠲᠡᠷᠡ ᠪᠡᠭᠡᠵᠢᠩ ᠤᠨ ᠮᠤᠩᠭᠤᠯ | ᠲᠦᠪᠡᠳ ᠰᠤᠷᠭᠠᠭᠤᠯᠢ ᠳᠤ ᠰᠢᠯᠭᠠᠨ ᠤᠷᠤᠪᠠ᠃ ᠲᠤᠮᠳᠠᠳᠤ ᠤᠯᠤᠰ ᠤᠨ ᠡᠪ ᠬᠠᠮᠳᠤ ᠨᠠᠮ ᠤᠨ ᠤᠮᠠᠷᠠᠳᠤ ᠤᠷᠤᠨ ᠤ ᠨᠠᠮ ᠤᠨ ᠵᠤᠬᠢᠶᠠᠨ ᠪᠠᠶᠢᠭᠤᠯᠤᠯᠳᠠ ᠮᠤᠩᠭᠤᠯ | ᠲᠥᠪᠡᠳ ᠰᠤᠷᠭᠠᠭᠤᠯᠢ ᠳᠤ ᠠᠵᠢᠯ ᠥᠷᠨᠢᠭᠦᠯᠦᠭᠰᠡᠨ ᠤ ᠲᠠᠷᠠᠭ᠎ᠠ᠂ ᠯᠢ ᠢᠥᠢ ᡁᠢ ᠬᠤᠪᠢᠰᠬᠠᠯ ᠤᠨ ᠦᠵᠡᠯ ᠰᠠᠨᠠᠭ᠎ᠠ ᠶᠢ ᠮᠠᠰᠢ ᠲᠥᠷᠭᠡᠨ ᠢᠶᠠᠷ ᠬᠦᠯᠢᠶᠡᠨ ᠠᠪᠤᠪᠠ᠃ | 1924 ᠤᠨ ᠤ ᠡᠬᠢᠨ ᠳᠤ᠂ ᠯᠢ ᠢᠥᠢ ᡁᠢ ᠲᠤᠮᠳᠠᠳᠤ ᠤᠯᠤᠰ ᠤᠨ ᠨᠡᠶᠢᠭᠡᠮ ᠵᠢᠷᠤᠮᠳᠤ ᠵᠠᠯᠠᠭᠤᠴᠤᠳ ᠤᠨ ᠡᠪᠯᠡᠯ ᠳᠤ ᠤᠷᠤᠵᠤ᠂ ᠤᠳᠠᠯ ᠦᠭᠡᠢ ᠲᠤᠮᠳᠠᠳᠤ | ᠤᠯᠤᠰ ᠤᠨ ᠡᠪ ᠬᠠᠮᠳᠤ ᠨᠠᠮ ᠤᠨ ᠭᠡᠰᠢᠭᠦᠨ ᠪᠣᠯᠪᠠ᠃ | 1925 ᠣᠨ ᠤ ᠡᠬᠢᠨ ᠳᠤ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠤᠮᠠᠷᠠᠳᠤ ᠤᠷᠤᠨ ᠤ ᠬᠤᠷᠢᠶ᠎ᠠ ᠯᠢ ᠢᠥᠢ ᡁᠢ ᠶᠢ ᠲᠤᠮᠳᠠᠳᠤ ᠤᠯᠤᠰ ᠤᠨ | ᠡᠪ ᠬᠠᠮᠳᠤ ᠨᠠᠮ ᠤᠨ ᠪᠤᠭᠤᠲᠤ ᠳᠠᠬᠢ ᠠᠵᠢᠯᠯᠠᠬᠤ ᠬᠤᠷᠢᠶ᠎ᠠ ᠶᠢᠨ ᠱᠦᠵᠢ ᠪᠠᠷ ᠲᠤᠮᠢᠯᠠᠬᠤ ᠶᠢᠨ ᠬᠠᠮᠳᠤ ᠪᠤᠭᠤᠲᠤ ᠳᠤ ᠲᠤᠮᠳᠠᠳᠤ ᠤᠯᠤᠰ ᠤᠨ ᠭᠤᠮᠢᠨᠳᠠᠩ ᠤᠨ | ᠦᠪᠦᠷ ᠮᠤᠩᠭᠤᠯ ᠳᠠᠬᠢ ᠵᠢᠯᠤᠭᠤᠳᠬᠤ ᠬᠡᠯᠲᠡᠰ ᠢ ᠵᠤᠬᠢᠶᠠᠨ ᠪᠠᠶᠢᠭᠤᠯᠵᠤ᠂ ᠯᠢ ᠢᠥᠢ ᡁᠢ ᠨᠠᠮ ᠤᠨ ᠵᠢᠯᠤᠭᠤᠳᠬᠤ ᠬᠡᠯᠲᠡᠰ ᠤᠨ ᠬᠦᠢᠴᠡᠳᠭᠡᠭᠴᠢ ᠬᠡᠰᠢᠭᠦᠨ ᠤ | ᠲᠤᠰᠢᠶᠠᠯ ᠢ ᠬᠠᠷᠢᠭᠤᠴᠠᠪᠠ᠃ ᠲᠡᠷᠡ ᠪᠤᠭᠤᠲᠤ ᠳᠤ ᠭᠤᠤᠯᠳᠠᠭᠤ ︽ᠮᠢᠩ ᠳ᠋ᠧ ᠭᠡᠷᠡᠯ ᠵᠢᠷᠤᠭ ᠤᠨ ᠭᠠᠵᠠᠷ︾ ᠢᠶᠠᠷ ᠬᠠᠯᠬᠠᠪᠴᠢ ᠪᠤᠯᠭᠠᠵᠤ ᠬᠤᠪᠢᠰᠬᠠᠯ ᠤᠨ | ᠠᠵᠢᠯᠯᠠᠭ᠎ᠠ ᠥᠷᠨᠢᠭᠦᠯᠵᠦ ᠪᠠᠶᠢᠵᠠᠢ᠃ 9 ᠳ᠋ᠤᠭᠡᠷ ᠰᠠᠷ᠎ᠠ ᠶᠢᠨ ᠲᠤᠮᠳᠠᠴᠢ ᠪᠠᠷ᠂ ᠲᠡᠷᠡ ᠪᠤᠭᠤᠳᠤ ᠶᠢᠨ ᠰᠢᠭᠤᠢ ᠭᠤᠤ ︵ᠪᠤᠶᠤ ᠰᠢᠭᠤᠶᠢᠳᠤ ᠭᠤᠤ᠂ ᠲᠤᠬᠠᠢ ᠶᠢᠨ | ᠦᠶ᠎ᠡ ᠳᠤ ᠰᠢᠭᠤᠢᠢᠭᠤᠤ ᠭᠡᠵᠦ ᠪᠠᠶᠢᠪᠠ︶ ᠨᠡᠭᠦᠷᠡᠰᠦᠨ ᠠᠭᠤᠷᠬᠠᠢ ᠶᠢᠨ ᠠᠵᠢᠯᠴᠢᠨ ᠤ ᠶᠡᠭᠡ ᠠᠵᠢᠯ ᠬᠠᠶᠠᠯᠲᠠ ᠶᠢ ᠡᠬᠦᠰᠭᠡᠵᠦ᠂ ᠮᠢᠩᠭ᠎ᠠ ᠭᠠᠷᠤᠢ ᠠᠵᠢᠯᠴᠢᠨ 7 | ᠡᠳᠦᠷ ᠠᠵᠢᠯ ᠬᠠᠶᠠᠵᠤ᠂ ᠠᠭᠤᠷᠬᠠᠢ ᠶᠢᠨ ᠡᠵᠡᠨ ᠳᠤ ᠲᠠᠷᠤᠯᠳᠠ ᠦᠵᠡᠭᠦᠯᠦᠨ ᠠᠵᠢᠯᠴᠢᠳ ᠤᠨ ᠪᠤᠢ ᠪᠦᠬᠦᠢ ᠱᠠᠭᠠᠷᠳᠠᠯᠭ᠎ᠠ ᠶᠢ ᠵᠦᠪᠰᠢᠶᠡᠷᠡᠭᠦᠯᠪᠡ᠃ 10 ᠳ᠋ᠤᠭᠠᠷ | ᠰᠠᠷ᠎ᠠ ᠳᠤ᠂ ᠲᠡᠷᠡ ᠴᠢᠭᠤᠯᠤᠯᠳᠤ ᠬᠠᠭᠠᠯᠭ᠎ᠠ ᠳᠤ ᠬᠤᠷᠠᠯᠳᠤᠭᠰᠠᠨ ᠦᠪᠦᠷ ᠮᠤᠩᠭᠤᠯ ᠤᠨ ᠠᠷᠠᠳ ᠤᠨ ᠬᠤᠪᠢᠰᠬᠠᠯᠳᠤ ᠨᠠᠮ ᠤᠨ ᠨᠢᠭᠡᠳᠦᠭᠡᠷ ᠤᠳᠠᠭᠠᠨ ᠤ | ᠲᠦᠯᠦᠭᠡᠯᠡᠭᠴᠢᠳ ᠤᠨ ᠶᠡᠭᠡ ᠬᠤᠷᠠᠯ ᠳᠤ ᠤᠷᠤᠯᠴᠠᠵᠤ᠂ ᠦᠪᠦᠷ ᠮᠤᠩᠭᠤᠯ ᠤᠨ ᠠᠷᠠᠳ ᠤᠨ ᠬᠤᠪᠢᠰᠬᠠᠯᠳᠤ ᠨᠠᠮ ᠤᠨ ᠲᠥᠪ ᠤᠨ ᠤᠷᠤᠯᠠᠭᠴᠢ ᠬᠦᠢᠴᠡᠳᠭᠡᠭᠴᠢ | ᠭᠡᠰᠢᠭᠦᠨ ᠢᠶᠠᠷ ᠰᠤᠩᠭᠤᠭᠳᠠᠪᠠ᠃ ᠡᠪᠦᠯ ᠨᠢ᠂ ᠲᠡᠷᠡ ᠮᠦᠨ ᠴᠢᠭᠤᠯᠤᠯᠳᠤ ᠬᠠᠭᠠᠯᠭ᠎ᠠ ᠳᠤ ᠯᠢ ᠳ᠋ᠠ ᠵᠤᠤ ᠡᠷᠬᠢᠯᠡᠨ ᠬᠤᠷᠠᠯᠳᠤᠭᠤᠯᠤᠭᠰᠠᠨ ᠦᠪᠦᠷ ᠮᠤᠩᠭᠤᠯ ᠤᠨ | ᠲᠠᠷᠢᠶᠠᠴᠢᠨ ᠠᠵᠢᠯᠴᠢᠨ ᠴᠡᠷᠢᠭ ᠤᠨ ᠶᠡᠭᠡ ᠬᠤᠯᠪᠤᠭ᠎ᠠ ᠪᠠᠶᠢᠭᠤᠯᠤᠭᠳᠠᠬᠤ ᠶᠡᠭᠡ ᠬᠤᠷᠠᠯ ᠳᠤ ᠤᠷᠤᠯᠴᠠᠵᠤ᠂ ᠲᠥᠪ ᠤᠨ ᠬᠦᠢᠴᠡᠳᠭᠡᠭᠴᠢ ᠭᠡᠰᠢᠭᠦᠨ ᠢᠶᠠᠷ | ᠰᠤᠩᠭᠤᠭᠳᠠᠪᠠ᠃ | 1926 ᠣᠨ ᠤ 1 ᠳ᠋ᠤᠭᠡᠷ ᠰᠠᠷ᠎ᠠ ᠳᠤ᠂ ᠯᠢ ᠢᠥᠢ ᡁᠢ ᠭᠤᠸᠠᠩᠵᠸᠦ ᠳᠤ ᠬᠦᠷᠴᠦ ᠲᠤᠮᠳᠠᠳᠤ ᠤᠯᠤᠰ ᠤᠨ ᠭᠤᠮᠢᠨᠳᠠᠩ ᠤᠨ ᠬᠤᠶᠠᠳᠤᠭᠠᠷ ᠤᠳᠠᠭᠠᠨ ᠤ | ᠪᠦᠬᠦ ᠤᠯᠤᠰ ᠤᠨ ᠲᠦᠯᠦᠭᠡᠯᠡᠭᠴᠢᠳ ᠤᠨ ᠶᠡᠭᠡ ᠬᠤᠷᠠᠯ ᠳᠤ ᠤᠷᠤᠯᠴᠠᠵᠤ᠂ ᠬᠤᠷᠠᠯ ᠲᠡᠭᠡᠷ᠎ᠡ ᠦᠪᠦᠷ ᠮᠤᠩᠭᠤᠯ ᠤᠨ ᠨᠠᠮ ᠤᠨ ᠶᠠᠪᠤᠳᠠᠯ ᠤᠨ ᠲᠤᠬᠠᠢ ᠮᠡᠳᠡᠭᠦᠯᠦᠯᠲᠡ | ᠬᠢᠵᠦ᠂ ᠮᠠᠥ ᠽᠧ ᠳ᠋ᠦᠩ᠂ ᠵᠸᠦ ᠡᠸ᠋ᠨ ᠯᠠᠢ᠂ ᠳ᠋ᠦᠩ ᠪᠢ ᠦ᠋ ᠵᠡᠷᠭᠡ ᠤᠯᠠᠨ ᠦᠭᠡᠶᠢᠭᠦᠦ ᠠᠩᠭᠢ ᠶᠢᠨ ᠬᠤᠪᠢᠰᠬᠠᠯᠴᠢᠳ ᠲᠠᠢ ᠠᠭᠤᠯᠵᠠᠵᠤ᠂ ᠲᠠᠷᠢᠶᠠᠴᠢᠨ ᠤ | ᠬᠦᠳᠡᠯᠭᠡᠭᠡᠨ ᠤ ᠪᠤᠯᠪᠠᠰᠤᠷᠠᠯ ᠤᠨ ᠭᠠᠵᠠᠷ ᠢ ᠲᠤᠭᠤᠷᠢᠨ ᠦᠵᠡᠪᠡ᠂ 9 ᠳ᠋ᠤᠭᠡᠷ ᠰᠠᠷ᠎ᠠ ᠳᠤ᠂ ᠦᠪᠦᠷ ᠮᠣᠩᠭᠤᠯ ᠤᠨ ᠠᠷᠠᠳ ᠤᠨ ᠬᠤᠪᠢᠰᠬᠠᠯᠳᠤ ᠴᠡᠷᠢᠭ | ᠪᠠᠶᠢᠭᠤᠯᠤᠭᠳᠠᠭᠰᠠᠨ ᠤ ᠲᠠᠷᠠᠭ᠎ᠠ᠂ ᠯᠢ ᠢᠥᠢ ᡁᠢ ᠲᠡᠳ᠋ ᠶᠡᠷᠦᠩᠬᠡᠢ ᠵᠢᠯᠤᠭᠤᠳᠤᠭᠴᠢ ᠶᠢᠨ ᠲᠤᠰᠢᠶᠠᠯ ᠢ ᠬᠠᠷᠢᠭᠤᠴᠠᠪᠠ᠃ 11 ᠳ᠋ᠤᠭᠡᠷ ᠰᠠᠷ᠎ᠠ ᠶᠢᠨ 20 ᠠᠴᠠ 23 | ᠤ ᠡᠳᠦᠷ ᠪᠣᠯᠳᠠᠯ᠎ᠠ᠂ ᠲᠡᠷᠡ ᠪᠤᠭᠤᠳᠤ ᠳᠤ ᠬᠤᠷᠠᠯᠳᠤᠭᠰᠠᠨ ᠦᠪᠦᠷ ᠮᠤᠩᠭᠤᠯ ᠤᠨ ᠠᠷᠠᠳ ᠤᠨ ᠬᠤᠪᠢᠰᠬᠠᠯᠳᠤ ᠨᠠᠮ ᠤᠨ ᠶᠡᠭᠡ ᠵᠤᠤ᠂ ᠤᠯᠠᠭᠠᠨᠴᠠᠪ ᠬᠤᠶᠠᠷ | ᠠᠶᠢᠮᠠᠭ ᠤᠨ ᠲᠦᠯᠦᠭᠡᠯᠡᠭᠴᠢᠳ ᠤᠨ ᠬᠠᠮᠳᠤᠷᠠᠭᠰᠠᠨ ᠬᠤᠷᠠᠯ ᠳᠤ ᠤᠷᠤᠯᠴᠠᠵᠤ᠂ ᠦᠪᠦᠷ ᠮᠤᠩᠭᠤᠯ ᠤᠨ ᠪᠠᠷᠠᠭᠤᠨ ᠤᠷᠤᠨ ᠤ ᠮᠤᠩᠭᠤᠯ ᠦᠨᠳᠦᠰᠦᠳᠡᠨ ᠤ | ᠴᠢᠯᠦᠭᠡᠯᠡᠯᠲᠡ ᠶᠢᠨ ᠬᠦᠳᠡᠯᠭᠡᠭᠡᠨ ᠢ ᠪᠠᠶᠢᠷᠢᠯᠠᠭᠤᠯᠪᠠ᠃ | 1927 ᠣᠨ ᠤ 7 ᠳ᠋ᠤᠭᠠᠷ ᠰᠠᠷ᠎ᠠ ᠶᠢᠨ 8 ᠤ ᠡᠳᠦᠷ᠂ ᠯᠢ ᠢᠥᠢ ᡁᠢ ᠢᠷᠭᠠᠢ ᠳᠤ ᠦᠪᠦᠷ ᠮᠤᠩᠭᠤᠯ ᠤᠨ ᠠᠷᠠᠳ ᠤᠨ ᠬᠤᠪᠢᠰᠬᠠᠯᠳᠤ ᠨᠠᠮ ᠤᠨ ᠬᠡᠰᠡᠭ | ᠲᠥᠪ ᠤᠨ ᠬᠦᠢᠴᠡᠳᠭᠡᠭᠴᠢ ᠭᠡᠰᠢᠭᠦᠨ ᠪᠠ ᠶᠡᠭᠡ ᠵᠤᠤ ᠤᠯᠠᠭᠠᠨᠴᠠᠪ ᠬᠤᠶᠠᠷ ᠠᠶᠢᠮᠠᠭ ᠤᠨ ᠲᠦᠯᠦᠭᠡᠯᠡᠭᠴᠢᠳ ᠤᠨ ᠤᠨᠴᠠᠭᠠᠢ ᠬᠤᠷᠠᠯ ᠳᠤ ᠤᠷᠤᠯᠴᠠᠵᠤ᠂ ᠵᠥᠪ | ᠬᠤᠪᠢᠰᠬᠠᠯ ᠤᠨ ᠴᠢᠭᠯᠡᠯ ᠢ ᠪᠠᠷᠢᠮᠳᠠᠯᠠᠪᠠ᠃ 9 ᠳ᠋ᠤᠭᠡᠷ ᠰᠠᠷ᠎ᠠ ᠳᠤ᠂ ᠦᠪᠦᠷ ᠮᠤᠩᠭᠤᠯ ᠤᠨ ᠠᠷᠠᠳ ᠤᠨ ᠬᠤᠪᠢᠰᠬᠠᠯᠳᠤ ᠨᠠᠮ ᠤᠨ ᠪᠠᠢ ᠶᠦᠨ ᠲᠢ ᠶᠢᠨ | ᠪᠠᠷᠠᠭᠤᠨᠳᠠᠨ ᠤ ᠪᠦᠯᠦᠭᠯᠡᠯ ᠨᠢᠩᠰᠢᠶᠠ ᠳᠤ ︽ᠦᠪᠦᠷ ᠮᠤᠩᠭᠤᠯ ᠤᠨ ᠭᠤᠮᠢᠨᠳᠠᠩ ᠤᠨ ᠡᠪ ᠬᠠᠮᠳᠤ ᠨᠠᠮ ᠢ ᠡᠰᠡᠷᠭᠦᠴᠡᠬᠦ ᠲᠤᠩᠬᠠᠭ︾ ᠢ ᠨᠡᠶᠢᠳᠡᠯᠡᠨ ᠵᠦᠪᠯᠡᠯᠳᠦ ᠶᠢ | ᠡᠰᠡᠷᠭᠦᠴᠡᠵᠦ ᠡᠪ ᠬᠠᠮᠳᠤ ᠨᠠᠮ ᠢ ᠡᠰᠡᠷᠭᠦᠴᠡᠬᠦ ᠪᠠᠷ ᠭᠠᠯᠵᠠᠭᠤᠷᠠᠭᠰᠠᠨ ᠮᠡᠳᠦ ᠣᠷᠢᠯᠠᠵᠤ᠂ ᠢᠯᠡ ᠪᠠᠷ ᠬᠤᠪᠢᠰᠬᠠᠯ ᠠᠴᠠ ᠤᠷᠪᠠᠪᠠ᠃ 10 ᠳ᠋ᠤᠭᠠᠷ ᠰᠠᠷ᠎ᠠ ᠳᠤ᠂ | ᠶᠡᠭᠡ ᠵᠤᠤ ᠠᠶᠢᠮᠠᠭ ᠲᠤ ᠮᠤᠩᠭᠤᠯ ᠦᠨᠳᠦᠰᠦᠳᠡᠨ ᠤ ᠰᠢᠯᠢᠳᠡᠭ ᠬᠦᠪᠡᠭᠦᠨ᠂ ᠦᠨᠡᠨᠴᠢ ᠰᠢᠳᠤᠷᠭᠤ ᠡᠪ ᠬᠠᠮᠳᠤ ᠶᠤᠰᠤᠨ ᠤ ᠪᠠᠶᠢᠯᠳᠤᠭᠴᠢ ᠯᠢ ᠢᠥᠢ ᡁᠢ ᠨᠦᠬᠦᠷ ᠢ | ᠬᠤᠤᠷᠯᠠᠵᠤ ᠠᠯᠠᠵᠠᠢ᠂ ᠯᠢ ᠢᠥᠢ ᡁᠢ ᠦᠷᠡᠭᠳᠡᠬᠦ ᠦᠶ᠎ᠡ ᠳᠡᠭᠡᠨ 26 ᠨᠠᠰᠤᠳᠠᠢ᠃ | |